ᠵᠢᠷᠤᠭ᠎ᠠ ᠪᠤᠷᠤ | ᠵᠢᠷᠤᠭ᠎ᠠ ᠪᠤᠷᠤ ᠮᠤᠷᠢᠨ ᠤ ᠪᠠᠨ | ᠵᠢᠯᠤᠭᠤ ᠶᠢ ᠨᠢ ᠲᠠᠷᠤᠭᠠᠳ ᠮᠤᠷᠳᠠᠭᠠᠷᠠᠢ | ᠵᠤᠷᠢᠭᠰᠠᠨ ᠭᠠᠵᠠᠷ ᠴᠢᠨᠢ ᠬᠤᠯᠠ ᠪᠤᠢ | ᠵᠤᠷᠢᠭ ᠲᠠᠭᠠᠨ ᠬᠦᠷᠦᠭᠡᠳ ᠪᠤᠴᠠᠭᠠᠷᠠᠢ | ᠡᠮᠡᠬᠡᠯ ᠨᠢ ᠠᠯᠠᠭ ᠮᠤᠷᠢ ᠨᠢ | ᠡᠮᠡᠬᠡᠯ ᠤᠨ ᠲᠤᠤᠭᠤᠷ ᠬᠦᠯᠦᠰᠦ ᠲᠠᠢ | ᠡᠮᠡᠬᠡᠨ ᠪᠤᠭᠤᠷᠤᠯ ᠡᠵᠢ ᠨᠢ | ᠡᠩᠬᠡᠷ ᠢᠶᠠᠨ ᠲᠠᠭᠠᠭᠠᠳ ᠨᠢᠯᠪᠤᠰᠤ ᠲᠠᠢ | ᠬᠠᠵᠠᠭᠠᠷ ᠨᠢ ᠠᠯᠠᠭ᠎ᠠ ᠮᠤᠷᠢ ᠨᠢ | ᠬᠠᠵᠠᠭᠠᠷ ᠢᠶᠠᠨ ᠲᠠᠭᠠᠭᠠᠳ ᠬᠦᠯᠦᠰᠦ ᠲᠠᠢ | ᠬᠠᠶᠢᠷᠠᠳᠤ ᠪᠤᠭᠤᠷᠤᠯ ᠡᠵᠢ ᠨᠢ | ᠬᠠᠨᠵᠢᠶᠠᠷ ᠢᠶᠠᠨ ᠲᠠᠭᠠᠭᠠᠳ ᠨᠢᠯᠪᠤᠰᠤ ᠲᠠᠢ |