ᠲᠠᠶᠢᠹᠤᠰᠧ ᠳᠤ ᠲᠠᠭᠤᠯᠠᠭᠳᠠᠳᠠᠭ ᠠᠷᠠᠳ ᠤᠨ ᠲᠠᠭᠤᠤ
ᠨᠡᠶᠢᠲᠡᠯᠡᠭᠰᠡᠨ ᠴᠠᠭ᠄
2020/3/26
   ᠮᠤᠩᠭᠤᠯ ᠠᠷᠠᠳ ᠤᠨ ᠲᠠᠭᠤᠤ ᠪᠤᠯ ᠮᠤᠩᠭᠤᠯ ᠠᠷᠠᠳ ᠤᠨ ᠠᠮᠠᠨ ᠵᠤᠬᠢᠶᠠᠯ ᠤᠨ ᠴᠢᠬᠤᠯᠠ  ᠨᠢᠬᠡᠨ ᠲᠦᠷᠦᠯ᠃ ᠦᠯᠢᠭᠡᠷ ᠲᠤᠤᠯᠢ᠂  ᠢᠷᠦᠬᠡᠯ ᠮᠠᠭᠳᠠᠭᠠᠯ᠂  ᠤᠨᠢᠰᠤᠭ᠎ᠠ᠂ ᠬᠤᠯᠪᠤᠭ᠎ᠠ᠂ ᠲᠠᠭᠠᠷᠢᠯᠴᠠᠭ᠎ᠠ ᠵᠡᠷᠭᠡ ᠠᠮᠠᠨ ᠵᠤᠬᠢᠶᠠᠯ  ᠤᠨ ᠪᠤᠰᠤᠳ ᠲᠦᠷᠦᠯ ᠵᠦᠢᠯ ᠲᠠᠢ ᠠᠳᠠᠯᠢ ᠪᠠᠷ ᠠᠷᠠᠳ ᠤᠨ ᠲᠠᠭᠤᠤ ᠳᠤ ᠪᠠᠶᠠᠯᠢᠭ ᠰᠠᠶᠢᠬᠠᠨ ᠠᠭᠤᠯᠭ᠎ᠠ᠂ ᠢᠷᠠᠭᠤ ᠰᠠᠶᠢᠬᠠᠨ ᠬᠡᠯᠪᠡᠷᠢ ᠬᠠᠳᠠᠭᠠᠯᠭᠠᠳᠠᠵᠤ ᠪᠠᠶᠢᠬᠤ ᠶᠢᠨ ᠬᠠᠮᠳᠤ᠂ ᠦᠵᠡᠯ ᠰᠠᠨᠠᠭ᠎ᠠ ᠪᠠ ᠰᠡᠳᠬᠢᠯᠬᠡ ᠶᠢᠨ ᠬᠠᠮᠤᠭ ᠤᠨ ᠡᠷᠬᠢᠮ ᠵᠦᠢᠯᠡᠰ ᠲᠦᠪᠯᠡᠷᠡᠨ ᠰᠢᠩᠬᠡᠵᠦ ᠪᠠᠶᠢᠳᠠᠭ᠃  ᠲᠠᠶᠢᠹᠤᠰᠧ ᠠᠷᠠᠳ ᠤᠨ ᠲᠠᠭᠤᠤ ᠨᠢ ᠠᠷᠠᠳ ᠤᠨ ᠠᠮᠠᠨ ᠵᠤᠬᠢᠶᠠᠯ ᠤᠨ ᠨᠢᠬᠡᠨ ᠲᠦᠷᠦᠯ ᠪᠤᠯᠤᠭᠰᠠᠨ ᠬᠤᠪᠢ ᠳᠤ᠂ ᠮᠤᠩᠭᠤᠯ ᠨᠤᠳᠤᠭ ᠤᠨ ᠦᠨᠦᠷ ᠠᠮᠳᠠ ᠠᠷᠭ᠎ᠠ ᠦᠬᠡᠢ ᠰᠠᠶᠢᠬᠠᠨ ᠰᠢᠩᠬᠡᠵᠦ᠂ ᠬᠠᠶᠢᠷ᠎ᠠ ᠪᠠ ᠬᠤᠷᠤᠰᠤᠯ᠂ ᠪᠠᠶᠠᠰᠤᠯ ᠪᠠ ᠭᠤᠳᠤᠷᠠᠯ᠂ ᠰᠡᠳᠬᠢᠯᠬᠡ   ᠶᠢᠨ ᠡᠯᠳᠡᠪ ᠦᠩᠬᠡ ᠬᠠᠳᠠᠭᠠᠯᠠᠭᠳᠠᠨ᠂ ᠲᠤᠬᠠᠢ ᠶᠢᠨ ᠴᠠᠭ ᠦᠶ᠎ᠡ ᠶᠢᠨ ᠠᠷᠠᠳ ᠲᠦᠮᠡᠨ ᠤ ᠠᠮᠢᠳᠤᠷᠠᠯ ᠲᠡᠮᠡᠴᠡᠯ᠂ ᠬᠦᠰᠡᠯ ᠮᠦᠷᠦᠭᠡᠳᠦᠯ  ᠢ ᠠᠬᠤᠶᠢᠴᠢ ᠪᠠᠷ ᠲᠤᠰᠬᠠᠭᠰᠠᠨ ᠪᠦᠬᠡᠳ ᠠᠯᠪᠠᠨ ᠴᠡᠷᠢᠭ ᠳᠤ ᠶᠠᠪᠤᠭᠠᠳ ᠠᠪᠤ ᠡᠵᠢ ᠠᠬ᠎ᠠ ᠲᠡᠬᠦᠦ ᠰᠠᠳᠤᠨ ᠢᠶᠠᠨ ᠰᠠᠨᠠᠭᠠᠯᠵᠠᠨ ᠮᠦᠷᠦᠭᠡᠳᠬᠦ᠂ ᠤᠤᠭᠤᠭᠰᠠᠨ ᠤᠰᠤ ᠤᠨᠠᠭᠰᠠᠨ ᠰᠢᠷᠤᠢ ᠪᠠᠨ  ᠤᠶᠠᠩᠭᠠᠯᠠᠨ ᠮᠠᠭᠳᠠᠬᠤ᠂   ᠬᠠᠶᠢᠷ᠎ᠠ   ᠶᠢᠨ ᠰᠡᠳᠬᠢᠯ ᠢᠶᠠᠨ ᠢᠯᠡᠳᠭᠡᠵᠦ  ᠬᠤᠩᠭᠤᠷ ᠠᠮᠠᠷᠠᠭ ᠢᠶᠠᠨ ᠲᠠᠭᠤᠯᠠᠬᠤ  ᠮᠡᠳᠦ ᠶᠢᠨ ᠦᠷᠭᠡᠨ ᠠᠭᠤᠯᠭ᠎ᠠ ᠶᠢ ᠪᠠᠭᠳᠠᠭᠠᠵᠤ ᠪᠠᠶᠢᠳᠠᠭ᠃  ᠲᠠᠶᠢᠹᠤᠰᠧ ᠨᠤᠳᠤᠭ ᠤᠨ ᠲᠠᠭᠤᠤ ᠨᠢ ᠶᠡᠷᠦᠩᠬᠡᠢ ᠳᠡᠭᠡᠨ ᠤᠭᠵᠤᠮ ᠴᠤᠬᠢᠯᠭ᠎ᠠ᠂ ᠰᠤᠷᠭᠤᠭ ᠠᠶᠢᠵᠠᠮ ᠲᠠᠢ ᠴᠠᠬᠠᠷ ᠲᠠᠭᠤᠤ ᠶᠢᠨ ᠤᠨᠴᠠᠯᠢᠭ  ᠰᠢᠨᠵᠢ ᠶᠢ ᠪᠦᠷᠢᠮᠦᠰᠦᠨ ᠬᠠᠳᠠᠭᠠᠯᠠᠭᠰᠠᠨ ᠢᠶᠠᠷ  ᠪᠠᠷᠠᠬᠤ ᠦᠬᠡᠢ᠂ ᠪᠤᠰᠤᠳ ᠬᠤᠰᠢᠭᠤ ᠨᠤᠳᠤᠭ ᠤᠨ ᠤᠬᠢ ᠰᠢᠮ᠎ᠡ ᠶᠢ ᠰᠢᠩᠭᠡᠭᠡᠵᠦ᠂  ᠨᠢᠬᠡ ᠲᠠᠭᠤᠤ ᠶᠢ ᠤᠷᠳᠤ ᠪᠤᠶᠤ ᠪᠤᠭᠤᠨᠢ ᠪᠠᠷ ᠪᠦᠷ ᠲᠠᠭᠤᠯᠠᠵᠤ ᠪᠤᠯᠬᠤ ᠰᠡᠳᠬᠢᠯᠬᠡ ᠲᠡᠬᠦᠯᠳᠡᠷ᠂ ᠠᠶᠠᠯᠭᠤ ᠶᠢᠨ  ᠲᠡᠯᠭᠡᠴᠡ ᠨᠢ ᠨᠡᠯᠢᠶᠡᠳ ᠦᠷᠭᠡᠨ᠂  ᠦᠯᠢᠭᠡᠷᠳᠦ ᠲᠠᠭᠤᠤ ᠲᠠᠢ ᠤᠶᠢᠷᠠᠯᠴᠠᠭ᠎ᠠ ᠵᠡᠷᠭᠡ ᠦᠪᠡᠷᠮᠢᠴᠡ ᠤᠨᠴᠠᠯᠢᠭ ᠮᠠᠰᠢ ᠲᠤᠳᠤ ᠬᠠᠷᠠᠭᠳᠠᠨ᠎ᠠ᠃ ᠦᠨᠢ ᠤᠷᠳᠤ ᠶᠢᠨ ᠲᠡᠦᠬᠡᠨ  ᠶᠠᠪᠤᠴᠠ ᠳᠤ  ᠲᠠᠶᠢᠹᠤᠰᠧᠴᠤᠳ ᠤᠨ  ᠲᠤᠮᠳᠠ ᠮᠠᠰᠢ ᠤᠯᠠᠨ ᠠᠷᠠᠳ ᠤᠨ ᠲᠠᠭᠤᠤ  ᠵᠤᠬᠢᠶᠠᠭᠳᠠᠵᠤ ᠲᠡᠯᠭᠡᠷᠡᠭᠰᠡᠨ ᠪᠤᠯᠪᠠᠴᠤ᠂ ᠡᠷᠳᠡ ᠦᠶ᠎ᠡ ᠳᠤ ᠡᠮᠬᠢᠳᠬᠡᠨ ᠬᠠᠳᠠᠭᠠᠯᠠᠭᠰᠠᠨ ᠦᠬᠡᠢ ᠪᠤᠯᠬᠤᠷ ᠤᠯᠠᠩᠬᠢ  ᠨᠢ ᠮᠠᠷᠳᠠᠭᠳᠠᠵᠤ᠂ ᠮᠡᠳᠡᠬᠦ ᠬᠦᠮᠦᠨ ᠬᠤᠪᠤᠷ ᠪᠤᠯᠵᠠᠢ᠃ ᠲᠠᠶᠢᠹᠤᠰᠧ ᠨᠤᠳᠤᠭ ᠤᠨ ᠠᠬᠠᠮᠠᠳ  ᠤᠷᠠᠯᠢᠭᠴᠢᠳ ᠤᠨ ᠡᠮᠬᠢᠳᠭᠡᠨ ᠴᠤᠭᠯᠠᠭᠤᠯᠤᠭᠰᠠᠨ  ᠠᠷᠠᠳ ᠤᠨ ᠲᠠᠭᠤᠤ   ᠳᠤ ︽ᠲᠠᠶᠢᠹᠤᠰᠧ ᠤᠨ ᠬᠦᠷᠦ ᠳ᠋ᠠ︾  ᠂  ︽ᠰᠡᠮᠡᠵᠡᠨ ᠴᠠᠭᠠᠨ ᠡᠬᠦᠯᠡ︾  ᠂  ︽ᠲᠠᠴᠠᠨᠰᠤ  ︾᠂  ︽ᠵᠢᠷᠤᠭ᠎ᠠ ᠪᠤᠷᠤ︾  ᠂  ︽ᠭᠠᠩᠭ᠎ᠠ ᠶᠢᠨ ᠯᠤᠷᠤᠢ︾  ᠂ ︽ᠮᠠᠯᠠᠭᠠᠢ  ᠶᠢᠨ ᠰᠦᠮ᠎ᠡ︾ ᠵᠡᠷᠭᠡ ᠲᠠᠭᠤᠤ ᠨᠤᠭᠤᠳ  ᠪᠠᠶᠢᠳᠠᠭ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号