︽ᠠᠰᠤᠷᠤ︾ ᠶᠢᠨ ᠲᠠᠶᠢᠹᠤᠰᠧ ᠨᠤᠳᠤᠭ ᠲᠠᠬᠢ ᠤᠯᠠᠮᠵᠢᠯᠠᠯ ᠪᠠ ᠬᠦᠭᠵᠢᠯ
ᠨᠡᠶᠢᠲᠡᠯᠡᠭᠰᠡᠨ ᠴᠠᠭ᠄
2020/3/26
   ᠠᠰᠤᠷᠤ ᠠᠶᠠᠯᠭᠤ ᠴᠠᠬᠠᠷ ᠨᠤᠳᠤᠭ ᠲᠤ ᠨᠡᠶᠢᠳᠡᠮ ᠲᠡᠯᠭᠡᠷᠡᠭᠰᠡᠨ ᠨᠢ ᠲᠠᠷᠤᠢ ᠮᠠᠨᠵᠤ ᠶᠢᠨ ᠰᠡᠭᠦᠯᠴᠢ ᠶᠢᠨ ᠦᠶ᠎ᠡ ᠶᠢᠨ ᠶᠠᠪᠤᠳᠠᠯ ᠪᠤᠯᠤᠨ᠎ᠠ᠃  ᠡᠨᠡ   ᠨᠢ ︽ ᠠᠰᠤᠷᠤ︾ ᠭᠡᠮᠡᠭᠦ ᠡᠨᠡᠭᠦ ᠮᠤᠩᠭᠤᠯ ᠤᠷᠳᠤᠨ ᠤ ᠭᠦᠭᠵᠢᠮ ᠤᠨ ᠲᠤᠰ ᠪᠡᠶ᠎ᠡ ᠨᠤᠭᠤᠷᠠᠰᠢ ᠦᠭᠡᠢ ᠠᠮᠢᠯᠠᠯ ᠤᠨ ᠭᠦᠴᠤᠨ ᠲᠠᠢ ᠠᠴᠠ ᠭᠠᠳᠠᠨ᠎ᠠ᠂ ᠮᠠᠨᠵᠤ ᠶᠢᠨ ᠨᠤᠶᠠᠷᠬᠠᠯ ᠢᠯᠵᠠᠷᠠᠨ ᠲᠤᠷᠦ᠋ᠢᠳᠠᠵᠤ᠂ ᠴᠠᠬᠠᠷ ᠠᠶᠢᠮᠠᠭ ᠲᠤ ᠶᠠᠪᠤᠭᠤᠯᠵᠤ ᠪᠠᠶᠢᠭᠰᠠᠨ ᠰᠤᠶᠤᠯ ᠤᠨ ᠪᠤᠳᠤᠯᠭ᠎ᠠ ᠨᠢ  ᠰᠤᠯᠠᠷᠠᠭᠰᠠᠨ ᠲᠠᠢ ᠬᠤᠯᠪᠤᠭᠳᠠᠨ᠎ᠠ᠃ ᠴᠠᠬᠠᠷ ᠤᠷᠤᠨ ᠤ ᠠᠯᠪᠠᠨ ᠵᠠᠩᠭᠢ ᠤᠳ᠂ ᠴᠢᠨᠠᠭᠰᠢᠯᠠᠪᠠᠯ ᠬᠠᠷᠠᠴᠤ ᠠᠷᠠᠳ ᠴᠤ ᠬᠤᠷᠢᠮ ᠨᠠᠶᠢᠷ  ᠲᠠᠭᠠᠨ ᠤᠷᠳᠤᠨ ᠤ ᠮᠠᠶ᠋ᠢᠭ ᠢᠶᠠᠷ  ᠠᠰᠤᠷᠤ   ᠪᠠᠨ ᠭᠦᠭᠵᠢᠮᠳᠡᠵᠤ᠂  ᠠᠰᠤᠷᠤ ᠭᠦᠭᠵᠢᠮ ᠤᠨ ᠠᠶᠠᠰ ᠢ ᠲᠦᠭᠡᠮᠡᠯᠵᠢᠭᠦᠯᠦᠭᠰᠡᠨ ᠪᠠᠶᠢᠨ᠎ᠠ᠃   ︽ ᠠᠰᠤᠷᠤ ᠦᠭᠡᠢ ᠪᠤᠯ ᠨᠠᠶᠢᠷ ᠦᠭᠡᠢ᠂ ᠠᠷᠢᠭᠢ ᠦᠭᠡᠢ ᠪᠤᠯ ᠬᠤᠷᠢᠮ ᠦᠭᠡᠢ︾ ᠬᠡᠮᠡᠨ᠂  ᠴᠠᠬᠠᠷᠴᠤᠳ ᠲᠡᠭᠡᠳᠤᠰ ᠠᠴᠠ ᠤᠯᠠᠮᠵᠢᠯᠠᠵᠤ ᠢᠷᠡᠭᠰᠡᠨ ︽ ᠠᠰᠤᠷᠤ︾ ᠭᠦᠭᠵᠢᠮ ᠢᠶᠠᠨ ᠲᠠᠭᠢᠯᠭ᠎ᠠ ᠶᠢᠨ ᠲᠡᠭᠡᠳᠤ᠂ ᠨᠠᠶᠢᠷ ᠤᠨ ᠮᠠᠩᠯᠠᠢ ᠳᠤ ᠭᠦᠭᠵᠢᠮᠳᠡᠭᠰᠡᠭᠡᠷ ᠢᠷᠡᠭᠰᠡᠨ ᠨᠢ ᠲᠡᠤᠭᠡ ᠰᠤᠶᠤᠯ ᠤᠨ ᠡᠭᠦᠳᠡᠨ  ᠠᠴᠠ ᠠᠪᠴᠤ ᠭᠡᠯᠡᠪᠡᠯ ᠮᠤᠩᠭᠤᠯ ᠰᠤᠶᠤᠯ ᠢᠶᠠᠨ ᠭᠡᠭᠡᠵᠤ ᠤᠷᠭᠢᠯ ᠦᠭᠡᠢ ᠬᠠᠳᠠᠭᠠᠯᠠᠵᠤ ᠢᠷᠡᠭᠰᠡᠨ ᠮᠠᠭᠳᠠᠨ ᠦᠨᠡᠯᠡᠭᠦᠰᠢᠳᠡᠢ ᠤᠴᠢᠷ ᠶᠤᠮ᠃ ᠲᠤᠬᠠᠢ ᠶᠢᠨ ᠦᠶ᠎ᠡ ᠳᠤ ᠨᠠᠶᠢᠷ ᠪᠠᠶᠠᠷ ᠪᠤᠯᠬᠤ ᠳᠤ ᠠᠮᠪᠠᠰ ᠨᠤᠶᠠᠳ  ᠵᠡᠷᠭᠡ ᠲᠡᠰ ᠤᠨ  ᠲᠠᠷᠠᠭᠠᠯᠠᠯ ᠢᠶᠠᠷ ᠮᠤᠷᠢᠯᠠᠨ ᠰᠠᠭᠠᠳᠠᠭᠰᠠᠨ ᠤ ᠲᠠᠷᠠᠭ᠎ᠠ᠂  ᠭᠦᠭᠵᠢᠮᠴᠢᠳ ᠠᠴᠠ ᠦᠪᠡᠷ ᠤᠨ ᠬᠤᠰᠢᠭᠤ ᠰᠦᠷᠦᠭ ᠤᠨ  ᠠᠰᠤᠷᠤ ᠪᠠᠨ ᠭᠦᠭᠵᠢᠮᠳᠡᠨ ᠨᠠᠶᠢᠷ ᠢᠶᠠᠨ ᠡᠭᠢᠯᠡᠭᠦᠯᠳᠡᠭ ᠵᠢᠷᠤᠮ ᠲᠠᠢ  ᠪᠦᠬᠡᠳ  ᠠᠰᠤᠷᠤ ᠭᠦᠭᠵᠢᠮᠳᠡᠭᠰᠡᠳ ᠢ ᠲᠡᠭᠡᠳᠤ ᠵᠡᠷᠭᠡ ᠶᠢᠨ ᠵᠤᠴᠢᠨ ᠢᠶᠠᠷ ᠭᠦᠨᠳᠤᠯᠡᠨ ᠦᠵᠡᠵᠤ ᠴᠡᠭᠡ ᠪᠠᠷᠢᠳᠠᠭ ᠵᠠᠩᠰᠢᠯ ᠲᠠᠢ ᠪᠠᠶᠢᠵᠠᠢ ᠃        ᠲᠠᠶᠢᠹᠤᠰᠧ ᠨᠤᠳᠤᠭ ᠲᠤ ᠭᠦᠨᠳᠤᠳᠤ ᠵᠤᠴᠢᠨ ᠢᠶᠠᠨ ᠤᠬᠳᠤᠬᠤ᠂ ᠦᠪᠡᠳᠡᠭᠰᠢ ᠶᠡᠭᠡ ᠪᠠᠶᠠᠷ ᠤᠨ ᠶᠤᠰᠤᠯᠠᠯ ᠪᠤᠶᠤ ᠬᠤᠷᠢᠮ ᠨᠠᠶᠢᠷ ᠵᠡᠷᠭᠡ ᠳᠤ ︽ᠠᠰᠤᠷᠤ︾  ᠠᠶᠠᠯᠭᠤ ᠶᠢ ᠭᠦᠭᠵᠢᠮᠳᠡᠭᠦ   ᠨᠢ ᠨᠢᠭᠡᠨ ᠲᠤᠳᠠᠭᠳᠠᠵᠤ ᠪᠤᠯᠤᠰᠢ ᠦᠭᠡᠢ ᠵᠦᠢᠯ  ᠪᠤᠯᠵᠤ ᠪᠠᠶᠢᠪᠠ᠃ ᠠᠷᠠᠳ ᠤᠨ ᠬᠦᠭᠵᠢᠮ ︽ᠲᠠᠶᠢᠹᠤᠰᠧ ᠠᠰᠤᠷᠤ︾ ᠪᠠ ᠠᠷᠠᠳ ᠤᠨ ᠲᠠᠭᠤᠤ ︽ᠲᠠᠶᠢᠹᠤᠰᠧ ᠬᠦᠷᠦ ᠳ᠋ᠠ︾ ᠪᠤᠯ ᠲᠦᠯᠦᠬᠡᠯᠡᠬᠦ ᠴᠢᠨᠠᠷᠳᠠᠢ ᠪᠦᠳᠦᠭᠡᠯ  ᠪᠠᠶᠢᠵᠤ᠂ ᠡᠳᠦᠬᠡ ᠪᠤᠯᠳᠠᠯ᠎ᠠ ᠠᠷᠠᠳ ᠤᠨ ᠲᠤᠮᠳᠠ ᠤᠯᠠᠮᠵᠢᠯᠠᠭᠳᠠᠵᠤ ᠪᠠᠶᠢᠨ᠎ᠠ᠃  ᠲᠠᠶᠢᠹᠤᠰᠧᠴᠤᠳ ᠤᠤᠯ ᠠᠴᠠ ᠲᠠᠭᠤᠤ ᠬᠦᠭᠵᠢᠮ ᠳᠤ ᠲᠤᠷ᠎ᠠ ᠪᠠᠬ᠎ᠠ ᠲᠠᠢ᠂ ᠠᠷᠠᠳ ᠤᠨ ᠲᠤᠮᠳᠠ ᠲᠠᠭᠤᠴᠢᠨ ᠪᠠ ᠬᠦᠭᠵᠢᠮᠴᠢᠨ ᠮᠠᠰᠢ ᠠᠷᠪᠢᠨ ᠪᠠᠶᠢᠳᠠᠭ᠃  ᠬᠤᠷᠢᠳᠤᠭᠠᠷ ᠵᠠᠭᠤᠨ ᠤ ᠲᠤᠮᠳᠠᠴᠢ  ᠪᠠᠷ ᠴᠤ ᠭᠡᠰᠡᠨ ᠠᠷᠠᠳ ᠤᠨ ᠲᠠᠭᠤᠴᠢᠨ ᠰᠤᠨᠤᠮᠨᠢᠮ᠎ᠠ᠂ ᠶᠠᠳᠤᠭᠠᠴᠢᠨ ᠷᠠᠰᠢᠯᠾᠦ᠋ᠩᠷᠤᠪ᠂ ᠯᠢᠮᠪᠤᠴᠢᠨ ᠴᠤᠶᠢᠷᠤᠭ᠂ ᠱᠠᠨᠵᠠᠴᠢᠨ ᠪᠠᠨᠽᠠᠷᠠᠭᠴᠠ ᠮᠡᠳᠦ ᠶᠢᠨ ᠰᠠᠶᠢᠨ ᠬᠦᠭᠵᠢᠮᠴᠢᠨ ᠲᠠᠭᠤᠴᠢᠨ ᠪᠠᠶᠢᠭᠰᠠᠨ ᠶᠤᠮ᠃ ᠷᠠᠰᠢᠯᠾᠦ᠋ᠩᠷᠤᠪ ᠤᠨ ᠬᠤᠷᠢᠨ ᠲᠦᠷᠪᠡᠨ ᠲᠡᠪᠬᠡ ᠲᠠᠢ ᠮᠤᠩᠭᠤᠯ ᠶᠠᠳᠤᠭ᠎ᠠ ᠨᠢ ᠤᠳᠤ ᠪᠤᠯᠳᠠᠯ᠎ᠠ ᠦᠪᠦᠷ ᠮᠤᠩᠭᠤᠯ ᠤᠨ ᠮᠦᠽᠸᠢ ᠳᠤ ᠬᠠᠳᠠᠭᠠᠯᠠᠭᠳᠠᠵᠤ  ᠪᠤᠢ᠃    ᠲᠠᠶᠢᠹᠤᠰᠧ ᠵᠡᠬᠦᠨ ᠭᠠᠷ ᠰᠦᠷᠦᠭ ᠤᠨ ᠬᠢᠨ ︽ᠲᠠᠶᠢᠹᠤᠰᠧ ᠠᠰᠤᠷᠤ︾   ᠪᠠᠨ ᠰᠦᠷᠦᠭ ᠤᠨ ᠢᠶᠠᠨ ᠨᠠᠶᠢᠷ ᠨᠠᠭᠠᠳᠤᠮ᠂ ᠬᠤᠷᠢᠮ ᠪᠠᠶᠠᠷ᠂ ᠠᠮᠪᠠᠰ ᠨᠤᠶᠠᠳ ᠤᠨ ᠴᠤᠭᠯᠠᠭᠠᠨ ᠲᠡᠭᠡᠷ᠎ᠡ ᠬᠦᠭᠵᠢᠮᠳᠡᠳᠡᠭ ᠪᠦᠬᠡᠳ ᠪᠤᠶᠠᠨᠳᠤ ᠲᠦᠷᠪᠡᠨ ᠰᠠᠷ᠎ᠠ ᠶᠢᠨ ᠠᠷᠪᠠᠨ ᠨᠢᠬᠡ ᠳᠤ ᠵᠡᠯ᠎ᠡ ᠭᠠᠷᠭᠠᠨ ᠬᠡᠬᠦᠦ ᠪᠠᠷᠢᠵᠤ ᠴᠡᠭᠡ ᠢᠰᠭᠡᠵᠦ᠂ ᠤᠭ᠍ᠶᠤ ᠨᠤᠭᠤᠭᠠᠨ ᠬᠡᠪᠢᠰ ᠰᠢᠭ ᠮᠠᠩᠨᠤᠭ ᠲᠠᠯ᠎ᠠ ᠳᠠᠭᠠᠨ   ᠴᠤᠭᠯᠠᠷᠠᠵᠠᠭᠠᠨ᠂ ᠰᠢᠬᠦᠰᠦ ᠭᠠᠷᠭᠠᠨ ᠴᠡᠭᠡ  ᠤᠤᠭᠤᠵᠠᠭᠠᠵᠤ ᠨᠠᠶᠢᠷᠠᠯᠳᠤᠬᠤ ︵ᠡᠬᠦᠨ ᠢ ᠠᠶᠢᠷᠠᠭᠯᠠᠨ᠎ᠠ ᠬᠡᠳᠡᠭ︶ ᠦᠶ᠎ᠡ ᠳᠡᠭᠡᠨ ᠬᠦᠭᠵᠢᠮᠳᠡᠵᠦ᠂ ᠰᠠᠶᠢᠨ ᠰᠠᠶᠢᠨᠬᠠᠨ ᠠᠵᠤ ᠠᠮᠢᠳᠤᠷᠠᠯ ᠢᠶᠠᠨ ᠪᠡᠯᠭᠡᠳᠡᠳᠡᠭ᠃ ᠡᠬᠦᠨ ᠤ ᠬᠠᠮᠳᠤ ᠤᠯᠠᠮᠵᠢᠯᠠᠯᠳᠤ ᠡᠷ᠎ᠡ ᠶᠢᠨ ᠭᠤᠷᠪᠠᠨ ᠨᠠᠭᠠᠳᠤᠮ ᠢ ᠲᠠᠭᠠᠯᠳᠤᠭᠤᠯᠤᠨ ᠬᠢᠵᠦ᠂ ᠡᠷ᠎ᠡ  ᠶᠢᠨ ᠴᠢᠳᠠᠯ᠂ ᠠᠭᠳᠠ ᠶᠢᠨ ᠬᠦᠴᠦᠨ ᠢ ᠡᠨᠡ  ᠬᠦ᠋ ᠠᠶᠠᠯᠭᠤᠨ ᠤ ᠲᠤᠮᠳᠠ ᠰᠢᠯᠭᠠᠷᠠᠭᠤᠯᠳᠠᠭ ᠪᠠᠶᠢᠪᠠ᠃        ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ ᠤ ᠲᠠᠷᠠᠭ᠎ᠠ᠂ ᠦᠪᠦᠷ ᠮᠤᠩᠭᠤᠯ ᠤᠨ ᠦᠨᠳᠦᠰᠦᠳᠡᠨ  ᠨᠦᠭᠦᠳ ᠤᠨ ᠲᠠᠭᠤᠤ ᠬᠦᠭᠵᠢᠮ ᠤᠨ ᠰᠤᠶᠤᠯ ᠴᠤ᠋ ᠰᠢᠨ᠎ᠡ ᠬᠦᠭᠵᠢᠯᠳᠡ ᠲᠠᠢ ᠪᠤᠯᠪᠠ᠃1955 ᠤᠨ ᠳᠤ᠂ ᠦᠪᠦᠷ ᠮᠤᠩᠭᠤᠯ ᠤᠨ ᠲᠠᠭᠤᠤ ᠪᠦᠵᠢᠭ ᠤᠨ ᠪᠦᠯᠬᠦᠮ ᠪᠡᠭᠡᠵᠢᠩ ᠳᠤ ᠲᠤᠭᠯᠠᠬᠤ ᠳᠤ ᠨᠡᠭᠡᠭᠡᠯᠳᠡ ᠶᠢᠨ ᠲᠤᠭᠯᠠᠯᠳᠠ ᠨᠢ ᠠᠰᠤᠷᠤ ᠶᠢᠨ ᠲᠠᠭᠤᠤ ᠪᠦᠵᠢᠭ ᠬᠦᠭᠵᠢᠮ ᠪᠠᠶᠢᠵᠤ᠂ ᠡᠨᠡ  ᠬᠦ᠋ ᠦᠨᠢ ᠡᠷᠳᠡᠨ ᠤ  ᠬᠤᠷᠢᠮ ᠨᠠᠶᠢᠷ ᠤᠨ ᠬᠦᠭᠵᠢᠮ ᠢ ᠠᠩᠬ᠎ᠠ ᠤᠳᠠᠭ᠎ᠠ ᠲᠠᠶᠢᠰᠠᠨ ᠳᠤ ᠲᠤᠭᠯᠠᠭᠠᠳ᠂ ᠨᠡᠶᠢᠰᠯᠡᠯ ᠤᠨ ᠦᠵᠡᠭᠴᠢᠳ ᠬᠢᠬᠡᠳ ᠨᠡᠶᠢᠬᠡᠮ ᠨᠡᠶᠢᠳᠡ ᠶᠢᠨ ᠮᠠᠭᠳᠠᠭᠠᠯ ᠰᠠᠶᠢᠰᠢᠶᠠᠯ ᠢ ᠬᠦᠷᠳᠡᠭᠰᠡᠨ ᠪᠢᠯᠡ  ᠃      ᠠᠰᠤᠷᠤ ᠠᠶᠠᠯᠭᠤ ᠳᠡᠤᠭᠡ ᠶᠢᠨ ᠰᠢᠯᠳᠠᠭᠠᠨ᠂ ᠴᠠᠭ ᠲᠦᠷᠦ ᠶᠢᠨ ᠬᠤᠪᠢᠰᠤᠯ ᠠᠴᠠ ᠪᠤᠯᠵᠤ ᠨᠢᠭᠡ ᠦᠶ᠎ᠡ ᠭᠦᠮᠦᠰ ᠲᠤ ᠮᠠᠷᠳᠠᠭᠳᠠᠨ ᠭᠡᠭᠡᠭᠳᠡᠭᠦ ᠳᠤ ᠭᠦᠷᠦᠭᠰᠡᠨ ᠪᠤᠯᠪᠠᠴᠤ ᠨᠠᠮ ᠲᠦᠷᠦ ᠶᠢᠨ ᠰᠠᠶᠢᠨ ᠪᠠ ᠰᠤᠶᠤᠯ ᠤᠷᠠᠯᠢᠭᠴᠢᠳ ᠤᠨ ᠵᠢᠳᠬᠦᠯ ᠢᠶᠠᠷ ᠠᠮᠢᠯᠠᠨ ᠰᠡᠷᠬᠦᠵᠦ᠂ ᠴᠡᠴᠡᠭᠯᠡᠨ ᠬᠦᠭᠵᠢᠵᠦ ᠪᠠᠶᠢᠨ᠎ᠠ  ᠃  2008 ᠣᠨ ᠳᠤ ᠲᠠᠶᠢᠹᠤᠰᠧ ᠬᠤᠰᠢᠭᠤ ᠨᠢ ︽ᠠᠰᠣᠷᠣ︾ ᠶᠢ ᠠᠶᠢᠮᠠᠬ ᠤᠨ ᠲᠠᠰ ᠤᠨ ᠪᠤᠳᠠᠰ ᠤᠨ ᠪᠤᠰᠣ ᠰᠣᠶᠣᠯ ᠤᠨ ᠥᠪ ᠲᠤ  ᠲᠡᠮᠳᠡᠭᠯᠡᠬᠦᠯᠵᠦ᠂ 2009 ᠣᠨ ᠳᠤ ᠣᠷᠣᠨ ᠤ ᠲᠠᠰ ᠤᠨ ᠪᠤᠳᠠᠰ ᠤᠨ ᠪᠤᠰᠣ ᠰᠣᠶᠣᠯ ᠤᠨ ᠥᠪ  ᠳᠤ  ᠪᠦᠷᠢᠳᠭᠡᠬᠦᠯᠵᠡᠢ᠃
 
ᠢᠷᠡᠯᠲᠡ᠄ ︽ᠠᠰᠤᠷᠤ︾ ︽ᠲᠠᠶᠢᠹᠤᠰᠧ ᠵᠡᠬᠦᠨ ᠭᠠᠷ ᠰᠦᠷᠦᠭ ᠤᠨ ᠰᠤᠶᠤᠯ ᠲᠡᠦᠬᠡᠨ ᠮᠠᠲ᠋ᠧᠷᠢᠶᠠᠯ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号