ᠠᠷᠠᠳ ᠤᠨ ᠲᠠᠭᠤᠤ —  ᠲᠠᠶᠢᠹᠤᠰᠧ ᠤᠨ ᠬᠦᠷᠦ ᠳ᠋ᠠ
ᠨᠡᠶᠢᠲᠡᠯᠡᠭᠰᠡᠨ ᠴᠠᠭ᠄
2020/3/26
                ᠲᠠᠶᠢᠹᠤᠰᠧ ᠤᠨ ᠬᠦᠷᠦ ᠳ᠋ᠠ         ᠠᠭᠤᠯᠠᠨ   ᠳᠠᠭᠠᠨ ᠤᠷᠭᠤᠭᠰᠠᠨ ᠤᠯᠠᠭᠠᠨ ᠰᠤᠬᠠᠢ ᠨᠢ ᠬᠦ᠋         ᠤᠷᠭᠠᠨ ᠤ ᠮᠢᠨᠢ ᠵᠠᠯᠭᠠᠭᠤᠷ ᠰᠢᠦ ᠳ᠋ᠡ ᠬᠦ᠋         ᠤᠴᠠᠷᠠᠭᠰᠠᠨ ᠨᠠᠮᠠᠢᠢ ᠪᠠᠨ ᠤᠷᠪᠠᠭᠠᠨ ᠲᠠᠢ ᠰᠠᠨᠠᠳᠠᠭ ᠪᠤᠯ         ᠤᠯᠠᠭᠠᠨ ᠴᠡᠭᠡᠵᠢ ᠪᠠᠨ ᠠᠭᠤᠳᠠᠯᠠᠬᠤ ᠤᠤ ᠳ᠋ᠡ ᠪᠢ              ᠬᠠᠳᠠᠨ ᠳᠤ ᠤᠷᠭᠤᠭᠰᠠᠨ ᠬᠠᠶᠢᠯᠠᠰᠤᠨ ᠮᠤᠳᠤ ᠨᠢ ᠬᠦ᠋              ᠬᠠᠭᠠᠯᠭᠠᠨ ᠤ ᠮᠢᠨᠢ ᠮᠦᠬᠦᠦ ᠰᠢᠦ ᠳ᠋ᠡ ᠬᠦ᠋              ᠬᠠᠨᠢᠯᠠᠭᠰᠠᠨ ᠨᠠᠮᠠᠢᠢ ᠪᠠᠨ ᠬᠠᠷᠠᠳᠠᠢ ᠰᠠᠨᠠᠳᠠᠭ ᠪᠤᠯ              ᠬᠠᠷᠠᠬᠤ ᠨᠢᠳᠦ ᠪᠠᠨ ᠠᠯᠳᠠᠬᠤ ᠤᠤ ᠳ᠋ᠡ ᠪᠢ          ᠵᠡᠬᠦᠦ ᠶᠢᠨ ᠦᠵᠦᠬᠦᠷ   ᠨᠢ ᠨᠠᠷᠢᠨ ᠪᠤᠯᠪᠠᠴᠤ ᠬᠦ᠋         ᠵᠦᠢᠳᠡᠰᠦ ᠲᠤᠷᠭᠠᠨ ᠳᠠᠭᠠᠨ ᠵᠦᠪ ᠰᠢᠦ ᠳ᠋ᠡ ᠬᠦ᠋         ᠵᠢᠷᠦᠭᠡ ᠰᠡᠳᠬᠢᠯ ᠨᠢ ᠦᠨᠡᠨ ᠯᠠ ᠶᠤᠮ ᠪᠤᠯ         ᠵᠢᠰᠦ ᠲᠠᠢ ᠵᠢᠰᠦ ᠦᠬᠡᠢ ᠨᠢ ᠴᠤ ᠶᠠᠭᠠᠬᠢᠬᠤᠪ ᠳ᠋ᠡ               ᠬᠠᠶᠢᠴᠢᠨ ᠤ ᠦᠵᠦᠬᠦᠷ ᠨᠠᠷᠢᠨ ᠪᠤᠯᠪᠠᠴᠤ ᠬᠦ᠋               ᠬᠠᠩᠪᠤ ᠲᠤᠷᠭᠠᠨ ᠳᠠᠭᠠᠨ ᠵᠦᠪ ᠰᠢᠦ ᠳ᠋ᠡ ᠬᠦ᠋               ᠬᠠᠨᠢᠯᠠᠭᠰᠠᠨ ᠰᠡᠳᠬᠢᠯ ᠨᠢ ᠦᠨᠡᠨ ᠯᠠ ᠶᠤᠮ ᠪᠤᠯ               ᠬᠠᠮᠠᠷ ᠲᠠᠢ ᠬᠠᠮᠠᠷ ᠦᠬᠡᠢ   ᠨᠢ ᠴᠤ ᠶᠠᠭᠠᠬᠢᠬᠤᠪ ᠳ᠋ᠡ         ᠪᠡᠭᠡᠵᠢᠩ ᠬᠤᠳᠠᠨ ᠠᠴᠠ ᠪᠡᠯᠡᠭ ᠵᠦᠬᠡᠬᠡᠳᠡᠭ         ᠪᠡᠯᠡᠭ ᠤᠨ ᠰᠢᠪᠠᠭᠤ ᠨᠢ ᠬᠦᠬᠡᠷᠦᠬᠦᠢ ᠳ᠋ᠡ ᠬᠦ᠋         ᠪᠡᠶ᠎ᠡ ᠪᠡᠶ᠎ᠡ ᠳᠡᠭᠡᠨ ᠡᠷᠭᠡᠯᠡᠭᠡᠳ ᠪᠠᠶᠢᠳᠠᠭ         ᠪᠢᠳᠡ ᠬᠤᠶᠠᠷ ᠬᠦᠬᠡᠷᠦᠬᠦᠢ ᠶᠠ ᠬᠦ᠋              ᠨᠠᠭᠤᠷ ᠤᠨ ᠲᠤᠮᠳᠠ ᠪᠠᠨ  ᠱᠤᠩᠪᠠᠭᠠᠳ ᠪᠠᠶᠢᠳᠠᠭ              ᠨᠤᠭᠤᠰᠤᠨ ᠤ ᠵᠤᠯᠵᠠᠭ᠎ᠠ ᠬᠦᠬᠡᠷᠦᠬᠦᠢ ᠶᠡ ᠬᠦ᠋              ᠨᠢᠭᠤᠴᠠ ᠪᠠᠷ ᠬᠠᠨᠢᠯᠠᠭᠰᠠᠨ ᠪᠢᠳᠡ ᠬᠤᠶᠠᠷ              ᠵᠢᠷᠭᠠᠵᠤ ᠴᠢᠳᠠᠬᠤ ᠦᠬᠡᠢ ᠨᠢ ᠬᠦᠬᠡᠷᠦᠬᠦᠢ ᠶᠡ ᠬᠦ᠋         ᠮᠠᠨᠳᠤᠵᠤ ᠭᠠᠷᠬᠤ ᠨᠠᠷᠠᠨ ᠢ ᠨᠢ ᠬᠦ᠋         ᠮᠠᠩᠬ᠎ᠠ ᠶᠢᠨ ᠲᠤᠯᠤᠭᠠᠢ ᠲᠠᠯᠳᠠᠯᠠᠭᠠᠳ ᠪᠠᠶᠢᠨ᠎ᠠ ᠬᠦ᠋         ᠮᠠᠭᠠᠳ ᠨᠡᠶᠢᠯᠡᠨ ᠰᠠᠭᠤᠶ᠎ᠠ ᠬᠡᠬᠦᠯᠡᠷ         ᠮᠠᠨ ᠤ ᠠᠬ᠎ᠠ ᠲᠡᠬᠦᠦ ᠨᠠᠷ ᠬᠤᠷᠢᠭᠯᠠᠭᠠᠳ ᠪᠠᠶᠢᠨ᠎ᠠ ᠬᠦ᠋             ᠤᠷᠭᠤᠵᠤ ᠭᠠᠷᠬᠤ ᠨᠠᠷᠠᠨ ᠢ ᠨᠢ ᠬᠦ᠋             ᠠᠭᠤᠯᠠ ᠶᠢᠨ ᠲᠤᠯᠤᠭᠠᠢ ᠲᠠᠯᠳᠠᠯᠠᠭᠠᠳ ᠪᠠᠶᠢᠨ᠎ᠠ ᠬᠦ᠋             ᠤᠴᠠᠷᠠᠵᠤ ᠠᠭᠤᠯᠵᠠᠭᠠᠳ ᠰᠠᠭᠤᠶ᠎ᠠ ᠬᠡᠬᠦᠯᠡᠷ             ᠤᠯᠠᠨ ᠠᠬ᠎ᠠ ᠲᠡᠬᠦᠦ ᠬᠤᠷᠢᠭᠯᠠᠭᠠᠳ ᠪᠠᠶᠢᠨ᠎ᠠ ᠬᠦ᠋         ᠬᠤᠷᠮᠤᠰᠳᠠ ᠲᠡᠭᠷᠢ ᠠᠴᠠ ᠡᠬᠦᠯᠡ ᠦᠬᠡᠢ ᠪᠤᠯ ᠬᠦ᠋          ᠬᠤᠷ᠎ᠠ ᠬᠠᠮᠢᠭ᠎ᠠ ᠠᠴᠠ  ᠪᠠᠭᠤᠬᠤ ᠪᠤᠢ ᠳ᠋ᠡ ᠬᠦ᠋         ᠬᠤᠶᠠᠷ ᠰᠡᠳᠬᠢᠯ ᠨᠢᠬᠡ  ᠯᠡ ᠶᠤᠮ ᠪᠤᠯ ᠬᠦ᠋         ᠬᠤᠭᠤᠷᠤᠨᠳᠤ ᠶᠢᠨ ᠰᠠᠭᠠᠳ ᠶᠠᠭᠠᠬᠢᠮᠠᠢ ᠳ᠋ᠡ ᠬᠦ᠋             ᠠᠭᠠᠷ ᠲᠡᠭᠷᠢ ᠠᠴᠠ ᠡᠬᠦᠯᠡ ᠦᠬᠡᠢ ᠪᠤᠯ ᠬᠦ᠋             ᠠᠶᠤᠩᠭ᠎ᠠ ᠬᠠᠮᠢᠭ᠎ᠠ ᠠᠴᠠ ᠪᠠᠭᠤᠬᠤ ᠪᠤᠢ ᠳ᠋ᠡ ᠬᠦ᠋             ᠠᠮᠠᠷᠠᠭ ᠰᠡᠳᠬᠢᠯ ᠨᠢᠬᠡ ᠶᠤᠮ ᠪᠤᠯ ᠬᠦ᠋             ᠠᠯᠢ ᠶᠢ ᠨᠢ ᠬᠠᠳᠬᠤᠭᠠᠳ ᠶᠠᠭᠠᠬᠢᠮᠠᠢ ᠳ᠋ᠡ ᠬᠦ᠋
 
ᠢᠷᠡᠯᠲᠡ᠄ ︽ᠲᠠᠶᠢᠹᠦᠰᠧ ᠵᠡᠬᠦᠨ ᠭᠠᠷ — ᠬᠦᠨᠪᠤᠯᠠᠭ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号