︽ᠠᠰᠤᠷᠤ︾  ᠶᠢᠨ ᠪᠦᠷᠢᠯᠳᠦᠯ ᠲᠤᠭᠳᠠᠨᠢᠯ
ᠨᠡᠶᠢᠲᠡᠯᠡᠭᠰᠡᠨ ᠴᠠᠭ᠄
2020/3/26
    1604 ᠤᠨ ᠤ ᠦᠶᠡᠰ ᠢᠶᠠᠷ᠂ ᠪᠤᠭᠳᠠ ᠴᠢᠩᠬᠢᠰ ᠤᠨ ᠠᠯᠳᠠᠨ ᠤᠷᠤᠭᠳᠠᠨ ᠯᠢᠭᠳᠡᠨ ᠬᠤᠳᠤᠭᠳᠤ ᠬᠠᠭᠠᠨ ᠰᠠᠭᠤᠷᠢᠨ ᠢ ᠵᠠᠯᠭᠠᠮᠵᠢᠯᠠᠵᠤ᠂  ︽ᠴᠠᠬᠠᠷ ᠲᠦᠷᠦ  ︾   ᠶᠢ  ᠪᠠᠶᠢᠭᠤᠯᠤᠭᠰᠠᠨ ᠢᠶᠠᠷ ᠮᠤᠩᠭᠤᠯᠴᠤᠳ ᠤᠨ ᠬᠦᠴᠦᠨ᠂ ᠢᠯᠠᠩᠭᠤᠶ᠎ᠠ ᠴᠠᠬᠠᠷ ᠲᠦᠮᠡᠨ ᠤ ᠰᠦᠷ ᠬᠦᠴᠦᠨ ᠪᠤᠵᠠᠭᠠᠶᠢᠷᠠᠨ ᠴᠢᠩᠭᠠᠷᠠᠵᠠᠢ᠃  ᠡᠨᠡᠬᠦ ᠲᠡᠦᠬᠡ ᠶᠢᠨ ᠬᠤᠭᠤᠴᠠᠭᠠᠨ  ᠳᠤ᠂ ᠤᠷᠳᠤᠨ ᠤ ᠲᠠᠭᠤᠤ ᠬᠦᠭᠵᠢᠮ   ᠨᠢ ᠲᠠᠬᠢᠨᠳᠠ ᠬᠦᠭᠵᠢᠯᠳᠡ ᠶᠢᠨ ᠱᠠᠳᠤᠨ ᠳᠤ ᠤᠷᠤᠭᠰᠠᠨ ᠪᠠᠶᠢᠨ᠎ᠠ᠃ ᠮᠠᠨ  ᠳᠤ ᠤᠯᠳᠠᠭᠰᠠᠨ ︽ᠯᠢᠭᠳᠡᠨ ᠬᠠᠭᠠᠨ ᠤ ᠤᠷᠳᠤᠨ ᠤ ᠲᠠᠭᠤᠤ — ᠤᠷᠳᠤ ᠵᠤᠷᠢᠭ︾ ᠪᠤᠯᠤᠨ ︽ᠴᠠᠬᠠᠷ ᠲᠦᠷᠦ  ᠶᠢᠨ ᠲᠤᠪᠴᠢ︾᠂ ︽ᠴᠠᠬᠠᠷ ᠲᠦᠷᠦ ᠶᠢᠨ ᠶᠡᠭᠡ ᠠᠰᠤᠷᠤ︾ ᠵᠡᠷᠭᠡ ᠲᠠᠭᠤᠤ ᠬᠦᠭᠵᠢᠮ ᠨᠢ ᠶᠠᠭ ᠲᠤᠬᠠᠢ ᠶᠢᠨ ᠦᠶ᠎ᠡ ᠳᠤ ᠡᠬᠦᠰᠦᠨ ᠵᠤᠬᠢᠶᠠᠭᠳᠠᠵᠠᠢ᠃  ᠡᠬᠦᠨ ᠳᠤ ︽ᠴᠠᠬᠠᠷ ᠲᠦᠷᠦ ᠶᠢᠨ ᠶᠡᠭᠡ ᠠᠰᠤᠷᠤ︾ ᠨᠢ ᠮᠤᠩᠭᠤᠯ ᠲᠠᠭᠤᠤ ᠬᠦᠭᠵᠢᠮ ᠤᠨ ᠤᠷᠠᠯᠢᠭ ᠢ ᠪᠦᠷᠢᠨ ᠬᠠᠳᠠᠭᠠᠯᠠᠭᠰᠠᠨ ᠰᠠᠭᠤᠷᠢᠨ ᠲᠡᠭᠡᠷ᠎ᠡ᠂  ᠬᠦᠭᠵᠢᠮᠳᠡᠯ ᠠᠶᠠᠯᠭᠤ ᠶᠢᠨ ᠡᠮᠦᠨ᠎ᠡ ᠨᠢ ᠢᠯᠭᠤᠮ ᠰᠠᠶᠢᠬᠠᠨ ᠤᠷᠳᠤ ᠶᠢᠨ ᠲᠠᠭᠤᠤ ᠨᠡᠮᠡᠭᠰᠡᠨ ᠪᠠᠶᠢᠳᠠᠭ᠃       ᠯᠢᠶᠤᠤᠨᠢᠩ ᠮᠤᠵᠢ ᠶᠢᠨ ᠮᠤᠩᠭᠤᠯᠵᠢᠨ ᠨᠤᠳᠤᠭ ᠲᠤ ᠤᠯᠠᠮᠵᠢᠯᠠᠨ ᠦᠯᠡᠳᠡᠭᠰᠡᠨ ︽ᠶᠡᠭᠡ ᠠᠰᠤᠷᠤ︾ ᠳᠤ ᠮᠦᠨ ᠤᠯᠠᠨ ᠠᠷᠪᠢᠨ ᠠᠰᠤᠷᠤ ᠠᠶᠠᠯᠭᠤ ᠪᠤᠢ᠃ ᠲᠡᠬᠦᠨ ᠤ ᠬᠦᠭ ᠠᠶᠢᠵᠠᠮ᠂ ᠠᠶᠠᠯᠭᠤ ᠶᠢᠨ ᠪᠦᠳᠦᠴᠡ ᠵᠡᠷᠭᠡ ᠨᠢ ︽ᠴᠠᠬᠠᠷ ᠲᠦᠷᠦ ᠶᠢᠨ ᠶᠡᠭᠡ ᠠᠰᠤᠷᠤ︾   ᠲᠠᠢ ᠠᠳᠠᠯᠢᠪᠳᠤᠷ᠂ ᠴᠦᠮ ᠶᠡᠭᠡ ᠬᠦᠭ ᠤᠨ ᠲᠤᠭᠳᠠᠴᠠ ᠲᠠᠢ ᠮᠤᠩᠭᠤᠯ ᠤᠷᠳᠤᠨ ᠤ ᠬᠦᠭᠵᠢᠮ ᠤᠨ ᠰᠦᠷ ᠵᠢᠪᠬᠤᠭᠠᠳᠤ᠂ ᠲᠡᠭᠡᠳᠦ ᠡᠷᠬᠢᠮᠰᠦᠭ ᠭᠡᠪ ᠨᠠᠮᠪᠠ ᠶᠢ ᠪᠦᠷᠢᠨ ᠬᠠᠳᠠᠭᠠᠯᠠᠭᠰᠠᠨ ᠪᠠᠶᠢᠳᠠᠭ᠃ ᠡᠳᠡᠭᠡᠷ ︽ᠠᠰᠤᠷᠤ︾ ᠠᠶᠠᠯᠭᠤ ᠳᠤ ᠪᠠᠰᠠ ︽ᠬᠠᠮᠳᠤ ᠪᠠᠷ ᠵᠢᠷᠭᠠᠶ᠎ᠠ︾᠂ ︽ᠲᠡᠭᠷᠢ ᠶᠢᠨ ᠮᠠᠨᠤᠤ︾ ᠵᠡᠷᠭᠡ ᠲᠦᠷᠦ ᠶᠢᠨ ᠲᠠᠭᠤᠤ ᠶᠢ ᠵᠢᠬᠢᠷᠢᠭᠯᠡᠨ ᠲᠠᠭᠤᠯᠠᠵᠤ ᠪᠠᠶᠢᠵᠠᠢ ᠬᠡᠵᠦ ᠮᠤᠩᠭᠤᠯᠵᠢᠨ ᠨᠤᠳᠤᠭ ᠤᠨ ᠪᠤᠭᠤᠷᠤᠯᠴᠤᠳ ᠬᠠᠭᠤᠴᠢᠯᠠᠵᠤ ᠪᠠᠶᠢᠭᠰᠠᠨ ᠶᠤᠮ᠃ ︽ᠠᠰᠤᠷᠤ︾ ᠶᠢ ᠬᠦᠭᠵᠢᠮᠳᠡᠨ ᠲᠠᠭᠤᠯᠠᠬᠤ ᠳᠠᠭᠠᠨ ᠨᠢᠭᠤᠷ ᠭᠠᠷ ᠢᠶᠠᠨ ᠠᠷᠢᠭᠤᠰᠬᠠᠨ ᠤᠬᠢᠶᠠᠵᠤ᠂ ᠬᠦᠵᠢ ᠵᠤᠯᠠ  ᠪᠠᠷᠢᠨ ᠮᠦᠷᠬᠦᠨ ᠲᠠᠭᠠᠳᠬᠠᠭᠠᠳ ᠬᠦᠭᠵᠢᠮ ᠡᠬᠦᠰᠭᠡᠳᠡᠭ᠃  ᠬᠦᠭᠵᠢᠮᠳᠡᠬᠦ ᠶᠠᠪᠤᠴᠠ ᠳᠤ ᠶᠠᠮᠠᠷᠪᠠ ᠬᠦᠮᠦᠨ ᠦᠬᠡ ᠲᠤᠤᠭᠠᠷᠬᠤ ᠪᠤᠶᠤ ᠦᠬᠡᠷ᠎ᠡ ᠶᠠᠭᠤᠮ᠎ᠠ ᠬᠢᠵᠦ ᠦᠯᠦ ᠪᠤᠯᠤᠨ᠎ᠠ ᠭᠡᠰᠡᠨ ᠴᠢᠩᠭ᠎ᠠ ᠰᠠᠬᠢᠯᠭ᠎ᠠ ᠵᠢᠷᠤᠮ ᠲᠠᠢ᠃  ᠨᠡᠩ ᠭᠠᠶᠢᠬᠠᠯᠳᠠᠢ ᠨᠢ ᠪᠠᠭᠠᠳᠤᠷᠯᠢᠭ ᠲᠤᠤᠯᠢ ︽ᠭᠡᠰᠡᠷ︾᠂ ︽ᠵᠢᠩᠭᠠᠷ︾ ᠢ ᠬᠤᠭᠤᠷᠳᠠᠨ ᠬᠡᠯᠡᠬᠦ ᠳᠡᠭᠡᠨ ᠤᠳᠤᠷᠢᠳᠬᠠᠯ ᠠᠶᠠᠰ ᠢ ᠡᠷᠭᠡᠪᠰᠢ ︽ᠠᠰᠤᠷᠤ︾ ᠪᠠᠷ ᠡᠬᠢᠯᠡᠳᠡᠭ ᠪᠠᠳᠤ ᠴᠢᠩᠭ᠎ᠠ ᠵᠠᠩ ᠵᠢᠷᠤᠮ ᠢᠶᠠᠨ ᠡᠳᠦᠭᠡ ᠬᠦᠷᠳᠡᠯ᠎ᠡ ᠬᠠᠳᠠᠭᠠᠯᠠᠭᠰᠠᠭᠠᠷ ᠪᠠᠶᠢᠨ᠎ᠠ᠃      ︽ᠠᠰᠤᠷᠤ︾ ᠶᠢᠨ ᠵᠢᠩᠬᠢᠨᠢ ᠪᠠᠷ ᠪᠦᠷᠢᠯᠳᠦᠨ ᠲᠤᠭᠳᠠᠭᠰᠠᠨ ᠶᠠᠪᠤᠴᠠ ᠶᠢ  ᠬᠤᠷᠢᠶᠠᠩᠭᠤᠶᠢᠯᠠᠪᠠᠯ᠂ ᠮᠤᠩᠭᠤᠯ ᠲᠦᠮᠡᠨ ᠤ ᠲᠠᠬᠢᠯᠭ᠎ᠠ ᠶᠢᠨ ᠶᠡᠭᠡ ᠦᠢᠯᠡ  ᠪᠠ  ᠨᠡᠬᠦᠯᠳᠡ ᠮᠠᠯᠵᠢᠯ ᠤᠨ ᠠᠮᠢᠳᠤᠷᠠᠯ ᠳᠤ ᠵᠤᠬᠢᠴᠠᠭᠰᠠᠨ ᠲᠠᠭᠤᠤ ᠬᠦᠭᠵᠢᠮ ᠨᠢ ᠠᠶᠠᠨᠳᠠᠭᠠᠨ ᠪᠦᠷᠢᠯᠳᠦᠨ ᠬᠦᠭᠵᠢᠵᠦ᠂ ᠪᠤᠭᠳᠠ ᠴᠢᠩᠬᠢᠰ ᠤᠨ ᠦᠶ᠎ᠡ ᠪᠤᠯᠬᠤ ᠳᠤ ᠡᠴᠢᠭᠡ ᠲᠡᠭᠷᠢ᠂ ᠡᠵᠡᠨ ᠬᠠᠭᠠᠨ᠂ ᠡᠷᠡᠮᠡᠬᠡᠢ  ᠪᠠᠭᠠᠳᠤᠳ ᠢᠶᠠᠨ ᠮᠠᠭᠳᠠᠨ ᠲᠠᠭᠤᠯᠠᠭᠰᠠᠨ ᠲᠠᠭᠤᠯᠠᠯᠳᠤ ᠬᠦᠭᠵᠢᠮ ᠲᠡᠯᠭᠡᠷᠡᠵᠦ  ᠪᠠᠶᠢᠭᠰᠠᠨ ᠠᠴᠠ ᠪᠠᠨ ᠮᠤᠩᠭᠤᠯ ᠬᠠᠭᠠᠨᠳᠤ ᠲᠦᠷᠦ ᠲᠤᠭᠳᠠᠨᠢᠬᠤ ᠦᠶ᠎ᠡ ᠳᠤ ︽ᠤᠷᠳᠤᠨ ᠤ ᠬᠦᠭᠵᠢᠮ︾ ᠤᠨ ᠲᠤᠳᠤᠷᠠᠬᠢ ᠬᠤᠷᠢᠮ ᠨᠠᠶᠢᠷ ᠤᠨ ᠲᠠᠭᠤᠤ ᠬᠦᠭᠵᠢᠮ ᠤᠨ ᠲᠢᠭ ᠢᠶᠠᠷ ᠬᠡᠯᠪᠡᠷᠢᠵᠢᠵᠦ᠂  ᠰᠡᠬᠦᠯᠡᠷ ᠨᠢ ᠡᠳᠡᠭᠡᠷ ᠤᠷᠳᠤᠨ ᠤ ᠬᠦᠭᠵᠢᠮ ᠨᠢ ᠮᠠᠰᠢ ᠤᠯᠠᠨ ︽ᠠᠰᠤᠷᠤ ᠤᠷᠠᠯᠢᠭ︾ ᠤᠨ ᠬᠡᠯᠪᠡᠷᠢ ᠪᠤᠯᠵᠤ ᠰᠠᠯᠪᠤᠷᠢᠯᠠᠨ ᠬᠦᠭᠵᠢᠵᠡᠢ᠃
 
ᠢᠷᠡᠯᠲᠡ᠄ ︽ᠠᠰᠤᠷᠤ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号