︽ᠠᠰᠤᠷᠤ︾  ᠶᠢᠨ ᠡᠬᠢ ᠡᠬᠦᠰᠦᠯ —
ᠨᠡᠶᠢᠲᠡᠯᠡᠭᠰᠡᠨ ᠴᠠᠭ᠄
2020/3/26
    ︽ᠠᠰᠤᠷᠤ︾ ᠪᠤᠯ ᠮᠤᠩᠭᠤᠯ ᠤᠨ ᠤᠷᠳᠤᠨ ᠤ ᠭᠦᠭᠵᠢᠮ ᠠᠴᠠ ᠤᠯᠠᠷᠢᠨ ᠢᠷᠡᠭᠰᠡᠨ ᠪᠦᠭᠡᠳ ᠤᠨ ᠤᠳᠠᠭᠠᠨ ᠤ ᠲᠡᠤᠭᠡ ᠶᠢᠨ ᠶᠠᠪᠤᠴᠠ ᠳᠤ ᠪᠤᠰᠤᠳ ᠦᠨᠳᠤᠰᠤᠳᠡᠨ ᠤ ᠰᠢᠯᠢᠳᠡᠭ ᠭᠦᠭᠵᠢᠮ ᠤᠨ ᠠᠶᠠᠯᠭᠤᠨ ᠤ ᠤᠭᠢ ᠲᠡᠭᠡᠳᠤ ᠶᠢ ᠤᠯᠠᠷᠢᠭᠤᠯᠤᠨ ᠰᠢᠩᠭᠡᠭᠡᠭᠰᠡᠨ᠂  ᠮᠤᠩᠭᠤᠯ ᠦᠨᠳᠤᠰᠤᠳᠡᠨ ᠤ ᠦᠪᠡᠷᠮᠢᠴᠡ ᠭᠡᠪ ᠨᠠᠮᠪᠠ  ᠪᠦᠬᠦᠢ ᠰᠤᠩᠭᠤᠳᠠᠭ ᠤᠷᠠᠯᠢᠭ ᠤᠨ ᠭᠡᠯᠪᠡᠷᠢ ᠶᠤᠮ᠃ ᠮᠤᠩᠭᠤᠯᠴᠤᠳ ᠶᠡᠷᠤᠨᠢ ︽ᠠᠰᠤᠷᠤ︾   ᠶᠢ ︽ᠲᠡᠭᠷᠢ ᠶᠢᠨ ᠠᠶᠠᠯᠭᠤᠨ︾ ᠭᠡᠵᠤ ᠨᠡᠷᠡᠯᠡᠳᠡᠭ  ᠃  ︽ᠠᠰᠤᠷᠤ︾ ᠠᠶᠠᠯᠭᠤᠨ  ᠤᠤᠯ ᠳᠠᠭᠠᠨ ᠤᠷᠳᠤᠨ ᠤ ᠭᠦᠭᠵᠢᠮ ᠪᠠᠶᠢᠭᠰᠠᠨ ᠪᠦᠭᠡᠳ ᠬᠠᠭᠠᠨ ᠡᠵᠡᠳ ᠲᠤ ᠲᠦᠷᠤ ᠶᠢᠨ ᠶᠤᠰᠤᠯᠡᠯ ᠳᠤ ᠲᠤᠰᠬᠠᠢᠢᠯᠠᠨ ᠭᠦᠭᠵᠢᠮᠳᠡᠳᠡᠭ ᠠᠶᠠᠯᠭᠤᠨ ᠲᠤᠯᠠ ᠲᠡᠷᠡ ︽ᠲᠡᠭᠷᠢ ᠶᠢᠨ ᠠᠶᠠᠯᠭᠤᠨ︾ ᠪᠤᠯᠬᠤ ᠳᠠᠭᠠᠨ ᠲᠡᠭᠠᠷᠠᠨ᠎ᠠ᠃ ᠮᠠᠨ ᠤ ᠮᠤᠩᠭᠤᠯ ᠦᠨᠳᠦᠰᠦᠳᠡᠨ ᠡᠷᠳᠡ ᠲᠡᠭᠡᠳᠦ ᠠᠴᠠ  ᠪᠠᠨ ᠲᠡᠭᠷᠢ ᠶᠢᠨ ᠲᠠᠬᠢᠯᠭ᠎ᠠ ᠲᠠᠢ᠂ ᠪᠦᠬᠡ ᠮᠦᠷᠬᠦᠯ ᠤᠨ ᠰᠢᠳᠦᠬᠡᠨ ᠲᠠᠢ᠂ ᠶᠢᠷᠳᠢᠨᠴᠦ ᠶᠢᠨ ᠲᠦᠮᠡᠨ ᠪᠤᠳᠠᠰ ᠢ ᠴᠦᠮ ᠲᠡᠭᠰᠢ ᠪᠠᠷ ᠢᠪᠡᠭᠡᠨ ᠰᠤᠶᠤᠷᠬᠠᠭᠰᠠᠨ ᠭᠡᠵᠦ ᠦᠵᠡᠳᠡᠭ ᠪᠤᠯᠬᠤᠷ ᠲᠡᠭᠷᠢ ᠭᠠᠵᠠᠷ᠂ ᠠᠭᠤᠯᠠ  ᠤᠰᠤ᠂ ᠤᠩᠭᠤᠨ ᠪᠠᠶᠢᠭᠠᠯᠢ ᠪᠠᠨ ᠲᠠᠬᠢᠳᠠᠭ ᠵᠠᠩᠰᠢᠯ ᠲᠠᠢ ᠪᠠᠶᠢᠵᠤ᠂ ᠲᠠᠬᠢᠯᠭ᠎ᠠ ᠲᠠᠶᠢᠯᠭ᠎ᠠ ᠶᠢᠨ ᠵᠠᠩ ᠦᠢᠯᠡ  ᠪᠠ ᠨᠡᠬᠦᠳᠡᠯ ᠮᠠᠯᠵᠢᠯ ᠤᠨ ᠠᠵᠤ ᠠᠮᠢᠳᠤᠷᠠᠯ ᠳᠠᠭᠠᠨ ᠵᠤᠬᠢᠴᠠᠭᠰᠠᠨ ᠲᠠᠭᠤᠤ ᠤᠷᠠᠯᠢᠭ᠂ ᠬᠦᠭᠵᠢᠮ ᠵᠢᠮᠰᠡᠭ ᠨᠢ ᠴᠤ ᠠᠶᠠᠨᠳᠠᠭᠠᠨ ᠪᠤᠢ ᠪᠤᠯᠵᠠᠢ᠃ ᠡᠷᠳᠡᠨ ᠤ ᠬᠠᠨ ᠤᠯᠤᠰ ᠤᠨ ᠦᠶ᠎ᠡ ᠶᠢᠨ ᠲᠡᠮᠳᠡᠭᠯᠡᠯ ᠳᠤ  ᠄ ︽ᠾᠦᠩᠨᠤ ᠶᠢᠨ ᠡᠯᠴᠢᠳ ᠠᠶᠢᠯᠴᠢᠯᠠᠨ ᠢᠷᠡᠬᠦᠢ ᠳᠤᠷ ᠬᠦᠭᠵᠢᠮᠴᠢ ᠲᠠᠭᠤᠴᠢᠳ ᠲᠠᠢ ᠪᠠᠶᠢᠵᠤᠬᠤᠢ᠃   ᠬᠠᠨ ᠤ ᠬᠢᠨ ᠬᠦᠭᠵᠢᠮ ᠲᠠᠭᠤᠤ ᠰᠤᠯᠢᠯᠴᠠᠬᠤ ᠳᠤ ᠪᠢᠴᠢᠭ ᠴᠡᠷᠢᠭ ᠤᠨ ᠬᠢᠨ ᠶᠡᠬᠡᠳᠡ ᠰᠤᠴᠢᠨ ᠬᠦᠭᠵᠢᠮ ᠵᠢᠮᠰᠡᠭ ᠤᠨ ᠰᠤᠨᠢᠨ᠂ ᠬᠤᠭᠤᠷ ᠴᠤᠭᠤᠷ  ᠤᠨ ᠭᠠᠶᠢᠬᠠᠮᠰᠢᠭ ᠲᠤᠷ ᠰᠤᠭᠳᠤᠭᠤᠷᠠᠵᠤᠬᠤᠢ︾  ᠬᠡᠮᠡᠨ ᠲᠡᠮᠳᠡᠭᠯᠡᠭᠰᠡᠨ ᠪᠠᠶᠢᠳᠠᠭ᠃ ᠡᠨᠡ  ᠪᠤᠯ ᠴᠢᠪ ᠬᠡᠮᠡᠨ ᠮᠤᠩᠭᠤᠯ ᠬᠦᠮᠦᠨ ᠤ ᠬᠠᠮᠤᠭ ᠤᠨ ᠠᠩᠬᠠᠨ ᠤ ᠬᠦᠭᠵᠢᠮ ᠲᠠᠭᠤᠤ ᠶᠢᠨ ᠨᠠᠶᠢᠷᠠᠯ ᠪᠠᠶᠢᠵᠤ ᠲᠠᠭᠠᠷᠠᠨ᠎ᠠ᠃ ᠤᠯᠠᠨ ᠵᠠᠭᠤᠨ ᠵᠢᠯ ᠤᠨ ᠲᠤᠷᠰᠢ᠂ ᠮᠤᠩᠭᠤᠯᠴᠤᠳ ᠨᠢ ᠨᠡᠬᠦᠳᠡᠯ ᠮᠠᠯᠵᠢᠯ ᠤᠨ ᠤᠷᠴᠢᠨ ᠠᠬᠤᠢ ᠳᠠᠭᠠᠨ ᠠᠭᠤᠰᠤᠯᠴᠠᠨ ᠡᠶᠡᠷᠡᠭᠰᠡᠨ ᠲᠠᠭᠤᠤ ᠬᠤᠭᠤᠷ ᠬᠤᠶᠠᠷ ᠢᠶᠠᠷ ᠢᠶᠠᠨ ᠲᠤᠰᠤ ᠲᠠᠢ ᠲᠤᠭᠤᠰᠤ ᠲᠠᠢ ᠠᠮᠢᠳᠤᠷᠠᠯ ᠢᠶᠠᠨ ᠲᠠᠭᠤᠯᠠᠨ ᠡᠭᠡᠰᠢᠭᠯᠡᠳᠡᠭ ᠢᠶᠠᠷ ᠬᠤᠷᠸ᠎ᠠ ᠳᠤ ᠬᠤᠤᠰ ᠦᠬᠡᠢ ᠦᠪᠡᠷᠮᠢᠴᠡ ᠤᠨᠴᠠᠯᠢᠭ ᠪᠦᠬᠦᠢ ᠰᠤᠶᠤᠯ ᠤᠷᠠᠯᠢᠭ ᠤᠨ ᠵᠠᠭᠪᠤᠷ ᠢ ᠠᠭᠠᠵᠢᠮ ᠢᠶᠠᠷ ᠪᠦᠷᠢᠯᠳᠦᠬᠦᠯᠦᠭᠰᠡᠨ ᠶᠤᠮ᠃      ︽ᠠᠰᠤᠷᠤ︾  ᠪᠤᠯ ᠤᠤᠯ ᠳᠠᠭᠠᠨ ᠤᠷᠳᠤᠨ ᠤ ᠭᠦᠭᠵᠢᠮ ᠪᠠᠶᠢᠭᠰᠠᠨ ᠪᠦᠭᠡᠳ ᠬᠠᠭᠠᠨ ᠡᠵᠡᠳ ᠲᠤ ᠲᠦᠷᠤ ᠶᠢᠨ ᠶᠤᠰᠤᠯᠡᠯ ᠳᠤ ᠲᠤᠰᠬᠠᠢᠢᠯᠠᠨ ᠭᠦᠭᠵᠢᠮᠳᠡᠳᠡᠭ ᠬᠦᠭᠵᠢᠮ ᠪᠠᠶᠢᠵᠠᠢ᠃   ᠬᠠᠮᠢᠶ᠎ᠠ ᠪᠦᠬᠦᠢ ᠰᠤᠳᠤᠯᠭᠠᠨ ᠢ ᠦᠨᠳᠦᠰᠦᠯᠡᠪᠡᠯ᠂  ᠠᠰᠤᠷᠤ ᠨᠢ ᠠᠩᠬ᠎ᠠ ᠡᠬᠢᠯᠡᠭᠡᠳ ᠮᠠᠭᠳᠠᠭᠠᠯ ᠲᠠᠭᠤᠤ ᠶᠢᠨ ᠬᠡᠯᠪᠡᠷᠢ ᠪᠠᠷ ᠤᠯᠠᠮᠵᠢᠯᠠᠭᠳᠠᠵᠤ  ᠂ ᠡᠵᠡᠨ ᠴᠢᠩᠬᠢᠰ ᠤᠨ ᠦᠶ᠎ᠡ ᠳᠤ᠂ ᠲᠤᠬᠠᠶᠢᠯᠠᠪᠠᠯ  ᠠᠷᠪᠠᠨ ᠭᠤᠷᠪᠠᠳᠤᠭᠠᠷ ᠵᠠᠭᠤᠨ ᠤ ᠬᠤᠷᠢᠭᠠᠳ ᠤᠨ ᠤ ᠦᠶ᠎ᠡ   ᠠᠴᠠ ᠲᠠᠭᠤᠯᠠᠭᠳᠠᠵᠤ ᠪᠠᠶᠢᠵᠠᠢ᠃ ᠤᠤᠯ ᠨᠢ ᠡᠴᠢᠬᠡ ᠲᠡᠭᠷᠢ᠂ ᠡᠬᠡ ᠭᠠᠵᠠᠷ᠂ ᠡᠵᠡᠨ ᠴᠢᠩᠬᠢᠰ᠂ ᠡᠷᠡᠮᠡᠬᠡᠢ ᠪᠠᠭᠠᠳᠤᠳ᠂ ᠡᠵᠢ ᠠᠪᠤ ᠪᠠᠨ ᠮᠠᠭᠳᠠᠨ ᠲᠠᠭᠤᠯᠠᠭᠰᠠᠨ ᠲᠠᠭᠤᠯᠠᠯᠳᠤ ᠬᠦᠭᠵᠢᠮ ᠪᠠᠶᠢᠭᠰᠠᠨ ᠠᠴᠠ ᠪᠠᠨ ᠠᠭᠠᠵᠢᠮ ᠢᠶᠠᠷ ᠲᠠᠭᠤᠤ ᠪᠦᠵᠢᠭ ᠬᠦᠭᠵᠢᠮ ᠢ ᠨᠢᠬᠡᠳᠭᠡᠭᠰᠡᠨ ᠤᠷᠠᠯᠢᠭ ᠤᠨ ᠬᠡᠯᠪᠡᠷᠢ ᠪᠤᠯᠵᠤ᠂  ᠬᠤᠷᠢᠮ ᠨᠠᠶᠢᠷ ᠤᠨ ᠲᠠᠭᠤᠤ ᠬᠦᠭᠵᠢᠮ ᠤᠨ ᠲᠢᠭ ᠢᠶᠠᠷ ᠭᠡᠯᠪᠡᠷᠢᠵᠢᠭᠰᠡᠨ ᠪᠠᠶᠢᠨ᠎ᠠ᠃ ᠡᠨᠡ ᠬᠦ᠋ ᠦᠪᠡᠷᠮᠢᠴᠡ ᠰᠠᠶᠢᠬᠠᠨ ᠤᠷᠠᠯᠢᠭ ᠤᠨ ᠭᠡᠯᠪᠡᠷᠢ ᠨᠢ ᠡᠷᠳᠡᠨ ᠤ ︽ᠲᠤᠷᠭᠠᠨ ᠵᠠᠮ︾ ᠪᠠ ︽ᠮᠠᠷᠺᠤ ᠫᠤᠯᠤ ᠶᠢᠨ ᠠᠶᠠᠯᠠᠯ ᠤᠨ ᠲᠡᠮᠳᠡᠭᠯᠡᠯ︾ ᠢ ᠲᠠᠭᠠᠯᠳᠤᠨ ᠡᠸᠦ᠋ᠷᠤᠫᠠ  ᠲᠢᠪ᠂ ᠴᠢᠨᠠᠭᠰᠢᠯᠠᠭᠠᠳ ᠲᠡᠯᠡᠬᠡᠢ ᠳ᠋ᠠᠬᠢᠨ᠎ᠠ ᠤᠯᠠᠮᠵᠢᠯᠠᠭᠳᠠᠵᠠᠢ᠃        ᠶᠡᠭᠡ ᠮᠤᠩᠭᠤᠯ ᠬᠠᠭᠠᠨᠳᠤ ᠤᠯᠤᠰ ᠪᠠᠶᠢᠭᠤᠯᠤᠭᠳᠠᠬᠤ ᠦᠶ᠎ᠡ ᠳᠤ ᠶᠤᠰᠤᠯᠡᠯ ᠭᠦᠭᠵᠢᠮ ᠤᠨ ᠠᠩᠭᠢ ᠲᠠᠢ ᠪᠠᠶᠢᠪᠠ᠃ ᠲᠡᠤᠭᠡ ᠶᠢᠨ ᠲᠡᠮᠳᠡᠭᠯᠡᠯ ᠳᠤ ᠴᠢᠩᠭᠢᠰ ᠬᠠᠭᠠᠨ ᠰᠠᠭᠤᠷᠢᠨ ᠳᠤ ᠵᠠᠯᠠᠷᠠᠬᠤ ᠳᠤ ᠶᠤᠰᠤᠯᠠᠯ ᠭᠦᠭᠵᠢᠮ ᠤᠨ ᠠᠩᠭᠢ ᠨᠢ ︽ᠪᠠ ᠫᠦ᠋︾ ᠭᠡᠮᠡᠭᠦ ᠠᠶᠯᠠᠭᠤ ᠵᠡᠷᠭᠡ ᠶᠢ ᠭᠦᠭᠵᠢᠮᠳᠡᠵᠤ ᠪᠠᠶᠢᠭᠰᠠᠨ ᠭᠡᠵᠤ ᠲᠡᠮᠳᠡᠭᠯᠡᠵᠤ ᠪᠠᠶᠢᠬᠤ ᠠᠴᠠ ᠦᠵᠡᠪᠡᠯ ︽ᠪᠠ ᠫᠦ᠋︾ ᠭᠡᠰᠡᠨ ᠠᠶᠠᠯᠭᠤ᠂ ᠮᠠᠰᠢ ᠤᠯᠠᠨ ᠤᠷᠳᠤᠨ ᠤ ᠭᠦᠭᠵᠢᠮ ᠤᠨ ᠠᠶᠠᠯᠭᠤ ᠶᠢᠨ ᠲᠤᠳᠤᠷ᠎ᠠ ᠭᠢᠳᠡᠳ ᠨᠡᠷ᠎ᠡ ᠲᠠᠢ ᠡᠶᠢᠮᠤ ᠨᠢᠭᠡᠨ ᠭᠡᠪᠰᠢᠭᠰᠡᠨ ᠠᠶᠠᠯᠭᠤ ᠬᠦᠭᠵᠢᠮᠳᠡᠵᠤ ᠪᠠᠶᠢᠭᠰᠠᠨ ᠢ ᠭᠡᠷᠡᠴᠢᠯᠡᠨ᠎ᠡ᠃ ᠭᠢᠳᠡᠳ ᠤᠨ ᠤᠯᠠᠮᠵᠢᠯᠠᠯᠳᠤ ᠭᠡᠪᠰᠢᠭᠰᠡᠨ ᠠᠶᠠᠯᠭᠤ ᠶᠢ ᠶᠡᠷᠤᠨᠢ ︽指᠂ 谱᠂ 曲︾ ᠭᠡᠵᠤ ᠭᠤᠷᠪᠠ ᠠᠩᠭᠢᠯᠠᠳᠠᠭ᠃ ︽指︾ ᠭᠡᠳᠡᠭ ᠨᠢ ᠦᠭᠡ ᠠᠶᠠᠯᠭᠤ ᠲᠠᠢ ᠲᠠᠭᠤᠯᠠᠯ︔ ︽谱︾ ᠭᠡᠳᠡᠭ ᠨᠢ ᠭᠦᠭᠵᠢᠮ ᠠᠶᠠᠯᠭᠤ︔ ︽曲︾ ᠭᠡᠳᠡᠭ ᠨᠢ ᠭᠦᠭᠵᠢᠮ ᠤᠨ ᠲᠦᠷᠤᠯ ᠢᠶᠠᠷ ᠠᠩᠭᠢᠯᠠᠭᠰᠠᠨ ᠢ ᠵᠢᠭᠠᠳᠠᠭ᠃ ᠠᠳᠡ ᠭᠡᠯᠡᠵᠤ ᠪᠠᠶᠢᠭ᠎ᠠ ︽八谱︾ ᠪᠤᠯ ᠰᠡᠭᠦᠯ ᠳᠡᠭᠡᠨ ᠤᠯᠠᠷᠢᠨ ᠬᠤᠪᠢᠰᠤᠭᠠᠳ ᠮᠨᠨ ᠤ ᠭᠡᠯᠡᠳᠡᠭ ᠨᠠᠢᠮᠠᠨ ᠠᠶᠯᠠᠭᠤ ᠪᠤᠶᠦ ᠪᠠ ᠶᠢᠨ ᠭᠡᠮᠡᠨ ᠨᠡᠷᠡᠯᠡᠳᠡᠭ ᠠᠶᠠᠯᠭᠤᠨ ᠤ ᠡᠷᠳᠡ ᠲᠡᠭᠡᠳᠤ ᠶᠢᠨ ᠨᠡᠷᠡᠶᠢᠳᠤᠯ ᠭᠡᠵᠤ ᠮᠠᠭᠠᠳᠯᠠᠵᠤ ᠪᠤᠯᠤᠮᠠᠷ ᠪᠠᠶᠢᠨ᠎ᠠ᠃      ᠮᠤᠩᠭᠤᠯᠴᠤᠳ ᠤᠨ ᠲᠠᠭᠤᠤ ᠬᠦᠭᠵᠢᠮ ᠤᠨ ᠰᠢᠵᠢᠷ ᠮᠠᠨᠳᠤᠯ ᠤᠨ ᠴᠠᠭ ᠦᠶ᠎ᠡ ᠨᠢ ᠶᠤᠸᠠᠨ ᠬᠦᠷᠦᠨ ᠤ ᠦᠶ᠎ᠡ ᠳᠤ ᠪᠠᠶᠢᠭᠰᠠᠨ ᠶᠤᠮ᠃  ᠤᠯᠤᠰ ᠤᠷᠤᠨ ᠳᠤ ᠠᠯᠳᠠᠷᠳᠠᠢ ᠠᠶᠠᠯᠭᠤ ᠬᠦᠭᠵᠢᠮ ᠤᠨ ᠶᠡᠭᠡ ᠪᠠᠭᠰᠢ  ᠹᠦ᠊᠂ ᠮᠡᠷᠭᠡᠵᠢᠬᠦ  ᠠᠪᠤᠭᠠᠢ ︵ᠲᠠᠶᠢᠹᠤᠰᠧ ᠨᠤᠳᠤᠭᠳᠠᠢ  ︶ ᠵᠤᠬᠢᠶᠠᠯ ᠳᠠᠭᠠᠨ ︽ᠮᠠᠯᠴᠢᠨ ᠠᠶᠢᠮᠠᠭ ᠤᠨ ᠬᠠᠭᠠᠨ ᠲᠦᠷᠦ ᠳᠤ ᠰᠠᠭᠤᠭᠰᠠᠨ ᠶᠠᠪᠤᠳᠠᠯ ᠶᠠᠷᠢᠶᠠᠨ ᠦᠬᠡᠢ ᠤᠷᠤᠨ ᠪᠠᠶᠢᠷᠢ ᠶᠢᠨ ᠶᠡᠭᠡ ᠦᠬᠡᠷᠡᠳᠡᠯ ᠢ ᠪᠤᠢ ᠪᠤᠯᠭᠠᠵᠠᠢ᠃  ᠲᠡᠳᠡ ᠵᠡᠬᠦᠨ ᠲᠠᠯᠠᠢ ᠠᠴᠠ ᠪᠠᠷᠠᠭᠤᠨ ᠬᠦᠨᠳᠡᠯᠡᠨ ︵ᠠᠭᠤᠯᠠ︶ ᠬᠦᠷᠳᠡᠯᠡᠬᠢ ᠦᠷᠭᠡᠨ ᠠᠭᠤᠳᠠᠮ ᠨᠤᠳᠤᠭ ᠲᠡᠪᠢᠰᠭᠡᠷ ᠢ ᠬᠦᠮᠦᠨ ᠠᠷᠠᠳ ᠲᠠᠢ ᠨᠢ ᠡᠶᠡᠷᠭᠡᠭᠰᠡᠨ ᠢᠶᠠᠷ ᠤᠵᠤᠭᠤᠷ ᠤᠨ ᠠᠶᠢᠮᠠᠭ ᠪᠦᠯᠦᠭ ᠤᠨ ᠨᠠᠶᠢᠷ ᠴᠡᠩᠭᠡᠭᠡ ᠨᠢ ᠶᠠᠭᠠᠬᠢᠪᠠᠴᠤ  ᠡᠳᠦᠭᠡᠬᠢ ᠲᠦᠷᠦ ᠬᠦᠷᠦᠨ ᠤ ᠡᠷᠭᠡ ᠰᠦᠷ ᠢᠶᠠᠨ ᠭᠠᠶᠢᠬᠠᠭᠤᠯᠬᠤ ᠱᠠᠭᠠᠷᠳᠠᠯᠭ᠎ᠠ ᠳᠤ ᠬᠦᠷᠴᠦ ᠡᠰᠡ ᠴᠢᠳᠠᠨ᠎ᠠ᠂ ᠲᠡᠷᠡ  ᠦᠶ᠎ᠡ ᠶᠢᠨ ᠵᠦᠬᠡᠯᠡᠨ ᠤᠶᠠᠩᠭ᠎ᠠ ᠲᠠᠢ ᠬᠦᠭ ᠡᠭᠡᠰᠢᠭ ᠨᠢ ᠭᠡᠭᠡᠷ᠎ᠡ ᠬᠦᠳᠡᠭᠡ ᠶᠢᠨ ᠮᠠᠯᠴᠢᠨ ᠲᠦᠮᠡᠨ ᠤ ᠰᠡᠳᠬᠢᠯ ᠳᠤ ᠰᠢᠩᠬᠡᠵᠦ ᠦᠯᠡᠳᠡᠵᠡᠢ᠃ ᠶᠠᠷᠢᠶᠠᠨ ᠦᠬᠡᠢ᠂ ᠡᠬᠦᠨ ᠠᠴᠠ ᠡᠮᠦᠨᠡᠬᠢ ᠲᠡᠭᠡᠳᠦᠰ ᠤᠨ ᠮᠢᠨᠢ ᠡᠯ᠎ᠡ ᠠᠶᠢᠮᠠᠭ ᠤᠪᠤᠭᠳᠠᠨ ᠢ ᠲᠦᠪᠰᠢᠳᠭᠡᠭᠡᠳ ᠮᠤᠩᠭᠤᠯ ᠤᠨ ᠬᠠᠭᠠᠨᠳᠤ ᠲᠦᠷᠦ ᠶᠢᠨ ᠪᠠᠶᠢᠭᠤᠯᠤᠭᠰᠠᠨ ᠦᠶ᠎ᠡ ᠳᠤ ᠵᠦᠪᠬᠡᠨ ᠬᠦᠷ  ᠨᠠᠶᠢᠷ ᠡᠬᠦᠰᠭᠡᠵᠦ ᠬᠦᠭᠵᠢᠮ ᠲᠠᠭᠤᠤ ᠪᠠᠷ ᠴᠡᠩᠭᠡᠯᠳᠦᠭᠡᠳ ᠪᠠᠶᠢᠭᠰᠠᠨ ᠪᠢᠰᠢ᠂ ᠪᠠᠰᠠ ᠬᠤᠷᠢᠮ ᠶᠤᠰᠤᠯᠠᠯ᠂  ᠲᠠᠬᠢᠯᠭ᠎ᠠ ᠲᠠᠶᠢᠯᠭ᠎ᠠ ᠶᠢᠨ ᠤᠯᠠᠨ ᠵᠢᠷᠤᠮ ᠭᠤᠷᠢᠮ ᠭᠠᠷᠭᠠᠵᠤ᠂ ᠲᠡᠷᠡ  ᠪᠦᠬᠦᠢ ᠳᠤ ᠲᠠᠭᠤᠤ ᠬᠦᠭᠵᠢᠮ  ᠢᠶᠠᠷ ᠶᠤᠰᠤᠯᠠᠯ ᠬᠦᠨᠳᠦᠳᠭᠡᠯ ᠤᠨ ᠴᠢᠬᠤᠯᠠ ᠡᠬᠦᠷᠭᠡ ᠶᠢ ᠬᠦᠢᠴᠡᠳᠭᠡᠬᠦᠯᠵᠦ ᠪᠠᠶᠢᠭᠰᠠᠨ ᠳ᠋ᠠᠭ︾ ᠬᠡᠮᠡᠨ ᠲᠡᠮᠳᠡᠭᠯᠡᠭᠰᠡᠨ ᠪᠦᠬᠡᠳ ᠮᠤᠩᠭᠤᠯ ᠤᠷᠳᠤᠨ ᠤ ᠬᠦᠭᠵᠢᠮ ᠤᠨ ᠲᠤᠬᠠᠢ ᠨᠠᠷᠢᠨ ᠲᠤᠳᠤᠷᠬᠠᠢ ᠦᠬᠦᠯᠡᠭᠰᠡᠨ ᠪᠠᠶᠢᠳᠠᠭ᠃     ᠲᠡᠦᠬᠡᠨ ᠳᠠᠬᠢ ᠮᠤᠷᠢᠳᠠᠨ ᠦᠨᠳᠦᠰᠦᠳᠡᠨ ᠤ ᠲᠤᠯᠭᠤᠷ ᠲᠦᠷᠦ ᠶᠢᠨ ᠤᠷᠠᠯᠢᠭ ᠰᠤᠶᠤᠯ ᠨᠢ ᠪᠤᠰᠤᠳ  ᠭᠠᠵᠠᠷ ᠤᠷᠤᠨ᠂ ᠠᠶᠢᠮᠠᠭ ᠶᠠᠰᠤᠳᠠᠨ ᠤ ᠬᠦᠭᠵᠢᠮ ᠲᠠᠭᠤᠤ ᠶᠢᠨ ᠰᠤᠳᠤ ᠶᠢ ᠰᠢᠩᠭᠡᠭᠡᠵᠦ᠂  ᠦᠪᠡᠷ ᠢ ᠪᠠᠨ ᠲᠠᠰᠤᠷᠠᠯᠳᠠ ᠦᠬᠡᠢ ᠪᠠᠶᠠᠯᠢᠬᠵᠢᠭᠤᠯᠤᠨ ᠬᠦᠭᠵᠢᠬᠦᠯᠵᠡᠢ᠃ ᠶᠡᠷᠦ ᠠᠴᠠ  ᠮᠤᠩᠭᠤᠯᠴᠤᠳ ᠤᠨ ᠲᠡᠭᠷᠢ ᠰᠠᠴᠤᠯᠢ᠂ ᠭᠠᠵᠠᠷ ᠲᠠᠬᠢᠯ᠂ ᠬᠦᠮᠦᠨ ᠰᠡᠳᠬᠢᠯ ᠤᠨ ᠤᠶᠠᠯᠳᠤᠯ ᠳᠤ ᠲᠠᠭᠤᠤ ᠬᠦᠭᠵᠢᠮ ᠨᠢ ᠴᠢᠬᠤᠯᠠ  ᠪᠠᠶᠢᠷᠢ ᠶᠢ ᠡᠵᠡᠯᠡᠵᠦ ᠪᠠᠶᠢᠭᠰᠠᠨ ᠤᠴᠢᠷ  ᠠᠴᠠ ᠲᠡᠷᠡ   ᠨᠢ ᠶᠤᠸᠠᠨ ᠤ ᠲᠦᠷᠦ ᠶᠢᠨ ᠭᠠᠳᠠᠭᠠᠳᠤ ᠬᠠᠷᠢᠯᠴᠠᠭ᠎ᠠ᠂ ᠠᠷᠠᠳ ᠢᠷᠭᠡᠳ ᠤᠨ ᠶᠠᠪᠤᠯᠴᠠᠭ᠎ᠠ ᠵᠡᠷᠭᠡ ᠶᠢ ᠲᠠᠭᠠᠯᠳᠤᠨ ︽ᠲᠤᠷᠭᠠᠨ ᠵᠠᠮ︾ ᠢᠶᠠᠷ ᠲᠠᠮᠵᠢᠵᠤ᠂ ᠲᠡᠯᠡᠬᠡᠢ ᠳ᠋ᠠᠬᠢᠨ᠎ᠠ ᠰᠠᠴᠤᠭᠳᠠᠨ ᠲᠠᠷᠬᠠᠭᠰᠠᠨ ᠪᠠᠶᠢᠨ᠎ᠠ᠃ ᠶᠤᠸᠠᠨ ᠬᠦᠷᠦᠨ ᠤ ᠲᠠᠭᠤᠤ ᠬᠦᠭᠵᠢᠮ ᠪᠤᠯᠪᠠᠰᠤ᠂ ᠠᠷᠠᠳ ᠲᠦᠮᠡᠨ ᠨᠢ ᠲᠦᠷᠦ ᠶᠦᠭᠡᠨ ᠪᠠᠭ᠋ᠠᠳᠤᠨ ᠮᠠᠭᠳᠠᠭᠰᠠᠨ᠂ ᠨᠠᠶᠢᠷᠯᠠᠨ ᠪᠠᠶᠠᠰᠤᠭᠰᠠᠨ᠂ ᠰᠦᠷ ᠲᠠᠯᠠᠶᠢᠴᠠ ᠲᠠᠢ ᠨᠠᠶᠢᠷᠠᠯ ᠬᠦᠭ ᠪᠦᠬᠦᠢ ᠲᠠᠭᠤᠤ ᠬᠦᠭᠵᠢᠮ ᠪᠠᠶᠢᠵᠤ ᠲᠠᠭᠠᠷᠠᠨ᠎ᠠ᠃ ᠡᠶᠢᠮᠦ ᠰᠢᠨᠵᠢ ᠲᠡᠮᠳᠡᠭ ᠢ ᠪᠦᠷᠢᠨ ᠬᠠᠳᠠᠭᠠᠯᠠᠭᠰᠠᠨ ︽ᠠᠰᠤᠷᠤ ᠤᠷᠠᠯᠢᠭ︾   ᠨᠢ ᠲᠡᠷᠡ  ᠦᠶ᠎ᠡ ᠠᠴᠠ ᠡᠬᠢᠯᠡᠵᠦ ᠭᠡᠯᠪᠡᠷᠢᠵᠢᠨ ᠡᠬᠦᠰᠴᠡᠢ᠃     ︽ᠮᠤᠩᠭᠤᠯ ᠤᠨ ᠢᠵᠠᠭᠤᠷ ᠲᠠᠭᠤᠯᠠᠯ︾ ᠳᠤ ︽᠂᠂᠂᠂᠂᠂ ᠠᠰᠤᠷᠤ ᠦᠨᠳᠦᠷ ᠵᠠᠶᠠᠭᠠᠳᠤ ᠡᠵᠡᠨ ᠪᠤᠭᠳᠠ  ᠶᠢᠨ᠂ ᠠᠯᠢᠪᠠ  ᠭᠡᠰᠢᠭ ᠬᠠᠶᠢᠷᠢ ᠳ᠋ᠠᠨᠢ ︵ᠬᠠᠶᠢᠷ᠎ᠠ ᠳᠤᠨᠢ︶ ᠬᠦᠷᠳᠡᠮᠡᠨ᠎ᠡ ︵ᠬᠦᠷᠳᠡᠨᠡᠮ︶︾ ᠭᠡᠵᠦ  ᠪᠠᠶᠢᠬᠤ  ᠪᠠ ︽ᠴᠢᠩᠬᠢᠰ ᠬᠠᠭᠠᠨ ᠤ ᠠᠯᠳᠠᠨ ᠰᠤᠷᠭᠠᠯ︾ ᠳᠤ ︽ ᠠᠰᠤᠷᠤ ᠬᠦᠴᠦᠨ ᠲᠡᠬᠦᠰᠦᠭᠰᠡᠨ ᠴᠠᠭᠠᠨ ᠠᠷᠰᠯᠠᠨ  ᠮᠢᠨᠢ᠂ ᠠᠷᠭ᠎ᠠ ᠬᠦᠴᠦᠨ ᠬᠤᠶᠠᠷ ᠢ ᠲᠡᠭᠰᠢ ᠴᠢᠳᠠᠭᠴᠢ ᠺᠠᠷᠤᠳᠢ  ᠬᠦᠯᠬᠡᠳᠦ ᠮᠢᠨᠦ᠂᠂᠂᠂᠂᠂︾ ᠬᠡᠵᠦ  ᠪᠢᠴᠢᠭᠰᠡᠨ ᠠᠴᠠ ᠦᠵᠡᠬᠦ ᠳᠤ ︽ᠠᠰᠤᠷᠤ︾ ᠬᠡᠮᠡᠬᠦ ᠦᠬᠡ ᠲᠡᠷᠡ  ᠦᠶ᠎ᠡ ᠠᠴᠠ ᠡᠬᠢᠯᠡᠨ ᠲᠡᠦᠬᠡ ᠰᠤᠳᠤᠷ ᠲᠤ ᠲᠡᠮᠳᠡᠭᠯᠡᠭᠳᠡᠵᠡᠢ᠃   ᠮᠦᠨ ᠴᠤ ᠲᠠᠭᠤᠯᠠᠭᠳᠠᠵᠤ ᠪᠠᠶᠢᠭ᠎ᠠ ︽ᠠᠰᠤᠷᠤ ᠶᠢᠨ ᠦᠨᠳᠦᠷ︾᠂ ︽ᠲᠦᠷᠦ ᠶᠢᠨ ᠶᠡᠭᠡ ᠠᠰᠤᠷᠤ︾᠂ ︽ᠪᠤᠭᠳᠠ ᠴᠢᠩᠬᠢᠰ︾᠂ ︽ᠢᠯᠠᠭᠤᠭᠰᠠᠨ︾ ᠵᠡᠷᠭᠡ ᠤᠷᠳᠤ᠂ ᠪᠤᠭᠤᠨᠢ᠂ ᠴᠤᠭᠤᠷ ᠲᠠᠭᠤᠤ ᠨᠤᠭᠤᠳ ᠴᠤ ᠲᠡᠷᠡ  ᠦᠶ᠎ᠡ ᠳᠤ ᠡᠬᠦᠰᠴᠦ  ᠡᠰᠨᠢᠨ ᠲᠤᠭᠳᠠᠨᠢᠭᠰᠠᠨ ᠪᠦᠬᠡᠳ ᠡᠬᠦᠨ ᠲᠠᠢ ᠪᠠᠨ ᠵᠡᠷᠭᠡᠴᠡᠨ ᠮᠤᠩᠭᠤᠯ ᠦᠨᠳᠦᠰᠦᠳᠡᠨ ᠤ ᠠᠶᠠᠯᠭᠤ ᠬᠦᠭᠵᠢᠮ᠂ ᠪᠦᠵᠢᠭ ᠤᠷᠠᠯᠢᠭ ᠴᠤ ᠪᠤᠢ ᠪᠤᠯᠵᠠᠢ᠃       ᠤᠷᠠᠯᠢᠭ ᠰᠤᠳᠤᠯᠤᠭᠠᠴᠢ ᠡᠷᠳᠡᠮᠳᠡᠨ ᠬᠦᠭᠵᠢᠯᠳᠦ ᠪᠠᠭᠰᠢ ᠲᠠᠶᠢᠸᠠᠨ ᠳᠤ ᠭᠡᠪᠯᠡᠭᠳᠡᠭᠰᠡᠨ ᠬᠠᠨᠴᠢᠯᠠᠭᠤᠨ ᠪᠤᠯᠤᠨ ᠡᠤ ᠷᠦᠩ ᠬᠦᠢ ᠶᠢᠨ ᠦᠬᠦᠯᠡᠯ ᠠᠴᠠ ᠡᠰᠢ ᠲᠠᠳᠠᠵᠤ᠄ ︽ᠠᠰᠤᠷᠤ ᠨᠢ ᠬᠠᠮᠤᠭ ᠤᠨ ᠠᠩᠬᠠᠨ ᠳᠠᠭᠠᠨ ᠪᠠᠶᠠᠷ ᠤᠨ ᠶᠤᠰᠤᠯᠠᠯ ᠤᠨ ᠲᠠᠭᠤᠤ ᠪᠠᠶᠢᠭᠰᠠᠨ ᠪᠦᠬᠡᠳ ᠡᠨᠡ  ᠲᠠᠭᠤᠤ ᠨᠢ ᠴᠢᠩᠬᠢᠰ ᠬᠠᠭᠠᠨ ᠲᠠᠢ ᠰᠢᠭᠤᠳ ᠬᠤᠯᠪᠤᠭ᠎ᠠ ᠲᠠᠢ︾ ᠬᠡᠰᠡᠨ ᠪᠦᠬᠡᠳ ᠲᠤᠬᠠᠢ ᠶᠢᠨ ᠦᠶ᠎ᠡ ᠶᠢᠨ ︽ᠬᠠᠭᠠᠨ ᠠᠰᠤᠷᠤ︾᠂ ︽ᠪᠠᠭᠠᠳᠤᠷ ᠠᠰᠤᠷᠤ︾ ᠪᠤᠯᠤᠨ ︽ᠠᠯᠳᠠᠨ ᠠᠰᠤᠷᠤ︾ ᠬᠡᠬᠦ ᠭᠤᠷᠪᠠᠨ ᠲᠤᠮᠤ ᠬᠦᠭᠵᠢᠮ ᠢ ᠲᠠᠨᠢᠯᠴᠠᠭᠤᠯᠵᠤ  ᠄ ︽ᠮᠤᠩᠭᠤᠯᠴᠤᠳ ᠤᠨ ᠨᠡᠯᠢᠶᠡᠳ ᠡᠷᠳᠡᠨ ᠤ ᠲᠠᠭᠤᠤ ᠬᠦᠭᠵᠢᠮ ᠪᠤᠯ ᠬᠤᠭᠤᠷᠳᠠᠬᠤ ᠶᠢᠨ ᠲᠠᠭᠤᠷᠢᠰᠬᠤᠯᠠᠩ ᠦᠬᠡᠢ ᠠᠶᠠᠰ  ᠠᠰᠤᠷᠤ ᠬᠦᠭᠵᠢᠮ  ︵ASAR HOGJIM)᠂ ᠲᠡᠬᠦᠨ ᠤ ᠠᠭᠤᠯᠭ᠎ᠠ ᠨᠢ ᠡᠷᠬᠢᠮ ᠲᠡᠭᠡᠳᠦ᠂ ᠠᠭᠤᠤ ᠶᠡᠭᠡ᠂ ᠲᠡᠬᠦᠯᠳᠡᠷ ᠰᠠᠶᠢᠨ ᠲᠠᠭᠤᠤ ᠬᠦᠭᠵᠢᠮ︾ ᠬᠡᠵᠦ ᠲᠤᠳᠤᠷᠬᠠᠢ ᠲᠠᠶᠢᠯᠪᠤᠷᠢᠯᠠᠨ᠂ ︽ᠠᠰᠤᠷᠤ︾ ᠬᠡᠮᠡᠬᠦ ᠲᠠᠭᠤᠤ ᠶᠢᠨ ᠡᠬᠦᠰᠦᠭᠰᠡᠨ ᠴᠠᠭ ᠨᠢ  ᠠᠷᠪᠠᠨ ᠭᠤᠷᠪᠠᠳᠤᠭᠠᠷ ᠵᠠᠭᠤᠨ ᠤ ᠬᠤᠷᠢᠭᠠᠳ ᠤᠨ ᠠᠴᠠ ᠡᠮᠦᠨ᠎ᠡ ᠪᠠᠶᠢᠬᠤ ᠶᠤᠰᠤᠳᠠᠢ ᠬᠡᠵᠦ ᠲᠡᠮᠳᠡᠭᠯᠡᠭᠰᠡᠨ ᠪᠠᠶᠢᠳᠠᠭ᠃  ᠬᠤᠷᠢᠳᠤᠭᠠᠷ ᠵᠠᠭᠤᠨ ᠤ ᠲᠤᠮᠳᠠᠴᠢ ᠪᠠᠷ᠂   ᠲᠠᠷᠬᠠᠨ ᠲᠠᠭᠤᠴᠢᠨ ᠯᠾᠠᠵᠠᠪ᠂  ᠨᠡᠷᠡᠳᠦ ᠬᠦᠭᠵᠢᠮᠴᠢᠨ ᠮᠠᠰᠢᠪᠠᠳᠤ᠂ ᠠᠬᠸᠠᠩᠰᠢᠷᠤᠪ᠂ ᠵᠠᠮᠢᠶᠠᠨᠰᠦ᠋ᠷᠦᠩ ᠨᠠᠷ ᠤᠶᠢᠷᠤᠪ ᠭᠤᠸᠠᠢ ︵ᠤᠳᠤᠬᠢ ᠠᠰᠤᠷᠤ ᠶᠢᠨ ᠤᠯᠤᠰ ᠤᠨ ᠲᠡᠰ ᠤᠨ ᠦᠪᠯᠡᠨ ᠤᠯᠠᠮᠵᠢᠯᠠᠭᠴᠢ︶ ᠳᠤ ᠠᠰᠤᠷᠤ ᠶᠢᠨ ᠲᠤᠬᠠᠢ ᠡᠷᠳᠡᠮ ᠰᠤᠷᠭᠠᠯ  ᠬᠠᠶᠢᠷᠠᠯᠠᠬᠤ  ᠳᠠᠭᠠᠨ᠄ ︽ᠠᠰᠤᠷᠤ ᠪᠤᠯ ᠲᠡᠭᠡᠳᠦ ᠲᠡᠭᠷᠢ ᠶᠢᠨ ᠠᠶᠠᠯᠭᠤ ᠮᠦᠨ︾ ᠬᠡᠵᠦ ᠶᠡᠬᠡᠳᠡ ᠰᠦᠵᠢᠭᠯᠡᠨ ᠶᠠᠷᠢᠳᠠᠭ ᠪᠦᠬᠡᠳ ︽ᠨᠢᠭᠤᠷ ᠭᠠᠷ ᠢᠶᠠᠨ ᠤᠬᠢᠶᠠᠨ ᠴᠡᠪᠡᠷᠯᠡᠵᠦ᠂  ᠬᠤᠪᠴᠠᠰᠤ ᠬᠤᠨᠠᠷ ᠢᠶᠠᠨ ᠲᠦᠪᠯᠡᠨ ᠵᠠᠰᠠᠭᠠᠳ᠂ ᠠᠷᠴᠠ ᠬᠦᠵᠢ  ᠪᠠᠷ ᠠᠷᠢᠭᠤᠰᠬᠠᠨ᠂ ᠬᠦᠭ ᠤᠳᠠᠰᠤ ᠪᠠᠨ ᠨᠢᠮᠪᠠᠶᠢᠯᠠᠨ ᠲᠠᠭᠠᠷᠠᠭᠤᠯᠵᠤ᠂ ᠲᠦᠪ ᠰᠠᠶᠢᠬᠠᠨ ᠰᠠᠭᠤᠭᠰᠠᠨ ᠤ ᠲᠠᠷᠠᠭ᠎ᠠ ︽ᠠᠰᠤᠷᠤ︾ ᠪᠠᠨ ᠬᠦᠨᠳᠦᠳᠭᠡᠨ ᠬᠦᠭᠵᠢᠮᠳᠡᠳᠡᠭ ᠶᠤᠮ︾ ᠬᠡᠵᠦ  ᠦᠷᠬᠦᠯᠵᠢ ᠵᠠᠬᠢᠵᠤ ᠰᠤᠷᠭᠠᠳᠠᠭ ᠪᠠᠶᠢᠵᠠᠢ᠃      ᠮᠤᠩᠭᠤᠯ ᠬᠦᠭᠵᠢᠮ ᠤᠨ ᠲᠡᠦᠬᠡ ᠶᠢᠨ ᠲᠡᠮᠳᠡᠭᠯᠡᠯ ᠳᠤ ᠬᠤᠪᠢᠯᠠᠢ ᠬᠠᠭᠠᠨ ᠤ ᠬᠤᠷᠢᠨ ᠬᠤᠶᠠᠳᠤᠭᠠᠷ ᠤᠨ᠂ ᠲᠤᠬᠠᠶᠢᠯᠠᠪᠠᠯ ᠨᠡᠶᠢᠳᠡ ᠶᠢᠨ ᠤᠨ ᠲᠤᠭᠠᠯᠠᠯ ᠤᠨ 1285 ᠤᠨ ᠳᠤ ᠮᠤᠩᠭᠤᠯ ᠬᠠᠭᠠᠨᠳᠤ ᠤᠯᠤᠰ ᠨᠢ ᠶᠤᠰᠣᠯᠠᠯ ᠬᠦᠭᠵᠢᠮ ᠤᠨ ᠠᠩᠬᠢ ᠪᠠᠨ ᠨᠡᠩ ᠦᠷᠭᠡᠳᠭᠡᠨ ᠬᠦᠭᠵᠢᠬᠦᠯᠦᠭᠰᠡᠨ ᠬᠡᠮᠡᠬᠦ ᠲᠤᠬᠠᠢ ᠲᠡᠮᠳᠡᠭᠯᠡᠯ ᠪᠤᠢ᠃ ᠡᠬᠦᠨ ᠠᠴᠠ ᠠᠽᠢᠶ᠎ᠠ ᠡᠸᠦ᠋ᠷᠤᠫᠠ ᠶᠢ ᠰᠤᠨᠳᠠᠯᠠᠭᠰᠠᠨ ᠲᠤᠮᠤ ᠬᠦᠷᠦᠨ ᠢ ᠪᠠᠶᠢᠭᠤᠯᠵᠤ᠂ ᠤᠯᠠᠨ ᠦᠨᠳᠦᠰᠦᠳᠡᠨ ᠶᠠᠰᠤᠳᠠᠨ ᠢ ᠨᠢᠬᠡᠳᠭᠡᠨ ᠨᠤᠶᠠᠷᠬᠠᠭᠰᠠᠨ ᠲᠡᠯᠡᠬᠡᠢ ᠶᠢᠨ ᠲᠡᠦᠬᠡᠨ ᠳᠠᠬᠢ ᠬᠠᠮᠤᠭ ᠠᠴᠠ ᠶᠡᠭᠡ ᠬᠠᠭᠠᠨᠳᠤ ᠤᠯᠤᠰ ᠤᠨ ᠲᠦᠷᠦ ᠶᠤᠰᠤᠯᠠᠯ ᠤᠨ ᠲᠠᠭᠤᠤ ᠬᠦᠭᠵᠢᠮ ᠨᠢ ᠯᠠᠪᠳᠠᠢ ᠠᠤᠭ᠎ᠠ ᠰᠦᠷᠯᠢᠭ᠂ ᠵᠢᠪᠬᠤᠭ᠎ᠠ ᠲᠡᠬᠦᠯᠳᠡᠷ ᠪᠠᠶᠢᠭᠰᠠᠨ ᠢ ᠮᠡᠳᠡᠵᠦ ᠪᠤᠯᠤᠨ᠎ᠠ᠃ ᠬᠤᠪᠢᠯᠠᠢ ᠬᠠᠭᠠᠨ ᠰᠠᠭᠤᠷᠢᠨ ᠳᠤ ᠪᠠᠶᠢᠬᠤ ᠳᠠᠭᠠᠨ ᠵᠢᠯ ᠪᠦᠷᠢ ᠶᠢᠨ 6 — 8 ᠳ᠋ᠤᠭᠠᠷ ᠰᠠᠷ᠎ᠠ ᠳᠤ ᠭᠡᠶᠢᠪᠤᠩ ᠭᠤᠤᠯ ᠤᠨ ᠭᠦᠪᠡᠭᠡᠨ ᠳᠠᠬᠢ ᠲᠡᠭᠡᠳᠤ ᠨᠡᠶᠢᠰᠯᠡᠯ ᠳᠡᠭᠡᠨ ᠢᠷᠡᠵᠤ᠂ ᠴᠡᠭᠡ ᠵᠤᠭᠤᠭᠯᠠᠨ᠂  ᠲᠠᠭᠤᠤ ᠪᠦᠵᠢᠭ ᠰᠤᠨᠢᠷᠬᠠᠵᠤ᠂ ᠵᠤᠨ ᠤ ᠬᠠᠯᠠᠭᠤᠨ ᠢ ᠦᠩᠭᠡᠷᠡᠭᠡᠨ᠂ ᠲᠦᠷᠤ ᠪᠠᠷᠢᠳᠠᠭ ᠪᠠᠶᠢᠪᠠ᠃ ᠨᠡᠶᠢᠰᠯᠡᠯ ᠤᠨ ᠤᠷᠴᠢᠮ ᠳᠤ ᠬᠠᠭᠠᠨ ᠤ ᠤᠷᠳᠤᠨ ᠳᠤ ᠴᠡᠭᠡ ᠬᠠᠩᠭᠠᠬᠤ ᠪᠠᠷ ᠲᠤᠰᠬᠠᠢ ᠮᠠᠯᠵᠢᠬᠰᠠᠨ ᠲᠦᠮᠡ ᠭᠠᠷᠤᠢ ᠴᠠᠭᠠᠨ ᠵᠢᠰᠤᠮ ᠤᠨ ᠠᠳᠤᠭᠤᠨ ᠰᠦᠷᠦᠭ ᠪᠠᠶᠢᠵᠤ᠂ ᠬᠠᠭᠠᠨ ᠳᠤ ᠴᠡᠭᠡ ᠭᠦᠷᠭᠡᠭᠦ ᠳᠡᠭᠡᠨ ᠲᠠᠭᠤᠯᠠᠳᠠᠭ ︽ᠬᠠᠭᠠᠨ ᠤ ᠴᠠᠭᠠᠨ ᠠᠳᠤᠭᠤᠨ ᠰᠦᠷᠦᠭ ᠤᠨ ᠲᠠᠭᠤᠤ︾ ᠭᠡᠳᠡᠭ ᠤᠷᠳᠤᠨ ᠤ ᠴᠡᠭᠡ ᠶᠢᠨ ᠨᠠᠶᠢᠷ ᠤᠨ ᠲᠠᠭᠤᠤ ᠪᠠᠶᠢᠳᠠᠭ ᠪᠠᠶᠢᠵᠠᠢ᠃ ᠬᠤᠵᠢᠮ ᠨᠢ ᠴᠢᠩ ᠤᠯᠤᠰ ᠤᠨ ᠦᠶ᠎ᠡ ᠳᠤ ᠨᠡᠷ᠎ᠡ ᠶᠢ ᠨᠢ ᠬᠠᠯᠠᠵᠤ ︽ᠠᠳᠤᠭᠤ ᠬᠤᠷᠢᠶᠠᠬᠤ ᠲᠠᠭᠤᠤ︾ ᠭᠡᠵᠤ ᠨᠡᠷᠡᠯᠡᠭᠰᠡᠨ ᠴᠤ ᠲᠤᠰ ᠲᠠᠭᠤᠤ ᠶᠢᠨ ᠦᠭᠡ ᠨᠢ ᠠᠷᠠᠳ ᠤᠨ ᠲᠤᠮᠳᠠ ᠪᠤᠶᠤ ᠵᠠᠷᠢᠮ ᠲᠡᠤᠭᠡᠨ ᠪᠢᠴᠢᠭ ᠲᠤ ᠲᠡᠷᠡ ᠭᠡᠪ ᠢᠶᠠᠷ ᠢᠶᠠᠨ ᠦᠯᠡᠳᠡᠭᠰᠡᠨ ᠶᠤᠮ᠃     ︽ᠠᠰᠤᠷᠤ︾ ᠪᠤᠯ ᠨᠡᠬᠦᠳᠡᠯ ᠰᠤᠶᠤᠯ ᠤᠨ ᠲᠤᠷᠭᠠᠨ ᠬᠦᠷᠦᠰᠦᠨ ᠠᠴᠠ ᠡᠰᠡᠨᠢᠵᠦ᠂ ᠮᠤᠩᠭᠤᠯ ᠤᠷᠳᠤᠨ ᠤ ᠬᠤᠷᠢᠮ ᠨᠠᠶᠢᠷ ᠤᠨ ᠲᠠᠭᠤᠤ ᠬᠦᠭᠵᠢᠮ ᠲᠡᠭᠡᠷ᠎ᠡ ᠪᠡᠶᠡᠯᠡᠭᠰᠡᠨ ᠤᠷᠠᠯᠢᠭ ᠢᠯᠡᠳᠭᠡᠮᠵᠢ ᠶᠢᠨ ᠬᠡᠯᠪᠡᠷᠢ ᠪᠤᠯᠬᠤ ᠶᠤᠮ᠃ ᠬᠠᠷᠠᠮᠰᠠᠯᠳᠠᠢ ᠨᠢ ᠤᠯᠠᠨ ᠵᠠᠭᠤᠨ ᠵᠢᠯ ᠤᠨ ᠲᠡᠦᠬᠡ ᠶᠢᠨ ᠡᠯᠡᠬᠡᠯᠳᠡ ᠳᠤ ᠵᠠᠳᠠᠷᠠᠨ ᠰᠦᠢᠷᠡᠵᠦ᠂ ᠲᠡᠦᠬᠡ ᠪᠢᠴᠢᠭ ᠲᠤ ᠤᠤᠯ ᠨᠡᠷᠡᠶᠢᠳᠦᠯ ᠢ ᠪᠠᠳᠤᠳᠠᠢ ᠲᠡᠮᠳᠡᠭᠯᠡᠭᠰᠡᠨ ᠦᠬᠡᠢ᠂ ᠴᠢᠨᠠᠭᠰᠢᠯᠠᠪᠠᠯ ᠦᠬᠡᠷ᠎ᠡ ᠦᠨᠳᠦᠰᠦᠳᠡᠨ ᠬᠠᠷᠢᠨ ᠦᠷᠦᠭᠡᠰᠦᠯ  ᠢᠶᠠᠷ ᠦᠪᠡᠷ ᠤᠨ ᠢᠶᠠᠨ ᠪᠤᠯᠭᠠᠵᠤ ᠰᠢᠭᠤᠳ ᠲᠤᠬᠤᠨ ᠭᠡᠷᠡᠭᠯᠡᠬᠦ ᠪᠤᠶᠤ ᠦᠬᠡᠷᠡᠳᠡᠬᠦᠯᠦᠨ ᠦᠬᠡᠶᠢᠰᠭᠡᠭᠰᠡᠨ ᠨᠢ ᠤᠯᠠᠨ ᠪᠠᠶᠢᠳᠠᠭ᠃ ᠡᠬᠦᠨ ᠤ ᠦᠨᠡᠨ ᠮᠠᠭᠠᠳ ᠢ ᠤᠯᠤᠶ᠎ᠠ ᠬᠡᠪᠡᠯ ᠲᠡᠦᠬᠡ ᠶᠢᠨ ᠤᠯᠠ  ᠮᠦᠷ ᠢ ᠬᠠᠶᠢᠵᠤ ᠮᠦᠷᠳᠡᠨ᠂ ᠦᠵᠡᠯᠳᠡ ᠬᠠᠷᠠᠭᠠᠰᠤ ᠪᠠᠨ ᠦᠷᠭᠡᠳᠭᠡᠬᠦ ᠪᠤᠯ ᠲᠤᠶᠢᠯ ᠤᠨ ᠴᠢᠬᠤᠯᠠ ᠶᠠᠪᠤᠳᠠᠯ ᠪᠤᠯᠤᠨ᠎ᠠ᠃    
 
ᠢᠷᠡᠯᠲᠡ᠄ ︽ᠠᠰᠤᠷᠤ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号