ᠶᠤᠸᠠᠨ ᠤᠯᠤᠰ ᠤᠨ ᠰᠡᠬᠦᠯᠴᠢ ᠠᠴᠠ ᠴᠢᠩ ᠤᠯᠤᠰ ᠤᠨ ᠦᠶ᠎ᠡ ᠬᠦᠷᠳᠡᠯ᠎ᠡ ᠠᠰᠤᠷᠤ ᠤᠷᠠᠯᠢᠭ ᠨᠢ ᠰᠢᠨ᠎ᠡ | ᠬᠦᠭᠵᠢᠯᠳᠡ ᠲᠠᠢ ᠪᠤᠯᠵᠤ᠂ ᠤᠷᠢᠳ ᠬᠤᠵᠢᠳ ︽ᠴᠠᠬᠠᠷ ᠲᠦᠷᠦ ᠶᠢᠨ ᠲᠤᠪᠴᠢᠶᠠᠨ︾᠂ ︽ᠠᠳᠤᠭᠤᠴᠢᠨ ᠠᠰᠤᠷᠤ | ︾ ᠵᠡᠷᠭᠡ ᠤᠯᠠᠨ ᠬᠦᠭᠵᠢᠮ ᠵᠤᠬᠢᠶᠠᠭᠳᠠᠭᠰᠠᠨ ᠢᠶᠠᠨ ᠶᠤᠸᠠᠨ ᠤᠯᠤᠰ ᠤᠨ ᠪᠠᠭᠤᠷᠠᠨ ᠲᠤᠷᠤᠶᠢᠳᠠᠬᠤ ᠶᠢ | ᠲᠠᠭᠠᠯᠳᠤᠭᠠᠳ ᠡᠳᠦᠷ ᠢᠷᠡᠬᠦᠶ᠎ᠡ ᠰᠦᠢᠷᠡᠨ ᠪᠤᠳᠠᠷᠠᠭᠠᠳ᠂ ᠡᠳᠦᠷ ᠤᠨ ᠤᠳᠠᠭᠠᠨ ᠳᠠᠭᠠᠨ ᠡᠨᠡ ᠬᠦ᠋ ᠤᠷᠠᠯᠢᠭ | ᠤᠨ ᠭᠡᠯᠪᠡᠷᠢ ᠨᠢ ᠬᠡᠪ ᠨᠠᠮᠪᠠ᠂ ᠬᠡᠯᠪᠡᠷᠢ ᠶᠠᠩᠵᠤ ᠢᠶᠠᠷ ᠲᠠᠯᠠᠪᠠᠷ ᠬᠤᠪᠢᠰᠴᠤ ᠤᠨᠳᠤᠤᠰᠢᠭᠰᠠᠨ ᠮᠦᠷᠳᠡᠭᠡᠨ ᠮᠠᠰᠢ | ᠤᠯᠠᠨ ᠬᠤᠪᠤᠷ ᠨᠠᠨᠳᠢᠨ ᠤᠷ᠎ᠠ ᠮᠡᠷᠭᠡᠵᠢᠯ ᠨᠢ ᠤᠯᠠᠮᠵᠢᠯᠠᠯ ᠠᠯᠳᠠᠭᠳᠠᠵᠤ᠂ ᠬᠤᠵᠢᠮ ᠨᠢ ᠵᠦᠪᠬᠡᠨ ᠴᠠᠬᠠᠷ ᠨᠤᠳᠤᠭ | ᠲᠤ ᠨᠢᠬᠡ ᠬᠡᠰᠡᠭ ᠨᠢ ᠠᠵᠠ ᠪᠠᠷ ᠤᠯᠠᠮᠵᠢᠯᠠᠭᠳᠠᠵᠤ ᠦᠯᠡᠳᠡᠭᠰᠡᠨ ᠪᠠᠶᠢᠨ᠎ᠠ᠃ | ᠯᠢᠭᠳᠡᠨ ᠬᠤᠳᠤᠭᠳᠤ ᠬᠠᠭᠠᠨ ᠰᠠᠭᠤᠷᠢᠨ᠎ᠠ ᠰᠠᠭᠤᠵᠤ᠂ ᠪᠦᠭᠦ᠋ᠢᠯᠡ ᠮᠤᠩᠭᠤᠯ ᠂ ᠢᠯᠠᠩᠭᠤᠶ᠎ᠠ ᠴᠠᠬᠠᠷ | ᠲᠦᠮᠡᠨ ᠤ ᠰᠦᠷ ᠭᠦᠴᠤᠨ ᠪᠤᠵᠠᠭᠠᠢᠢᠷᠠᠨ ᠬᠦᠭᠵᠢᠬᠦ ᠶᠢ ᠲᠠᠭᠠᠯᠳᠤᠭᠠᠳ ᠂ ᠤᠷᠳᠤᠨ ᠤ ᠲᠠᠭᠤᠤ ᠭᠦᠭᠵᠢᠮ ᠲᠠᠭᠢᠨ | ᠭᠦᠭᠵᠢᠯᠳᠡ ᠶᠢᠨ ᠱᠠᠳᠤᠨ ᠳᠠᠭᠠᠨ ᠤᠷᠤᠪᠠ᠃ ᠮᠠᠨ ᠤ ᠲᠡᠦᠬᠡᠨ ᠮᠠᠲ᠋ᠧᠷᠢᠶᠠᠯ ᠳᠤ ᠪᠠᠶᠢᠭ᠎ᠠ ︽ᠯᠢᠭᠳᠡᠨ ᠬᠠᠭᠠᠨ ᠤ | ᠤᠷᠳᠤᠨ ᠤ ᠲᠠᠭᠤᠤ᠂ ᠤᠷᠳᠤ ᠵᠤᠷᠢᠭ︾ ᠪᠤᠯ ᠶᠠᠭ ᠡᠨᠡ ᠦᠶ᠎ᠡ ᠶᠢᠨ ᠲᠠᠭᠤᠤ ᠪᠤᠯᠤᠨ᠎ᠠ᠃ ᠤᠷᠳᠤᠨ ᠤ ᠭᠦᠭᠵᠢᠮ | ᠳᠤ ᠭᠢᠳᠡᠳ ᠤᠨ ᠰᠤᠩᠭᠤᠳᠠᠭ ᠭᠦᠭᠵᠢᠮ ᠤᠨ ︽ᠯᠢᠤ ᠴᠢᠩ ᠨᠢᠶᠠᠩ︾ ᠵᠡᠷᠭᠡ ᠠᠶᠠᠯᠭᠤ ᠤᠶᠠᠯᠳᠤᠨ ᠤᠷᠤᠵᠤ᠂ | ᠴᠠᠬᠠᠷ ᠤᠷᠳᠤᠨ ᠤ ᠭᠦᠭᠵᠢᠮ ᠢ ᠪᠠᠶᠠᠯᠢᠬᠵᠢᠭᠤᠯᠤᠨ ︽ᠠᠰᠤᠷᠤ︾ ᠠᠶᠠᠯᠭᠤ ᠶᠢᠨ ᠪᠤᠢ ᠪᠤᠯᠬᠤ ᠳᠤ ᠪᠠᠳᠤ ᠰᠠᠶᠢᠨ | ᠰᠠᠭᠤᠷᠢ ᠶᠢ ᠲᠠᠯᠪᠢᠵᠤ ᠦᠭᠴᠡᠢ᠃ | ᠮᠠᠨᠵᠤ ᠴᠢᠩ ᠲᠤᠮᠳᠠᠳᠤ ᠶᠢ ᠡᠷᠭᠡᠰᠢᠶᠡᠵᠦ᠂ ᠲᠦᠷᠦ ᠤᠷᠳᠤᠨ ᠪᠠᠶᠢᠭᠤᠯᠬᠤ ᠳᠠᠭᠠᠨ ᠶᠡᠷᠦ ᠠᠴᠠ ᠦᠪᠡᠷ ᠤᠨ | ᠭᠡᠮᠡᠭᠳᠡᠭᠰᠡᠨ ᠤᠷᠳᠤᠨ ᠤ ᠬᠦᠭᠵᠢᠮ ᠦᠬᠡᠢ ᠪᠤᠯᠬᠤᠷ᠂ ᠤᠯᠠᠮᠵᠢᠯᠠᠯᠳᠤ ᠮᠤᠩᠭᠤᠯ ᠬᠦᠭᠵᠢᠮ ᠢ ᠤᠤᠯ ᠶᠤᠰᠤ ᠪᠠᠷ | ᠨᠢ ᠦᠪᠡᠷ ᠤᠨ ᠤᠷᠳᠤᠨ ᠳᠠᠭᠠᠨ ᠲᠤᠬᠤᠨ ᠭᠡᠷᠡᠭᠯᠡᠭᠰᠡᠨ ᠪᠠᠶᠢᠪᠠ᠃ ︽ᠮᠠᠨᠵᠤ ᠶᠢᠨ ᠲᠡᠦᠬᠡᠨ ᠪᠢᠴᠢᠭ︾ ᠲᠤ ︽ | ᠲᠠᠶᠢᠽᠦ᠋ᠩ ᠴᠠᠬᠠᠷ ᠢ ᠲᠦᠪᠰᠢᠳᠭᠡᠵᠦ᠂ ᠬᠦᠭᠵᠢᠮ ᠢ ᠢᠨᠦ ᠤᠯᠵᠠᠯᠠᠨ ᠨᠠᠶᠢᠷ ᠬᠦᠭ ᠲᠤᠷ ᠵᠢᠬᠰᠠᠭᠠᠵᠤ᠂ ᠮᠤᠩᠭᠤᠯ | ᠬᠦᠭᠵᠢᠮ ᠤᠨ ᠠᠶ᠎ᠠ ᠬᠡᠮᠡᠵᠦᠬᠦᠢ᠂ ᠴᠦᠮ ᠤᠷᠳᠤᠨ ᠤ ᠬᠦᠭᠵᠢᠮ ᠪᠤᠯᠬᠤᠯᠠᠷ ᠱᠢ ᠪᠠᠩ ᠭᠠᠵᠠᠷ ᠲᠤᠷ | ᠬᠠᠮᠢᠶᠠᠷᠤᠭᠤᠯᠵᠤᠬᠤᠢ︾ ᠬᠡᠵᠦ ᠲᠡᠮᠳᠡᠭᠯᠡᠭᠰᠡᠨ ᠪᠠᠶᠢᠳᠠᠭ ᠃ ᠡᠩᠭᠡ ᠠᠮᠤᠭᠤᠯᠠᠩ ᠬᠠᠭᠠᠨ ᠤ ᠲᠠᠪᠢᠨ ᠬᠤᠶᠠᠳᠤᠭᠠᠷ | ᠤᠨ ︵1714︶ ᠳᠤ ︽ᠠᠷᠭ᠎ᠠ ᠪᠢᠯᠢᠭ ᠤᠨ ᠭᠦᠭᠵᠢᠮ ᠤᠨ ᠵᠦᠢ︾ ᠭᠡᠭᠦ ᠪᠢᠴᠢᠭ ᠢ ᠵᠠᠰᠠᠪᠤᠷᠢ ᠤᠷᠤᠭᠤᠯᠤᠨ | ᠨᠠᠶᠢᠷᠠᠭᠤᠯᠵᠤ᠂ ᠮᠠᠨᠵᠤ ᠶᠢᠨ ᠬᠠᠭᠠᠨ ᠤ ᠤᠷᠳᠤᠨ ᠤ ᠲᠠᠭᠤᠤ ᠭᠦᠭᠵᠢᠮ ᠢ ᠦᠷᠭᠡᠳᠭᠡᠭᠦ ᠵᠤᠷᠢᠯᠭ᠎ᠠ ᠪᠠᠷ ᠨᠢᠭᠡ | ᠤᠳᠠᠭᠠᠨ ᠤ ᠴᠡᠭᠴᠡᠯᠡᠯᠳᠡ ᠭᠢᠪᠡ᠃ ᠲᠡᠭᠷᠢ ᠲᠡᠳᠭᠦᠭᠴᠢ ᠶᠢᠨ ᠵᠢᠷᠭᠤᠳᠤᠭᠠᠷ ᠤᠨ ︵1741︶ ᠠᠴᠠ ᠡᠭᠢᠯᠡᠨ᠂ | ᠲᠠᠪᠤᠨ ᠵᠢᠯ ᠤᠨ ᠬᠤᠭᠤᠴᠠᠭ᠎ᠠ ᠲᠠᠢ ᠪᠠᠷ ︽ᠤᠷᠳᠤᠨ ᠤ ᠮᠤᠩᠭᠤᠯ ᠲᠠᠭᠤᠤ ᠭᠦᠭᠵᠢᠮ︾ ᠢ ᠲᠠᠭᠢᠨ ᠰᠢᠭᠦᠨ ᠭᠢᠨᠠᠵᠤ | ᠪᠠᠰᠠ ᠨᠢᠭᠡ ᠪᠦᠯᠦᠭ ᠮᠤᠩᠭᠤᠯ ᠲᠠᠭᠤᠤ ᠭᠦᠭᠵᠢᠮ ᠢ ᠰᠤᠩᠭᠤᠨ ᠠᠪᠴᠤ᠂ ︽ᠠᠷᠭ᠎ᠠ ᠪᠢᠯᠢᠭ ᠤᠨ ᠭᠦᠭᠵᠢᠮ ᠤᠨ | ᠵᠦᠢ ᠶᠢᠨ ᠰᠡᠭᠦᠯᠴᠢ ᠶᠢᠨ ᠨᠠᠶᠢᠷᠠᠭᠤᠯᠭ᠎ᠠ︾ ᠭᠡᠰᠡᠨ ᠲᠡᠪᠳᠡᠷ ᠢ ᠡᠮᠭᠢᠳᠭᠡᠨ ᠭᠠᠷᠭᠠᠪᠠ᠃ ᠡᠨᠡᠭᠦ ᠰᠡᠭᠦᠯᠴᠢ ᠶᠢᠨ | ᠨᠠᠶᠢᠷᠠᠭᠤᠯᠭ᠎ᠠ ᠶᠢᠨ ᠲᠦᠴᠢᠨ ᠲᠤᠯᠤᠭ᠎ᠠ᠂ ᠲᠦᠴᠢᠨ ᠨᠠᠶᠢᠮᠠᠳᠤᠭᠠᠷ ᠲᠡᠪᠳᠡᠷ ᠤᠨ ︽ᠤᠷᠳᠤᠨ ᠤ ᠨᠠᠶᠢᠷ ᠬᠤᠷᠢᠮ ᠤᠨ | ᠲᠠᠭᠤᠤ ᠭᠦᠭᠵᠢᠮ︾ ᠤᠨ ᠲᠤᠳᠤᠷ᠎ᠠ᠂ ᠮᠤᠩᠭᠤᠯ ᠤᠨ ᠡᠷᠳᠡᠨ ᠤ ᠬᠠᠭᠠᠳ ᠤᠨ ᠤᠷᠳᠤᠨ ᠤ ᠲᠠᠭᠤᠤ ᠭᠦᠭᠵᠢᠮ ᠠᠴᠠ | ᠨᠢᠭᠡ ᠪᠦᠯᠦᠭ ᠢ ᠰᠤᠩᠭᠤᠨ ᠭᠡᠷᠡᠭᠯᠡᠵᠡᠢ᠃ ᠲᠡᠭᠦᠨ ᠤ ᠲᠤᠳᠤᠷ᠎ᠠ᠂ ᠮᠤᠩᠭᠤᠯ ᠬᠠᠭᠠᠳ ᠤᠨ ᠭᠠᠳᠠᠨ᠎ᠠ ᠤᠷᠳᠤᠨ ᠤ | ᠲᠦᠷᠤ ᠶᠢᠨ ᠶᠤᠰᠤᠯᠠᠯ ᠤᠨ ᠲᠠᠭᠤᠤ ᠭᠦᠭᠵᠢᠮ ︽ᠶᠡᠭᠡ ᠮᠤᠩᠭᠤᠯ︾ ︵ᠬᠠᠷᠢ ᠶᠢᠨ ᠶᠡᠭᠡ ᠠᠶᠠᠯᠭᠤ ᠭᠡᠰᠡᠨ ᠤᠳᠬ᠎ᠠ | ᠲᠠᠢ︶᠂ ᠮᠤᠩᠭᠤᠯ ᠬᠠᠭᠠᠳ ᠤᠨ ᠲᠤᠳᠤᠷ᠎ᠠ ᠤᠷᠳᠤᠨ ᠤ ᠲᠠᠭᠤᠤ ᠭᠦᠭᠵᠢᠮ ︽ᠪᠠᠭ᠎ᠠ ᠮᠤᠩᠭᠤᠯ︾ ︵ᠬᠠᠷᠢ ᠶᠢᠨ | ᠪᠠᠭ᠎ᠠ ᠠᠶᠠᠯᠭᠤ ᠭᠡᠰᠡᠨ ᠤᠳᠬ᠎ᠠ ᠲᠠᠢ︶᠂ ︽ᠠᠳᠤᠭᠤ ᠬᠤᠷᠢᠶᠠᠬᠤ ᠲᠠᠭᠤᠤ︾ ︵ᠶᠤᠸᠠᠨ ᠤᠯᠤᠰ ᠤᠨ ᠦᠶ᠎ᠡ ᠶᠢᠨ | ᠬᠠᠭᠠᠨ ᠤ ᠴᠠᠭᠠᠨ ᠰᠦᠷᠦᠭ ᠤᠨ ᠲᠠᠭᠤᠤ︶ ᠭᠡᠭᠦ ᠮᠡᠳᠤ ᠭᠡᠳᠤᠨ ᠠᠷᠪᠠᠨ ᠲᠠᠭᠤᠤ ᠭᠦᠭᠵᠢᠮ ᠢ ᠰᠤᠩᠭᠤᠨ | ᠤᠷᠤᠭᠤᠯᠤᠭᠰᠠᠨ ᠪᠠᠶᠢᠨ᠎ᠠ᠃ | ᠴᠢᠩ ᠬᠦᠷᠦᠨ ᠠᠴᠠ ᠮᠤᠩᠭᠤᠯ ᠤᠷᠤᠨ ᠳᠤ ᠤᠯᠠᠨ ᠲᠤᠭᠠᠨ ᠤ ᠰᠦᠮ᠎ᠡ ᠬᠡᠶᠢᠳ ᠪᠠᠶᠢᠭᠤᠯᠵᠤ᠂ ᠰᠢᠷ᠎ᠠ | ᠶᠢᠨ ᠱᠠᠰᠢᠨ ᠢ ᠶᠡᠬᠡᠪᠡᠷ ᠲᠡᠯᠭᠡᠷᠡᠬᠦᠯᠬᠦ ᠶᠢ ᠲᠠᠭᠠᠯᠳᠤᠭᠠᠳ᠂ ᠱᠠᠰᠢᠨ ᠤ ᠠᠭᠤᠯᠭ᠎ᠠ ᠪᠦᠬᠦ ᠮᠤᠩᠭᠤᠯ ᠤᠨ ᠠᠷᠠᠳ | ᠤᠨ ᠲᠠᠭᠤᠤ ᠶᠢ ᠬᠠᠮᠤᠷᠴᠤ᠂ ᠲᠦᠷᠦ ᠶᠢᠨ ᠲᠠᠭᠤᠤ ᠲᠠᠢ ᠵᠡᠷᠭᠡᠴᠡᠨ ᠲᠠᠭᠤᠯᠠᠭᠳᠠᠬᠤ ᠲᠢᠳᠢᠮ ᠲᠠᠭᠤᠤ ᠪᠤᠯᠤᠭᠠᠳ᠂ | ᠮᠠᠨ ᠤ ᠡᠷᠳᠡ ᠲᠡᠭᠡᠳᠦ ᠠᠴᠠ ᠦᠪᠯᠡᠨ ᠤᠯᠠᠮᠵᠢᠯᠠᠵᠤ ᠢᠷᠡᠭᠰᠡᠨ ᠤᠷᠳᠤᠨ ᠤ ᠲᠠᠭᠤᠤ ᠬᠦᠭᠵᠢᠮ ᠴᠤ ᠠᠭᠤᠯᠭ᠎ᠠ ᠪᠠ | ᠭᠡᠯᠪᠡᠷᠢ ᠶᠢᠨ ᠲᠠᠯ᠎ᠠ ᠪᠠᠷ ᠶᠡᠬᠡᠬᠡᠨ ᠬᠤᠪᠢᠷᠠᠯᠳᠠ ᠭᠠᠷᠴᠠᠢ᠃ | ᠴᠢᠩ ᠬᠦᠷᠦᠨ ᠲᠡᠬᠦᠨ ᠤ ᠨᠤᠶᠠᠷᠬᠠᠯ ᠳᠤ ᠬᠠᠮᠤᠭ ᠤᠨ ᠶᠡᠭᠡ ᠰᠦᠷᠳᠡᠬᠦᠯᠦᠯ ᠪᠤᠯᠵᠤ ᠪᠠᠶᠢᠭᠰᠠᠨ ᠴᠠᠬᠠᠷᠴᠤᠳ | ᠠᠴᠠ ᠬᠢᠴᠢᠶᠡᠨ ᠰᠡᠷᠭᠡᠶᠢᠯᠡᠬᠦ ᠳᠡᠭᠡᠨ᠂ ᠴᠠᠬᠠᠷᠴᠤᠳ ᠢ ᠨᠠᠢᠮᠠᠨ ᠬᠤᠰᠢᠭᠤ᠂ ᠲᠦᠷᠪᠡᠨ ᠰᠦᠷᠦᠭ ᠪᠤᠯᠭᠠᠨ | ᠭᠡᠰᠡᠭᠯᠡᠨ ᠰᠠᠯᠭᠠᠵᠤ᠂ ᠲᠦᠪ ᠠᠴᠠ ᠰᠢᠭᠤᠳ ᠵᠠᠬᠢᠷᠬᠤ ᠲᠦᠷᠢᠮ ᠢ ᠭᠡᠷᠡᠭᠵᠢᠬᠦᠯᠦᠨ᠂ ᠰᠤᠶᠤᠯ ᠤᠨ ᠲᠠᠯ᠎ᠠ ᠪᠠᠷ | ᠬᠢᠵᠠᠭᠠᠷᠯᠠᠨ ᠪᠤᠭᠤᠮᠢᠯᠠᠬᠤ ᠠᠷᠭ᠎ᠠ ᠪᠠᠰᠢᠷ ᠠᠪᠴᠠᠢ᠃ ᠭᠡᠪᠡᠴᠦ ᠡᠷᠡᠮᠡᠬᠡᠢ ᠪᠠᠭᠠᠳᠤᠷ ᠰᠡᠴᠡᠨ ᠤᠬᠠᠭᠠᠨᠳᠤ ᠴᠠᠬᠠᠷ | ᠲᠦᠮᠡᠨ ᠡᠶᠡᠯᠳᠦᠨ ᠲᠠᠭᠠᠵᠤ ᠲᠤᠯᠤᠭᠠᠢ ᠪᠦᠬᠦᠶᠢᠬᠡ ᠦᠬᠡᠢ᠂ ᠡᠷᠳᠡ ᠲᠡᠭᠡᠳᠦ ᠠᠴᠠ ᠤᠯᠠᠮᠵᠢᠯᠠᠨ ᠢᠷᠡᠭᠰᠡᠨ ᠤᠤᠷ | ᠰᠤᠶᠤᠯ ᠢᠶᠠᠨ ᠦᠨᠳᠦᠰᠦ ᠲᠠᠰᠤᠯᠳᠠᠯ ᠦᠬᠡᠢ ᠦᠪᠯᠡᠨ ᠬᠦᠭᠵᠢᠬᠦᠯᠦᠭᠰᠡᠨ ᠶᠤᠮ᠃ ᠤᠯᠠᠨ ᠬᠤᠰᠢᠭᠤ ᠰᠦᠷᠦᠭ | ᠤᠳ ᠨᠢ ᠦᠪᠡᠷ ᠦᠪᠡᠷᠰᠡᠳ ᠤᠨ ᠨᠤᠳᠤᠭ ᠤᠰᠤᠨ ᠤ ᠤᠨᠴᠠᠯᠢᠭ ᠨᠡᠷᠡᠶᠢᠳᠦᠯ ᠢᠶᠠᠷ ᠢᠶᠠᠨ ︽ᠠᠰᠤᠷᠤ︾ ᠠᠶᠠᠯᠭᠤ | ᠪᠠᠨ ᠤᠯᠠᠷᠢᠭᠤᠯᠤᠨ ᠰᠡᠷᠬᠦᠬᠡᠵᠦ ᠂ ᠠᠭᠠᠵᠢᠮ ᠢᠶᠠᠷ ᠦᠪᠡᠷᠮᠢᠴᠡ ᠭᠡᠪ ᠨᠠᠮᠪᠠ ᠲᠠᠢ᠂ ᠮᠤᠩᠭᠤᠯ ᠠᠷᠠᠳ ᠤᠨ ᠨᠠᠶᠢᠷᠠᠯ | ᠭᠦᠭᠵᠢᠮ ᠤᠨ ᠲᠢᠭ ᠪᠤᠯᠵᠤ ᠬᠦᠭᠵᠢᠨ᠂ ᠴᠠᠬᠠᠷ ᠤᠨ ᠨᠠᠢᠮᠠᠨ ᠬᠤᠰᠢᠭᠤ᠂ ᠲᠦᠷᠪᠡᠨ ᠰᠦᠷᠦᠭ ᠲᠤ ᠲᠤᠰ ᠲᠤᠰ | ᠤᠨ ᠭᠦᠭᠵᠢᠮᠳᠡᠳᠡᠭ ︽ᠠᠰᠤᠷᠤ︾ ᠠᠶᠠᠯᠭᠤ ᠨᠤᠭᠤᠳ᠂ ᠲᠠᠷᠤᠢ ᠭᠦᠯᠤ ᠰᠢᠷ᠎ᠠ᠂ ᠭᠦᠪᠡᠭᠡᠳᠤ ᠰᠢᠷ᠎ᠠ᠂ ᠭᠦᠯᠤ | ᠴᠠᠭᠠᠨ᠂ ᠭᠦᠪᠡᠭᠡᠳᠤ ᠴᠠᠭᠠᠨ᠂ ᠭᠦᠯᠤ ᠭᠦᠭᠡ᠂ ᠭᠦᠪᠡᠭᠡᠳᠤ ᠭᠦᠭᠡ᠂ ᠭᠦᠯᠦ ᠤᠯᠠᠭᠠᠨ᠂ ᠭᠦᠪᠡᠭᠡᠳᠤ ᠤᠯᠠᠭᠠᠨ | ᠵᠡᠷᠭᠡ ᠨᠠᠢᠮᠠᠨ ᠬᠤᠰᠢᠭᠤ ︽ᠠᠰᠤᠷᠤ︾ ᠭᠢᠭᠡᠳ ᠠᠳᠤᠭᠤᠴᠢᠨ᠂ ᠦᠭᠡᠷᠴᠢᠨ᠂ ᠬᠤᠨᠢᠴᠢᠨ᠂ ᠲᠠᠶᠢᠹᠤᠰᠧ ᠵᠡᠷᠭᠡ ︽ | ᠠᠰᠤᠷᠤ︾ ᠪᠤᠢ ᠪᠤᠯᠪᠠ᠃ ᠵᠢᠱᠢᠶᠡᠯᠡᠪᠡᠯ᠂ ᠱᠠᠩᠳᠤ ᠠᠳᠤᠭᠤᠴᠢᠨ ᠰᠦᠷᠦᠭ ᠤᠨ ᠬᠢᠨ ᠤ ︽ᠠᠳᠤᠭᠤᠴᠢᠨ | ᠠᠰᠤᠷᠤ︾᠂ ᠲᠠᠶᠢᠹᠤᠰᠧ ᠰᠦᠷᠦᠭ ᠤᠨ ᠬᠢᠨ ᠤ ︽ᠲᠠᠶᠢᠹᠤᠰᠧ ᠠᠰᠤᠷᠤ︾᠂ ᠬᠦᠪᠡᠭᠡᠳᠦ ᠴᠠᠭᠠᠨ ᠬᠤᠰᠢᠭᠤᠨ ᠤ | ︽ᠬᠦᠪᠡᠭᠡᠳᠦ ᠴᠠᠭᠠᠨ ᠠᠰᠤᠷᠤ︾ ᠂᠂᠂᠂ ᠬᠡᠬᠦ ᠮᠡᠳᠦ ᠤᠯᠠᠨ ᠠᠷᠪᠢᠨ ︽ᠠᠰᠤᠷᠤ︾ ᠨᠤᠭᠤᠳ ᠰᠡᠷᠬᠦᠨ | ᠠᠮᠢᠯᠠᠵᠠᠢ᠃ ᠢᠯᠠᠩᠭᠤᠶ᠎ᠠ᠂ ᠲᠤᠬᠠᠢ ᠶᠢᠨ ᠦᠶ᠎ᠡ ᠳᠤ ᠠᠵᠤ ᠠᠬᠤᠢ ᠨᠡᠯᠢᠶᠡᠳ ᠬᠦᠭᠵᠢᠯ ᠲᠠᠢ ᠪᠠᠶᠢᠭᠰᠠᠨ ᠱᠠᠩᠳᠤ | ᠠᠳᠤᠭᠤᠴᠢᠨ ᠨᠤᠳᠤᠭ ᠲᠤ ᠮᠠᠰᠢ ᠤᠯᠠᠨ ︽ᠠᠰᠤᠷᠤ︾ ᠲᠡᠯᠭᠡᠷᠡᠭᠰᠡᠨ ᠪᠦᠬᠡᠳ ᠡᠳᠦᠭᠡ ᠬᠦᠷᠳᠡᠯ᠎ᠡ ᠦᠷᠭᠡᠨ ᠢᠶᠠᠷ | ᠬᠠᠳᠠᠭᠠᠯᠠᠭᠳᠠᠵᠤ ᠪᠠᠶᠢᠭ᠎ᠠ ᠶᠤᠮ᠃ ᠡᠳᠡᠭᠡᠷ ︽ᠠᠰᠤᠷᠤ︾ ᠶᠢᠨ ᠵᠠᠷᠢᠮ ᠨᠢᠬᠡ ᠨᠢ ᠲᠡᠤᠭᠡ ᠶᠢᠨ ᠶᠠᠪᠤᠴᠠ ᠳᠤ | ᠮᠠᠷᠳᠠᠭᠳᠠᠵᠤ᠂ ᠭᠡᠭᠡᠭᠳᠡᠵᠤ ᠤᠷᠭᠢᠭᠳᠠᠭᠰᠠᠨ ᠪᠤᠯᠪᠠᠴᠤ ᠪᠠᠰᠠ ᠵᠠᠷᠢᠮ ᠨᠢ ᠰᠠᠯᠠᠭᠠᠯᠠᠨ ᠨᠡᠮᠡᠭᠳᠡᠭᠰᠡᠨ ᠴᠤ ᠪᠠᠶᠢᠳᠠᠭ᠃ | ᠵᠢᠱᠢᠶᠡᠯᠡᠪᠡᠯ᠂ ᠤᠤᠯ ᠤᠨ ︽ᠲᠠᠶᠢᠹᠤᠰᠧ ᠠᠰᠤᠷᠤ︾ ᠨᠢ ᠤᠳᠤ ᠪᠤᠯᠬᠤ ᠳᠤ ︽ᠵᠡᠭᠦᠨ ᠭᠠᠷ ᠲᠠᠶᠢᠹᠤᠰᠧ | ᠠᠰᠤᠷᠤ︾ ᠪᠠ ︽ᠪᠠᠷᠠᠭᠤᠨ ᠭᠠᠷ ᠲᠠᠶᠢᠹᠤᠰᠧ ᠠᠰᠤᠷᠤ︾ ᠭᠡᠮᠡᠨ ᠨᠡᠮᠡᠭᠳᠡᠵᠤ ︽ᠲᠠᠶᠢᠹᠤᠰᠧ ᠠᠰᠤᠷᠤ︾ ᠭᠤᠷᠪᠠ | ᠰᠠᠯᠪᠤᠷᠢᠯᠠᠪᠠ᠃ ᠲᠠᠭᠢᠪᠠᠯ᠂ ︽ᠬᠤᠰᠢᠭᠤ ᠠᠰᠤᠷᠤ︾ ᠪᠤᠯᠤᠨ ︽ᠰᠦᠷᠦᠭ ᠠᠰᠤᠷᠤ︾ ᠬᠠᠷᠢᠯᠴᠠᠨ | ᠠᠭᠤᠰᠤᠯᠴᠠᠵᠤ᠂ ᠤᠯᠠᠨ ᠵᠦᠢᠯ ᠤᠨ ︽ᠠᠰᠤᠷᠤ︾ ᠨᠡᠮᠡᠭᠳᠡᠵᠡᠢ᠃ ᠵᠢᠱᠢᠶᠡᠯᠡᠪᠡᠯ᠂ ︽ᠭᠦᠪᠡᠭᠡᠳᠤ ᠰᠢᠷ᠎ᠠ ᠬᠤᠨᠢᠴᠢᠨ | ᠠᠰᠤᠷᠤ︾᠂ ︽ᠭᠦᠯᠤ ᠰᠢᠷ᠎ᠠ ᠰᠦᠷᠦᠭ ᠠᠰᠤᠷᠤ︾᠂ ︽ᠭᠦᠯᠤ ᠴᠠᠭᠠᠨ ᠰᠦᠷᠦᠭ ᠠᠰᠤᠷᠤ︾ ᠭᠡᠭᠦ ᠮᠡᠳᠤ᠃ | ᠡᠯ᠎ᠡ ᠬᠤᠰᠢᠭᠤ ᠰᠦᠷᠦᠭ ᠤᠨ ︽ᠠᠰᠤᠷᠤ︾ ᠨᠢ ᠭᠡᠪ ᠨᠠᠮᠪᠠ ᠶᠢᠨ ᠲᠠᠯ᠎ᠠ ᠪᠠᠷ ᠶᠡᠭᠡᠨᠭᠭᠢ ᠳᠡᠭᠡᠨ ᠲᠦᠰᠳᠡᠢ ᠪᠠᠶᠢᠳᠠᠭ | ᠴᠤ ᠠᠶᠠᠰ ᠪᠤᠯᠤᠨ ᠪᠦᠳᠦᠴᠡ ᠶᠢᠨ ᠲᠠᠯ᠎ᠠ ᠪᠠᠷ ᠬᠠᠷᠢᠯᠴᠠᠨ ᠢᠯᠭᠠᠭ᠎ᠠ ᠲᠠᠢ ᠪᠠᠶᠢᠳᠠᠭ᠃ | ᠬᠦᠭᠵᠢᠮᠳᠡᠯ ᠤᠨ ᠲᠠᠯ᠎ᠠ ᠪᠠᠷ᠂ ᠠᠷᠠᠳ ᠤᠨ ᠬᠦᠭᠵᠢᠮ ᠤᠨ ᠤᠨᠴᠠᠯᠢᠭ᠂ ᠬᠦᠭᠵᠢᠮᠳᠡᠬᠦ ᠠᠷᠭ᠎ᠠ ᠪᠠᠷᠢᠯ᠂ | ᠤᠷ᠎ᠠ ᠮᠡᠷᠭᠡᠵᠢᠯ ᠪᠤᠯᠤᠨ ᠠᠶᠠᠯᠭᠤ ᠶᠢᠨ ᠬᠡᠪ ᠨᠠᠮᠪᠠ ᠪᠠᠨ ᠦᠨᠳᠦᠰᠦᠯᠡᠡ᠂ ︽ᠴᠠᠭᠠᠨ ᠬᠦᠭ︾᠂ ︽ᠰᠤᠯᠤᠭᠠᠢ | ᠬᠦᠭ︾᠂ ︽ᠶᠤᠳᠪᠠᠢ ᠬᠦᠭ︾᠂ ︽ᠯᠤᠪᠤᠨ ᠬᠦᠭ︾᠂ ︽ᠵᠠᠬ᠎ᠠ ᠶᠢᠨ ᠲᠦᠷᠪᠡ︾᠂ ︽ᠪᠢᠳᠡᠬᠦᠦ ᠲᠠᠷᠤᠯᠭ᠎ᠠ︾ | ᠬᠡᠬᠦ ᠮᠡᠳᠦ ᠪᠠᠷ ᠬᠤᠪᠢᠷᠠᠭᠤᠯᠤᠨ ᠬᠦᠭᠵᠢᠮᠳᠡᠵᠦ ᠠᠶᠠᠯᠭᠤ ᠪᠠᠨ ᠪᠠᠶᠠᠯᠢᠬᠵᠢᠭᠤᠯᠵᠠᠢ᠃ ᠵᠢᠱᠢᠶᠡᠯᠡᠬᠦ ᠳᠤ᠂ ᠮᠤᠷᠢᠨ | ᠬᠤᠭᠤᠷ ᠤᠨ ᠬᠦᠭ ᠢ ᠲᠦᠷᠪᠡᠨ ᠤᠳᠠᠰᠤᠳᠤ ᠬᠤᠭᠤᠷ ᠤᠨ ᠲᠤᠭᠳᠠᠮᠠᠯ ᠬᠦᠭ ᠪᠤᠯᠬᠤ ᠲᠠᠪᠤᠴᠠ ᠪᠠᠷ ᠬᠦᠭᠯᠡᠨ ︵ | ᠴᠠᠬᠠᠷ ᠬᠦᠭ︶᠂ ᠪᠤᠶᠢᠯᠠᠭ᠎ᠠ ᠲᠠᠷᠤᠯᠭ᠎ᠠ ᠪᠠᠷ ︽ᠠᠰᠤᠷᠤ︾ ᠨᠠᠶᠢᠷᠠᠯ ᠬᠦᠭᠵᠢᠮᠳᠡᠳᠡᠭ ᠲᠤᠯᠠ ᠶᠤᠰᠤᠳᠠᠢ ᠰᠠᠶᠢᠬᠠᠨ | ᠦ ᠰᠡᠪ ᠦᠬᠡᠢ ᠨᠡᠶᠢᠯᠡᠳᠡᠭ ᠭᠡᠪ ᠨᠠᠮᠪᠠ ᠲᠠᠢ ᠨᠠᠶᠢᠷᠠᠯ ᠬᠦᠭ ᠤᠨ ᠲᠢᠭ ᠪᠤᠯᠤᠭᠰᠠᠨ ᠶᠤᠮ᠃ ᠴᠠᠭᠠᠨ ᠬᠦᠭ ᠪᠤᠯ | ᠲᠤᠭᠳᠠᠮᠠᠯ ᠠᠶᠠᠯᠭᠤ ᠶᠢᠨ G ᠬᠦᠭ᠂ ᠰᠤᠯᠤᠭᠠᠢ ᠬᠦᠭ ᠪᠤᠯ D ᠬᠦᠭ ︵ᠪᠦᠷ ᠶᠡᠭᠡ ᠬᠦᠭ︶᠂ ᠶᠤᠳᠪᠠᠢ ᠬᠦᠭ | ᠪᠤᠯ ︵ᠪᠠᠭ᠎ᠠ ᠬᠦᠭ ᠲᠠᠷᠤᠢ la ᠬᠦᠭ︶ c ᠪᠤᠶᠤ f ᠬᠦᠭ ᠢ ᠵᠢᠭᠠᠵᠤ ᠪᠤᠢ᠃ | ᠮᠤᠩᠭᠤᠯᠵᠢᠨ ᠬᠤᠰᠢᠭᠤ ᠳᠤ ᠶᠡᠭᠡ ᠪᠠᠷ ᠲᠡᠯᠭᠡᠷᠡᠨ ᠬᠦᠭᠵᠢᠮᠳᠡᠵᠦ ᠪᠠᠶᠢᠭᠰᠠᠨ ᠤᠯᠠᠨ ︽ᠠᠰᠤᠷᠤ︾ | ᠠᠶᠠᠯᠭᠤ ᠨᠢ ᠡᠷᠬᠢᠬᠦ ᠲᠡᠦᠬᠡ ᠶᠢᠨ ᠤᠷᠴᠢᠯ ᠳᠤ ᠠᠭᠠᠵᠢᠮ ᠢᠶᠠᠷ ᠤᠯᠠᠷᠢᠭᠰᠠᠭᠠᠷ ᠰᠦᠮ᠎ᠡ ᠬᠡᠶᠢᠳ ᠤᠨ ︽ᠵᠢᠩ | ᠰᠢᠶᠠᠩ ᠶᠤᠸᠠᠢ︾ ︵经箱乐︶ ᠬᠡᠮᠡᠬᠦ ᠠᠶᠠᠯᠭᠤ ᠶᠢᠨ ᠬᠦᠷᠢᠶ᠎ᠡ ᠬᠡᠪᠴᠢᠶᠡᠨ ᠳᠤ ᠪᠠᠭᠳᠠᠵᠤ᠂ ᠤᠳᠤ ᠪᠤᠯᠬᠤ | ᠳᠤ ᠵᠦᠪᠬᠡᠨ ᠠᠷᠪᠠᠭᠠᠳ ᠯᠠ ᠠᠶᠠᠯᠭᠤ ᠲᠡᠮᠳᠡᠭᠯᠡᠭᠳᠡᠨ ᠦᠯᠡᠳᠡᠭᠰᠡᠨ ᠨᠢ ᠬᠠᠷᠠᠮᠰᠠᠯᠳᠠᠢ᠃ ᠭᠡᠪᠡᠴᠦ ᠡᠷᠳᠡᠨ ᠤ | ᠰᠤᠩᠭᠤᠳᠠᠭ ᠲᠤᠤᠯᠢ ︽ᠭᠡᠰᠡᠷ︾᠂ ︽ᠵᠢᠩᠭᠠᠷ︾ ᠤᠨ ᠦᠯᠢᠬᠡᠷ ᠢ ᠬᠡᠯᠡᠬᠦ ᠳᠤ ᠵᠠᠪᠠᠯ ︽ᠠᠰᠤᠷᠤ︾ ᠪᠠᠷ | ᠡᠬᠢᠯᠡᠬᠦᠯᠳᠡᠭ ᠶᠤᠰᠤ ᠭᠤᠷᠢᠮ ᠡᠳᠦᠬᠡ ᠬᠦᠷᠳᠡᠯ᠎ᠡ ᠬᠠᠳᠠᠭᠠᠯᠭᠳᠠᠭᠰᠠᠭᠠᠷ ᠪᠠᠶᠢᠨ᠎ᠠ᠃ ᠮᠤᠩᠭᠤᠯᠵᠢᠨ ᠬᠤᠰᠢᠭᠤ ᠳᠤ | ᠬᠦᠭᠵᠢᠮᠳᠡᠵᠦ ᠪᠠᠶᠢᠭ᠎ᠠ ︽ᠠᠰᠤᠷᠤ︾ ᠨᠢ ᠴᠠᠬᠠᠷ ᠨᠤᠳᠤᠭ ᠤᠨ ︽ᠠᠰᠤᠷᠤ︾ ᠠᠶᠠᠯᠭᠤ ᠲᠠᠢ ᠬᠡᠪ ᠨᠠᠮᠪᠠ ᠪᠠᠷ | ᠠᠳᠠᠯᠢᠬᠠᠨ ᠪᠦᠬᠡᠳ ᠪᠦᠷ ᠶᠡᠭᠡ ᠬᠦᠭ ᠤᠨ ᠲᠤᠭᠳᠠᠴᠠ ᠲᠠᠢ᠂ ᠲᠦᠪ ᠡᠷᠬᠢᠮᠰᠦᠭ ᠪᠠᠶᠢᠳᠠᠭ ᠢᠶᠠᠷ ᠢᠶᠠᠨ ᠤᠷᠳᠤᠨ ᠤ | ᠬᠦᠭᠵᠢᠮ ᠠᠴᠠ ᠢᠷᠡᠯ ᠲᠠᠢ ᠬᠡᠰᠡᠨ ᠰᠢᠨᠵᠢ ᠲᠡᠮᠳᠡᠭ ᠢᠶᠠᠨ ᠬᠠᠳᠠᠭᠠᠯᠠᠵᠤ ᠪᠤᠢ᠃ ︽ᠠᠰᠤᠷᠤ︾ ᠪᠠᠨ ᠬᠦᠭ | ᠬᠤᠪᠢᠷᠠᠭᠤᠯᠤᠨ ᠬᠦᠭᠵᠢᠮᠳᠡᠬᠦ ᠳᠤ ᠴᠠᠬᠠᠷ ᠨᠤᠳᠤᠭ ᠤᠨ ︽ᠴᠠᠭᠠᠨ ᠬᠦᠭ︾᠂ ︽ᠰᠤᠯᠤᠭᠠᠢ ᠬᠦᠭ︾ ᠤᠨ ᠠᠶᠠᠰ | ᠨᠢ ᠦᠨᠳᠦᠰᠦᠨ ᠳᠡᠭᠡᠨ ᠠᠳᠠᠯᠢᠪᠳᠤᠷ ᠠᠳᠠᠯ᠎ᠠ ᠮᠤᠩᠭᠤᠯᠵᠢᠨ ᠨᠤᠳᠤᠭ ᠤᠨ ︽ᠴᠠᠭᠠᠨ ᠬᠦᠭ︾᠂ ︽ᠰᠤᠯᠤᠭᠠᠢ | ᠬᠦᠭ︾ ᠤᠨ ᠠᠶᠠᠰ ᠨᠢ ᠬᠠᠷᠢᠨ ᠬᠤᠭᠤᠷᠤᠨᠳᠤ ᠪᠠᠨ ᠵᠦᠷᠢᠶ᠎ᠡ ᠲᠠᠢ᠂ ᠬᠦᠭᠵᠢᠮᠳᠡᠯ ᠤᠨ ᠠᠷᠭ᠎ᠠ ᠪᠠᠷᠢᠯ ᠢᠶᠠᠷ ᠢᠶᠠᠨ | ᠤᠯᠠᠷᠢᠭᠤᠯᠤᠨ᠂ ᠠᠶᠠᠰ ᠠᠶᠢᠵᠠᠮ ᠢ ᠨᠢ ᠨᠡᠯᠢᠶᠡᠳ ᠬᠤᠪᠢᠷᠠᠭᠤᠯᠳᠠᠭ ᠪᠠᠶᠢᠳᠠᠯ ᠲᠠᠢ᠃ ︽ᠬᠤᠭᠤᠷ ᠤᠨ ᠨᠤᠳᠤᠭ︾ | ᠬᠡᠮᠡᠨ ᠠᠯᠳᠠᠷᠰᠢᠭᠰᠠᠨ ᠦᠪᠦᠷ ᠮᠤᠩᠭᠤᠯ ᠤᠨ ᠵᠡᠬᠦᠨ ᠤᠷᠤᠨ ᠳᠤ ︽ᠪᠠᠪᠤᠷ ᠠᠰᠤᠷᠤ︾ ᠲᠠᠢ ᠢᠵᠢ ᠠᠶᠠᠯᠭᠤ | ᠪᠤᠯᠬᠤ ︽ᠨᠠᠢᠮᠠᠨ ᠠᠶᠠᠯᠭᠤ︾ ᠠᠴᠠ ᠢᠷᠡᠯ ᠲᠠᠢ ᠬᠤᠭᠤᠷ ᠤᠨ ᠠᠶᠠᠯᠭᠤ ᠨᠤᠭᠤᠳ ︵八音套曲︶ | ᠪᠦᠷᠢᠯᠳᠦᠨ ᠲᠤᠭᠳᠠᠵᠤ ᠶᠡᠭᠡ ᠪᠠᠷ ᠲᠡᠯᠭᠡᠷᠡᠭᠰᠡᠨ ᠪᠠᠶᠢᠳᠠᠭ᠃ | ᠲᠤᠬᠠᠢ ᠶᠢᠨ ᠦᠶ᠎ᠡ ᠳᠤ ᠮᠤᠩᠭᠤᠯ ᠨᠤᠳᠤᠭ ᠲᠤ ︽ᠯᠢᠤ ᠴᠢᠩ ᠨᠢᠶᠠᠩ︾᠂ ︽ᠫᠦ᠋ ᠠᠨ ᠵᠸᠦ︾᠂ ︽ | ᠶᠤᠸᠠᠨ ᠶᠠᠩ ᠺᠸᠦ︾ ᠭᠡᠬᠦ ᠮᠡᠳᠦ ᠶᠢᠨ ᠬᠢᠳᠠᠳ ᠠᠶᠠᠯᠭᠤ ᠨᠤᠭᠤᠳ᠂ ᠱᠠᠰᠢᠨ ᠤ ᠠᠭᠤᠯᠭ᠎ᠠ ᠪᠦᠬᠦᠢ ᠮᠠᠰᠢ | ᠤᠯᠠᠨ ᠲᠠᠭᠤᠤ ᠵᠢᠴᠢ ᠮᠠᠨᠢ ᠶᠢᠨ ᠠᠶᠠᠰ ᠲᠠᠭᠤᠤ ᠬᠦᠭᠵᠢᠮ ᠳᠤ ᠨᠡᠪᠴᠢᠨ ᠤᠷᠤᠵᠤ ᠦᠷᠭᠡᠨ ᠲᠡᠯᠭᠡᠷ ᠲᠠᠭᠤᠯᠠᠨ | ᠬᠦᠭᠵᠢᠮᠳᠡᠳᠡᠭ ᠪᠤᠯᠵᠠᠢ᠃ ᠰᠢᠯᠢ ᠶᠢᠨ ᠭᠤᠤᠯ ᠳᠤ ᠴᠤ ᠠᠳᠠᠯᠢ ᠂ ︽ᠠᠰᠤᠷᠤ︾ ᠲᠠᠢ ᠵᠡᠷᠭᠡᠴᠡᠨ ︽ᠦᠮᠦ | ᠽᠠᠨᠳᠠᠨ ᠰᠢᠷᠡᠭᠡ︾᠂ ︽ᠰᠢᠩᠬᠤᠨ ᠤᠯᠠᠭᠠᠨ ᠵᠠᠯᠠᠭ᠎ᠠ︾᠂ ︽ᠾᠧ ᠶᠢᠩ ᠬᠤᠸᠠ︾᠂ ︽ᠪᠠᠶᠠᠨ ᠬᠠᠷ᠎ᠠ︾ ᠬᠡᠬᠦ | ᠮᠡᠳᠦ ᠶᠢᠨ ᠤᠯᠠᠨ ᠠᠶᠠᠯᠭᠤ ᠨᠤᠭᠤᠳ ᠢ ᠢᠵᠢ ᠪᠦᠷᠢᠳᠦᠬᠦᠯᠦᠨ ᠬᠦᠭᠵᠢᠮᠳᠡᠨ ᠲᠠᠭᠤᠯᠠᠳᠠᠭ ᠪᠤᠯᠪᠠ᠃ ᠡᠬᠦᠨ ᠤ | ᠵᠡᠷᠭᠡ ᠪᠠᠷ᠂ ᠭᠠᠵᠠᠷ ᠤᠰᠤᠨ ᠤ ᠦᠬᠡᠷᠡᠳᠦᠯ ᠬᠤᠪᠢᠷᠠᠯ ᠠᠴᠠ ᠪᠤᠯᠵᠤ᠂ ᠵᠠᠷᠢᠮ ᠠᠶᠠᠯᠭᠤ ᠶᠢᠨ ᠨᠡᠷᠡᠶᠢᠳᠦᠯ ᠴᠤ | ᠬᠤᠪᠢᠷᠠᠭᠰᠠᠨ ᠪᠠᠶᠢᠨ᠎ᠠ᠃ ᠵᠢᠱᠢᠶᠡᠯᠡᠪᠡᠯ᠂ ︽ᠬᠦᠯᠦ ᠴᠠᠭᠠᠨ ᠠᠰᠤᠷᠤ︾ ᠶᠢ ︽ᠮᠢᠩᠭᠠᠨ ᠠᠰᠤᠷᠤ︾ ᠭᠡᠵᠦ | ᠨᠡᠷᠡᠶᠢᠳᠴᠦ ᠪᠠᠶᠢᠬᠤ ᠪᠠ ︽ᠠᠳᠤᠭᠤᠴᠢᠨ ᠠᠰᠤᠷᠤ︾ ᠶᠢᠨ ᠶᠤᠳᠪᠠᠢ ᠬᠦᠭ ᠢ ︽ᠬᠦᠪᠡᠭᠡᠳᠦ ᠰᠢᠷ᠎ᠠ ᠠᠰᠤᠷᠤ︾ | ᠬᠡᠵᠦ ᠨᠡᠷᠡᠯᠡᠳᠡᠭ ᠪᠤᠯᠵᠠᠢ᠃ ᠤᠤᠯ ᠤᠨ ︽ᠲᠠᠶᠢᠹᠤᠰᠧ ᠠᠰᠤᠷᠤ︾ ᠶᠢ ︽ᠵᠡᠭᠦᠨ ᠭᠠᠷ ᠲᠠᠶᠢᠹᠤᠰᠧ ᠠᠰᠤᠷᠤ︾ | ᠪᠠ ︽ᠪᠠᠷᠠᠭᠤᠨ ᠭᠠᠷ ᠲᠠᠶᠢᠹᠤᠰᠧ ᠠᠰᠤᠷᠤ︾ ᠬᠡᠬᠦ ᠵᠡᠷᠭᠡ ᠪᠠᠷ ᠬᠤᠪᠢᠷᠠᠭᠤᠯᠤᠨ ᠬᠦᠭᠵᠢᠮᠳᠡᠳᠡᠭ ᠪᠠᠶᠢᠭᠰᠠᠨ ᠠᠴᠠ | ︽ᠠᠰᠤᠷᠤ︾ ᠠᠶᠠᠯᠭᠤ ᠶᠢᠨ ᠨᠡᠷᠡᠶᠢᠳᠦᠯ ᠪᠤᠯᠤᠨ ᠬᠦᠭ ᠬᠤᠪᠢᠷᠠᠯ ᠨᠡᠯᠢᠶᠡᠳ ᠪᠠᠶᠠᠯᠢᠭ ᠪᠤᠯᠤᠭᠰᠠᠨ ᠪᠠᠶᠢᠨ᠎ᠠ᠃ |