ᠰᠢᠨᠳᠠᠰᠤ ᠰᠤᠷᠢᠭᠰᠠᠨ ᠲᠤᠮᠤᠭᠳᠤ ᠨᠤᠳᠤᠭ  ᠰᠢᠷᠬᠢᠰᠢ ᠦᠬᠡᠢ ᠬᠦᠨ ᠪᠤᠯᠠᠭ                                                    — ᠲᠠᠶᠢᠹᠤᠰᠧ ᠬᠤᠰᠢᠭᠤᠨ ᠤ ᠰᠤᠶᠤᠯ ᠲᠡᠦᠬᠡ ᠶᠢᠨ ᠲ᠊
ᠨᠡᠶᠢᠲᠡᠯᠡᠭᠰᠡᠨ ᠴᠠᠭ᠄
2020/3/20
   ᠲᠠᠶᠢᠹᠤᠰᠧ ᠬᠤᠰᠢᠭᠤ ᠪᠤᠯ  ᠦᠪᠦᠷ ᠮᠤᠩᠭᠤᠯ  ᠤᠨ ᠦᠪᠡᠷᠳᠡᠭᠡᠨ ᠵᠠᠰᠠᠬᠤ ᠤᠷᠤᠨ  ᠤ ᠲᠤᠮᠳᠠ ᠪᠡᠶ᠎ᠡ  ᠂ ᠰᠢᠯᠢ  ᠶᠢᠨ ᠭᠤᠤᠯ ᠠᠶᠢᠮᠠᠭ  ᠤᠨ ᠡᠮᠦᠨ᠎ᠡ  ᠵᠠᠬ᠎ᠠ ᠳᠤ  ᠪᠠᠶᠢᠷᠢᠯᠠᠵᠤ᠂  ᠪᠠᠷᠠᠭᠤᠨ ᠬᠤᠶᠢᠭᠤᠷ  ᠢᠶᠠᠨ ᠰᠢᠯᠤᠭᠤᠨ ᠬᠦᠪᠡᠭᠡᠳᠦ ᠴᠠᠭᠠᠨ ᠬᠤᠰᠢᠭᠤ᠂  ᠵᠠᠬᠦᠨ ᠬᠤᠶᠢᠭᠤᠷ  ᠢᠶᠠᠨ ᠰᠢᠯᠤᠭᠤᠨ ᠬᠦᠬᠡ ᠬᠤᠰᠢᠭᠤ ᠲᠠᠢ  ᠬᠦᠷᠰᠢᠯᠡᠨ  ᠂ ᠵᠡᠬᠦᠨ ᠡᠮᠦᠨ᠎ᠡ ᠪᠠ ᠪᠠᠷᠠᠭᠤᠨ ᠵᠠᠬ᠎ᠠ ᠨᠢ ᠲᠤᠰᠪᠤᠷᠢ ᠾᠧᠪᠸᠢ ᠮᠤᠵᠢ  ᠶᠢᠨ ᠬᠦᠶᠤᠸᠠᠨ ᠰᠢᠶᠠᠨ  ᠂  ᠺᠠᠩ ᠪᠤᠤ ᠰᠢᠶᠠᠨ ᠲᠠᠢ ᠵᠠᠬ᠎ᠠ  ᠵᠠᠯᠭᠠᠵᠤ᠂ ᠨᠡᠶᠢᠰᠯᠡᠯ ᠪᠡᠭᠡᠵᠢᠩ  ᠠᠴᠠ 350 ᠺᠢᠯᠤᠮᠧᠲᠷ ᠵᠠᠶᠢᠳᠠᠢ  ᠨᠤᠳᠤᠭᠯᠠᠵᠤ ᠪᠤᠢ  ᠃  ᠲᠠᠶᠢᠹᠤᠰᠧ ᠬᠤᠰᠢᠭᠤ ᠨᠢ ᠮᠤᠩᠭᠤᠯ ᠦᠨᠳᠦᠰᠦᠳᠡᠨ ᠢᠶᠠᠷ ᠭᠤᠤᠯ ᠴᠤᠭᠴᠠ ᠪᠤᠯᠭᠠᠨ᠂  ᠬᠢᠳᠠᠳ ᠦᠨᠳᠦᠰᠦᠳᠡᠨ  ᠤᠯᠠᠩᠬᠢ ᠲᠤᠭ᠎ᠠ ᠶᠢ  ᠡᠵᠡᠯᠡᠵᠦ᠂ ᠮᠤᠩᠭᠤᠯ᠂ ᠬᠢᠳᠠᠳ᠂ ᠮᠠᠨᠵᠤ᠂ ᠬᠤᠳᠤᠩ ᠵᠡᠷᠭᠡ ᠤᠯᠠᠨ ᠦᠨᠳᠦᠰᠦᠳᠡᠨ ᠲᠦᠪᠯᠡᠷᠡᠨ ᠰᠠᠭᠤᠷᠢᠰᠢᠭᠰᠠᠨ 21 ᠲᠦᠮᠡᠨ ᠬᠦᠮᠦᠨ ᠪᠦᠯᠢ ᠲᠠᠢ  ᠂ ᠬᠦᠨᠪᠤᠯᠠᠭ ᠰᠤᠮᠤ᠂ ᠰᠢᠩ ᠹᠦ᠋ ᠰᠢᠶᠠᠩ᠂  ᠪᠤᠤᠴᠠᠩ ᠪᠠᠯᠭᠠᠰᠤ᠂ ᠴᠢᠶᠠᠨ ᠶᠢᠨ ᠭᠸᠦ ᠪᠠᠯᠭᠠᠰᠤ᠂  ᠬᠤᠩ ᠴᠢ ᠪᠠᠯᠭᠠᠰᠤ᠂ ᠯᠦᠸᠧ ᠲᠦᠸᠧ ᠱᠠᠨ ᠪᠠᠯᠭᠠᠰᠤ᠂ ᠶᠦᠩ ᠹᠧᠩ ᠪᠠᠯᠭᠠᠰᠤ ᠵᠡᠷᠭᠡ 7 ᠰᠤᠮᠤ ᠰᠢᠶᠠᠩ ᠪᠠᠯᠭᠠᠰᠤ  ᠶᠢ  ᠬᠠᠷᠢᠶᠠᠯᠠᠵᠤ᠂   ᠪᠤᠤᠴᠠᠩ ᠪᠠᠯᠭᠠᠰᠤ  ᠪᠠᠷ ᠬᠤᠰᠢᠭᠤ ᠵᠠᠰᠠᠭ  ᠤᠨ ᠤᠷᠳᠤᠨ  ᠤ ᠰᠠᠭᠤᠭ᠎ᠠ ᠭᠠᠵᠠᠷ ᠪᠦᠬᠡᠳ ᠤᠯᠤᠰ ᠲᠦᠷᠦ᠂ ᠠᠵᠤ ᠠᠬᠤᠢ᠂ ᠰᠤᠶᠤᠯ᠂ ᠵᠠᠮ ᠨᠡᠪᠳᠡᠷᠡᠯᠭᠡ ᠪᠠ ᠴᠢᠮᠡᠭᠡ ᠬᠤᠯᠪᠤᠭᠠᠨ ᠤ ᠲᠦᠪ  ᠪᠤᠯᠭᠠᠭᠰᠠᠨ ᠬᠤᠰᠢᠭᠤ ᠨᠤᠳᠤᠭ ᠪᠠᠶᠢᠭ᠎ᠠ᠃     ᠲᠠᠶᠢᠹᠤᠰᠧ  ᠬᠡᠮᠡᠬᠦ ᠨᠡᠷ᠎ᠡ ᠪᠤᠯ ᠡᠷᠳᠡ ᠤᠷᠢᠳᠤ  ᠳᠠᠭᠠᠨ ᠲᠦᠷᠦ  ᠶᠢᠨ ᠰᠠᠶᠢᠳ ᠲᠦᠰᠢᠮᠡᠳ  ᠤᠨ ᠨᠡᠷ᠎ᠡ ᠪᠠᠶᠢᠭᠰᠠᠨ  ᠠᠴᠠ  ᠪᠠᠨ ᠠᠯᠪᠠᠨ ᠶᠠᠮᠤᠨ  ᠤ ᠨᠡᠷ᠎ᠡ ᠪᠤᠯᠵᠤ᠂ ᠪᠦᠷ ᠰᠡᠭᠦᠯ  ᠳᠡᠭᠡᠨ ᠵᠠᠰᠠᠭ ᠵᠠᠬᠢᠷᠭᠠᠨ ᠤ ᠬᠤᠪᠢᠶᠠᠷᠢ ᠶᠢᠨ ᠨᠢᠭᠡᠴᠢ ᠪᠤᠯᠤᠭᠰᠠᠨ ᠪᠠᠶᠢᠨ᠎ᠠ᠃  ᠳᠤᠮᠳᠠᠳᠤ ᠶᠢᠨ ᠲᠡᠦᠬᠡᠨ᠎ᠡ ᠴᠦᠨ ᠴᠢᠦ ᠪᠠᠶᠢᠯᠳᠤᠭᠠᠨᠳᠤ ᠤᠯᠤᠰ  ᠤᠨ ᠦᠶ᠎ᠡ  ᠳᠤ ᠬᠠᠭᠠᠨ  ᠤ ᠠᠭᠳᠠ ᠪᠠ ᠠᠭᠳᠠᠨ  ᠤ  ᠶᠠᠪᠤᠳᠠᠯ  ᠢ ᠬᠠᠮᠢᠶᠠᠷᠳᠠᠭ  ᠲᠠᠶᠢᠹᠦ᠋ (太仆) ᠭᠡᠳᠡᠭ ᠲᠦᠰᠢᠮᠡᠯ ᠲᠠᠢ ᠪᠠᠶᠢᠵᠠᠢ᠃ ᠴᠢᠨ ᠤᠯᠤᠰ᠂ ᠬᠠᠨ ᠤᠯᠤᠰ  ᠤᠨ ᠦᠶ᠎ᠡ  ᠳᠤ  ᠲᠠᠶᠢᠹᠦ᠋ ᠨᠢ ᠬᠠᠭᠠᠨ  ᠤ ᠶᠢᠰᠦᠨ ᠲᠦᠰᠢᠮᠡᠯ  ᠤᠨ ᠨᠢᠭᠡ ᠪᠠᠶᠢᠪᠠ᠃ ᠤᠮᠠᠷᠠᠳᠤ ᠴᠢ  ᠤᠯᠤᠰ  ᠤᠨ ᠦᠶ᠎ᠡ  ᠪᠤᠯᠬᠤ ᠳᠤ ᠬᠠᠭᠠᠨ  ᠤ ᠠᠭᠳᠠᠨ  ᠤ ᠶᠠᠪᠤᠳᠠᠯ  ᠢ ᠬᠠᠮᠢᠶᠠᠷᠳᠠᠭ ᠲᠤᠰᠬᠠᠢ ᠶᠠᠮᠤᠨ ᠲᠠᠶᠢᠹᠤᠰᠧ (太仆寺) ᠪᠤᠢ ᠪᠤᠯᠵᠤ᠂ ᠡᠬᠦᠨ  ᠠᠴᠠ  ᠬᠤᠶᠢᠰᠢ ᠡᠯ᠎ᠡ ᠲᠦᠷᠦ ᠨᠢ  ᠪᠦᠷ ᠲᠠᠶᠢᠹᠣᠰᠧ  ᠶᠠᠮᠤᠨ ᠲᠠᠢ ᠪᠠᠶᠢᠪᠠ᠃ ᠴᠢᠩ ᠬᠦᠷᠦᠨ   ᠤ ᠦᠶ᠎ᠡ ᠳᠤ ᠴᠤ ᠡᠨ᠋ᠨ ᠨᠡᠷ᠎ᠡ  ᠶᠢ ᠮᠦᠨ ᠤᠤᠯ ᠬᠡᠪ  ᠢᠶᠠᠷ ᠨᠢ ᠬᠡᠷᠡᠭᠯᠡᠵᠦ᠂ ᠲᠠᠶᠢᠹᠣᠰᠧ ᠶᠠᠮᠤᠨ ᠪᠠᠶᠢᠭᠤᠯᠤᠭᠠᠳ ᠲᠤᠰᠬᠠᠶᠢᠯᠠᠨ ᠴᠢᠩ ᠬᠦᠷᠦᠨ ᠤ ᠬᠠᠭᠠᠨ  ᠤ ᠠᠳᠤᠭᠤᠨ ᠰᠦᠷᠦᠭ  ᠢ ᠬᠠᠮᠢᠶᠠᠷᠤᠭᠤᠯᠬᠤ ᠪᠤᠯᠤᠭᠰᠠᠨ ᠪᠠᠶᠢᠨ᠎ᠠ᠃ ᠪᠠᠳᠠᠷᠠᠭᠤᠯᠳᠤ ᠲᠦᠷᠦ  ᠶᠢᠨ ᠦᠶ᠎ᠡ  ᠳᠤ ᠨᠤᠶᠠᠨ  ᠤ ᠲᠦᠷᠢᠮ  ᠢ ᠦᠭᠡᠷᠡᠴᠢᠯᠡᠨ ᠲᠠᠶᠢᠹᠤᠰᠧ ᠶᠠᠮᠤᠨ  ᠢ ᠲᠠᠷᠬᠠᠭᠠᠵᠤ᠂ ᠲᠡᠬᠦᠨ  ᠤ ᠬᠠᠮᠢᠶᠠᠷᠴᠤ ᠪᠠᠶᠢᠭᠰᠠᠨ ᠠᠵᠢᠯ  ᠢ ᠬᠠᠭᠤᠷᠠᠢ ᠵᠠᠮ  ᠤᠨ ᠴᠡᠷᠢᠭ  ᠤᠨ ᠶᠠᠮᠤᠨ  ᠳᠤ ᠰᠢᠯᠵᠢᠬᠦᠯᠦᠨ ᠬᠠᠮᠢᠶᠠᠷᠤᠭᠤᠯᠵᠤ᠂  ᠡᠩᠬᠡ ᠠᠮᠤᠭᠤᠯᠠᠩ  ᠤᠨ ᠦᠶ᠎ᠡ ᠬᠦᠷᠦᠭᠡᠳ ᠮᠤᠩᠭᠤᠯ  ᠤᠨ ᠴᠠᠬᠠᠷ ᠠᠶᠢᠮᠠᠭ  ᠢ  ᠨᠠᠢᠮᠠᠨ ᠬᠤᠰᠢᠭᠤ ᠪᠤᠯᠭᠠᠵᠤ ᠬᠤᠪᠢᠶᠠᠭᠰᠠᠨ  ᠠᠴᠠ ᠬᠤᠶᠢᠰᠢ ᠲᠠᠬᠢᠨ ᠴᠠᠬᠠᠷ  ᠨᠠᠢᠮᠠᠨ ᠬᠤᠰᠢᠭᠤᠨ  ᠠᠴᠠ  ᠪᠠᠨ ᠠᠶᠢᠯ ᠡᠷᠦᠬᠡ ᠲᠠᠳᠠᠵᠤ᠂ ᠲᠤᠰᠬᠠᠢ ᠠᠳᠣᠭᠤᠨ ᠰᠦᠷᠦᠭ ᠪᠠᠶᠢᠭᠤᠯᠤᠨ ᠰᠢᠭᠤᠳ ᠲᠠᠶᠢᠹᠣᠰᠧ ᠶᠠᠮᠤᠨ  ᠳᠤ ᠵᠠᠬᠢᠷᠣᠭᠤᠯᠵᠤ᠂  ᠲᠡᠬᠦᠨ  ᠢᠶᠠᠨ ᠲᠠᠶᠢᠹᠤᠰᠧ ᠵᠡᠬᠦᠨ ᠭᠠᠷ ᠰᠦᠷᠦᠭ ᠪᠠ  ᠲᠠᠶᠢᠹᠣᠰᠧ ᠪᠠᠷᠠᠭᠤᠨ ᠭᠠᠷ ᠰᠦᠷᠦᠭ ᠬᠡᠮᠡᠨ ᠨᠡᠷᠡᠶᠢᠳᠴᠠᠢ  ᠃  ᠴᠠᠬᠠᠷ ᠤᠨ ᠵᠡᠬᠦᠨ ᠭᠠᠷ ᠤᠨ ᠬᠦᠪᠡᠭᠡᠳᠦ ᠰᠢᠷ᠎ᠠ᠂ ᠬᠦᠯᠦ ᠴᠠᠭᠠᠨ᠂ ᠬᠦᠪᠡᠭᠡᠳᠦ ᠴᠠᠭᠠᠨ᠂  ᠬᠦᠯᠦ ᠬᠦᠬᠡ ᠵᠡᠷᠭᠡ ᠲᠦᠷᠪᠡᠨ ᠬᠤᠰᠢᠭᠤᠨ ᠠᠴᠠ ᠲᠠᠳᠠᠭᠰᠠᠨ ᠠᠶᠢᠯ ᠡᠷᠦᠬᠡ ᠶᠢ ᠲᠠᠶᠢᠹᠤᠰᠧ ᠵᠡᠬᠦᠨ ᠭᠠᠷ ᠰᠦᠷᠦᠭ ᠭᠡᠵᠦ ᠨᠡᠷᠡᠯᠡᠪᠡ  ᠃  ᠲᠤᠮᠳᠠᠳᠤ ᠢᠷᠭᠡᠨ ᠤᠯᠤᠰ ᠤᠨ ᠡᠬᠢᠨ ᠤ ᠵᠢᠯ ᠤᠳ ᠲᠤ  ᠠᠳᠡᠬᠢ ᠶᠢ ᠴᠠᠬᠠᠷ ᠤᠨ ᠪᠦᠬᠦᠳᠡ ᠶᠢ ᠵᠠᠬᠢᠷᠤᠭᠴᠢ   ᠠᠴᠠ  ᠬᠠᠮᠢᠶᠠᠷᠴᠤ᠂ 1925 ᠤᠨ ᠳᠤ ᠲᠠᠶᠢᠹᠤᠰᠧ ᠵᠡᠬᠦᠨ ᠭᠠᠷ ᠰᠦᠷᠦᠭ   ᠲᠡᠭᠡᠨ ᠪᠤᠤᠴᠠᠩ ᠰᠢᠶᠠᠨ ᠭᠡᠮᠡᠨ ᠲᠤᠬᠢᠷᠠᠭᠤᠯᠵᠤ᠂ 1928 ᠤᠨ ᠳᠤ ᠴᠠᠬᠠᠷ ᠮᠤᠵᠢ ᠳᠤ ᠬᠠᠮᠢᠶᠠᠷᠤᠭᠳᠠᠵᠠᠢ᠃ 1936 ᠤᠨ ᠳᠤ ᠮᠤᠩᠭᠤᠯ ᠤᠨ ᠦᠪᠡᠷᠳᠡᠭᠡᠨ ᠵᠠᠰᠠᠬᠤ ᠵᠠᠰᠠᠭ ᠤᠨ ᠤᠷᠳᠤᠨ ᠤ ᠲᠡᠷᠢᠬᠦᠯᠡᠭᠴᠢ ᠲᠡᠮᠴᠤᠭ᠍ᠳᠤᠩᠷᠤᠪ ᠨᠤᠶᠠᠨᠳᠠᠨ ᠠᠴᠠ ᠴᠠᠬᠠᠷ ᠠᠶᠢᠮᠠᠭ ᠢ ᠪᠠᠶᠢᠭᠤᠯᠬᠤ ᠳᠠᠭᠠᠨ ᠲᠠᠶᠢᠹᠤᠰᠧ  ᠵᠡᠬᠦᠨ ᠭᠠᠷ ᠰᠦᠷᠦᠭ ᠢ ᠲᠠᠶᠢᠹᠤᠰᠧ ᠵᠡᠬᠦᠨ ᠬᠤᠰᠢᠭᠤ ᠪᠤᠯᠭᠠᠨ ᠬᠠᠯᠠᠵᠤ᠂ ᠲᠤᠬᠠᠢ ᠶᠢᠨ ᠵᠢᠯ ᠳᠤ ᠪᠤᠤᠴᠠᠩ ᠰᠢᠶᠠᠨ ᠢ ᠬᠦᠶᠦᠸᠠᠨ ᠰᠢᠶᠠᠨ ᠲᠠᠢ ᠨᠡᠶᠢᠯᠡᠬᠦᠯᠦᠭᠡᠳ ᠪᠤᠤ ᠶᠤᠸᠠᠨ ᠰᠢᠶᠠᠨ ᠪᠤᠯᠭᠠᠪᠠ᠃ 1948 ᠤᠨ ᠤ 12 ᠰᠠᠷ᠎ᠠ ᠳᠤ ᠪᠤᠤ ᠶᠤᠸᠠᠨ ᠰᠢᠶᠠᠨ ᠪᠤᠯᠤᠨ ᠲᠠᠶᠢᠹᠤᠰᠧ ᠵᠡᠬᠦᠨ ᠬᠤᠰᠢᠭᠤ ᠴᠢᠯᠦᠭᠡᠯᠡᠭᠳᠡᠵᠦ᠂ 1950ᠤᠨ ᠳᠤ ᠪᠤᠤ ᠶᠤᠸᠠᠨ ᠰᠢᠶᠠᠨ ᠢ  ᠪᠤᠤᠴᠠᠩ᠂ ᠬᠦᠶᠤᠸᠠᠨ ᠬᠤᠶᠠᠷ ᠰᠢᠶᠠᠨ ᠪᠤᠯᠭᠠᠨ ᠰᠠᠯᠭᠠᠵᠤ᠂  ᠬᠦᠶᠤᠸᠠᠨ ᠰᠢᠶᠠᠨ ᠨᠢ  ᠾᠧᠪᠸᠢ ᠮᠤᠵᠢ ᠳᠤ ᠬᠠᠷᠢᠶᠠᠯᠠᠭᠳᠠᠨ᠂  ᠪᠤᠤᠴᠠᠩ ᠰᠢᠶᠠᠨ ᠨᠢ  ᠦᠪᠦᠷ  ᠮᠤᠩᠭᠤᠯ ᠤᠨ ᠴᠠᠬᠠᠷ ᠠᠶᠢᠮᠠᠭ   ᠲᠤ ᠬᠠᠷᠢᠶᠠᠯᠠᠭᠳᠠᠪᠠ᠃ 1956 ᠤᠨ ᠤ ᠬᠤᠰᠢᠭᠤ ᠰᠢᠶᠠᠨ ᠤ ᠲᠤᠬᠢᠷᠠᠭᠤᠯᠤᠯᠳᠠ  ᠶᠢᠨ ᠦᠶᠡᠰ  ᠂ ᠲᠠᠶᠢᠹᠤᠰᠧ ᠵᠡᠬᠦᠨ ᠬᠤᠰᠢᠭᠤ ᠶᠢ ᠪᠤᠤᠴᠠᠩ ᠰᠢᠶᠠᠨ ᠲᠠᠢ ᠨᠡᠶᠢᠯᠡᠬᠦᠯᠵᠦ ᠲᠠᠶᠢᠹᠤᠰᠧ ᠬᠤᠰᠢᠭᠤ ᠪᠤᠯᠭᠠᠭᠠᠳ᠂ ᠤᠤᠯ ᠤᠨ ᠲᠠᠶᠢᠹᠤᠰᠧ ᠵᠡᠬᠦᠨ ᠬᠤᠰᠢᠭᠤ ᠶᠢ ᠨᠢᠬᠡ ᠰᠤᠮᠤ ᠪᠤᠯᠭᠠᠵᠤ᠂ ᠬᠦᠨᠪᠤᠯᠠᠭ ᠬᠡᠮᠡᠨ ᠨᠡᠷᠡᠯᠡᠪᠡ᠃  1958 ᠤᠨ  ᠳᠤ ᠴᠠᠬᠠᠷ ᠠᠶᠢᠮᠠᠭ ᠨᠢ ᠰᠢᠯᠢ ᠶᠢᠨ ᠭᠤᠤᠯ ᠠᠶᠢᠮᠠᠭ ᠯᠤᠭ᠎ᠠ  ᠨᠢᠭᠡᠳᠦᠨ ᠰᠢᠯᠢ ᠶᠢᠨ ᠭᠤᠤᠯ ᠠᠶᠢᠮᠠᠭ ᠪᠤᠯᠵᠤ᠂ ᠴᠠᠬᠠᠷ ᠠᠶᠢᠮᠠᠭ  ᠤᠨ  ᠵᠠᠬᠢᠷᠭ᠎ᠠ ᠨᠢ ᠪᠤᠤᠴᠠᠩ ᠠᠴᠠ ᠰᠢᠯᠢᠩᠬᠤᠳᠠ  ᠳᠤ  ᠨᠡᠬᠦᠭᠰᠡᠨ  ᠠᠴᠠ ᠠᠪᠤᠭᠠᠳ ᠲᠠᠶᠢᠹᠣᠰᠧ ᠬᠤᠰᠢᠭᠤ ᠨᠢ  ᠰᠢᠯᠢ ᠶᠢᠨ ᠭᠤᠤᠯ ᠠᠶᠢᠮᠠᠭ  ᠲᠤ ᠬᠠᠷᠢᠶᠠᠯᠠᠭᠳᠠᠬᠤ ᠪᠤᠯᠪᠠ᠃     ᠲᠠᠶᠢᠹᠤᠰᠧ ᠬᠤᠰᠢᠭᠤᠨ ᠤ ᠭᠠᠵᠠᠷ  ᠤᠨ ᠪᠠᠶᠢᠴᠠ ᠨᠢ  ᠮᠤᠨᠢ ᠠᠭᠤᠯᠨ  ᠶᠢᠨ ᠵᠠᠭᠦᠨ ᠭᠡᠰᠡᠭ  ᠤᠨ ᠪᠤᠭᠤᠨᠢ ᠠᠭᠤᠯᠨ ᠲᠤᠪᠤᠷᠬᠠᠭ ᠤᠷᠤᠨ ᠳᠤ ᠤᠷᠤᠰᠢᠵᠤ᠂ ᠲᠠᠯᠠᠢ  ᠶᠢᠨ ᠲᠦᠪᠰᠢᠨ  ᠠᠴᠠ 1300 — 1800 ᠮᠧᠲᠷ ᠡᠷᠭᠦᠭᠳᠡᠨ  ᠂ ᠵᠠᠷᠢᠮᠳᠤᠭ ᠬᠠᠭᠤᠷᠠᠢ  ᠡᠬᠡ ᠭᠠᠵᠠᠷ  ᠤᠨ ᠴᠢᠨᠠᠷᠳᠠᠢ ᠠᠭᠤᠷ ᠠᠮᠢᠰᠬᠤᠯ  ᠳᠤ ᠬᠠᠷᠢᠶᠠᠯᠠᠭᠳᠠᠵᠤ᠂ ᠰᠡᠷᠢᠬᠦᠨ ᠪᠦᠰᠡᠨ  ᠤ ᠤᠯᠠᠷᠢᠯ  ᠤᠨ ᠰᠠᠯᠬᠢᠨ  ᠤ ᠤᠷᠴᠢᠯ ᠤᠷᠤᠰᠬᠠᠯ  ᠤᠨ ᠨᠦᠯᠦᠭᠡ  ᠠᠴᠠ  ᠪᠤᠯᠤᠭᠠᠳ ᠠᠭᠤᠷ ᠠᠮᠢᠰᠬᠤᠯ ᠲᠤᠭᠳᠠᠭᠤᠨ ᠪᠤᠰᠤ᠂ ᠭᠠᠩ ᠬᠠᠭᠤᠷᠠᠢ᠂ ᠰᠠᠯᠬᠢ ᠶᠡᠭᠡ᠂ ᠲᠤᠨᠤᠳᠠᠰᠤ ᠪᠠᠭ᠎ᠠ  ᠂ ᠵᠢᠯ  ᠤᠨ ᠳᠡᠭᠰᠢᠳᠭᠡᠭᠰᠡᠨ ᠲᠤᠯᠠᠭᠠᠨ  ᠤ ᠬᠡᠮᠵᠢᠶ᠎ᠡ 1.6 ᠭᠷᠠᠳᠦ᠋ᠰ᠂ ᠳᠡᠭᠰᠢᠳᠬᠡᠭᠰᠡᠨ ᠲᠤᠨᠤᠳᠠᠰᠤᠨ  ᠤ ᠬᠡᠮᠵᠢᠶ᠎ᠡ 407 ᠮᠢᠯᠢᠮᠧᠲᠷ ᠣᠷᠴᠢᠮ ᠪᠠᠶᠢᠳᠠᠭ᠃ ᠨᠤᠳᠤᠭ ᠲᠡᠪᠢᠰᠭᠡᠷ ᠤᠨ ᠶᠡᠷᠦᠩᠬᠡᠢ ᠲᠠᠯᠠᠪᠠᠢ 3415 ᠬᠠᠪᠳᠠᠭᠠᠢ ᠲᠦᠷᠪᠡᠯᠵᠢᠨ ᠺᠢᠯᠤᠮᠧᠲᠷ  ᠃ ᠡᠬᠦᠨ ᠤ ᠲᠤᠳᠤᠷ᠎ᠠ  ᠂ ᠴᠤᠷ ᠤᠨ ᠭᠠᠭᠴᠠ ᠪᠠᠶᠢᠭᠠᠯᠢᠯᠢᠭ ᠲᠠᠯ᠎ᠠ ᠨᠤᠳᠤᠭ ᠪᠦᠬᠡᠳ ᠴᠤᠯ ᠮᠠᠯᠵᠢᠬᠤ  ᠤᠷᠤᠨ  ᠪᠤᠯᠬᠤ ᠬᠦᠨᠪᠤᠯᠠᠭ  ᠰᠤᠮᠤᠨ ᠤ  ᠨᠤᠳᠤᠭ ᠪᠡᠯᠴᠢᠭᠡᠷ ᠤᠨ ᠶᠡᠷᠦᠩᠬᠡᠢ ᠲᠠᠯᠠᠪᠠᠢ ᠨᠢ 850 ᠬᠠᠪᠳᠠᠭᠠᠢ ᠲᠦᠷᠪᠡᠯᠵᠢᠨ ᠺᠢᠯᠤᠮᠧᠲᠷ  ︵ᠡᠬᠦᠨ ᠳᠤ ᠠᠰᠢᠭᠯᠠᠵᠤ ᠪᠤᠯᠬᠤᠶᠢᠴᠠ ᠨᠤᠳᠤᠭ ᠪᠡᠯᠴᠢᠭᠡᠷ ᠤᠨ ᠲᠠᠯᠠᠪᠠᠢ 106 ᠲᠦᠮᠡᠨ ᠮᠤ᠋︶  ᠪᠠᠶᠢᠭ᠎ᠠ᠃ ᠬᠦᠷᠦᠰᠦ ᠰᠢᠷᠤᠢ ᠨᠢ ᠬᠠᠷ᠎ᠠ ᠺᠠᠯᠽᠧᠳᠦ ᠬᠦᠷᠦᠰᠦ᠂ ᠬᠦᠷᠡᠩ ᠺᠠᠯᠽᠧᠳᠦ ᠬᠦᠷᠦᠰᠦ ᠪᠠ ᠨᠤᠭᠤ  ᠶᠢᠨ ᠬᠦᠷᠦᠰᠦ  ᠪᠠᠷ ᠭᠤᠤᠯᠳᠠᠵᠤ᠂  ᠡᠯᠪᠡᠭ ᠪᠠᠶᠠᠯᠢᠭ ᠠᠭᠤᠷᠬᠠᠢ ᠶᠢᠨ ᠪᠤᠯᠠᠭᠳᠠᠴᠠ  ᠳᠤ ᠰᠢᠷ᠎ᠠ ᠠᠯᠳᠠ᠂ ᠸᠤᠯᠹᠷᠤᠮ᠂ ᠴᠠᠬᠢᠭᠤᠷ ᠴᠢᠯᠠᠭᠤ᠂ ᠴᠤᠬᠤᠢ  ᠶᠢᠨ ᠴᠢᠯᠠᠭᠤ  ᠂  ᠺᠠᠯᠢᠳᠤ ᠴᠢᠯᠠᠭᠤ᠂ ᠭᠠᠨᠳᠢᠭ ᠴᠢᠯᠠᠭᠤ᠂ ᠦᠬᠡᠬᠦᠨ ᠴᠢᠯᠠᠭᠤ᠂  ᠹᠯᠤᠷᠳᠤ ᠴᠢᠯᠠᠭᠤ᠂ ᠰᠤᠪᠤᠳᠯᠢᠭ ᠴᠢᠯᠠᠭᠤ᠂ ᠲᠠᠪᠠᠷᠬᠠᠢ  ᠶᠢᠨ ᠴᠢᠯᠠᠭᠤ᠂ ᠬᠠᠶᠢᠯᠤᠭᠤᠷ ᠵᠤᠩᠰᠢ  ᠮᠦᠩᠬᠦ᠂ ᠭᠠᠤᠯᠢ᠂  ᠴᠠᠭᠠᠨ ᠲᠤᠭᠤᠯᠭ᠎ᠠ᠂  ᠨᠢᠺᠧᠯ᠂ ᠺᠤᠹᠠᠯᠲ᠂  ᠬᠠᠷ᠎ᠠ ᠲᠤᠭᠤᠯᠭ᠎ᠠ᠂  ᠦᠷᠠᠨ ᠵᠡᠷᠭᠡ ᠡᠬᠢ ᠪᠠᠶᠠᠯᠢᠭ ᠤᠳ ᠪᠠᠭᠳᠠᠨ᠎ᠠ᠃ ᠲᠠᠶᠢᠹᠤᠰᠧ ᠬᠤᠰᠢᠭᠤᠨ ᠤ ᠬᠢᠯᠢ  ᠳᠤ ᠲᠠᠤᠯᠠᠢ᠂  ᠮᠠᠩᠬᠢᠰᠤ᠂ ᠪᠤᠯᠠᠭ᠎ᠠ᠂  ᠬᠢᠷᠰᠠ᠂  ᠬᠦᠷᠡᠨ᠎ᠡ᠂ ᠦᠨᠡᠭᠡ  ᠂  ᠴᠢᠨ᠋ᠸ᠎ᠠ᠂ ᠵᠠᠷᠠᠭ᠎ᠠ᠂ ᠮᠤᠭᠠᠢ ᠵᠢᠴᠢ  ᠪᠦᠷᠬᠦᠳ᠂ ᠡᠯᠢᠶ᠎ᠡ᠂ ᠬᠠᠷᠴᠠᠭᠠᠢ᠂ ᠲᠠᠭᠳᠠᠭ᠎ᠠ᠂  ᠱᠠᠭᠠᠵᠠᠭᠠᠢ᠂  ᠬᠦᠬᠦᠭᠡ᠂  ᠤᠭᠤᠯᠢ᠂ ᠬᠠᠶᠢᠷᠠᠭᠤᠴᠠᠢ᠂ ᠠᠯᠠᠭ ᠪᠢᠯᠵᠤᠤᠬᠠᠢ᠂  ᠪᠤᠯᠵᠤᠮᠤᠷ᠂  ᠪᠦᠳᠦᠨ᠎ᠡ ᠵᠡᠷᠭᠡ 100 ᠭᠠᠷᠤᠢ ᠵᠦᠢᠯ ᠤᠨ ᠭᠡᠭᠡᠷ᠎ᠡ ᠶᠢᠨ ᠠᠮᠢᠳᠠᠨ ᠵᠢᠬᠦᠷᠳᠡᠨ ᠪᠠᠶᠢᠵᠤ᠂ ᠭᠡᠬᠡᠷ᠎ᠡ ᠶᠢᠨ ᠤᠷᠭᠤᠮᠠᠯ  ᠳᠤ ᠰᠢᠷ᠎ᠠ ᠪᠠᠪᠤ᠂ ᠴᠠᠬᠢᠯᠳᠠᠭ᠂ ᠵᠠᠰ ᠡᠪᠡᠰᠦ᠂ ᠬᠤᠨᠴᠢᠷ᠂ ᠰᠢᠬᠢᠷ ᠡᠪᠡᠰᠦ᠂ ᠲᠤᠷᠤᠭ ᠰᠠᠷᠠᠨ᠎ᠠ᠂ ᠵᠡᠭᠡᠷᠭᠡᠨ᠎ᠡ᠂ ᠬᠤᠨᠢᠨ ᠱᠦᠬᠦᠷ᠂ ᠲᠦᠷᠪᠡᠯᠵᠢ ᠡᠪᠡᠰᠦ᠂ ᠲᠦᠯᠡᠢ ᠮᠦᠬᠦ᠂  ᠠᠭᠤᠯᠠᠨ ᠭᠤᠭᠤᠳ᠂ ᠰᠤᠶᠢᠬ᠎ᠠ ᠡᠪᠡᠰᠦ ᠵᠡᠷᠭᠡ  40 ᠰᠠᠯᠠᠭ᠎ᠠ᠂123 ᠲᠦᠷᠦᠯ᠂ 178 ᠵᠦᠢᠯ ᠤᠨ ᠡᠪᠡᠰᠦ ᠨᠤᠭᠤᠭ᠎ᠠ ᠤᠷᠭᠤᠳᠠᠭ᠃     ᠲᠠᠶᠢᠹᠤᠰᠧ ᠬᠤᠰᠢᠭᠤᠨ ᠤ ᠤᠯᠤᠰ ᠠᠷᠠᠳ ᠤᠨ ᠠᠵᠤ ᠠᠬᠤᠢ ᠨᠢ ᠮᠠᠯ ᠲᠠᠷᠢᠶᠠᠯᠠᠩ ᠢᠶᠠᠷ ᠭᠤᠤᠯᠳᠠᠵᠤ᠂ ᠬᠤᠳᠠ ᠪᠠᠯᠭᠠᠰᠤᠨ ᠤ ᠠᠵᠤ ᠦᠢᠯᠡᠳᠪᠦᠷᠢ ᠪᠠᠰᠠ ᠵᠤᠬᠢᠬᠤ ᠬᠠᠷᠢᠴᠠᠯ ᠢ ᠡᠵᠡᠯᠡᠳᠡᠭ᠃ ᠲᠤᠰ ᠬᠤᠰᠢᠭᠤ ᠪᠤᠯ ᠰᠢᠯᠢ  ᠶᠢᠨ ᠭᠤᠤᠯ ᠠᠶᠢᠮᠠᠭ ᠤᠨ ᠠᠮᠤ  ᠪᠤᠳᠠᠭᠠᠨ ᠤ  ᠭᠤᠤᠯ ᠭᠠᠷᠤᠯᠳᠠ ᠶᠢᠨ ᠤᠷᠤᠨ  ᠪᠦᠬᠡᠳ ᠦᠪᠡᠷᠳᠡᠭᠡᠨ ᠵᠠᠰᠠᠬᠤ ᠤᠷᠤᠨ ᠤ ᠲᠤᠰᠤᠯᠢᠭ ᠲᠠᠷᠢᠮᠠᠯ ᠤᠨ ᠦᠢᠯᠡᠳᠪᠦᠷᠢᠯᠡᠯ ᠤᠨ ᠰᠠᠭᠤᠷᠢᠨ ᠭᠠᠵᠠᠷ ᠪᠤᠯᠤᠨ᠎ᠠ᠃ ᠤᠳᠤ ᠴᠠᠬᠢᠯᠭᠠᠨ ᠬᠦᠴᠦᠨ᠂ ᠠᠭᠤᠷᠬᠠᠢ ᠶᠢᠨ ᠨᠡᠭᠡᠭᠡᠯᠳᠡ᠂ ᠠᠷᠢᠬᠢ ᠨᠡᠷᠡᠬᠦ᠂  ᠲᠤᠰᠤ ᠦᠢᠯᠡᠳᠪᠦᠷᠢᠯᠡᠬᠦ᠂ ᠲᠠᠷᠢᠶᠠᠯᠠᠩ ᠤᠨ ᠪᠦᠳᠦᠭᠡᠭᠳᠡᠬᠦᠨ ᠪᠠ ᠮᠠᠯ ᠤᠨ ᠠᠰᠢᠭ ᠰᠢᠮ᠎ᠡ ᠡᠳ᠋ᠰᠢᠬᠦᠯᠦᠨ ᠪᠤᠯᠪᠠᠰᠤᠷᠠᠭᠤᠯᠬᠤ᠂ ᠮᠠᠰᠢᠨ ᠲᠤᠨᠤᠭ ᠪᠠ ᠪᠠᠷᠢᠯᠭ᠎ᠠ ᠶᠢᠨ ᠮᠠᠲ᠋ᠧᠷᠢᠶᠠᠯ ᠦᠢᠯᠡᠳᠬᠦ ᠵᠡᠷᠭᠡ ᠠᠵᠤ ᠦᠢᠯᠡᠳᠪᠦᠷᠢ   ᠶᠢᠨ ᠠᠵᠤ ᠠᠬᠤᠶᠢᠯᠠᠯ ᠡᠳᠦᠷ ᠠᠴᠠ ᠡᠳᠦᠷ  ᠬᠦᠭᠵᠢᠨ ᠪᠤᠵᠠᠭᠠᠶᠢᠷᠠᠵᠤ ᠪᠠᠶᠢᠨ᠎ᠠ᠃        ᠦᠨᠢ ᠤᠷᠳᠤ ᠶᠢᠨ ᠲᠡᠦᠬᠡ᠂ ᠭᠡᠷᠡᠯ ᠰᠠᠴᠤᠷᠠᠩᠭᠤᠢ ᠦᠪ ᠰᠤᠶᠤᠯ ᠢᠶᠠᠷ ᠢᠶᠠᠨ ᠲᠠᠶᠠᠩ ᠳᠤ ᠲᠠᠨᠢᠭᠳᠠᠵᠤ᠂   ︽ᠤᠰᠤ ᠪᠡᠯᠴᠢᠭᠡᠷ ᠨᠢ ᠬᠠᠯᠢᠭᠤᠷᠠᠨ ᠨᠤᠭᠤᠭᠠᠷᠠᠵᠤ᠂ ᠦᠩᠬᠡ ᠶᠢᠨ ᠴᠡᠴᠡᠭᠡᠰ ᠪᠤᠯᠢᠶᠠᠯᠳᠤᠨ ᠲᠡᠯᠭᠡᠷᠡᠵᠦ᠂ ᠦᠨᠢᠷ ᠰᠦᠷᠦᠭ ᠨᠢ ᠦᠩᠭᠡᠰᠢᠵᠦ ᠪᠡᠯᠴᠢᠭᠡᠷᠯᠡᠭᠰᠡᠨ︾ ᠲᠠᠩᠰᠤᠭ ᠦᠵᠡᠮᠵᠢ   ᠪᠠᠷ ᠢᠶᠠᠨ ᠲᠡᠯᠡᠬᠡᠢ ᠶᠢᠨ ᠬᠠᠷᠠᠭᠠᠨ ᠳᠤ ᠬᠦᠷᠦᠭᠰᠡᠨ ᠡᠨᠡ ᠨᠤᠳᠤᠭ ᠪᠤᠯ ᠠᠵᠢᠯᠴᠢ ᠪᠤᠷᠤᠭᠵᠢᠭᠤᠨ ᠴᠠᠬᠠᠷ ᠤᠨ ᠵᠡᠬᠦᠨ ᠲᠦᠷᠪᠡᠨ  ᠬᠤᠰᠢᠭᠤᠳ ᠤᠨ ᠤᠬᠢ ᠰᠤᠳᠤᠴᠤᠤᠯ ᠢᠶᠠᠷ ᠪᠦᠷᠢᠯᠳᠦᠭᠰᠡᠨ ᠲᠤᠮᠤᠭᠳᠤ ᠨᠤᠳᠤᠭ  ᠪᠢᠯᠡ᠃  ᠡᠷᠳᠡ ᠲᠡᠭᠡᠳᠦ ᠠᠴᠠ ᠪᠠᠨ ᠠᠭᠳᠠ ᠬᠦᠯᠦᠭ  ᠯᠦᠭᠡ ᠰᠠᠯᠵᠤ ᠪᠤᠯᠤᠰᠢ ᠦᠬᠡᠢ ᠬᠤᠪᠢ ᠪᠠᠷᠢᠯᠳᠤᠯᠭ᠎ᠠ ᠲᠠᠢ ᠪᠠᠶᠢᠵᠤ᠂ ᠲᠦᠮᠡᠨ ᠠᠭᠳᠠ ᠶᠢᠨ ᠲᠦᠪᠡᠷᠭᠡᠨ ᠢᠶᠠᠷ  ᠲᠢᠪ ᠲᠡᠯᠡᠬᠡᠢ ᠶᠢ ᠲᠤᠷᠬᠢᠭᠤᠯᠤᠨ᠂ ᠲᠤᠮᠳᠠᠳᠤ ᠤᠯᠤᠰ ᠤᠨ ᠠᠳᠤᠭᠤᠨ ᠤ ᠦᠢᠯᠡᠰ ᠤᠨ ᠦᠷᠨᠢᠯ ᠪᠠᠳᠠᠷᠠᠯ ᠤᠨ ᠴᠠᠭ ᠦᠶ᠎ᠡ ᠶᠢ ᠪᠢᠴᠢᠭᠯᠡᠵᠦ᠂  ᠠᠭᠳᠠ ᠬᠦᠯᠦᠭ ᠪᠤᠯᠤᠨ ᠦᠨᠳᠦᠰᠦᠳᠡᠨ ᠶᠠᠰᠤᠳᠠᠨ ᠤ ᠬᠤᠭᠤᠷᠤᠨᠳᠤᠬᠢ ᠪᠤᠯᠪᠠᠰᠤᠨ ᠤ ᠲᠡᠦᠬᠡ ᠶᠢᠨ ᠪᠡᠯᠭᠡᠳᠡᠯ ᠪᠤᠯᠤᠭᠰᠠᠨ ᠲᠤᠰ ᠨᠤᠳᠤᠭ ᠨᠢ ᠡᠳᠦᠬᠡ ᠪᠤᠯᠳᠠᠯ᠎ᠠ ᠠᠳᠤᠭᠤ ᠮᠠᠯᠵᠢᠬᠤ᠂ ᠠᠳᠤᠭᠤ  ᠦᠷᠡᠵᠢᠬᠦᠯᠬᠦ᠂ ᠠᠳᠤᠭᠤ ᠰᠤᠷᠭᠠᠬᠤ ᠮᠡᠳᠦ ᠶᠢᠨ ᠤᠯᠠᠮᠵᠢᠯᠯᠠᠳᠤ ᠤᠷ᠎ᠠ ᠮᠡᠷᠭᠡᠵᠢᠯ ᠬᠢᠭᠡᠳ ᠰᠤᠶᠤᠯ ᠢᠷᠭᠡᠨᠰᠢᠯ ᠢᠶᠠᠨ ᠬᠠᠳᠠᠭᠠᠯᠠᠭᠰᠠᠭᠠᠷ  ᠢᠷᠡᠵᠦ᠂  ᠦᠪᠡᠷᠳᠡᠭᠡᠨ ᠵᠠᠰᠠᠬᠤ ᠤᠷᠤᠨ   ᠠᠴᠠ ᠤᠯᠭᠤᠭᠰᠠᠨ  ︽ᠬᠠᠭᠠᠨ ᠤ ᠠᠳᠤᠭᠤᠨ ᠰᠤᠶᠤᠯ ᠤᠨ ᠨᠤᠳᠤᠭ︾  ᠬᠡᠮᠡᠬᠦ  ᠰᠠᠶᠢᠬᠠᠨ ᠴᠤᠯᠠ ᠶᠢ ᠬᠦᠷᠳᠡᠭᠰᠡᠨ ᠪᠠᠶᠢᠨ᠎ᠠ᠃  ᠮᠦᠨ ᠴᠤ᠂ ᠰᠢᠯᠢ ᠶᠢᠨ ᠭᠤᠤᠯ ᠠᠶᠢᠮᠠᠭ ᠤᠨ ᠡᠮᠦᠨ᠎ᠡ ᠡᠬᠦᠳᠡ ᠶᠢ ᠰᠠᠬᠢᠭᠰᠠᠨ᠂ ᠾᠧᠪᠸᠢ ᠮᠤᠵᠢ ᠲᠠᠢ  ᠬᠦᠷᠰᠢᠯᠡᠵᠦ ᠵᠠᠬᠠᠯᠠᠭᠰᠠᠨ  ᠂  ᠨᠡᠶᠢᠰᠯᠡᠯ ᠪᠡᠭᠡᠵᠢᠩ ᠠᠴᠠ ᠤᠶᠢᠷᠠᠬᠠᠨ  ᠪᠠᠶᠢᠷᠢᠯᠠᠭᠰᠠᠨ ᠤᠷᠤᠨ ᠪᠠᠶᠢᠴᠠ ᠶᠢᠨ ᠲᠠᠪᠠᠭᠤᠯᠢᠭ ᠲᠠᠢ ᠪᠦᠬᠡᠳ ᠰᠢᠯᠢ ᠶᠢᠨ ᠭᠤᠤᠯ ᠠᠶᠢᠮᠠᠭ  ᠬᠢᠭᠡᠳ ᠲᠤᠳᠤᠷ ᠭᠠᠵᠠᠷ   ᠢ ᠬᠤᠯᠪᠤᠭᠰᠠᠨ ᠵᠠᠮ ᠬᠠᠷᠢᠯᠴᠠᠭᠠᠨ ᠤ ᠪᠤᠭᠤᠮᠳᠠ   ᠶᠢ ᠰᠠᠬᠢᠨ ᠨᠤᠳᠤᠭᠯᠠᠵᠤ᠂  ᠪᠡᠭᠡᠵᠢᠩ ᠲᠢᠶᠠᠨᠵᠢᠨ ᠾᠧᠪᠸᠢ ᠤᠷᠤᠨ ᠲᠠᠢ ᠬᠠᠮᠳᠤᠷᠠᠯᠴᠠᠨ ᠬᠦᠭᠵᠢᠬᠦ᠂ ︽ᠨᠢᠬᠡ ᠪᠦᠰᠡ ᠨᠢᠬᠡ ᠵᠠᠮ︾ ᠤᠨ ᠪᠠᠶᠢᠯᠳᠤᠬᠤ ᠪᠤᠳᠤᠯᠭ᠎ᠠ ᠳᠤ ᠶᠠᠪ ᠴᠠᠪ ᠲᠤᠬᠢᠷᠠᠯᠴᠠᠭᠰᠠᠨ ᠤᠷᠢᠳᠠᠴᠢ ᠨᠦᠬᠦᠴᠡᠯ ᠢ ᠪᠦᠷᠢᠯᠳᠦᠬᠦᠯᠦᠭᠰᠡᠨ ᠢᠶᠠᠷ ᠪᠠᠷᠠᠬᠤ ᠦᠬᠡᠢ᠂ ᠠᠮᠢ ᠠᠬᠤᠢ ᠶᠢᠨ ᠤᠷᠴᠢᠨ ᠲᠤᠭᠤᠷᠢᠨ ᠭᠤᠶᠢᠳᠠ᠂  ᠠᠭᠠᠷ ᠮᠠᠨᠳᠠᠯ ᠤᠨ ᠴᠢᠨᠠᠷ ᠴᠢᠨᠰᠠᠭ᠎ᠠ ᠰᠠᠶᠢᠨ᠂  ᠤᠰᠤᠨ ᠤ ᠰᠤᠷᠪᠤᠯᠵᠢ ᠪᠠᠶᠠᠨ᠂  ᠨᠠᠷᠠᠨ ᠤ ᠲᠤᠰᠤᠯᠳᠠ ᠬᠦᠢᠴᠡᠳ᠂ ᠬᠦᠷᠦᠰᠦ ᠰᠢᠷᠤᠢ ᠰᠢᠮᠡᠯᠢᠭ᠂ ᠮᠠᠯᠵᠢᠬᠤ ᠲᠠᠷᠢᠶᠠᠯᠠᠬᠤ ᠰᠤᠶᠤᠯ ᠤᠨ ᠦᠩᠭᠡ ᠪᠤᠳᠤᠭ ᠵᠤᠵᠠᠭᠠᠨ᠂  ᠤᠳᠤᠬᠢᠴᠢᠯᠠᠭᠰᠠᠨ ᠲᠠᠷᠢᠶᠠᠯᠠᠩ ᠮᠠᠯ ᠠᠵᠤ ᠠᠬᠤᠢ ᠪᠠ ᠪᠤᠬᠢᠷᠳᠤᠯ ᠦᠬᠡᠢ ᠠᠮᠢ ᠠᠬᠤᠢ ᠶᠢᠨ ᠵᠤᠭᠠᠴᠠᠯ ᠤᠨ ᠦᠢᠯᠡᠰ ᠢ ᠬᠦᠭᠵᠢᠬᠦᠯᠬᠦ  ᠲᠠᠪᠠᠭᠤᠯᠢᠭ ᠨᠦᠬᠦᠴᠡᠯ ᠢᠶᠠᠷ ᠢᠶᠠᠨ ᠤᠨᠴᠠᠯᠢᠭᠳᠠᠵᠤ᠂  ᠠᠭᠤᠳᠠᠮ ᠲᠠᠯ᠎ᠠ   ᠶᠢᠨ ᠦᠩᠭᠡ ᠦᠵᠡᠮᠵᠢ᠂ ᠠᠭᠤᠷ ᠠᠮᠢᠰᠬᠤᠯ ᠤᠨ ᠰᠡᠩᠬᠢᠨᠡᠮ᠎ᠡ ᠰᠠᠶᠢᠬᠠᠨ᠂ ᠤᠨᠴᠠᠯᠢᠭᠳᠤ ᠪᠤᠷᠤᠭᠵᠢᠭᠤᠨ ᠰᠤᠶᠤᠯ ᠢᠷᠭᠡᠨᠰᠢᠯ ᠢᠶᠠᠷ ᠢᠶᠠᠨ ᠲᠠᠶᠠᠩ ᠤᠨ ᠠᠩᠬᠠᠷᠤᠯ ᠢ ᠲᠠᠳᠠᠵᠤ᠂ ᠬᠤᠯᠠ ᠤᠶᠢᠷ᠎ᠠ  ᠶᠢᠨ ᠬᠦᠮᠦᠰ ᠤᠨ ᠵᠤᠰᠠᠵᠤ ᠵᠤᠭᠠᠴᠠᠬᠤ ᠦᠵᠡᠮᠵᠢᠳᠦ ᠤᠷᠤᠨ ᠪᠤᠯᠤᠭᠰᠠᠨ ᠶᠤᠮ᠃      ᠲᠠᠶᠢᠹᠤᠰᠧ ᠨᠤᠳᠤᠭ  ᠪᠤᠯ ᠲᠦᠷᠪᠡᠨ ᠬᠦᠴᠦᠳᠡᠨ  ᠤᠷᠤᠰᠢᠭᠰᠠᠨ  ᠭᠠᠵᠠᠷ ᠭᠡᠵᠦ  ᠨᠤᠳᠤᠭ ᠤᠨ ᠪᠤᠭᠤᠷᠤᠯᠴᠤᠳ ᠤᠴᠢᠷᠯᠠᠳᠠᠭ᠃ ᠯᠤᠤ᠂  ᠭᠠᠷᠤᠳᠢ᠂  ᠪᠠᠷᠰ᠂ ᠠᠷᠰᠯᠠᠨ ᠲᠦᠷᠪᠡᠨ ᠬᠦᠴᠦᠳᠡᠨ ᠨᠢ  ᠡᠨᠡ ᠨᠤᠳᠤᠭ  ᠤᠨ ᠡᠮᠦᠨ᠎ᠡ᠂ ᠬᠤᠶᠢᠨ᠎ᠠ᠂ ᠵᠡᠬᠦᠨ᠂ ᠪᠠᠷᠠᠭᠤᠨ ᠲᠦᠷᠪᠡᠨ ᠵᠦᠭ   ᠢ ᠰᠠᠬᠢᠨ ᠬᠠᠮᠠᠭᠠᠯᠠᠵᠤ ᠪᠠᠶᠢᠳᠠᠭ᠃ ᠲᠦᠷᠪᠡᠨ ᠬᠦᠴᠦᠳᠡᠨ ᠤ ᠲᠦᠷᠦᠬᠦᠦ ᠪᠤᠯᠬᠤ ᠯᠤᠤ ᠭᠡᠳᠡᠭ ᠨᠢ  ᠶᠠᠷᠨᠠᠢ ᠤᠪᠤᠭ᠎ᠠ   ᠠᠴᠠ ᠬᠤᠶᠢᠰᠢ ᠬᠦᠨᠳᠡᠢ ᠠᠯᠤᠰᠯᠠᠨ᠂ ᠵᠡᠬᠦᠨ ᠠᠴᠠ ᠪᠠᠷᠠᠭᠤᠨᠰᠢ ᠬᠦᠨᠳᠡᠯᠢᠳᠦᠭᠰᠡᠨ ᠮᠠᠯᠠᠭᠠᠢ ᠶᠢᠨ ᠰᠦᠮ᠎ᠡ ᠶᠢᠨ ᠠᠭᠤᠯᠠ ᠨᠢᠷᠤᠭᠤᠳ  ᠪᠠᠶᠢᠵᠤ᠂ ᠡᠮᠦᠨ᠎ᠡ ᠬᠢᠵᠠᠭᠠᠷ ᠢ ᠰᠠᠬᠢᠵᠤ ᠪᠠᠶᠢᠷᠢᠰᠢᠵᠠᠢ  ᠃  ᠵᠤᠨ ᠤ ᠴᠠᠭ ᠤᠨ ᠮᠠᠨᠠᠨ ᠲᠠᠢ ᠦᠷᠯᠦᠬᠡ ᠮᠠᠯᠠᠭᠠᠢ ᠶᠢᠨ ᠰᠦᠮ᠎ᠡ ᠶᠢᠨ ᠠᠭᠤᠯᠠ ᠠᠴᠠ ᠵᠡᠬᠦᠨ ᠡᠮᠦᠨ᠎ᠡ ᠪᠠᠶᠢᠭ᠎ᠠ  ᠲᠤᠪᠤᠴᠠᠭ ᠤᠨ ᠤᠷᠤᠢ ᠲᠡᠭᠡᠷ᠎ᠡ ᠠᠴᠠ ᠰᠢᠨᠵᠢᠨ ᠠᠵᠢᠬᠤᠯ᠎ᠠ᠂ ᠡᠳᠡᠭᠡᠷ ᠠᠭᠤᠯᠠ  ᠨᠢᠷᠤᠭᠤᠳ ᠨᠢ ᠶᠠᠭ ᠡᠬᠦᠯᠡ  ᠬᠦᠯᠦᠭᠯᠡᠭᠰᠡᠨ ᠬᠦᠬᠡ ᠯᠤᠤ ᠨᠢᠰᠴᠦ ᠪᠠᠶᠢᠭ᠎ᠠ ᠶᠤᠮᠰᠢᠭ ᠮᠢᠷᠠᠯᠵᠠᠨ ᠬᠠᠷᠠᠭᠳᠠᠨ᠎ᠠ᠃  ᠰᠦᠮ᠎ᠡ ᠶᠢᠨ ᠠᠷᠤ ᠶᠢᠨ ᠠᠭᠤᠯᠠᠨ ᠤ ᠬᠠᠷ᠎ᠠ ᠬᠠᠳᠠ ᠪᠠᠷᠵᠠᠶᠢᠵᠤ ᠤᠷᠭᠤᠭᠰᠠᠨ ᠤᠷᠤᠢ ᠶᠢ ᠯᠤᠤ  ᠶᠢᠨ ᠲᠤᠯᠤᠭᠠᠢ᠂ ᠲᠡᠬᠦᠨ ᠠᠴᠠ ᠬᠤᠶᠢᠰᠢ ᠪᠠᠨ ᠴᠤᠪᠤᠷᠠᠨ ᠤᠷᠭᠤᠭᠰᠠᠨ ᠬᠠᠳᠠ ᠶᠢ ᠯᠤᠤ ᠶᠢᠨ ᠡᠪᠡᠷ᠂  ᠵᠡᠬᠦᠨᠰᠢ ᠲᠠᠯᠠᠩᠨᠠᠨ ᠰᠤᠨᠵᠢᠷᠠᠭᠰᠠᠨ ᠠᠭᠤᠯᠠ ᠨᠢᠷᠤᠭᠤᠳ   ᠢ ᠯᠤᠤ ᠶᠢᠨ ᠬᠡᠪᠡᠯᠢ᠂ ᠵᠠᠰᠠᠮᠠᠯ ᠵᠠᠮ ᠳᠤ ᠲᠤᠯᠤᠭᠰᠠᠨ ᠬᠡᠳᠦᠨ ᠪᠢᠴᠢᠬᠠᠨ ᠲᠤᠯᠤᠭᠠᠳ ᠢ ᠯᠤᠤ ᠶᠢᠨ ᠰᠡᠬᠦᠯ ᠤᠨ ᠪᠦᠮᠪᠦᠭᠡ᠂  ᠰᠦᠮ᠎ᠡ ᠶᠢᠨ ᠡᠮᠦᠨᠡᠬᠢ ᠨᠠᠶᠢᠷ ᠤᠨ ᠰᠢᠷᠡᠭᠡ ᠶᠢ ᠯᠤᠤ  ᠶᠢᠨ ᠬᠠᠮᠠᠷ᠂  ᠨᠠᠶᠢᠷ ᠤᠨ ᠰᠢᠷᠡᠬᠡᠨ ᠤ ᠬᠤᠶᠠᠷ ᠲᠠᠯ᠎ᠠ ᠶᠢᠨ ᠨᠠᠭᠤᠷ ᠢ ᠯᠤᠤ ᠶᠢᠨ ᠨᠢᠳᠦ  ᠬᠡᠵᠦ᠂ ᠰᠦᠮ᠎ᠡ ᠠᠴᠠ ᠪᠠᠷᠠᠭᠤᠨ ᠡᠮᠦᠨ᠎ᠡ ᠵᠦᠭ ᠲᠤ ᠨᠠᠢᠮᠠᠨ ᠭᠠᠵᠠᠷ ᠤᠨ ᠵᠠᠶᠢᠳᠠᠢ ᠪᠠᠶᠢᠭ᠎ᠠ ᠶᠠᠷᠨᠠᠢ ᠤᠪᠤᠭ᠎ᠠ ᠶᠢ ᠯᠤᠤ ᠶᠢᠨ ᠠᠯᠳᠠᠨ ᠪᠦᠮᠪᠦᠭᠡ ᠬᠡᠨ᠎ᠡ᠃ ᠬᠦᠨᠪᠤᠯᠠᠭ ᠰᠤᠮᠤᠨ ᠤ ᠪᠠᠷᠠᠭᠤᠨ ᠬᠤᠶᠢᠳᠤ ᠪᠡᠶ᠎ᠡ ᠳᠤ ᠪᠠᠶᠢᠷᠢᠯᠠᠭᠰᠠᠨ ᠪᠡᠷᠭᠡ ᠶᠢᠨ ᠠᠭᠤᠯᠠ ᠶᠢᠨ ᠠᠷᠤ ᠲᠡᠭᠡᠷ᠎ᠡ  ᠪᠠᠶᠢᠭ᠎ᠠ ᠬᠠᠨ ᠰᠤᠪᠤᠷᠭ᠎ᠠ ᠬᠠᠶᠢᠷᠬᠠᠨ ᠪᠤᠯ ᠬᠠᠨ ᠭᠠᠷᠤᠳᠢ ᠨᠢ ᠪᠤᠯᠤᠨ᠎ᠠ᠃ ᠲᠡᠷᠡ   ᠨᠢ ᠠᠭᠤᠳᠠᠮ ᠲᠠᠯ᠎ᠠ ᠶᠢᠨ ᠲᠤᠮᠳᠠ ᠤᠭᠳᠠᠷᠭᠤᠢ ᠶᠢᠨ ᠮᠠᠨᠳᠠᠯ ᠲᠠᠢ ᠵᠠᠯᠭᠠᠨ ᠰᠦᠮᠪᠦᠷᠯᠡᠭᠡᠳ᠂  ᠲᠤᠯᠤᠭᠠᠢ ᠨᠢ ᠡᠬᠦᠯᠡᠨ ᠳᠤ ᠰᠢᠷᠭᠤᠨ ᠲᠠᠯᠠᠪᠴᠢ ᠪᠠᠨ ᠲᠡᠯᠬᠡᠵᠦ ᠨᠢᠰᠦᠭᠡ ᠬᠠᠨ ᠭᠠᠷᠤᠳᠢ ᠦᠬᠡᠷ᠎ᠡ ᠦᠬᠡᠢ ᠪᠠᠶᠢᠳᠠᠭ᠃   ᠤᠳᠤ   ᠶᠢᠨ ᠾᠧᠪᠸᠢ ᠮᠤᠵᠢ ᠶᠢᠨ ᠵᠠᠩᠪᠸᠢ ᠰᠢᠶᠠᠨ   ᠤ ᠬᠢᠵᠠᠭᠠᠷ ᠲᠤ ᠪᠠᠶᠢᠭ᠎ᠠ  ᠠᠷᠰᠯᠠᠩᠳᠤ ᠠᠭᠤᠯᠠ  ᠪᠤᠯ ᠪᠠᠷᠠᠭᠤᠨ ᠬᠢᠵᠠᠭᠠᠷ ᠢ ᠰᠠᠬᠢᠵᠤ ᠰᠠᠭᠤᠭᠰᠠᠨ ᠠᠷᠰᠯᠠᠨ ᠨᠢ ᠪᠤᠯᠤᠨ᠎ᠠ᠃ ᠠᠭᠤᠯᠠ   ᠶᠢᠨ ᠪᠠᠷ᠎ᠠ ᠨᠢ ᠵᠡᠬᠦᠨ ᠲᠠᠯ᠎ᠠ ᠳᠠᠭᠠᠨ ᠠᠷᠪᠢᠨ ᠲᠤᠮᠤ ᠬᠠᠳᠠ ᠲᠠᠢ ᠲᠤᠯᠠ ᠠᠷᠰᠯᠠᠨ ᠤ ᠲᠤᠯᠤᠭᠠᠢ᠂ ᠪᠠᠷᠠᠭᠤᠨᠰᠢ ᠦᠷᠬᠦᠯᠵᠢᠯᠡᠭᠰᠡᠨ ᠠᠭᠤᠯᠠ   ᠶᠢ ᠠᠷᠰᠯᠠᠨ ᠤ ᠨᠢᠷᠤᠭᠤ ᠪᠠ ᠰᠡᠬᠦᠯ ᠭᠡᠳᠡᠭ᠃  ᠪᠤᠤᠴᠠᠩ ᠤᠨ ᠠᠷᠤ   ᠪᠠᠷ ᠬᠦᠨᠳᠡᠯᠢᠳᠦᠨ ᠰᠡᠬᠦᠶᠢᠭᠰᠡᠨ ᠪᠠᠷᠰ ᠠᠭᠤᠯᠠ ᠪᠤᠯ ᠵᠡᠬᠦᠨ ᠵᠦᠭ ᠤᠨ ᠬᠦᠴᠦᠳᠦ ᠪᠠᠷᠰ ᠨᠢ ᠶᠤᠮ ᠭᠡᠨ᠎ᠡ᠃ ᠠᠯᠤᠰ ᠠᠴᠠ ᠰᠠᠷᠠᠪᠴᠢᠯᠠᠨ ᠬᠠᠷᠠᠬᠤᠯ᠎ᠠ ᠶᠠᠭ ᠯᠠ ᠪᠡᠶ᠎ᠡ ᠪᠠᠨ ᠬᠤᠷᠢᠶᠠᠵᠤ ᠤᠷᠬᠢᠷᠠᠨ ᠦᠰᠦᠷᠬᠦ ᠶᠢ ᠵᠠᠪᠳᠤᠭᠰᠠᠨ ᠲᠤᠮᠤ ᠪᠠᠷᠰ ᠮᠡᠳᠦ ᠬᠠᠷᠠᠭᠳᠠᠨᠠᠮ᠃ ᠠᠭᠤᠯᠠ   ᠶᠢᠨ ᠤᠷᠤᠢ ᠳᠤ ᠨᠠᠢᠮᠠᠨ ᠲᠤᠯᠤᠭᠠᠢ ᠲᠠᠢ᠂ ᠨᠠᠢᠮᠠᠨ ᠲᠤᠯᠤᠭᠠᠢ ᠳᠤᠨᠢ ᠡᠷᠳᠡᠨᠢ ᠶᠢᠨ ᠨᠠᠢᠮᠠᠨ   ᠬᠦᠯᠦᠭ ᠲᠡᠯ ᠢᠶᠠᠨ ᠪᠤᠰᠬᠠᠨ ᠠᠰᠯᠠᠨ ᠪᠤᠰᠴᠤ᠂  ᠠᠷᠤ ᠠᠴᠠ ᠨᠢ ᠤᠨᠳᠤᠷᠤᠭᠰᠠᠨ ᠡᠷᠳᠡᠨᠢ ᠶᠢᠨ ᠪᠤᠯᠠᠭ ᠲᠤ ᠬᠠᠶᠠ ᠪᠠᠭᠤᠵᠤ ᠤᠰᠤ ᠤᠤᠭᠤᠳᠠᠭ ᠬᠡᠨ᠎ᠡ᠃     ᠲᠠᠶᠢᠹᠤᠰᠧ   ᠶᠢᠨ ᠬᠢᠯᠢ ᠳᠤ ᠡᠩᠬᠡ ᠠᠮᠤᠭᠤᠯᠠᠩ ᠤᠨ ᠪᠠᠶᠢᠭᠤᠯᠤᠭᠰᠠᠨ ᠮᠠᠯᠠᠭᠠᠢ ᠶᠢᠨ ᠰᠦᠮ᠎ᠡ  ᠂  ᠶᠤᠸᠠᠨ ᠤᠯᠤᠰ ᠤᠨ ᠦᠶ᠎ᠡ ᠶᠢᠨ  ᠪᠤᠤᠴᠠᠩ  ᠵᠸᠦ ᠶᠢᠨ ᠴᠢᠯᠠᠭᠤᠨ ᠬᠦᠰᠢᠶ᠎ᠡ᠂ ᠰᠤᠨᠢᠨ ᠭᠠᠶᠢᠬᠠᠯᠳᠠᠢ ᠡᠷᠳᠡᠨ ᠤ ᠬᠦᠮᠦᠨ ᠤ ᠱᠤᠭᠤᠮᠠᠯ  ᠵᠡᠷᠭᠡ ᠰᠤᠶᠤᠯ ᠲᠡᠦᠬᠡ ᠶᠢᠨ ᠦᠨᠡᠳᠦ ᠦᠪ  ᠵᠦᠩᠳᠡᠭᠡᠨ ᠬᠠᠷᠠᠭᠳᠠᠬᠤ ᠪᠦᠭᠡᠳ ᠮᠢᠩᠭᠠᠨ ᠭᠠᠵᠠᠷ ᠰᠤᠨᠤᠯᠵᠠᠭᠰᠠᠨ ︽ᠠᠯᠳᠠᠨ ᠤᠯᠤᠰ ᠤᠨ ᠤᠷᠳᠤ ᠴᠠᠭᠠᠨ ᠬᠡᠷᠡᠮ︾  ᠪᠠᠰᠠ ᠡᠨᠡ ᠨᠤᠳᠤᠭ ᠢ ᠬᠦᠨᠳᠡᠯᠡᠨ ᠰᠤᠨᠳᠠᠯᠠᠵᠤ  ᠪᠠᠶᠢᠳᠠᠭ᠃       ᠲᠠᠶᠢᠹᠤᠰᠧ ᠬᠤᠰᠢᠭᠤ ᠪᠤᠯ ᠵᠡᠬᠦᠨ ᠭᠠᠷ ᠲᠠᠶᠢᠹᠤᠰᠧ  — ᠬᠦᠨᠪᠤᠯᠠᠭ ᠠᠴᠠ ᠡᠬᠢ ᠡᠬᠦᠰᠦᠯ ᠲᠠᠢ ᠬᠤᠰᠢᠭᠤ  ᠪᠤᠯᠠᠢ  ᠂ ᠲᠠᠶᠢᠹᠤᠰᠧ ᠤᠨ ᠴᠤᠷ ᠤᠨ ᠭᠠᠭᠴᠠ ᠮᠤᠩᠭᠤᠯ ᠰᠤᠮᠤ ᠪᠤᠯ ᠬᠦᠨᠪᠤᠯᠠᠭ  ᠂  ᠡᠨᠡ  ᠬᠦ᠋ ᠠᠯᠠᠭᠠᠨ ᠴᠢᠨᠡᠬᠡᠨ  ᠮᠤᠩᠭᠤᠯ ᠨᠤᠳᠤᠭ ᠢ  ᠡᠳᠦᠬᠡ  ᠪᠤᠯᠳᠠᠯ᠎ᠠ ᠰᠠᠬᠢᠨ ᠬᠠᠮᠠᠭᠠᠯᠠᠵᠤ᠂  ᠨᠡᠬᠦᠳᠡᠯ ᠮᠠᠯᠵᠢᠯ ᠮᠤᠩᠭᠤᠯ ᠰᠤᠶᠤᠯ ᠢᠶᠠᠨ ᠤᠯᠠᠮᠵᠢᠯᠠᠨ ᠵᠠᠯᠭᠠᠮᠵᠢᠯᠠᠵᠤ ᠶᠠᠪᠤᠭ᠎ᠠ ᠬᠦᠮᠦᠰ ᠪᠤᠯ ᠬᠦᠨᠪᠤᠯᠠᠭᠴᠤᠳ᠃  ᠲᠠᠶᠢᠹᠤᠰᠧ ᠤᠨ ᠨᠡᠬᠦᠳᠡᠯ ᠮᠠᠯᠵᠢᠯ ᠤᠨ ᠰᠤᠶᠤᠯ ᠨᠢ ᠬᠦᠨᠪᠤᠯᠠᠭ ᠰᠤᠮᠤ ᠪᠠᠷ ᠯᠠ ᠭᠤᠤᠯᠯᠠᠬᠤ ᠤᠴᠢᠷᠳᠠᠢ  ᠂ ᠪᠤᠰᠤᠳ ᠰᠤᠶᠤᠯ ᠪᠤᠯ  ᠪᠦᠷ ᠰᠡᠬᠦᠯ ᠳᠤ ᠤᠷᠤᠵᠤ ᠢᠷᠡᠭᠰᠡᠨ ᠰᠤᠶᠤᠯ ᠪᠦᠯᠦᠬᠡ᠃       ᠤᠶᠢᠷ᠎ᠠ ᠶᠢᠨ ᠵᠢᠯ ᠳᠤ᠂  ᠲᠠᠶᠢᠹᠤᠰᠧ  ᠬᠤᠰᠢᠭᠤ ᠨᠢ  ᠰᠤᠶᠤᠯ ᠲᠡᠤᠭᠡ ᠶᠢᠨ ᠲᠤᠷᠠᠰᠬᠠᠯᠳᠦ ᠵᠦᠢᠯᠡᠰ ᠤᠨ ᠬᠠᠮᠠᠭᠠᠯᠠᠯᠳᠠ ᠶᠢᠨ ᠠᠵᠢᠯ ᠢ ᠢᠳᠡᠪᠬᠢᠳᠡᠢ ᠬᠢᠵᠦ᠂ ᠰᠤᠶᠤᠯ ᠤᠨ ᠦᠪ ᠤᠨ ᠨᠡᠶᠢᠳᠡᠮ ᠪᠠᠶᠢᠴᠠᠭᠠᠯᠳᠠ ᠶᠢᠨ ᠠᠵᠢᠯ ᠢ ᠦᠷᠷᠨᠢᠬᠦᠯᠬᠦ ᠶᠠᠪᠤᠴᠠ ᠳᠠᠭᠠᠨ᠂  ᠲᠤᠰ  ᠬᠤᠰᠢᠭᠤᠨ ᠤ ᠪᠠᠨ ᠨᠤᠳᠤᠭ   ᠲᠤ  ᠪᠠᠶᠢᠭ᠎ᠠ  ᠂  ᠡᠷᠳᠡᠨ ᠤ ᠬᠤᠳᠠ ᠪᠠᠯᠭᠠᠳ᠂ ᠰᠦᠮ᠎ᠡ ᠬᠡᠶᠢᠳ᠂  ᠤᠪᠤᠭ᠎ᠠ ᠪᠤᠩᠬᠤᠨ᠂ ᠭᠡᠷ ᠪᠠᠷᠢᠯᠭ᠎ᠠ  ᠵᠡᠷᠭᠡ  ᠰᠤᠶᠤᠯ ᠲᠡᠦᠬᠡ ᠶᠢᠨ ᠲᠤᠷᠠᠰᠬᠠᠯᠳᠤ ᠵᠦᠢᠯ 71   ᠶᠢ ᠢᠯᠡᠷᠡᠬᠦᠯᠵᠦ  ᠂  ᠲᠤᠰᠪᠤᠷᠢ ᠤᠯᠤᠰ᠂ ᠤᠷᠤᠨ᠂ ᠠᠶᠢᠮᠠᠭ  ᠂ ᠬᠤᠰᠢᠭᠤ ᠱᠠᠳᠤᠨ ᠤ ᠰᠢᠯᠵᠢᠬᠦᠯᠵᠦ  ᠪᠤᠯᠤᠰᠢ ᠦᠬᠡᠢ ᠭᠤᠤᠯᠳᠠᠯᠭᠠᠳᠠᠢ ᠬᠠᠮᠠᠭᠠᠯᠠᠯᠳᠠ ᠶᠢᠨ ᠲᠦᠷᠦᠯ ᠵᠦᠢᠯ ᠳᠤ  ᠤᠷᠤᠭᠤᠯᠤᠭᠠᠳ᠂ ᠲᠤᠰ ᠬᠤᠰᠢᠭᠤᠨ ᠳᠤ ᠰᠤᠶᠤᠯ ᠲᠡᠦᠬᠡ ᠶᠢᠨ ᠲᠤᠷᠠᠰᠬᠠᠯᠳᠤ ᠵᠦᠢᠯ ᠦᠬᠡᠢ ᠪᠠᠶᠢᠭᠰᠠᠨ ᠲᠡᠦᠬᠡ ᠶᠢ  ᠡᠴᠦᠰᠯᠡᠬᠦᠯᠦᠭᠰᠡᠨ ᠤ ᠬᠠᠮᠳᠤ᠂  ᠬᠠᠭᠠᠨ ᠤ ᠠᠳᠤᠭᠤᠨ ᠰᠤᠶᠤᠯ ᠤᠨ ᠮᠦᠽᠸᠢ ᠶᠢ ᠪᠠᠶᠢᠭᠤᠯᠤᠨ᠂  ᠨᠢᠭᠡ  ᠪᠦᠯᠦᠭ ᠲᠡᠤᠭᠡ   ᠶᠢᠨ ᠲᠤᠷᠠᠰᠬᠠᠯᠳᠦ ᠵᠦᠢᠯᠡᠰ ᠢ ᠴᠤᠭᠯᠠᠭᠤᠯᠤᠨ  ᠬᠠᠳᠠᠭᠠᠯᠠᠵᠤ᠂  ᠬᠤᠰᠢᠭᠤ ᠨᠤᠳᠤᠭ ᠤᠨ ᠢᠶᠠᠨ ᠲᠡᠦᠬᠡ ᠰᠤᠶᠤᠯ ᠢ ᠤᠯᠠᠮ ᠬᠦᠨ ᠬᠦᠨᠵᠡᠭᠡᠢ ᠠᠭᠤᠳᠠᠯᠠᠨ ᠢᠯᠡᠷᠡᠬᠦᠯᠵᠦ᠂ ᠠᠵᠤ ᠠᠬᠤᠢ ᠨᠡᠶᠢᠬᠡᠮ ᠤᠨ ᠪᠦᠬᠦ ᠲᠠᠯ᠎ᠠ ᠶᠢᠨ ᠬᠦᠭᠵᠢᠯᠳᠡ ᠶᠢ ᠲᠦᠯᠬᠢᠨ ᠠᠬᠢᠭᠤᠯᠬᠤ ᠳᠤ ᠶᠡᠬᠡᠬᠡᠨ ᠬᠤᠪᠢ ᠨᠡᠮᠡᠷᠢ ᠦᠵᠡᠬᠦᠯᠦᠭᠰᠡᠨ ᠶᠤᠮ᠃     ᠡᠬᠦᠨ ᠤ ᠬᠠᠮᠳᠤ᠂  ᠪᠤᠳᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳᠠ ᠶᠢᠨ ᠠᠵᠢᠯ ᠢ ᠦᠷᠨᠢᠬᠦᠯᠵᠦ ᠡᠬᠢᠯᠡᠭᠰᠡᠨ ᠠᠴᠠ ᠨᠠᠰᠢ᠂ ᠲᠡᠭᠡᠳᠦ ᠱᠠᠳᠤᠨ ᠤ ᠠᠵᠢᠯ ᠤᠨ ᠪᠠᠶᠢᠷᠢᠯᠠᠭᠤᠯᠤᠯᠳᠠ ᠶᠤᠰᠤᠭᠠᠷ  ︽ᠪᠤᠳᠠᠰ ᠤᠨ ᠪᠤᠰᠤ ᠰᠤᠶᠤᠯ ᠤᠨ ᠦᠪ ᠤᠨ ᠬᠠᠤᠯᠢ︾ ᠶᠢ ᠬᠦᠨᠵᠡᠬᠡᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠪᠤᠳᠠᠰ ᠤᠨ ᠪᠤᠰᠤ ᠰᠤᠶᠤᠯ ᠤᠨ ᠦᠪ   ᠢ ᠤᠯᠠᠮᠵᠢᠯᠠᠨ ᠬᠦᠭᠵᠢᠬᠦᠯᠬᠦ ᠵᠢᠮ᠎ᠡ ᠬᠠᠤᠯᠢ ᠶᠢ ᠵᠢᠷᠤᠮᠯᠠᠨ᠂   ᠡᠯ᠎ᠡ ᠲᠦᠷᠦᠯ ᠤᠨ ᠤᠯᠠᠮᠵᠢᠯᠠᠨ ᠬᠠᠮᠠᠭᠠᠯᠠᠬᠤ ᠠᠵᠢᠯ ᠢ ᠢᠳᠡᠪᠬᠢᠳᠡᠢ ᠲᠦᠯᠬᠢᠨ ᠠᠬᠢᠭᠤᠯᠵᠤ ᠢᠷᠡᠭᠰᠡᠨ ᠪᠠᠶᠢᠨ᠎ᠠ᠃  ᠲᠤᠰ ᠬᠤᠰᠢᠭᠤ ᠨᠢ  ᠬᠦᠨ ᠬᠦᠨᠵᠡᠬᠡᠢ ᠪᠠᠶᠢᠴᠠᠭᠠᠨ ᠰᠤᠳᠤᠯᠤᠯᠳᠠ ᠬᠢᠬᠦ ᠪᠠᠷ ᠲᠠᠮᠵᠢᠭᠠᠳ᠂ 27 ᠲᠦᠷᠦᠯ ᠤᠨ ᠪᠤᠳᠠᠰ ᠤᠨ ᠪᠤᠰᠤ ᠰᠤᠶᠤᠯ ᠤᠨ ᠦᠪ   ᠢ  ᠰᠢᠭᠰᠢᠨ ᠲᠤᠭᠳᠠᠵᠤ᠂ ᠪᠢᠴᠢᠭ ᠮᠠᠲ᠋ᠧᠷᠢᠶᠠᠯ᠂   ᠵᠢᠷᠤᠭ ᠰᠡᠬᠦᠳᠡᠷ᠂  ᠲᠠᠭᠤ ᠲᠦᠷᠰᠦ ᠰᠢᠩᠭᠡᠭᠡᠯᠳᠡ ᠵᠡᠷᠭᠡ 5TB᠂  ᠬᠤᠯᠪᠤᠭᠳᠠᠬᠤ ᠵᠠᠭᠪᠤᠷ ᠮᠠᠲ᠋ᠧᠷᠢᠶᠠᠯ ᠢ ᠮᠢᠩᠭ᠎ᠠ ᠭᠠᠷᠤᠢ ᠬᠤᠪᠢ  ᠴᠤᠭᠯᠠᠭᠤᠯᠵᠤ ᠬᠠᠳᠠᠭᠠᠯᠠᠪᠠ  ᠃ ᠡᠬᠦᠨ   ᠤ ᠲᠤᠳᠤᠷ᠎ᠠ᠂ ᠦᠪᠡᠷᠳᠡᠭᠡᠨ ᠵᠠᠰᠠᠬᠤ ᠤᠷᠤᠨ ᠤ  ᠲᠡᠰ ᠤᠨ ᠰᠤᠶᠤᠯ ᠤᠨ ᠦᠪ ᠲᠤ ︽ ᠠᠰᠤᠷᠤ︾  ᠂ ︽ᠵᠡᠬᠦᠨ ᠵᠠᠮ ᠤᠨ ᠬᠤᠤᠰᠯᠠᠯ ᠵᠦᠴᠦᠭᠡ︾᠂ ︽ᠲᠠᠶᠢᠹᠤᠰᠧ ᠬᠤᠰᠢᠭᠤᠨ ᠤ  ᠠᠷᠠᠳ ᠤᠨ ᠴᠠᠭᠠᠰᠤᠨ ᠬᠠᠶᠢᠴᠢᠯᠠᠮᠠᠯ︾᠂  ︽ᠲᠠᠶᠢᠹᠤᠰᠧ ᠬᠤᠰᠢᠭᠤᠨ ᠤ ᠱᠠᠨ ᠰᠢ ᠵᠦᠴᠦᠭᠡ︾᠂ ︽ᠳ᠋ᠧᠩᠯᠤ ᠬᠦᠷᠦᠬᠦ ᠮᠡᠷᠭᠡᠵᠢᠯ︾  ᠵᠡᠷᠭᠡ  5 ᠲᠦᠷᠦᠯ  ᠤᠷᠤᠵᠤ᠂  ᠠᠶᠢᠮᠠᠭ ᠤᠨ ᠲᠡᠰ ᠤᠨ  ᠰᠤᠶᠤᠯ ᠤᠨ ᠦᠪ ᠲᠤ ︽ᠬᠤᠯᠪᠤᠭ᠎ᠠ︾᠂ ︽ᠶᠢᠤᠮᠠᠢ ᠶᠢᠨ ᠭᠤᠯᠢᠷ ᠤᠨ ᠬᠤᠭᠤᠯᠠ ᠬᠢᠬᠦ ᠮᠡᠷᠭᠡᠵᠢᠯ︾᠂ ︽ ᠲᠠᠯ᠎ᠠ ᠨᠤᠳᠤᠭ ᠤᠨ ᠬᠠᠷ᠎ᠠ ᠠᠷᠢᠬᠢ ᠨᠡᠷᠡᠬᠦ ᠮᠡᠷᠭᠡᠵᠢᠯ︾᠂ ︽ ᠴᠠᠭᠠᠰᠤᠨ ᠰᠢᠪᠠᠭᠤ ᠬᠢᠬᠦ ᠮᠡᠷᠭᠡᠵᠢᠯ︾ ᠵᠡᠷᠭᠡ 19 ᠲᠦᠷᠦᠯ  ᠭᠠᠷᠴᠠᠭᠯᠠᠭᠳᠠᠭᠰᠠᠨ ᠪᠠᠶᠢᠨ᠎ᠠ᠃  ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ ᠪᠠᠷ 36 ᠬᠦᠮᠦᠨ ᠢ ᠮᠡᠳᠡᠬᠦᠯᠵᠦ᠂  ᠡᠬᠦᠨ ᠤ ᠲᠤᠳᠤᠷ᠎ᠠ᠂  ᠤᠷᠤᠨ ᠤ ᠲᠡᠰ ᠤᠨ 4 ᠬᠦᠮᠦᠨ᠂ ᠠᠶᠢᠮᠠᠭ ᠤᠨ ᠲᠡᠰ ᠤᠨ 22 ᠬᠦᠮᠦᠨ  ᠪᠠᠶᠢᠭ᠎ᠠ᠃  ᠪᠤᠳᠠᠰ ᠤᠨ ᠪᠤᠰᠤ ᠰᠤᠶᠤᠯ ᠤᠨ ᠦᠪ  ᠤᠨ ᠬᠠᠮᠠᠭᠠᠯᠠᠯᠳᠠ ᠶᠢᠨ  ᠠᠵᠢᠯ ᠢ ᠤᠯᠠᠮ ᠨᠢᠬᠡ ᠠᠯᠬᠤᠮ ᠲᠦᠷᠭᠡᠳᠭᠡᠨ ᠠᠬᠢᠭᠤᠯᠵᠤ᠂  ᠲᠤᠮᠳᠠᠳᠤ ᠶᠢᠨ ᠦᠨᠳᠦᠰᠦᠳᠡᠨ ᠤ ᠤᠯᠠᠮᠵᠢᠯᠠᠯᠳᠤ ᠰᠤᠳᠤᠨ ᠰᠤᠶᠤᠯ ᠢ ᠨᠡᠩ ᠰᠠᠶᠢᠨ ᠵᠠᠯᠭᠠᠮᠵᠢᠯᠠᠵᠤ᠂ ᠬᠠᠮᠠᠭᠠᠯᠠᠵᠤ᠂  ᠲᠡᠯᠭᠡᠷᠡᠬᠦᠯᠬᠦ  ᠶᠢᠨ ᠲᠦᠯᠦᠬᠡ᠂  ᠲᠤᠰ ᠬᠤᠰᠢᠭᠤ ᠨᠢ ᠭᠤᠤᠯᠳᠠᠯᠭᠠᠳᠠᠢ ᠪᠤᠳᠠᠰ ᠤᠨ ᠪᠤᠰᠤ ᠰᠤᠶᠤᠯ ᠤᠨ ᠦᠪ   ᠢ ᠤᠯᠠᠮᠵᠢᠯᠠᠨ ᠬᠠᠮᠠᠭᠠᠯᠠᠬᠤ ᠲᠠᠯᠠᠪᠠᠷ᠂  ᠰᠢᠨ᠎ᠡ ᠨᠢᠬᠡᠨ ᠦᠶ᠎ᠡ ᠶᠢᠨ  ᠲᠤᠬᠢᠷᠠᠮᠵᠢᠳᠠᠢ ᠵᠠᠯᠭᠠᠮᠵᠢᠯᠠᠭᠴᠢ ᠪᠠᠷ  ᠭᠤᠴᠢᠭᠠᠳ ᠬᠦᠮᠦᠨ ᠢ  ᠬᠦᠮᠦᠵᠢᠬᠦᠯᠦᠨ᠂  ︽ᠲᠠᠶᠢᠹᠤᠰᠧ ᠤᠨ ᠦᠪ ᠰᠤᠶᠤᠯ︾ — —  ᠪᠤᠳᠠᠰ ᠤᠨ ᠪᠤᠰᠤ ᠰᠤᠶᠤᠯ ᠤᠨ ᠦᠪ ᠤᠨ  ᠲᠤᠰᠬᠠᠢ ᠰᠡᠳᠬᠦᠯ   ᠢ ᠨᠠᠶᠢᠷᠠᠭᠤᠯᠤᠨ ᠬᠡᠪᠯᠡᠬᠦᠯᠵᠦ᠂  ᠡᠷᠳᠡᠮ ᠰᠢᠨᠵᠢᠯᠡᠬᠡᠨ ᠤ ᠰᠤᠳᠤᠯᠤᠨ ᠶᠠᠷᠢᠯᠴᠠᠬᠤ ᠬᠤᠷᠠᠯ   ᠢ ᠲᠤᠭᠳᠠᠮᠠᠯ ᠬᠤᠭᠤᠴᠠᠭ᠎ᠠ ᠲᠠᠢ  ᠡᠷᠬᠢᠯᠡᠬᠦ ᠶᠢᠨ ᠬᠠᠮᠳᠤ᠂  ᠭᠠᠳᠠᠭᠰᠢ  ᠤᠬᠠᠭᠤᠯᠭ᠎ᠠ ᠶᠢ ᠲᠠᠰᠤᠷᠠᠯᠳᠠ ᠦᠬᠡᠢ ᠦᠷᠭᠡᠳᠭᠡᠵᠦ᠂  ᠰᠤᠶᠤᠯ ᠤᠨ ᠨᠡᠷᠡᠳᠦ ᠲᠡᠮᠳᠡᠭ ᠢ  ᠪᠦᠬᠦ ᠬᠦᠴᠦᠨ ᠢᠶᠠᠷ  ᠡᠬᠦᠳᠦᠭᠰᠡᠨ ᠪᠠᠶᠢᠨ᠎ᠠ᠃  ︽ᠪᠤᠳᠠᠰ  ᠤᠨ ᠪᠤᠰᠤ ᠰᠤᠶᠤᠯ ᠤᠨ ᠦᠪ ᠤᠨ ᠡᠳᠦᠷ︾ ᠵᠡᠷᠭᠡ ᠶᠢ ᠲᠤᠬᠢᠶᠠᠯᠳᠤᠭᠤᠯᠤᠨ᠂  ᠲᠡᠯᠬᠡᠨ ᠦᠵᠡᠬᠦᠯᠦᠯᠬᠡ ᠪᠠ  ᠤᠬᠠᠭᠤᠯᠭ᠎ᠠ ᠲᠠᠨᠢᠯᠴᠠᠭᠤᠯᠭ᠎ᠠ ᠶᠢᠨ ᠠᠵᠢᠯᠯᠠᠭ᠎ᠠ ᠶᠢ ᠵᠤᠬᠢᠶᠠᠨ ᠪᠠᠶᠢᠭᠤᠯᠵᠤ  ᠦᠷᠨᠢᠬᠦᠯᠦᠨ᠂ 3 ᠲᠦᠮᠡ ᠢᠯᠡᠬᠦᠦ ᠬᠤᠪᠢ ᠤᠬᠠᠭᠤᠯᠭ᠎ᠠ ᠶᠢᠨ ᠮᠠᠲ᠋ᠧᠷᠢᠶᠠᠯ ᠲᠠᠷᠬᠠᠭᠠᠵᠤ᠂ ︽ᠲᠠᠶᠢᠹᠤᠰᠧ ᠬᠤᠰᠢᠭᠤᠨ ᠤ  ᠱᠠᠨ ᠰᠢ ᠵᠦᠴᠦᠭᠡ ᠶᠢᠨ ᠰᠤᠶᠤᠯ ᠢ ᠠᠭᠤᠳᠠᠯᠠᠨ ᠬᠦᠭᠵᠢᠬᠦᠯᠬᠦ ᠰᠢᠨ᠎ᠡ ᠰᠡᠳᠬᠢᠴᠡ︾ ᠵᠡᠷᠭᠡ ᠦᠬᠦᠯᠡᠯ ᠢ ᠨᠡᠶᠢᠳᠡᠯᠡᠨ᠂  ᠪᠦᠬᠦ ᠠᠶᠢᠮᠠᠭ ᠤᠨ ᠵᠡᠬᠦᠨ ᠵᠠᠮ ᠤᠨ ᠬᠤᠤᠰᠯᠠᠯ ᠵᠦᠴᠦᠭᠡ ᠶᠢᠨ ᠤᠯᠠᠮᠵᠢᠯᠠᠭᠴᠢ ᠶᠢᠨ ᠪᠤᠯᠪᠠᠰᠤᠷᠠᠯ᠂  ᠲᠠᠶᠢᠹᠤᠰᠧ ᠬᠤᠰᠢᠭᠤᠨ ᠤ ᠠᠷᠠᠳ ᠤᠨ ᠴᠠᠭᠠᠰᠤᠨ ᠬᠠᠶᠢᠴᠢᠯᠠᠮᠠᠯ ᠤᠨ ᠪᠤᠯᠪᠠᠰᠤᠷᠠᠯ ᠵᠡᠷᠭᠡ  ᠬᠢᠴᠢᠶᠡᠯ ᠪᠤᠯᠪᠠᠰᠤᠷᠠᠯ ᠢ  ᠬᠤᠷᠢᠭᠠᠳ ᠤᠳᠠᠭ᠎ᠠ ᠡᠷᠬᠢᠯᠡᠵᠦ᠂  ᠪᠦᠬᠦ ᠠᠶᠢᠮᠠᠭ ᠤᠨ  ᠪᠤᠳᠠᠰ ᠤᠨ ᠪᠤᠰᠤ ᠰᠤᠶᠤᠯ ᠤᠨ ᠦᠪ ᠤᠨ ᠠᠵᠢᠯ ᠤᠨ ᠦᠷ᠎ᠡ ᠪᠦᠳᠦᠬᠡᠯ ᠤᠨ ᠦᠵᠡᠰᠬᠦᠯᠡᠩ ᠵᠡᠷᠭᠡ ᠰᠢᠷᠢᠰ ᠬᠦᠳᠡᠯᠪᠦᠷᠢ ᠠᠵᠢᠯᠯᠠᠭ᠎ᠠ ᠳᠤ ᠤᠷᠤᠯᠴᠠᠭᠠᠳ᠂ ᠲᠤᠩ ᠰᠠᠶᠢᠨ ᠠᠮᠵᠢᠯᠳᠠ ᠪᠦᠳᠦᠮᠵᠢ ᠤᠯᠵᠠᠢ᠃  ᠡᠬᠦᠨ ᠤ ᠬᠠᠮᠳᠤ᠂ ᠲᠠᠶᠢᠹᠤᠰᠧ ᠬᠤᠰᠢᠭᠤᠨ ᠤ ᠱᠠᠨ ᠰᠢ ᠵᠦᠴᠦᠭᠡ᠂ ᠵᠡᠬᠦᠨ ᠵᠠᠮ ᠤᠨ ᠬᠤᠤᠰᠯᠠᠯ ᠵᠦᠴᠦᠭᠡ᠂ ᠲᠡᠮᠦᠷ ᠤᠳᠠᠰᠤᠨ ᠳ᠋ᠧᠩᠯᠤ ᠬᠦᠷᠦᠬᠦ ᠮᠡᠷᠭᠡᠵᠢᠯ ᠢ ᠵᠢᠭᠠᠵᠤ ᠤᠯᠠᠮᠵᠢᠯᠠᠬᠤ ᠪᠤᠯᠪᠠᠰᠤᠷᠠᠯ ᠤᠨ ᠰᠠᠭᠤᠷᠢᠨ ᠭᠠᠵᠠᠷ ᠢ  ᠪᠠᠶᠢᠭᠤᠯᠤᠭᠰᠠᠨ ᠨᠢ ᠪᠤᠳᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳᠠ ᠶᠢᠨ ᠠᠵᠢᠯ ᠤᠨ ᠲᠦᠯᠦᠪᠵᠢᠬᠦᠯᠬᠡ᠂  ᠨᠡᠶᠢᠳᠡᠮ ᠪᠠᠶᠢᠴᠠᠭᠠᠯᠳᠠ᠂  ᠰᠤᠳᠤᠯᠭ᠎ᠠ ᠵᠢᠴᠢ ᠡᠩᠨᠡᠬᠡᠨ ᠤ ᠪᠠᠶᠢᠭᠤᠯᠤᠯᠳᠠ᠂ ᠲᠦᠷᠦᠯ ᠵᠦᠢᠯ  ᠤᠨ ᠮᠡᠳᠡᠬᠦᠯᠦᠯᠳᠡ᠂  ᠬᠢᠴᠢᠶᠡᠯ ᠪᠤᠯᠪᠠᠰᠤᠷᠠᠯ᠂ ᠤᠬᠠᠭᠤᠯᠭ᠎ᠠ ᠰᠤᠯᠢᠯᠴᠠᠭ᠎ᠠ ᠵᠡᠷᠭᠡ ᠡᠯ᠎ᠡ ᠲᠦᠷᠦᠯ ᠤᠨ ᠠᠵᠢᠯ ᠳᠤ ᠴᠢᠬᠤᠯᠠ  ᠦᠢᠯᠡᠳᠦᠯ ᠦᠵᠡᠬᠦᠯᠵᠦ᠂  ᠪᠤᠳᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳᠠ ᠶᠢᠨ ᠠᠵᠢᠯ ᠳᠤ ᠰᠢᠨ᠎ᠡ ᠠᠬᠢᠯᠳᠠ ᠭᠠᠷᠭᠠᠭᠰᠠᠨ ᠪᠠᠶᠢᠨ᠎ᠠ᠃  
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号