︽ᠠᠰᠤᠷᠤ︾  ᠶᠢᠨ ᠤᠨᠴᠠᠯᠢᠭ ᠰᠢᠨᠵᠢ
ᠨᠡᠶᠢᠲᠡᠯᠡᠭᠰᠡᠨ ᠴᠠᠭ᠄
2020/3/26
    ︽ᠠᠰᠤᠷᠤ︾ ᠬᠡᠰᠡᠨ ᠦᠬᠡ ᠶᠢᠨ ᠡᠬᠢ ᠢᠷᠡᠯᠳᠡ ᠬᠤᠯᠠ᠂  ᠠᠭᠤᠯᠭ᠎ᠠ ᠤᠳᠬ᠎ᠠ ᠬᠦᠨ  ᠂ ᠵᠦᠪᠬᠡᠨ ᠤᠳᠤ  ᠶᠢᠨ ᠠᠮᠠᠨ ᠬᠡᠯᠡᠯᠬᠡ ᠪᠤᠶᠤ ᠲᠤᠯᠢ ᠪᠢᠴᠢᠭ ᠠᠴᠠ ᠪᠠᠳᠤᠳᠠᠢ ᠨᠤᠳᠠᠯᠠᠯᠳᠠ ᠦᠭᠬᠦ ᠳᠤ ᠬᠦᠴᠢᠷ᠃ ᠤᠩᠰᠢᠯᠭ᠎ᠠ ᠪᠠ ᠪᠢᠴᠢᠯᠭᠡ ᠶᠢᠨ ᠲᠠᠰᠢᠶ᠎ᠠ ᠠᠴᠠ ᠪᠤᠯᠵᠤ᠂ ᠤᠳᠬ᠎ᠠ ᠦᠬᠡᠷᠡᠳᠦᠨ ᠠᠭᠤᠯᠭ᠎ᠠ ᠬᠤᠪᠢᠷᠠᠭᠠᠳ᠂ ᠬᠦᠷᠢᠶ᠎ᠡ ᠭᠡᠪᠴᠢᠶ᠎ᠡ ᠨᠢ ᠢᠪᠴᠤᠤᠷᠠᠵᠤ᠂  ᠤᠤᠯ ᠰᠢᠨᠵᠢ ᠲᠡᠮᠳᠡᠭ ᠨᠢ ᠪᠠᠯᠠᠷᠠᠬᠤ ᠰᠢᠬᠠᠭᠰᠠᠨ ᠪᠠᠶᠢᠨ᠎ᠠ᠃     ︽ᠠᠰᠤᠷᠤ︾  ᠠᠶᠠᠯᠭᠤ ᠨᠢ ᠪᠠᠶᠠᠷ ᠴᠡᠩᠭᠡᠯᠳᠤ ᠴᠤᠭᠢᠯᠭ᠎ᠠ ᠲᠠᠢ᠂ ᠢᠷᠠᠭᠤ ᠭᠤᠶᠤᠬᠠᠨ ᠠᠶᠢᠵᠠᠮ ᠲᠠᠢ᠂ ᠡᠭᠢ ᠠᠳᠠᠭ ᠤᠨ ᠵᠠᠯᠭᠠᠯᠳᠠ ᠨᠢ ᠡᠪ ᠬᠠᠪᠤᠯᠢᠭ᠂  ᠭᠦᠭᠵᠢᠮᠳᠡᠭᠦ ᠳᠤ ᠤᠷᠤᠰᠤᠮ᠎ᠠ ᠰᠠᠶᠢᠬᠠᠨ᠂  ᠰᠤᠨᠤᠰᠤᠭᠴᠢᠳ ᠲᠤ  ᠪᠠᠶᠠᠷ ᠴᠡᠩᠭᠡᠯ ᠪᠢᠯᠬᠠᠭᠰᠠᠨ ᠭᠤᠸ᠎ᠠ ᠰᠡᠳᠭᠢᠯᠭᠡ ᠶᠢᠨ ᠭᠦᠷᠳᠡᠭᠡᠯ ᠪᠤᠯᠳᠠᠭ ᠶᠤᠮ᠃  ᠠᠰᠤᠷᠤ ᠶᠢ ᠶᠡᠷᠦ ᠨᠢ ᠮᠤᠩᠭᠤᠯ ᠦᠨᠳᠦᠰᠦᠳᠡᠨ ᠤ ᠬᠦᠪᠴᠢᠳᠦ ᠬᠦᠭᠵᠢᠮᠳᠡᠬᠦᠷ᠂ ᠴᠢᠪᠬᠠᠳᠠᠨ ᠲᠤᠪᠰᠢᠬᠤ ᠬᠦᠭᠵᠢᠮᠳᠡᠬᠦᠷ ᠪᠠ ᠦᠯᠢᠶᠡᠬᠦᠷ ᠬᠦᠭᠵᠢᠮᠳᠡᠬᠦᠷ ᠢᠶᠠᠷ ᠨᠡᠶᠢᠯᠡᠬᠦᠯᠦᠨ ᠬᠦᠭᠵᠢᠮᠳᠡᠨ᠎ᠡ᠃ ᠲᠡᠬᠡᠬᠦ ᠳᠡᠭᠡᠨ᠂ ᠭᠤᠤᠯᠳᠠᠭᠤ ᠮᠤᠷᠢᠨ ᠬᠤᠭᠤᠷ᠂ ᠬᠤᠭᠤᠷ᠂ ᠶᠠᠳᠤᠭ᠎ᠠ᠂ ᠱᠠᠨᠵᠠ᠂  ᠬᠤᠪᠢᠰ᠂ ᠯᠢᠩᠪᠤ᠂ ᠱᠤᠳᠤᠷᠭᠤ ᠵᠡᠷᠭᠡ ᠪᠠᠷ ᠬᠦᠭᠵᠢᠮᠳᠡᠨ᠎ᠡ᠃  ︽ᠠᠰᠤᠷᠤ︾  ᠠᠶᠠᠯᠭᠤ  ᠶᠢ ᠠᠱᠢᠳᠠᠢ ᠰᠠᠶᠢᠬᠠᠨ ᠬᠦᠭᠵᠢᠮᠳᠡᠳᠡᠭ ᠠᠬᠠᠮᠠᠳ ᠦᠶ᠎ᠡ ᠶᠢᠨ  ᠤᠷᠠᠯᠢᠭᠴᠢᠳ ᠲᠤ᠄  ᠪᠠᠯᠭᠠᠨ ︵ᠮᠤᠷᠢᠨ ᠬᠤᠭᠤᠷ︶᠂  ᠮᠠᠰᠢᠪᠠᠳᠤ ︵ᠮᠤᠷᠢᠨ ᠬᠤᠭᠤᠷ︶᠂ ᠠᠬᠸᠠᠩᠰᠢᠷᠤᠪ ︵ᠮᠤᠷᠢᠨ ᠬᠤᠭᠤᠷ︶᠂ ᠭᠤᠮᠪᠤᠳᠤᠷᠵᠢ ︵ᠶᠠᠳᠤᠭ᠎ᠠ︶᠂ ᠵᠠᠮᠰᠤ ︵ᠶᠠᠳᠤᠭ᠎ᠠ︶᠂ ᠪᠠᠪᠤᠤᠳᠤᠷᠵᠢ ︵ᠬᠤᠭᠤᠷ︶᠂  ᠭᠤ᠂ ᠴᠡᠩᠭᠡᠯᠳᠦ ︵ᠬᠤᠪᠢᠰ︶᠂ ᠳ᠋᠊᠂ ᠰᠠᠮᠪᠤᠤ ︵ᠱᠤᠳᠤᠷᠭᠤ︶᠂ ᠲᠡᠮᠦᠷᠴᠢᠳᠦᠷ ︵ᠱᠤᠳᠤᠷᠭᠤ︶᠂ ᠰᠠᠷᠠᠨᠬᠡᠷᠡᠯ ︵ᠯᠢᠮᠪᠤ︶᠂ ᠬᠠ᠊᠂ ᠰᠠᠩᠵᠠᠢ ︵ᠯᠢᠮᠪᠤ︶᠂ ᠵᠠᠮᠢᠶᠠᠨᠰᠦ᠋ᠷᠦᠩ ︵ᠱᠤᠳᠤᠷᠭᠤ︶᠂᠂᠂  ᠂᠂ ᠨᠡᠷ ᠲᠤᠷᠠᠳᠤᠭᠳᠠᠬᠤ ᠶᠤᠰᠤᠳᠠᠢ᠃    ︽ᠠᠰᠤᠷᠤ︾ ᠭᠡᠰᠡᠨ ᠡᠨᠡᠬᠦ ᠢᠵᠢ ᠠᠶᠠᠯᠭᠤ ᠬᠦᠭᠵᠢᠮ ᠲᠠᠢ ᠪᠦᠷᠢᠮᠦᠰᠦᠨ ᠵᠤᠬᠢᠴᠠᠯᠳᠤᠵᠤ᠂ ᠤᠳᠬ᠎ᠠ ᠠᠭᠤᠯᠭ᠎ᠠ ᠪᠠᠷ ᠢᠵᠢᠯᠢᠰᠢᠨ ᠤᠶᠠᠩᠭᠠᠷᠠᠭᠰᠠᠨ ᠲᠠᠭᠤᠤ ᠨᠤᠭᠤᠳ ᠮᠠᠰᠢ ᠤᠯᠠᠨ ᠪᠠᠶᠢᠳᠠᠭ᠃  ᠮᠤᠩᠭᠤᠯᠴᠤᠳ ᠤᠨ ᠡᠷᠳᠡᠨ ᠳᠡᠭᠡᠨ ᠲᠠᠭᠤᠯᠠᠵᠤ ᠪᠠᠶᠢᠭᠰᠠᠨ ︽ᠴᠢᠩᠬᠢᠰ ᠬᠠᠭᠠᠨ ᠤ ᠠᠯᠳᠠᠨ ᠰᠤᠷᠭᠠᠯ︾  ᠂ ︽ᠮᠤᠩᠭᠤᠯ ᠤᠨ ᠢᠵᠠᠭᠤᠷ ᠲᠠᠭᠤᠯᠠᠯ︾  ᠵᠡᠷᠭᠡ ᠲᠠᠭᠤᠤ ᠳᠤ ᠴᠦᠮ ︽ᠠᠰᠤᠷᠤ︾ ᠭᠡᠰᠡᠨ ᠦᠬᠡ ᠪᠠᠶᠢᠳᠠᠭ᠃ ᠰᠢᠯᠢ ᠶᠢᠨ ᠭᠤᠤᠯ  ᠨᠤᠳᠤᠭ  ᠢᠶᠠᠷ ᠤᠯᠠᠮᠵᠢᠯᠠᠭᠳᠠᠨ ᠲᠠᠭᠤᠯᠠᠭᠳᠠᠵᠤ ᠪᠠᠶᠢᠭ᠎ᠠ ︽ᠠᠰᠤᠷᠤ ᠶᠢᠨ ᠦᠨᠳᠦᠷ︾ ᠬᠡᠮᠡᠬᠦ ᠲᠠᠭᠤᠤ ᠳᠤ ︽ᠠᠰᠤᠷᠤ ᠶᠢᠨ ᠦᠨᠳᠦᠷ ᠵᠠᠶᠠᠭ᠎ᠠ ᠲᠠᠢ᠂ ᠠᠮᠤᠷᠯᠢᠩᠭᠤᠢ ᠪᠠᠶᠠᠰᠬᠤᠯᠠᠩ ᠴᠢᠷᠠᠢ ᠲᠠᠢ᠂ ᠠᠭᠠᠮᠵᠢᠬᠠᠨ ᠰᠦᠩᠨᠡᠨ ᠰᠠᠭᠤᠵᠤ ᠨᠠᠶᠢᠷᠯᠠᠶ᠎ᠠ᠂ ᠂᠂᠂᠂︾ ᠬᠡᠵᠦ ᠬᠦᠭᠵᠢᠮᠳᠡᠨ ᠲᠠᠭᠤᠯᠠᠬᠤ ᠳᠤ ᠮᠤᠩᠭᠤᠯ ᠤᠯᠤᠰ ᠲᠤ ᠪᠠᠰᠠ ︽ ᠠᠰᠤᠷᠤ ᠶᠢᠨ ᠦᠨᠳᠦᠷ ᠶᠡᠭᠡ ᠵᠠᠶᠠᠭ᠎ᠠ ᠲᠠᠢ᠂  ᠠᠷᠢᠭᠤᠬᠠᠨ ᠠᠮᠤᠷᠯᠢᠩᠭᠤᠢ  ᠰᠡᠳᠬᠢᠯ ᠲᠠᠢ᠂ ᠠᠯᠢᠪᠠ ᠪᠠᠶᠠᠰᠬᠤᠯᠠᠩ ᠲᠠᠢ ᠴᠢᠷᠠᠢ ᠶᠢ ᠨᠢ ᠦᠵᠡᠭᠡᠳ᠂ ᠤᠴᠢᠷ ᠲᠠᠢ ᠬᠦᠦᠷᠨᠢᠩᠬᠡᠨ ᠰᠠᠭᠤᠵᠤ ᠨᠠᠶᠢᠷᠯᠠᠶ᠎ᠠ᠂᠂᠂  ᠂᠂᠂︾ ᠬᠡᠵᠦ ᠤᠷᠳᠤ ᠶᠢᠨ ᠲᠠᠭᠤᠤ ᠶᠢᠨ ᠬᠡᠯᠪᠡᠷᠢ ᠪᠠᠷ ᠲᠠᠭᠤᠯᠠᠳᠠᠭ᠃ ᠭᠡᠬᠦ ᠳᠡᠭᠡᠨ ᠡᠨᠡ ᠲᠠᠭᠤᠤ ᠨᠢ ︽ᠡᠷᠬᠢᠮ ᠲᠦᠷᠦ︾᠂ ︽ᠡᠷᠳᠡᠨ ᠤ ᠰᠠᠶᠢᠬᠠᠨ︾᠂ ︽ᠲᠦᠮᠡᠨ ᠤ ᠡᠬᠢ︾᠂ ︽ᠬᠤᠭᠤᠷ ᠤᠨ ᠮᠠᠩᠯᠠᠢ︾ ᠵᠡᠷᠭᠡ ᠲᠠᠭᠤᠤ ᠨᠤᠭᠤᠳ ᠲᠠᠢ ᠠᠳᠠᠯᠢ ᠪᠠᠷ  ᠪᠦᠷ ᠲᠦᠷᠦ ᠶᠤᠰᠤᠯᠠᠯ ᠤᠨ ᠬᠦᠨᠳᠦᠳᠭᠡᠯ ᠲᠠᠭᠤᠤ ᠳᠤ ᠪᠠᠶᠢᠳᠠᠭ ᠲᠤᠯᠠ ᠡᠩ ᠤᠨ ᠲᠠᠯᠠᠪᠤᠷ ᠲᠤ ᠲᠠᠭᠤᠯᠠᠳᠠᠭ ᠦᠬᠡᠢ᠃  ᠲᠡᠭᠡᠬᠦ ᠮᠦᠷᠳᠡᠭᠡᠨ ᠲᠠᠭᠤᠯᠠᠬᠤ ᠮᠡᠷᠭᠡᠵᠢᠯ ᠤᠨ ᠱᠠᠭᠠᠷᠳᠠᠯᠭ᠎ᠠ ᠴᠤ ᠦᠨᠳᠦᠷ  ᠪᠤᠯᠬᠤᠷ᠂ ᠡᠩ ᠤᠨ ᠲᠠᠭᠤᠴᠢᠳ ᠲᠠᠭᠤᠯᠠᠬᠤ  ᠳᠤ ᠬᠦᠴᠢᠷᠳᠡᠢ᠂ ᠲᠦᠪ ᠡᠷᠬᠢᠮᠰᠦᠭ᠂ ᠠᠶᠠᠰ ᠤᠨ ᠬᠤᠪᠢᠷᠠᠯᠳᠠ ᠶᠡᠭᠡ᠂  ᠴᠠᠷᠠᠭ᠎ᠠ ᠦᠷᠭᠡᠨ᠂  ᠴᠤᠬᠤᠮ ᠴᠤ ᠤᠷᠳᠤ ᠶᠢᠨ ᠲᠠᠭᠤᠤ ᠶᠢᠨ ᠮᠠᠩᠯᠠᠢ ᠬᠡᠵᠦ ᠪᠤᠯᠤᠮᠠᠷ᠃      ᠤᠷᠳᠤᠰ ᠨᠤᠳᠤᠭ ᠲᠤ ᠡᠷᠳᠡ ᠲᠡᠭᠡᠳᠦ ᠠᠴᠠ ᠤᠯᠠᠮᠵᠢᠯᠠᠵᠤ ᠢᠷᠡᠭᠰᠡᠨ ᠨᠠᠶᠢᠷ ᠬᠤᠷᠢᠮ ᠲᠡᠭᠡᠷ᠎ᠡ ᠲᠠᠭᠤᠯᠠᠳᠠᠭ ᠲᠦᠪ ᠶᠤᠰᠤᠷᠬᠠᠭ ᠠᠭᠤᠯᠭ᠎ᠠ ᠪᠦᠬᠦᠢ ᠤᠷᠳᠤ ᠠᠶᠠᠰ ᠲᠠᠢ ︽ᠬᠦᠷᠦ︾ ᠲᠠᠭᠤᠤ ᠬᠡᠵᠦ ᠨᠡᠯᠢᠶᠡᠳ ᠤᠯᠠᠨ ᠪᠠᠶᠢᠳᠠᠭ ᠃ ᠡᠬᠦᠨ ᠤ ᠲᠤᠳᠤᠷ᠎ᠠ ︽ᠲᠦᠷᠦ ᠶᠢᠨ ᠶᠡᠭᠡ ᠠᠰᠤᠷᠤ︾᠂ ︽ᠲᠦᠪ ᠤᠨ ᠶᠡᠭᠡ ᠠᠰᠤᠷᠤ︾ ᠭᠡᠬᠦ ᠲᠠᠭᠤᠤ ᠶᠢᠨ ᠦᠬᠡ ᠨᠢ ︽ᠲᠦᠷᠦ ᠶᠢᠨ ᠶᠡᠭᠡ ᠠᠰᠤᠷᠤ ᠨᠢ ᠲᠡᠦᠬᠡ ᠲᠤᠤᠯᠢ ᠲᠠᠢ ᠠᠳᠠᠯᠢᠬᠠᠨ᠂ ᠲᠦᠷᠦ ᠶᠢᠨ ᠲᠦᠷᠪᠡᠨ ᠨᠤᠶᠠᠳ  ᠨᠢ ᠦᠯᠡᠮᠵᠢ ᠪᠠᠳᠤ ᠪᠤᠯᠳᠤᠭᠠᠢ᠂᠂᠂᠂︾ ᠭᠡᠳᠡᠭ᠃  ᠡᠳᠡᠭᠡᠷ ᠲᠠᠭᠤᠤ ᠨᠢ ᠡᠨᠡ  ᠮᠡᠳᠦ ᠪᠠᠷ ᠮᠤᠩᠭᠤᠯ ᠨᠤᠳᠤᠭ  ᠲᠤ ᠠᠳᠠᠯᠢ  ᠪᠤᠰᠤ ᠶᠢᠨ ᠬᠦᠭ ᠠᠶᠠᠰ ᠢᠶᠠᠷ ᠲᠠᠭᠤᠯᠠᠭᠳᠠᠳᠠᠭ ᠪᠤᠯᠪᠠᠴᠤ  ᠦᠨᠡᠨᠳᠡᠭᠡᠨ ᠪᠦᠷ ᠯᠡ ᠲᠦᠷᠦ ᠶᠤᠰᠤᠨ  ᠤ ᠬᠦᠨᠳᠦᠳᠭᠡᠯ ᠲᠠᠭᠤᠤ᠂ ᠲᠠᠬᠢᠯᠭ᠎ᠠ ᠲᠠᠶᠢᠯᠭ᠎ᠠ᠂ ᠬᠤᠷᠢᠮ ᠨᠠᠶᠢᠷ ᠤᠨ ᠲᠡᠷᠢᠬᠦᠨ ᠪᠠᠶᠢᠷᠢ ᠶᠢᠨ ᠲᠠᠭᠤᠤ ᠬᠦᠭᠵᠢᠮ  ᠳᠤ ᠮᠠᠩᠯᠠᠢ ᠪᠤᠯᠤᠭᠰᠠᠨ ︽ᠠᠰᠤᠷᠤ︾  ᠮᠦᠨ ᠪᠠᠶᠢᠭ᠎ᠠ ᠶᠤᠮ᠃  ᠲᠤᠬᠠᠶᠢᠯᠠᠪᠠᠯ᠂ ᠤᠷᠳᠤ ᠶᠢᠨ ᠲᠠᠭᠤᠤ ᠶᠢᠨ ᠬᠡᠯᠪᠡᠷᠢ ᠪᠤᠶᠤ ᠪᠤᠭᠤᠨᠢ ᠲᠠᠭᠤᠤ ᠶᠢᠨ ᠬᠡᠯᠪᠡᠷᠢ᠂  ᠬᠦᠭᠵᠢᠮᠳᠡᠨ ᠲᠠᠭᠤᠯᠠᠳᠠᠭ ᠬᠡᠯᠪᠡᠷᠢ ᠪᠤᠶᠤ  ᠠᠠᠶᠠᠯᠭᠤ ᠬᠦᠭᠵᠢᠮ  ᠤᠨ ᠬᠡᠯᠪᠡᠷᠢ ᠶᠢᠨ ᠠᠯᠢ ᠨᠢ ᠴᠤ ᠪᠤᠯᠤᠭ᠂ ᠪᠦᠷ ᠯᠡ ᠨᠠᠷᠢᠨ ᠨᠢᠬᠳᠠ ᠬᠠᠷᠢᠴᠠᠭ᠎ᠠ ᠲᠠᠢ᠂ ᠤᠳᠤᠮ ᠤᠭᠰᠠᠭ᠎ᠠ ᠨᠢᠬᠡ᠂ ᠨᠠᠮᠠᠭ᠎ᠠ ᠰᠠᠯᠠᠭ᠎ᠠ ᠤᠯᠠᠨ ᠲᠠᠢ᠂ ᠬᠡᠯᠪᠡᠷᠢ ᠵᠦᠢᠯ ᠨᠢ ᠠᠷᠪᠢᠨ ᠴᠤ ᠤᠳᠬ᠎ᠠ ᠠᠭᠤᠯᠭ᠎ᠠ ᠨᠢ ᠠᠳᠠᠯᠢ ᠨᠢᠬᠡᠨ ᠴᠤᠭᠴᠠᠰ ᠪᠠᠶᠢᠯ᠎ᠠ ᠭᠡᠳᠡᠭ ᠨᠢ ᠮᠠᠰᠢ ᠲᠤᠳᠤᠷᠬᠠᠢ ᠪᠠᠶᠢᠨ᠎ᠠ᠃       ︽ᠬᠦᠭᠵᠢᠮ — ᠲᠠᠭᠤᠤ — ᠬᠦᠭᠵᠢᠮ︾ ᠤᠨ ᠬᠡᠯᠪᠡᠷᠢ ᠪᠤᠯ  ︽ᠠᠰᠤᠷᠤ︾ ᠶᠢᠨ ᠪᠦᠷᠢᠨ ᠴᠤᠭᠴᠠ ᠪᠤᠯᠤᠨ᠎ᠠ ᠭᠡᠰᠡᠨ ᠡᠷᠳᠡᠮᠳᠡᠳ ᠤᠨ ᠨᠤᠳᠠᠯᠠᠯᠳᠠ ᠨᠢ ᠲᠡᠦᠬᠡ ᠶᠢᠨ ᠡᠰᠢ ᠪᠠᠷᠢᠮᠳᠠ ᠲᠠᠢ ᠶᠤᠮ᠃ ᠵᠡᠬᠦᠨ ᠦᠵᠦᠮᠦᠴᠢᠨ ᠬᠤᠰᠢᠭᠤᠨ ᠤ  ᠨᠡᠷᠡᠳᠦ ᠬᠦᠭᠵᠢᠮᠴᠢᠨ ᠲᠤ᠋᠂ ᠰᠠᠩᠵᠠᠢ ᠭᠤᠸᠠᠢ ︽ᠠᠰᠤᠷᠤ ᠠᠶᠠᠯᠭᠤ ᠶᠢᠨ ᠲᠤᠮᠳᠠ ᠵᠢᠬᠢᠷᠢᠭᠯᠡᠨ ᠲᠠᠭᠤᠯᠠᠳᠠᠭ ᠲᠠᠭᠤᠤ ᠨᠢ ︿ ᠡᠷᠳᠡ ᠶᠢᠨ ᠴᠠᠭᠠᠨ ᠪᠤᠶᠠᠨ﹀᠂ ︿ᠲᠦᠷᠦ ᠶᠢᠨ ᠲᠤᠪᠴᠢ﹀᠂ ︿ᠴᠠᠬᠠᠷ ᠲᠦᠷᠦ ᠶᠢᠨ ᠲᠤᠪᠴᠢ﹀᠂ ︿ᠡᠩᠬᠡ ᠲᠦᠷᠪᠡᠨ ᠴᠠᠭ﹀᠂᠂᠂᠂᠂᠂ ᠵᠡᠷᠭᠡ ᠪᠠᠶᠢᠳᠠᠭ︾ ᠬᠡᠵᠦ ᠲᠡᠮᠳᠡᠭᠯᠡᠵᠡᠢ᠃  ᠴᠠᠬᠠᠷ ᠨᠤᠳᠤᠭ  ᠲᠤ ᠪᠠᠰᠠ ︽ᠠᠰᠤᠷᠤ︾ ᠠᠶᠠᠯᠭᠤ ᠶᠢᠨ ᠲᠤᠮᠳᠠ ︽ ᠠᠰᠤᠷᠤ ᠶᠢᠨ ᠦᠨᠳᠦᠷ︾ ᠭᠡᠰᠡᠨ ᠲᠠᠭᠤᠤ ᠶᠢ ᠬᠦᠭᠵᠢᠮᠳᠡ ᠲᠠᠭᠤᠯᠠᠬᠤ ᠪᠤᠶᠤ ᠵᠢᠬᠢᠷᠢᠭᠯᠡᠨ ᠲᠠᠭᠤᠯᠠᠳᠠᠭ ᠶᠤᠰᠤ ᠭᠤᠷᠢᠮ ᠲᠠᠢ᠂ ᠤᠨᠴᠠᠭᠠᠶᠢᠯᠠᠨ ᠬᠦᠭᠵᠢᠮ ᠤᠨ ᠠᠪᠤᠷᠭᠤ  ᠹᠦ᠊᠂ ᠮᠡᠷᠭᠡᠵᠢᠬᠦ  ᠪᠠᠭᠰᠢ ᠪᠤᠯᠤᠨ ᠲᠠᠷᠬᠠᠨ ᠲᠠᠭᠤᠴᠢᠨ ᠯᠾᠠᠵᠠᠪ ᠭᠤᠸᠠᠢ ᠶᠢᠨ ᠶᠠᠷᠢᠯᠴᠠᠭᠠᠨ ᠤ ᠲᠡᠮᠳᠡᠭᠯᠡᠯ ᠳᠤ ︽ ︿ᠢᠯᠠᠭᠤᠭᠰᠠᠨ﹀ ᠬᠡᠮᠡᠬᠦ ᠦᠬᠡ ᠦᠬᠡᠢ ᠲᠠᠭᠤᠤ ᠨᠢ ︿ᠠᠰᠤᠷᠤ﹀ ᠠᠶᠠᠯᠭᠤ ᠶᠢᠨ ᠲᠤᠮᠳᠠ ︿ᠠᠰᠤᠷᠤ ᠶᠢᠨ ᠦᠨᠳᠦᠷ﹀ ᠭᠡᠰᠡᠨ ᠲᠠᠭᠤᠤ ᠶᠢ ᠬᠦᠭᠵᠢᠮᠳᠡ ᠲᠠᠭᠤᠯᠠᠬᠤ ᠪᠤᠶᠤ ᠵᠢᠬᠢᠷᠢᠭᠯᠡᠨ ᠲᠠᠭᠤᠯᠠᠳᠠᠭ︾ ᠬᠡᠵᠦ ᠨᠤᠳᠠᠯᠠᠭᠰᠠᠨ ᠪᠠᠶᠢᠪᠠ᠃ ︽ᠢᠯᠠᠭᠤᠭᠰᠠᠨ︾  ᠭᠡᠳᠡᠭ ᠨᠢ ᠲᠠᠶᠢᠰᠤᠨ ᠢᠶᠠᠨ ᠲᠠᠷᠤᠵᠤ ᠢᠯᠠᠯᠳᠠ ᠪᠠᠨ ᠤᠯᠤᠭᠰᠠᠨ᠂ ᠬᠠᠨᠳᠤᠭᠰᠠᠨ ᠵᠦᠭ ᠳᠤ ᠬᠠᠷᠭᠤᠬᠤ ᠲᠠᠶᠢᠰᠤᠨ ᠦᠬᠡᠢ ᠭᠡᠰᠡᠨ ᠤᠳᠬ᠎ᠠ ᠪᠦᠬᠦᠢ ᠢᠯᠠᠯᠳᠠ ᠶᠢᠨ ᠲᠠᠭᠤᠤ ᠪᠤᠯᠤᠨ᠎ᠠ᠃ ᠲᠡᠶᠢᠮᠦ ᠠᠴᠠ ᠡᠨᠡ  ᠬᠦ᠋ ᠲᠠᠭᠤᠤ ᠪᠤᠯ ᠲᠦᠷᠦ ᠶᠢᠨ ᠶᠡᠭᠡ ᠲᠠᠬᠢᠯᠭ᠎ᠠ ᠲᠠᠶᠢᠯᠭ᠎ᠠ ᠳᠤ ᠲᠠᠭᠤᠯᠠᠳᠠᠭ ᠲᠦᠪ ᠶᠡᠬᠡᠮᠰᠦᠭ ᠲᠠᠭᠤᠤ ᠪᠤᠯᠬᠤ ᠨᠢ ᠢᠯᠡᠷᠭᠡᠢ᠃ ᠡᠨᠡ   ᠨᠢ ᠴᠢᠪ ᠬᠡᠮᠡᠨ ᠮᠤᠩᠭᠤᠯ ᠤᠨ ᠡᠷᠳᠡᠨ ᠤ  ︽ᠪᠠᠭᠠᠳᠤᠳ ᠤᠨ ᠮᠠᠭᠳᠠᠭᠠᠯ︾ ᠲᠠᠭᠤᠤ ᠲᠠᠢ ᠤᠳᠬ᠎ᠠ ᠠᠭᠤᠯᠭ᠎ᠠ ᠪᠦᠷᠢᠮᠦᠰᠦᠨ ᠠᠳᠠᠯᠢ᠃ ᠡᠬᠦᠨ ᠲᠠᠢ ᠵᠤᠬᠢᠴᠠᠯᠳᠤᠨ ᠡᠬᠦᠰᠦᠭᠰᠡᠨ ︽ᠠᠰᠤᠷᠤ︾ ᠠᠶᠠᠯᠭᠤ ᠨᠢ ᠴᠤ ᠵᠠᠰᠠᠭ ᠲᠦᠷᠦ ᠶᠢᠨ ᠰᠦᠷ ᠵᠢᠪᠬᠤᠭᠠᠳᠤ ᠨᠠᠶᠢᠷ ᠬᠤᠷᠢᠮ ᠤᠨ ᠬᠦᠭ ᠠᠶᠠᠯᠭᠤ ᠪᠠᠶᠢᠭᠰᠠᠨ ᠨᠢ ᠭᠠᠷᠴᠠᠭ᠎ᠠ ᠦᠬᠡᠢ ᠃  ︽ᠢᠯᠠᠭᠤᠭᠰᠠᠨ︾  ᠪᠤᠯ ᠦᠬᠡ ᠰᠢᠯᠦᠭ ᠬᠡᠵᠦ ᠦᠬᠡᠢ᠂ ᠵᠦᠪᠬᠡᠨ ᠤᠷᠳᠤ ᠶᠢᠨ ᠲᠠᠭᠤᠤ ᠶᠢᠨ ᠰᠢᠷᠤᠩᠬᠠᠢ ᠡᠬᠡᠰᠢᠭ ᠢᠶᠠᠷ ᠪᠦᠬᠦᠶᠢᠯᠡ  ᠲᠠᠭᠤᠤ ᠬᠦᠭᠵᠢᠮ ᠤᠨ  ᠤᠷᠬᠢᠯ  ᠡᠷᠬᠦᠯᠳᠡ ᠶᠢ ᠭᠠᠷᠭᠠᠳᠠᠭ ᠢᠳᠡ ᠲᠡᠬᠦᠯᠳᠡᠷ᠂ ᠢᠷᠠᠭᠤ ᠭᠤᠴᠤ ᠤᠷᠳᠤ ᠶᠢᠨ ᠲᠠᠭᠤᠤ ᠪᠤᠯᠤᠨ᠎ᠠ᠃ 1934 ᠤᠨ ᠳᠤ ᠮᠠᠨ ᠤ ᠤᠷᠤᠨ ᠢᠶᠠᠷ ᠠᠶᠠᠯᠠᠵᠤ ᠶᠠᠪᠤᠭᠰᠠᠨ ᠳ᠋ᠠᠨᠮᠠᠷᠺ ᠤᠨ ᠵᠢᠭᠤᠯᠴᠢᠨ ᠬᠠᠰᠯᠤᠨᠳ᠋ ᠤᠨ ᠰᠢᠩᠬᠡᠬᠡᠨ ᠦᠯᠡᠳᠡᠭᠡᠭᠰᠡᠨ ᠲᠠᠭᠤᠤ ᠬᠦᠭᠵᠢᠮ ᠤᠨ ᠮᠠᠲ᠋ᠧᠷᠢᠶᠠᠯ ᠳᠤ ᠲᠧᠮᠳᠢᠨ ᠭᠤᠸᠠᠢ ᠶᠢᠨ ︽ᠠᠰᠤᠷᠤ︾ ᠶᠢᠨ ᠲᠤᠮᠳᠠ ᠲᠠᠭᠤᠯᠠᠭᠰᠠᠨ ︽ᠢᠯᠠᠭᠤᠭᠰᠠᠨ︾ ᠭᠡᠮᠡᠬᠦ ᠦᠬᠡ ᠦᠬᠡᠢ ᠲᠠᠭᠤᠤ ᠨᠢ ᠮᠠᠨ ᠳᠤ ᠤᠯᠳᠠᠭᠰᠠᠨ ᠬᠤᠪᠤᠷ ᠡᠷᠳᠡᠨᠢ ᠶᠤᠮ᠃     ᠦᠩᠭᠡᠷᠡᠭᠰᠡᠨ ᠳᠤ ᠡᠷᠳᠡᠮᠳᠡᠳ ᠦᠬᠡ ᠦᠬᠡᠢ ᠲᠠᠭᠤᠤ ᠶᠢᠨ ᠬᠡᠯᠪᠡᠷᠢ ᠶᠢ ᠵᠦᠪᠬᠡᠨ ᠦᠷᠦᠨᠡᠳᠠᠬᠢᠨ ᠳᠤ ᠯᠠ ᠪᠠᠶᠢᠳᠠᠭ ᠲᠠᠭᠤᠤ ᠬᠦᠭᠵᠢᠮ ᠤᠨ ᠦᠨᠳᠦᠷᠯᠢᠭ ᠲᠦᠪᠰᠢᠨ ᠤ ᠢᠯᠡᠳᠭᠡᠮᠵᠢ ᠬᠡᠵᠦ ᠦᠵᠡᠳᠡᠭ᠃ ᠬᠡᠳᠡᠯ᠎ᠡ ᠲᠡᠯᠡᠬᠡᠢ ᠳ᠋ᠠᠬᠢᠨ ᠤ ᠲᠠᠭᠤᠤ ᠬᠦᠭᠵᠢᠮ ᠤᠨ ᠦᠨᠳᠦᠷ ᠲᠦᠪᠰᠢᠨ ᠲᠠᠢ ᠵᠡᠷᠭᠡᠴᠡᠨ ᠭᠡᠳᠦᠶᠢᠳᠬᠦ ᠰᠤᠩᠭᠤᠳᠠᠭ ᠤᠷᠠᠯᠢᠭ ᠤᠨ ᠬᠡᠯᠪᠡᠷᠢ ᠨᠢ ᠮᠠᠨ ᠤ ᠮᠤᠩᠭᠤᠯ ᠦᠨᠳᠦᠰᠦᠳᠡᠨ ᠤ ᠲᠠᠭᠤᠤ ᠬᠦᠭᠵᠢᠮ ᠳᠤ ᠪᠠᠰᠠ ᠪᠠᠶᠢᠳᠠᠭ ᠮᠦᠷᠳᠡᠭᠡᠨ ᠦᠷᠦᠨᠡᠳᠠᠬᠢᠨ  ᠤ᠂ ᠴᠢᠨᠠᠭᠰᠢᠯᠠᠪᠠᠯ ᠲᠡᠯᠡᠬᠡᠢ ᠶᠢᠨ ᠠᠯᠢ ᠴᠤ ᠦᠨᠳᠦᠰᠦᠳᠡᠨ ᠶᠠᠰᠤᠳᠠᠨ ᠤ ᠰᠤᠳᠤᠨ ᠤᠷᠠᠯᠢᠭ ᠠᠴᠠ ᠪᠠᠰᠠ ᠨᠡᠶᠢᠳᠡᠯᠢᠭ ᠲᠤᠪᠤᠶᠢᠮ᠎ᠠ ᠤᠨᠴᠠᠯᠢᠭ ᠲᠠᠢ ᠪᠠᠶᠢᠵᠠᠢ᠃  ᠡᠶᠢᠮᠦᠷᠬᠦ ᠬᠡᠪ ᠵᠢᠱᠢᠶ᠎ᠡ ᠮᠤᠩᠭᠤᠯ ᠲᠠᠭᠤᠤ ᠳᠤ ᠵᠦᠪᠬᠡᠨ ︽ᠢᠯᠠᠭᠤᠭᠰᠠᠨ︾ ᠬᠡᠰᠡᠨ ᠳᠤ ᠲᠠᠭᠤᠤ ᠳᠤ ᠯᠠ ᠪᠢᠰᠢ᠂ ᠡᠬᠦᠨ ᠠᠴᠠ ᠭᠠᠳᠠᠨ᠎ᠠ᠂ ︽ᠲᠦᠷᠢᠯᠬᠡ ᠲᠠᠭᠤᠤ︾᠂ ︽ᠤᠤᠬᠠᠢ ᠶᠢᠨ ᠲᠠᠭᠤᠤ︾᠂ ︽ᠪᠦᠬᠡ ᠶᠢᠨ ᠤᠷᠠᠢ︾ ᠵᠡᠷᠭᠡ ᠪᠠᠶᠢᠳᠠᠭ ᠪᠦᠬᠡᠳ ᠤᠯᠠᠨ ᠲᠠᠭᠤᠴᠢᠳ ᠬᠠᠮ ᠨᠠᠶᠢᠷᠠᠯ  ᠤᠨ ᠭᠡᠯᠪᠡᠷᠢ ᠪᠦᠬᠦᠢ ᠦᠬᠡ ᠦᠬᠡᠢ ᠪᠤᠶᠤ ᠳ᠋ᠠᠩ ᠭᠠᠭᠴᠠ ᠨᠢᠬᠡᠯᠡ ᠦᠬᠡ ᠪᠠᠷ ᠲᠠᠬᠢᠨ ᠲᠠᠪᠳᠠᠨ ᠲᠠᠭᠤᠯᠠᠳᠠᠭ ᠲᠠᠭᠤᠤ ᠨᠤᠭᠤᠳ ᠵᠦᠩᠳᠡᠭᠡᠨ ᠬᠠᠷᠠᠭᠳᠠᠳᠠᠭ᠃  ︽ᠪᠦᠬᠡ ᠶᠢᠨ ᠤᠷᠠᠢ︾  ᠪᠤᠯ ︽ᠪᠦᠬᠡ ᠶᠢ ᠪᠠᠨ︾ ᠬᠡᠬᠦ  ᠨᠢᠬᠡᠯᠡ ᠦᠬᠡ ᠪᠠᠷ ᠠᠶᠠᠯᠭᠤ ᠡᠬᠢᠯᠡᠭᠡᠳ᠂ ᠭᠤᠴᠤ ᠰᠠᠶᠢᠬᠠᠨ ᠡᠬᠡᠰᠢᠭ ᠨᠤᠭᠤᠯᠤᠭ᠎ᠠ ᠪᠠᠷ ᠠᠶᠠᠰ ᠢᠶᠠᠨ ᠲᠡᠯᠡᠨ ᠦᠷᠭᠡᠳᠭᠡᠵᠦ᠂  ᠰᠡᠳᠬᠢᠯ ᠬᠦᠪᠴᠢᠳᠡᠭᠰᠡᠨ ᠤᠷᠬᠢᠯ ᠡᠭᠡᠰᠢᠭ ᠲᠤ ᠬᠦᠷᠭᠡᠨ᠂ ᠮᠠᠭᠰᠢᠨ ᠲᠡᠪᠢᠬᠦ ᠬᠦᠴᠦᠳᠦ ᠪᠦᠬᠡ  ᠶᠢᠨ ᠢᠶᠠᠨ ᠬᠡᠶᠢᠮᠦᠷᠢ ᠰᠦᠯᠳᠡ ᠶᠢ ᠰᠡᠷᠬᠦᠬᠡᠨ ᠲᠠᠯᠠᠯᠤᠭᠰᠠᠨ ᠤᠷᠳᠤ ᠶᠢᠨ ᠲᠠᠭᠤᠤ ᠪᠤᠯᠤᠨ᠎ᠠ᠃   ︽ᠲᠦᠷᠢᠯᠬᠡ ᠲᠠᠭᠤᠤ︾ ᠭᠡᠳᠡᠭ ᠨᠢ ᠭᠤᠤᠯᠯᠠᠨ ᠲᠠᠭᠤᠯᠠᠭᠴᠢ ᠶᠢᠨ ᠲᠠᠭᠤᠯᠠᠵᠤ ᠪᠠᠶᠢᠭ᠎ᠠ ᠤᠷᠳᠤ ᠶᠢᠨ ᠲᠠᠭᠤᠤ ᠶᠢᠨ ᠲᠡᠬᠦᠰᠭᠡᠯ  ᠤᠨ ᠭᠡᠰᠡᠭ ᠲᠤ ᠤᠯᠠᠨ ᠬᠦᠮᠦᠰ ᠬᠠᠮ ᠨᠠᠶᠢᠷᠠᠯ ᠤᠨ ᠬᠡᠯᠪᠡᠷᠢ ᠪᠠᠷ ᠲᠠᠭᠤᠯᠠᠳᠠᠭ ᠲᠠᠭᠤᠤ ᠶᠢ ᠬᠡᠯᠡᠨ᠎ᠡ᠃ ︽ᠲᠦᠷᠢᠯᠬᠡ︾ ᠳᠤ ᠦᠬᠡ ᠰᠢᠯᠦᠭ ᠦᠬᠡᠢ᠂  ᠵᠦᠪᠬᠡᠨ ︽ᠠᠶᠠᠬᠠᠨ᠂ ᠵᠤᠬᠠᠢ᠂᠂᠂᠂᠂᠂ ᠠᠶᠠᠬᠠᠨ᠎ᠠ ᠪᠠᠶᠢᠳᠤᠤ ᠰᠠᠢ ᠂᠂᠂᠂︾ ᠬᠡᠬᠦ ᠮᠡᠳᠦ ᠪᠤᠳᠠᠳᠤ ᠤᠳᠬ᠎ᠠ ᠦᠬᠡᠢ ᠵᠢᠬᠢᠷᠢᠭ ᠦᠬᠡ ᠤᠷᠤᠭᠤᠯᠤᠨ ᠲᠦᠷᠢᠳᠡᠭ ᠪᠠᠶᠢᠨ᠎ᠠ᠃ ︽ᠨᠠᠷᠠᠨ  ᠤ ᠤᠤᠬᠠᠢ︾᠂ ︽ᠰᠤᠷ ᠤᠨ ᠤᠤᠬᠠᠢ︾ ᠬᠡᠬᠦ ᠮᠡᠳᠦ ᠤᠯᠠᠨ ᠲᠦᠷᠦᠯ ᠤᠨ ︽ᠤᠤᠬᠠᠢ ᠶᠢᠨ ᠲᠠᠭᠤᠤ︾ ᠴᠤ ᠠᠳᠠᠯᠢᠬᠠᠨ᠂ ᠵᠦᠪᠬᠡᠨ ︽ᠨᠠᠷᠠ   ᠨᠢ ᠭᠠᠷᠪᠠᠢ  ︾᠂ ︽ᠰᠤᠷ ᠨᠢ  ᠤᠨᠤᠪᠠᠢ︾ ᠭᠡᠰᠡᠨ ᠨᠢᠬᠡᠯᠡ ᠦᠬᠡ ᠠᠴᠠ ᠠᠶᠠᠯᠭᠤ ᠴᠤᠤᠷᠢᠶᠠᠯᠠᠨ ᠬᠦᠭ ᠦᠨᠳᠦᠷᠵᠢᠵᠦ᠂ ᠲᠤᠷᠭᠠᠨ ᠨᠤᠭᠤᠯᠤᠭ᠎ᠠ᠂ ᠤᠶᠠᠩᠭᠠᠳᠤ ᠠᠶᠢᠵᠠᠮ ᠢᠶᠠᠷ ᠤᠷᠳᠤ ᠶᠢᠨ ᠲᠠᠭᠤᠤ ᠨᠢ ᠰᠢᠷᠤᠩᠬᠠᠶᠢᠯᠠᠵᠤ᠂ ᠬᠠᠮᠳᠤ ᠤᠯᠠᠨ ᠢᠶᠠᠷ ᠢᠶᠠᠨ ᠵᠤᠷᠢᠭ ᠨᠢᠬᠡᠳᠭᠡᠨ ᠬᠦᠴᠦᠨ  ᠬᠠᠮᠳᠤᠷᠠᠵᠤ᠂ ᠰᠠᠨᠠᠭᠰᠠᠨ ᠦᠢᠯᠡᠰ ᠢᠶᠠᠨ ᠰᠠᠨᠠᠭᠠᠴᠢᠯᠠᠨ ᠪᠦᠳᠦᠭᠡᠬᠦ ᠶᠢ ᠤᠷᠠᠶᠢᠯᠠᠨ ᠤᠤᠬᠠᠶᠢᠯᠠᠳᠠᠭ ᠤᠴᠢᠷ ᠲᠠᠢ᠃  ᠴᠤᠭᠤᠷ ᠲᠠᠭᠤᠤ ᠨᠢ ︽ᠵᠧ᠂᠂᠂᠂︾ ᠬᠡᠮᠡᠬᠦ ᠲᠤᠭᠳᠠᠭᠰᠠᠨ ᠦᠬᠡ ᠠᠶᠠᠯᠭᠤ ᠪᠠᠷ ᠲᠠᠭᠤᠤ ᠪᠠᠨ ᠡᠬᠢᠯᠡᠳᠡᠭ ᠶᠤᠰᠤ ᠭᠤᠷᠢᠮ ᠲᠠᠢ᠃ ᠡᠨᠡᠬᠦ ᠤᠯᠠᠮᠵᠢᠯᠠᠯ ᠢᠶᠠᠷ ︽ᠠᠰᠤᠷᠤ︾ ᠠᠶᠠᠯᠭᠤ ᠴᠤ ᠡᠮᠦᠨ᠎ᠡ ᠪᠠᠨ ᠤᠳᠤᠷᠢᠳᠬᠠᠯ ᠠᠶᠠᠰ ᠲᠠᠢ ᠪᠠᠶᠢᠳᠠᠭ  ᠪᠦᠬᠡᠳ ᠤᠷᠳᠤ ᠶᠢᠨ ᠲᠠᠭᠤᠤ ᠶᠢᠨ ᠭᠡᠰᠡᠭᠯᠡᠯ ᠢᠶᠠᠷ ᠡᠬᠢᠯᠡᠯᠳᠡ ᠪᠤᠯᠭᠠᠵᠤ  ᠠᠶᠠᠯᠭᠤ ᠪᠠᠨ ᠬᠦᠭᠵᠢᠮᠳᠡᠳᠡᠭ᠃  ᠵᠢᠱᠢᠶᠡᠯᠡᠪᠡᠯ ︽ᠪᠠᠪᠤᠷ ᠠᠰᠤᠷᠤ︾᠂ ︽ᠬᠦᠯᠦ ᠴᠠᠭᠠᠨ ᠠᠰᠤᠷᠤ︾᠂ ︽ᠴᠠᠬᠠᠷ ᠲᠦᠷᠦ ᠶᠢᠨ ᠲᠤᠪᠴᠢ︾ ᠵᠡᠷᠭᠡ ᠠᠶᠠᠯᠭᠤ ᠶᠢᠨ ᠡᠬᠢᠯᠡᠯᠳᠡ ᠳᠤ ᠪᠦᠷ ᠤᠷᠳᠤ ᠶᠢᠨ ᠲᠠᠭᠤᠤ ᠶᠢᠨ ᠤᠳᠤᠷᠢᠳᠤᠮᠵᠢ ᠭᠡᠰᠡᠭ ᠪᠠᠶᠢᠳᠠᠭ᠃  ᠡᠨᠡ   ᠨᠢ ᠮᠤᠩᠭᠤᠯ ᠦᠨᠳᠦᠰᠦᠳᠡᠨ ᠤ ᠤᠯᠠᠮᠵᠢᠯᠠᠯᠳᠤ ᠲᠠᠭᠤᠤ ᠬᠦᠭᠵᠢᠮ ᠤᠨ ᠤᠨᠴᠠᠯᠢᠭ ᠭᠡᠯᠪᠡᠷᠢ ᠲᠠᠢ ᠪᠠᠨ ᠪᠦᠷᠢᠮᠦᠰᠦᠨ ᠵᠤᠬᠢᠴᠠᠯᠳᠤᠵᠤ ᠪᠠᠶᠢᠭ᠎ᠠ ᠶᠤᠮ᠃     ︽ᠠᠰᠤᠷᠤ︾  ᠠᠶᠠᠯᠭᠤ ᠶᠢᠨ ᠲᠤᠳᠤᠷ᠎ᠠ ᠲᠠᠭᠤᠤ ᠵᠢᠬᠢᠷᠢᠭᠯᠡᠨ ᠲᠠᠭᠤᠯᠠᠳᠠᠭ ᠪᠦᠷᠢᠨ ᠴᠤᠭᠴᠠᠳᠤ ᠭᠡᠯᠪᠡᠷᠢ ᠨᠢ ᠵᠦᠪᠬᠡᠨ ᠰᠢᠯᠢ ᠶᠢᠨ ᠭᠤᠤᠯ ᠳᠤ ᠯᠠ ᠪᠤᠰᠤ᠂ ᠯᠢᠶᠤᠤᠨᠢᠩ ᠮᠤᠵᠢ ᠶᠢᠨ ᠹᠦᠰᠢᠨ ᠤ  ᠮᠤᠩᠭᠤᠯᠵᠢᠨ ᠨᠤᠳᠤᠭ ᠲᠤ ᠴᠤ ︽ ᠬᠠᠮᠳᠤ ᠪᠠᠷ ᠵᠢᠷᠭᠠᠶ᠎ᠠ︾᠂ ︽ᠲᠡᠭᠷᠢ ᠶᠢᠨ ᠮᠠᠨᠤᠤ︾ ᠵᠡᠷᠭᠡ ᠲᠠᠭᠤᠤ ᠶᠢ ᠲᠦᠷᠦ ᠶᠤᠰᠤᠯᠠᠯ ᠤᠨ ᠲᠡᠭᠡᠳᠦ ᠲᠠᠭᠤᠤ ᠬᠡᠮᠡᠨ ᠵᠢᠬᠢᠷᠢᠭᠯᠡᠨ ᠲᠠᠭᠤᠯᠠᠳᠠᠭ ᠪᠠᠶᠢᠨ᠎ᠠ᠃ ᠲᠡᠷᠡᠴᠢᠯᠡᠨ ᠰᠢᠨᠵᠢᠶᠠᠩ ᠤᠨ ᠮᠤᠩᠭᠤᠯᠴᠤᠳ᠂ ᠶᠦᠨᠨᠡᠨ ᠤ ᠮᠤᠩᠭᠤᠯᠴᠤᠳ ᠪᠤᠯᠤᠨ ᠲᠡᠯᠡᠬᠡᠢ ᠶᠢᠨ ᠤᠯᠠᠨ ᠤᠯᠤᠰ ᠤᠷᠤᠨ ᠳᠤ ᠰᠠᠭᠤᠷᠢᠰᠢᠨ ᠰᠠᠭᠤᠭ᠎ᠠ ᠮᠤᠩᠭᠤᠯᠴᠤᠳ ᠤᠨ ᠲᠤᠳᠤᠷ᠎ᠠ ᠲᠠᠭᠤᠯᠠᠬᠤ ᠶᠢᠨ ᠲᠠᠭᠠᠤ  ᠬᠦᠭᠵᠢᠮᠳᠡᠵᠦ᠂ ᠬᠦᠭᠵᠢᠮᠳᠡᠬᠦ ᠶᠢᠨ ᠲᠠᠭᠠᠤ ᠲᠠᠭᠤᠯᠠᠳᠠᠭ ᠤᠨᠴᠠᠯᠢᠭ ᠬᠡᠯᠪᠡᠷᠢ  ᠲᠠᠢ ᠤᠭ ᠭᠡᠪ ᠢᠶᠠᠷ ᠢᠶᠠᠨ ᠤᠯᠠᠮᠵᠢᠯᠠᠭᠳᠠᠨ ᠬᠠᠳᠠᠭᠠᠯᠠᠭᠳᠠᠭᠰᠠᠭᠠᠷ ᠢᠷᠡᠵᠡᠢ᠃        ᠮᠤᠩᠭᠤᠯᠴᠤᠳ ᠤᠨ ᠤᠷᠳᠤᠨ ᠤ ᠲᠠᠭᠤᠤ ᠪᠦᠵᠢᠭ ᠬᠦᠭᠵᠢᠮ — ᠠᠰᠤᠷᠤ ᠤᠷᠠᠯᠢᠭ ᠨᠢ ᠠᠳᠠᠯᠢ ᠪᠤᠰᠤ ᠦᠨᠳᠦᠰᠦᠳᠡᠨ ᠨᠦᠭᠦᠳ ᠤᠨ ᠲᠠᠭᠤᠤ ᠬᠦᠭᠵᠢᠮ ᠤᠨ ᠡᠯᠧᠮᠧᠨ᠋ᠲ ᠤᠳ ᠢ ᠰᠢᠩᠬᠡᠬᠡᠨ ᠠᠪᠴᠤ᠂ ᠦᠷᠭᠡᠨ ᠲᠡᠯᠭᠡᠷᠡᠩᠬᠦᠢ ᠪᠠᠭᠳᠠᠭᠠᠮᠵᠢᠳᠤ ᠰᠢᠨᠵᠢ ᠪᠠ ᠦᠨᠳᠦᠰᠦᠳᠡᠨ ᠤ ᠦᠪᠡᠷᠮᠢᠴᠡ ᠰᠢᠨᠵᠢ ᠲᠠᠢ ᠪᠤᠯᠤᠭᠰᠠᠨ ᠲᠤᠯᠠ ᠮᠤᠩᠭᠤᠯ ᠰᠤᠶᠤᠯ ᠤᠨ ᠨᠡᠭᠡᠭᠡᠯᠳᠡ ᠲᠠᠢ᠂ ᠪᠠᠭᠳᠠᠭᠠᠮᠵᠢ ᠲᠠᠢ ᠤᠨᠴᠠᠯᠢᠭ ᠢ ᠬᠠᠷᠠᠭᠤᠯᠤᠭᠰᠠᠨ ᠮᠦᠷᠳᠡᠭᠡᠨ ᠲᠤᠮᠳᠠᠳᠤ ᠶᠢᠨ ᠰᠢᠯᠢᠳᠡᠭ ᠤᠯᠠᠮᠵᠢᠯᠠᠯᠳᠤ ᠰᠤᠶᠤᠯ ᠤᠨ ᠦᠪᠡᠷᠮᠢᠴᠡ ᠷᠢᠳᠢ ᠰᠢᠳᠢ ᠶᠢ ᠬᠠᠷᠠᠭᠤᠯᠤᠭᠰᠠᠨ ᠶᠤᠮ᠃
 
ᠢᠷᠡᠯᠲᠡ᠄ ︽ᠠᠰᠤᠷᠤ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号