ᠤᠯᠠᠮᠵᠢᠯᠠᠯᠳᠤ ᠵᠠᠩ ᠦᠢᠯᠡ —  ᠪᠡᠯᠭᠡᠰᠢᠶᠡᠯ ᠪᠠ ᠴᠡᠭᠡᠷᠯᠡᠯ ᠲᠤᠮᠨᠤᠯ ᠤᠨ ᠶᠤᠰᠤᠨ
ᠨᠡᠶᠢᠲᠡᠯᠡᠭᠰᠡᠨ ᠴᠠᠭ᠄
2020/11/18
  ︽ᠮᠤᠩᠭᠤᠯ ᠬᠦᠮᠦᠨ ᠪᠡᠯᠬᠡ ᠪᠠᠷ︾ ᠬᠡᠵᠦ ᠨᠡᠶᠢᠳᠡ ᠮᠤᠩᠭᠤᠯᠴᠤᠳ ᠪᠡᠯᠬᠡ ᠲᠡᠮᠪᠡᠷᠢᠯ ᠲᠠᠢ ᠦᠬᠡ ᠶᠠᠷᠢᠶ᠎ᠠ᠂ ᠦᠢᠯᠡ  ᠠᠵᠢᠯᠯᠠᠭ᠎ᠠ ᠶᠢ ᠶᠡᠭᠡᠳᠡ ᠡᠷᠬᠢᠮᠯᠡᠳᠡᠭ ᠤᠨ ᠠᠳᠠᠯᠢ  ᠲᠠᠶᠢᠹᠤᠰᠧ ᠮᠤᠩᠭᠤᠯᠴᠤᠳ ᠴᠤ ᠢᠷᠦᠭᠡᠯ ᠪᠡᠯᠭᠡᠳᠡᠯ ᠢ ᠶᠠᠭᠤᠨ ᠠᠴᠠ ᠡᠷᠬᠢᠮᠯᠡᠵᠦ᠂ ᠪᠡᠯᠬᠡ ᠦᠬᠡᠢ ᠶᠠᠪᠤᠳᠠᠯ ᠤᠨ ᠴᠡᠭᠡᠷ ᠬᠤᠷᠢᠭ᠎ᠠ ᠶᠢ ᠴᠢᠩᠳᠠ ᠰᠠᠬᠢᠬᠤ ᠶᠢᠨ ᠬᠠᠮᠳᠤ ᠴᠡᠭᠡᠷ ᠠᠯᠳᠠᠬᠤ ᠪᠤᠶᠤ ᠵᠡᠳᠭᠡᠷ ᠲᠤᠬᠢᠶᠠᠯᠳᠤᠬᠤ ᠳᠤ ᠲᠤᠮ ᠬᠢᠬᠦ ᠦᠵᠡᠭᠳᠡᠯ ᠵᠦᠩᠳᠡᠭᠡᠨ ᠬᠠᠷᠠᠭᠳᠠᠵᠤ ᠪᠠᠶᠢᠳᠠᠭ᠃      ᠲᠠᠶᠢᠹᠤᠰᠧ ᠮᠤᠩᠭᠤᠯᠴᠤᠳ ︽ ᠠᠮᠠᠨ ᠤ ᠪᠡᠯᠭᠡ  ᠬᠠᠮᠢᠭᠠᠰᠢ ᠪᠠᠨ ᠪᠤᠯ ᠠᠰᠢᠳᠠ ᠶᠢᠨ ᠪᠡᠯᠬᠡ ᠲᠡᠰᠢ ᠪᠠᠨ︾ ᠬᠡᠮᠡᠨ ᠬᠡᠵᠢᠶᠡᠳᠡ ᠪᠡᠯᠬᠡ ᠲᠠᠢ ᠰᠠᠶᠢᠬᠠᠨ ᠦᠬᠡ ᠶᠠᠷᠢᠵᠤ ᠬᠡᠯᠡᠬᠦ ᠶᠢ ᠲᠤᠩ ᠴᠢᠬᠤᠯᠠᠴᠢᠯᠠᠨ᠎ᠠ᠃ ᠡᠳ᠋ ᠮᠦᠩᠬᠦ ᠪᠠᠷ ᠬᠡᠳᠦᠢ ᠬᠤᠮᠰᠠ ᠪᠠᠶᠢᠭᠰᠠᠨ ᠴᠤ ︽ᠪᠠᠶᠢᠨ᠎ᠠ ᠪᠠᠶᠢᠨ᠎ᠠ᠂  ᠵᠠᠷᠤᠭᠠᠳ ᠬᠦᠷᠴᠢᠬᠡᠨ᠎ᠡ︾  ᠬᠡᠵᠦ᠂  ᠪᠡᠶ᠎ᠡ ᠨᠢ ᠬᠡᠳᠦᠢ ᠠᠨᠠᠢ ᠪᠠᠶᠢᠭᠰᠠᠨ ᠴᠤ ︽ ᠵᠦᠬᠡᠷ ᠵᠦᠬᠡᠷ᠂ ᠰᠠᠶᠢᠨ ᠪᠠᠶᠢᠨ᠎ᠠ︾ ᠬᠡᠮᠡᠨ ᠪᠡᠯᠬᠡ ᠲᠠᠢ ᠦᠬᠡ ᠶᠠᠷᠢᠳᠠᠭ ᠶᠤᠮ᠃  ᠡᠨᠡ  ᠪᠤᠯ ᠬᠡᠵᠢᠶᠡᠳᠡ ᠪᠡᠯᠬᠡ ᠲᠠᠢ ᠦᠬᠡ ᠶᠠᠷᠢᠵᠤ ᠪᠠᠶᠢᠬᠤ ᠨᠢ ᠶᠠᠮᠠᠷ ᠴᠤ ᠵᠦᠢᠯ ᠠᠴᠠ ᠠᠬᠠᠳᠠᠬᠤ ᠡᠬᠦᠷᠢᠳᠡ ᠶᠢᠨ ᠪᠡᠯᠭᠡ ᠲᠡᠮᠪᠡᠷᠢᠯ ᠭᠡᠰᠡᠨ ᠰᠠᠨᠠᠭ᠎ᠠ ᠪᠠᠶᠢᠬ᠎ᠠ᠃  ᠬᠡᠵᠢᠶᠡᠳᠡ ᠪᠡᠯᠬᠡ ᠲᠠᠢ ᠦᠬᠡ ᠶᠠᠷᠢᠳᠠᠭ ᠬᠦᠮᠦᠨ ᠢ ᠰᠠᠶᠢᠨ ᠠᠮᠠ ᠲᠠᠢ ᠬᠦᠮᠦᠨ ᠬᠡᠨ᠎ᠡ᠃ ᠬᠡᠦᠭᠡᠳ ᠢ ᠲᠦᠷᠦᠬᠦ ᠠᠴᠠ ᠡᠬᠢᠯᠡᠭᠡᠳ ᠠᠮᠢ ᠪᠦᠬᠡ᠂ ᠨᠠᠰᠤ ᠤᠷᠳᠤ᠂  ᠪᠡᠶ᠎ᠡ ᠴᠢᠬᠢᠷᠠᠭ᠂ ᠤᠬᠠᠭᠠᠨ ᠰᠡᠴᠡᠨ᠂ ᠠᠮᠢᠳᠤᠷᠠᠯ ᠪᠠᠶᠠᠨ᠂ ᠦᠬᠡᠳᠡ ᠡᠰᠡᠷᠡᠭ ᠶᠠᠪᠤᠬᠤ ᠶᠢ ᠨᠢ ᠪᠡᠯᠬᠡᠰᠢᠶᠡᠵᠦ᠂ ᠨᠠᠰᠤᠬᠤᠷᠳᠤ᠂ ᠮᠦᠩᠭᠡᠴᠢᠯᠠᠭᠤ᠂ ᠬᠠᠳᠠᠨᠪᠠᠭᠠᠳᠤᠷ᠂ ᠭᠠᠩᠲᠡᠮᠦᠷ᠂ ᠪᠢᠯᠢᠭᠳᠦ᠂ ᠡᠷᠳᠡᠨᠢᠪᠢᠯᠢᠭ᠂ ᠪᠤᠶᠠᠨᠳᠠᠯᠠᠢ᠂ ᠡᠩᠬᠡᠪᠠᠶᠠᠷ᠂ ᠲᠦᠮᠡᠨᠵᠢᠷᠭᠠᠯ᠂ ᠭᠡᠰᠢᠭᠪᠡᠳᠦ᠂ ᠰᠠᠷᠠᠨᠬᠡᠷᠡᠯ᠂ ᠤᠳᠤᠨᠴᠢᠮᠡᠭ᠂ ᠭᠡᠷᠡᠯᠴᠤᠭᠳᠤ᠂ ᠬᠠᠰᠴᠢᠮᠡᠭ  ᠬᠡᠬᠦᠴᠢᠯᠡᠨ ᠪᠡᠯᠬᠡ ᠲᠡᠮᠪᠡᠷᠢᠯ ᠲᠠᠢ ᠰᠠᠶᠢᠬᠠᠨ ᠨᠡᠷ᠎ᠡ ᠬᠠᠶᠢᠷᠠᠯᠠᠳᠠᠭ ᠪᠦᠬᠡᠳ ᠡᠪᠦᠭᠡ ᠡᠮᠡᠭᠡ ᠨᠢ ᠦᠨᠳᠦᠷ ᠨᠠᠰᠤᠳᠠᠢ ᠬᠦᠮᠦᠨ ᠪᠠᠶᠢᠭᠰᠠᠨ ᠪᠤᠯ ᠨᠠᠰᠤᠨ ᠬᠤᠳᠤᠭ ᠢ ᠨᠢ ᠬᠦᠷᠳᠡᠬᠦ ᠬᠡᠵᠦ ᠲᠠᠯᠠᠨᠳᠠᠢ᠂ ᠨᠠᠶᠠᠨᠳᠠᠢ ᠬᠡᠬᠦ ᠮᠡᠳᠦ ᠪᠠᠷ ᠨᠡᠷᠡᠯᠡᠳᠡᠭ᠃      ᠲᠠᠶᠢᠹᠤᠰᠧ   ᠶᠢᠨ ᠬᠢᠨ ︽ᠢᠳᠡᠭᠡᠨ ᠤ ᠲᠡᠭᠡᠵᠢ ᠡᠯᠢᠬᠡᠨ ᠴᠠᠭᠠᠨ ᠲᠠᠷᠠᠭ᠂  ᠡᠳ᠋ ᠤᠨ ᠲᠡᠭᠡᠳᠦ ᠠᠷᠢᠭᠤᠨ ᠴᠠᠭᠠᠨ ᠬᠠᠳᠠᠭ︾  ᠬᠡᠮᠡᠵᠦ᠂  ᠶᠠᠮᠠᠷ ᠴᠤ ᠲᠤᠮᠤ ᠤᠴᠢᠷ ᠶᠠᠪᠤᠳᠠᠯ᠂ ᠨᠠᠶᠢᠷ ᠨᠠᠭᠠᠳᠤᠮ᠂ ᠪᠠᠶᠠᠷ  ᠲᠤᠷᠠᠰᠬᠠᠯ ᠳᠤ ᠰᠦ ᠪᠠ ᠬᠠᠳᠠᠭ ᠢ ᠪᠡᠯᠭᠡᠰᠢᠶᠡᠯ ᠵᠦᠩᠨᠡᠯ ᠤᠨ ᠲᠡᠷᠢᠬᠦᠨ ᠡᠳ᠋ ᠢᠶᠠᠷ ᠦᠵᠡᠳᠡᠭ  ᠃  ᠬᠠᠮᠤᠭ ᠤᠨ ᠲᠦᠷᠦᠬᠦᠨ ᠳᠤ ᠲᠦᠯᠯᠡᠭᠰᠡᠨ ᠮᠠᠯ ᠤᠨ ᠬᠠᠮᠤᠭ ᠤᠨ ᠡᠬᠢᠨ ᠤ ᠰᠦ ᠶᠢ ᠬᠠᠨ ᠬᠤᠷᠮᠤᠰᠳᠠ ᠳᠤ ᠰᠠᠴᠤᠯᠢ ᠡᠷᠬᠦᠨ᠎ᠡ᠃ ᠬᠠᠮᠤᠭ ᠤᠨ ᠲᠦᠷᠦᠬᠦᠨ ᠤ ᠦᠨᠢᠶ᠎ᠡ ᠲᠤᠭᠤᠯᠯᠠᠬᠤ ᠳᠤ ᠪᠤᠳᠠᠭ᠎ᠠ ᠲᠠᠢ ᠤᠭᠤᠷᠠᠭ ᠴᠢᠨᠠᠵᠤ᠂ ᠠᠶᠢᠯ ᠬᠤᠳᠠᠨ ᠤ ᠬᠡᠦᠬᠡᠳ ᠢ ᠴᠤᠭᠯᠠᠭᠤᠯᠤᠨ ᠤᠭᠤᠷᠠᠭ ᠢᠳᠡᠬᠦᠯᠵᠦ᠂ ᠰᠦ ᠰᠠᠭᠠᠯᠢ ᠶᠢᠨ ᠡᠯᠪᠡᠭ ᠪᠤᠯᠬᠤ ᠶᠢ ᠪᠡᠯᠭᠡᠳᠡᠨ᠎ᠡ᠃ ᠵᠤᠨ ᠤ ᠡᠬᠢᠨ ᠰᠠᠷ᠎ᠠ  ᠳᠤ ᠲᠡᠭᠷᠢ ᠲᠤᠤᠭᠠᠷᠪᠠᠯ ︽ᠦᠩ ᠵᠢᠯ ᠪᠤᠯᠤᠨ᠎ᠠ︾ ᠬᠡᠮᠡᠨ ᠪᠡᠯᠭᠡᠰᠢᠶᠡᠵᠦ ᠰᠦ ᠡᠷᠬᠦᠨ ︽ᠵᠤᠳ ᠵᠤᠳ ᠴᠠᠰᠢ ᠪᠠᠨ᠂ ᠵᠤᠨ ᠵᠤᠨ‌ᠨᠠᠰᠢ ᠪᠠᠨ︾ ᠬᠡᠵᠦ ᠰᠦᠰᠦᠭ ᠢᠶᠠᠨ ᠬᠦᠢᠴᠡᠳᠭᠡᠨ᠎ᠡ᠃  ᠰᠦ ᠶᠢ ᠠᠰᠠᠬᠠᠵᠤ ᠴᠢᠳᠬᠤᠪᠠᠯ ᠪᠤᠶᠠᠨ ᠲᠤᠨᠳᠠᠷᠠᠨ᠎ᠠ ᠬᠡᠮᠡᠨ ᠠᠰᠬᠠᠭᠰᠠᠨ ᠰᠦᠨ ᠳᠤ ᠪᠠᠷᠠᠭᠤᠨ ᠭᠠᠷ ᠤᠨ ᠲᠤᠯᠤᠪᠤᠷ ᠬᠤᠷᠤᠭᠤ ᠪᠠᠨ ᠲᠦᠷᠦᠵᠦ ᠠᠪᠤᠭᠠᠳ ᠮᠠᠩᠨᠠᠢ ᠳᠠᠭᠠᠨ ᠬᠦᠷᠭᠡᠳᠡᠭ᠃ ᠰᠦ ᠲᠡᠭᠡᠷ᠎ᠡ ᠬᠠᠷ᠎ᠠ ᠤᠰᠤ ᠬᠢᠬᠦ ᠶᠢ ᠤᠨᠴᠠ ᠴᠡᠭᠡᠷᠯᠡᠨ᠎ᠡ᠃  ᠬᠡᠦᠬᠡᠳ ᠢᠶᠠᠨ ᠬᠤᠯᠠ ᠶᠠᠪᠤᠬᠤ ᠳᠤ ᠰᠦ ᠠᠮᠰᠠᠭᠤᠯᠵᠤ᠂ ᠠᠷᠤ ᠠᠴᠠ ᠨᠢ ᠰᠦ ᠡᠷᠬᠦᠳᠡᠭ ᠶᠠᠪᠤᠳᠠᠯ ᠪᠤᠯ ᠵᠠᠮ ᠮᠦᠷ ᠨᠢ ᠰᠢᠯᠤᠭᠤᠨ ᠴᠠᠭᠠᠨ ᠪᠠᠶᠢᠳᠤᠭᠠᠢ ᠬᠡᠰᠡᠨ ᠪᠡᠯᠭᠡᠳᠡᠯ ᠤᠨ ᠰᠠᠨᠠᠭ᠎ᠠ ᠪᠦᠬᠡᠳ ᠴᠠᠭᠠᠨ ᠦᠩᠬᠡ ᠶᠢ ᠪᠡᠯᠬᠡᠰᠢᠶᠡᠨ ᠡᠷᠬᠢᠮᠯᠡᠳᠡᠭ ᠤᠨ ᠢᠯᠡᠷᠡᠯ ᠪᠤᠯᠤᠨ᠎ᠠ᠃  ᠰᠠᠶᠢᠨ ᠪᠦᠬᠦᠨ ᠢ ᠴᠠᠭᠠᠨ ᠢᠶᠠᠷ ᠪᠡᠯᠭᠡᠳᠡᠵᠦ᠂ ᠮᠠᠭᠤ ᠪᠦᠬᠦᠨ ᠢ ᠬᠠᠷ᠎ᠠ ᠪᠠᠷ ᠪᠡᠯᠭᠡᠳᠡᠳᠡᠭ᠃ ᠰᠠᠶᠢᠨ ᠰᠠᠨᠠᠭ᠎ᠠ ᠲᠠᠢ ᠬᠦᠮᠦᠨ ᠢ ᠴᠠᠭᠠᠨ ᠰᠠᠨᠠᠭ᠎ᠠ ᠲᠠᠢ᠂ ᠰᠠᠶᠢᠨ ᠦᠢᠯᠡ  ᠶᠠᠪᠤᠳᠠᠯ ᠲᠠᠢ ᠬᠦᠮᠦᠨ ᠢ ᠴᠠᠭᠠᠨ ᠮᠦᠷ ᠲᠠᠢ ᠭᠡᠬᠦ ᠪᠦᠬᠡᠳ ᠮᠠᠭᠤ ᠰᠠᠨᠠᠭ᠎ᠠ ᠲᠠᠢ ᠬᠦᠮᠦᠨ ᠢ ᠪᠤᠯ ᠬᠠᠷ᠎ᠠ ᠰᠠᠨᠠᠭ᠎ᠠ ᠲᠠᠢ᠂ ᠮᠠᠭᠤ ᠶᠠᠪᠤᠳᠠᠯ ᠢ ᠪᠤᠯ ᠬᠠᠷ᠎ᠠ ᠢᠷᠸ᠎ᠠ  ᠲᠠᠢ ᠭᠡᠳᠡᠭ᠃ ᠬᠠᠷ᠎ᠠ ᠤᠰᠤ ᠰᠠᠮᠤᠷᠬᠤ ᠶᠢ ᠴᠡᠭᠡᠷᠯᠡᠵᠦ᠂ ᠬᠠᠷᠢᠶᠠᠯ ᠬᠢᠬᠦ ᠬᠦᠮᠦᠨ ᠬᠠᠷ᠎ᠠ ᠤᠰᠤ ᠰᠠᠮᠤᠷᠳᠠᠭ ᠭᠡᠳᠡᠭ᠃      ᠲᠠᠶᠢᠹᠤᠰᠧ ᠮᠤᠩᠭᠤᠯᠴᠤᠳ  ᠨᠠᠰᠤᠳᠠᠢ ᠨᠢᠯᠬ᠎ᠠ ᠪᠠᠨ ᠪᠠᠶᠠᠰᠬᠠᠬᠤ ᠶᠢ ᠪᠤᠶᠠᠨ ᠤ ᠦᠢᠯᠡ   ᠪᠠᠷ ᠰᠠᠨᠠᠵᠤ᠂ ᠭᠡᠷ ᠪᠦᠯᠢ ᠵᠢᠴᠢ ᠠᠶᠢᠯ ᠬᠤᠳᠠᠨ ᠤ ᠨᠠᠰᠤᠳᠠᠳ ᠢ ᠠᠳᠠᠯᠢ ᠪᠠᠷ ᠬᠦᠨᠳᠦᠯᠡᠨ᠂ ᠦᠷᠬᠦᠯᠵᠢ ᠡᠷᠬᠢᠵᠦ ᠲᠤᠭᠤᠷᠢᠵᠤ ᠠᠰᠠᠭᠤᠵᠤ ᠪᠤᠯᠭᠤᠭᠠᠨ᠂ ᠵᠦᠬᠡᠯᠡᠨ ᠰᠢᠮᠡᠳᠡᠢ ᠢᠳᠡᠭᠡᠨ ᠬᠢᠵᠦ ᠬᠦᠷᠭᠡᠵᠦ ᠦᠭᠳᠡᠭ᠃ ᠨᠠᠰᠤᠳᠠᠢ ᠬᠦᠮᠦᠨ ᠢ ᠪᠠᠶᠠᠰᠬᠠᠪᠠᠯ ᠨᠠᠰᠤᠨ ᠬᠤᠳᠤᠭ ᠢ ᠨᠢ ᠬᠦᠷᠳᠡᠨ᠎ᠡ ᠬᠡᠮᠡᠨ ᠪᠡᠯᠭᠡᠰᠢᠶᠡᠨ᠎ᠡ᠃ ᠨᠢᠯᠬ᠎ᠠ ᠬᠡᠦᠭᠡᠳ ᠨᠠᠰᠤᠳᠠᠢ ᠬᠦᠮᠦᠨ ᠢ ᠬᠠᠷᠠᠭᠠᠳ ᠢᠨᠢᠶᠡᠪᠡᠯ ᠨᠠᠰᠤᠳᠠᠨ ︽ᠮᠢᠨᠦ ᠦᠬᠦᠬᠦ ᠴᠠᠭ ᠪᠤᠯᠤᠭᠠᠳᠤᠢ ᠶᠤᠮ ᠪᠠᠶᠢᠨ᠎ᠠ︾ ᠭᠡᠵᠦ ᠶᠡᠭᠡ ᠯᠠ ᠪᠠᠶᠠᠰᠳᠠᠭ ᠃ ᠬᠡᠦᠭᠡᠳ ᠲᠤᠭᠳᠠᠬᠤ ᠦᠬᠡᠢ ᠠᠶᠢᠯ   ᠨᠢ  ᠠᠶᠢᠯ ᠰᠠᠭᠠᠬᠠᠯᠳᠠ ᠶᠢᠨ ᠭᠡᠦᠬᠡᠳ ᠢ ᠴᠤᠭᠯᠠᠭᠤᠯᠵᠤ ᠬᠤᠭᠤᠯᠠ ᠪᠤᠳᠠᠭ᠎ᠠ ᠢᠳᠡᠬᠦᠯᠬᠦ ᠪᠦᠬᠡᠳ ᠮᠤᠷᠢ  ᠤᠷᠤᠯᠳᠤᠭᠤᠯᠵᠤ ᠪᠦᠬᠡ  ᠪᠠᠷᠢᠯᠳᠤᠭᠤᠯᠬᠤ ᠵᠡᠷᠭᠡ ᠪᠠᠷ ᠬᠡᠦᠭᠡᠳ ᠤᠨ ᠵᠠᠶᠠᠭ᠎ᠠ  ᠬᠦᠰᠡᠬᠦ ᠪᠡᠯᠭᠡᠳᠡᠯ ᠪᠤᠯᠭᠠᠳᠠᠭ ᠪᠠᠶᠢᠪᠠ᠃  ᠬᠡᠦᠭᠡᠳ ᠰᠢᠨ᠎ᠡ ᠲᠡᠪᠡᠯ ᠭᠤᠳᠤᠯ   ᠲᠠᠢ ᠪᠤᠯᠪᠠᠯ᠂ ᠠᠶᠢᠯ ᠬᠤᠳᠠᠨ   ᠤ  ᠬᠢᠨ ᠳᠠᠭᠠᠨ ᠤᠴᠢᠵᠤ ᠲᠡᠪᠡᠯ ᠭᠤᠳᠤᠯ ᠢᠶᠠᠨ ᠮᠢᠯᠢᠶᠠᠯᠭᠠᠨ᠎ᠠ᠃ ᠲᠡᠬᠡᠬᠦ ᠳᠤ ᠨᠠᠰᠤᠳᠠᠶᠢᠴᠤᠳ ᠬᠡᠦᠬᠡᠳ ᠤᠨ ᠲᠡᠪᠡᠯ  ᠤᠨ ᠤᠮᠤᠭ ᠪᠤᠶᠤ ᠭᠤᠳᠤᠯ ᠤᠨ ᠬᠤᠩᠰᠢᠶᠠᠷ ᠲᠤ ᠰᠢᠷ᠎ᠠ ᠲᠤᠰᠤ ᠲᠦᠷᠬᠢᠵᠦ  ︽ᠤᠷᠳᠤ ᠨᠠᠰᠤᠯᠠ᠂ ᠤᠳᠠᠭᠠᠨ ᠵᠢᠷᠭ᠎ᠠ᠂ ᠤᠷᠳᠤ ᠬᠤᠷᠮᠤᠢ ᠶᠢ ᠨᠢ ᠤᠨᠠᠭ᠎ᠠ ᠲᠠᠭ᠎ᠠ ᠲᠠᠭᠠᠭ᠂ ᠬᠤᠶᠢᠳᠤ ᠬᠤᠷᠮᠤᠢ ᠶᠢ ᠨᠢ ᠬᠤᠷᠠᠭ᠎ᠠ ᠢᠰᠢᠭᠡ ᠲᠠᠭᠠᠭ ᠂ ᠲᠤᠰᠤᠨ ᠳᠤ ᠬᠦᠷ᠂ ᠲᠤᠭᠤᠰᠤᠨ ᠳᠤ ᠪᠤᠤ ᠬᠦᠷ᠂  ᠡᠳ᠋ ᠨᠢ ᠡᠯᠪᠡᠭ ᠡᠵᠡᠨ ᠨᠢ ᠮᠦᠩᠬᠡ ᠪᠤᠯᠤᠭ᠂ ᠡᠷᠬᠢᠬᠦ ᠵᠢᠯ ᠲᠤᠷᠭᠠᠨ ᠲᠡᠪᠡᠯ ᠡᠮᠦᠰᠦᠬᠡᠳ ᠢᠷᠡᠭᠡᠷᠡᠢ︾ ᠬᠡᠬᠦ ᠮᠡᠳᠦ ᠪᠠᠷ ᠢᠷᠦᠭᠡᠨ ᠮᠢᠯᠢᠶᠠᠭᠠᠳ᠂ ᠬᠡᠦᠬᠡᠳ ᠲᠤ ᠴᠢᠪᠠᠭ᠎ᠠ ᠪᠤᠤᠪᠤ ᠦᠭᠴᠦ  ᠶᠠᠪᠤᠭᠤᠯᠤᠨ᠎ᠠ᠃      ᠲᠠᠶᠢᠹᠤᠰᠧᠴᠤᠳ ᠠᠵᠤ ᠠᠮᠢᠳᠤᠷᠠᠯ ᠤᠨ ᠪᠠᠶᠠᠨ ᠴᠢᠨᠡᠭᠡᠯᠢᠭ᠂ ᠠᠬᠤᠢ ᠤᠷᠴᠢᠨ ᠤ ᠠᠮᠤᠭᠤᠯᠠᠩ ᠲᠦᠪᠰᠢᠨ ᠢ ᠵᠦᠩᠨᠡᠨ᠂ ︽ᠲᠦᠬᠦᠷᠡᠩ ᠪᠠᠶᠠᠷ ᠲᠦᠪᠰᠢᠨ ᠵᠢᠷᠭᠠᠯ︾ ᠬᠡᠮᠡᠨ ᠡᠷᠬᠢᠮᠯᠡᠵᠦ ᠶᠠᠷᠢᠳᠠᠭ᠃  ᠪᠤᠰᠤᠳ ᠲᠤ ᠴᠠᠢ ᠠᠶᠠᠭᠠᠯᠠᠵᠤ  ᠠᠷᠢᠬᠢ ᠬᠡᠮᠨᠡᠬᠦ ᠳᠡᠭᠡᠨ ᠡᠷᠭᠡᠪᠰᠢ ᠲᠦᠬᠦᠷᠡᠩ ᠬᠢᠵᠦ ᠦᠭᠬᠦ ᠪᠠ ᠴᠠᠪᠠ ᠲᠠᠢ ᠪᠤᠶᠤ ᠡᠮᠳᠡᠷᠭᠡᠢ ᠠᠶᠠᠭ᠎ᠠ ᠬᠤᠨᠳᠠᠭ᠎ᠠ ᠭᠡᠷᠡᠭᠯᠡᠬᠦ ᠦᠬᠡᠢ᠃ ᠰᠠᠪᠠ ᠪᠦᠬᠦᠨ ᠳᠤ ᠢᠳᠡᠭᠡᠨ ᠲᠠᠢ ᠪᠠᠶᠢᠬᠤ ᠶᠢ ᠪᠡᠯᠭᠡᠳᠡᠵᠦ᠂ ᠰᠠᠪᠠ ᠶᠢᠨ ᠢᠷᠤᠭᠠᠷ  ᠢ ᠬᠤᠭᠤᠰᠤᠯᠠᠳᠠᠭ ᠦᠬᠡᠢ᠂ ᠢᠯᠠᠩᠭᠤᠶ᠎ᠠ ᠢᠳᠡᠭᠡ ᠪᠤᠳᠠᠭ᠎ᠠ ᠠᠭᠤᠯᠬᠤ ᠰᠠᠪᠠ ᠶᠢ ᠬᠦᠪᠢᠬᠦ ᠶᠢ ᠴᠡᠭᠡᠷᠯᠡᠵᠦ᠂ ᠠᠮᠠᠨ ᠬᠦᠨᠡᠰᠦ ᠪᠠᠨ ᠬᠦᠪᠢᠴᠢᠭᠡᠨ᠎ᠡ ᠭᠡᠳᠡᠭ᠃ ᠪᠤᠰᠤᠳ ᠤᠨ ᠰᠠᠪᠠ ᠰᠠᠭᠤᠯᠠᠭ᠎ᠠ ᠶᠢ ᠶᠡᠷᠦ ᠠᠴᠠ ᠬᠤᠭᠤᠰᠤᠨ ᠪᠤᠴᠠᠭᠠᠬᠤ ᠦᠬᠡᠢ᠂ ᠶᠠᠳᠠᠬᠤ ᠳᠤ ᠠᠳᠬᠤ  ᠪᠤᠳᠠᠭ᠎ᠠ ᠴᠢᠮᠬᠢ ᠴᠠᠢ ᠴᠤ ᠭᠡᠰᠡᠨ ᠬᠢᠵᠦ ᠪᠠᠶᠢᠭᠠᠳ ᠪᠤᠴᠠᠭᠠᠨ᠎ᠠ᠃ ᠠᠶᠢᠯ ᠳᠤ ᠤᠴᠢᠬᠤ ᠪᠤᠶᠤ ᠠᠶᠠᠨ ᠵᠠᠮ ᠳᠠᠭᠠᠨ ᠲᠦᠬᠦᠷᠡᠩ ᠰᠠᠪᠠ ᠲᠠᠢ ᠤᠴᠠᠷᠠᠪᠠᠯ ᠶᠠᠪᠤᠳᠠᠯ ᠤᠴᠢᠷ ᠪᠦᠳᠦᠮᠵᠢᠳᠡᠢ ᠪᠤᠯᠤᠨ᠎ᠠ ᠬᠡᠮᠡᠨ ᠮᠠᠰᠢ ᠶᠡᠭᠡ ᠪᠡᠯᠭᠡᠰᠢᠶᠡᠳᠡᠭ᠃ ᠲᠦᠬᠦᠷᠡᠩ ᠰᠠᠭᠤᠯᠠᠭ᠎ᠠ ᠲᠠᠢ ᠤᠰᠤ ᠲᠠᠮᠨᠠᠵᠤ ᠶᠠᠪᠤᠭ᠎ᠠ ᠬᠦᠮᠦᠨ ᠲᠠᠢ ᠤᠴᠠᠷᠠᠬᠤ᠂ ᠲᠦᠬᠦᠷᠡᠩ ᠰᠠᠭᠤᠯᠠᠭ᠎ᠠ ᠰᠦ ᠰᠠᠭᠠᠭᠰᠠᠨ ᠬᠦᠮᠦᠨ ᠲᠠᠢ ᠤᠴᠠᠷᠠᠬᠤ᠂ ᠲᠦᠬᠦᠷᠡᠩ ᠠᠴᠢᠶ᠎ᠠ ᠲᠠᠢ ᠤᠨᠤᠭ᠎ᠠ ᠬᠦᠰᠭᠡ ᠲᠠᠢ ᠤᠴᠠᠷᠠᠬᠤ ᠳᠤ ᠪᠦᠷ ᠪᠡᠯᠭᠡᠰᠢᠶᠡᠨ᠂ ᠭᠡᠰᠢᠭ ᠢ ᠨᠢ ᠬᠤᠷᠢᠶᠠᠨ᠎ᠠ ᠬᠡᠮᠡᠨ ᠠᠷᠤ ᠪᠠᠷ ᠨᠢ ᠭᠠᠷᠳᠠᠭ ᠪᠠᠶᠢᠨ᠎ᠠ᠃ ᠡᠬᠦᠨ ᠤ ᠡᠰᠡᠷᠬᠦ ᠪᠠᠷ ᠬᠤᠭᠤᠰᠤᠨ ᠰᠠᠪᠠ ᠲᠠᠢ ᠬᠠᠷᠭᠤᠬᠤ ᠶᠢ ᠮᠠᠭᠤ ᠢᠷᠸ᠎ᠠ ᠭᠡᠵᠦ ᠦᠵᠡᠳᠡᠭ ᠲᠤᠯᠠ ᠢᠷᠡᠬᠦ ᠬᠦᠮᠦᠨ ᠤ ᠡᠰᠡᠷᠬᠦ ᠬᠤᠭᠤᠰᠤᠨ ᠰᠠᠪᠠ ᠠᠪᠴᠤ ᠭᠠᠷᠳᠠᠭ ᠦᠬᠡᠢ᠃ ᠡᠬᠦᠨᠴᠢᠯᠡᠨ ᠵᠠᠮ ᠳᠤ ᠵᠡᠭᠡᠷ᠎ᠡ ᠡᠩᠬᠡᠷ ᠵᠦᠪ ᠠᠮᠠᠳᠠᠬᠤ᠂ ᠴᠢᠨ᠋ᠸ᠎ᠠ ᠵᠠᠮ ᠬᠦᠨᠳᠡᠯᠢᠳᠴᠦ ᠦᠩᠭᠡᠷᠡᠬᠦ ᠶᠢ ᠤᠯᠵᠠ ᠤᠮᠤᠭ ᠲᠠᠢ ᠪᠤᠯᠤᠨ᠎ᠠ ᠬᠡᠵᠦ ᠪᠡᠯᠭᠡᠰᠢᠶᠡᠬᠦ ᠪᠦᠬᠡᠳ ᠬᠦᠮᠦᠨ ᠬᠦᠳᠡᠭᠡᠯᠡᠬᠦ ᠲᠠᠢ ᠲᠠᠭᠠᠷᠠᠪᠠᠯ ᠮᠦᠨ ᠪᠡᠯᠭᠡ ᠲᠠᠢ ᠭᠡᠳᠡᠭ᠃  ᠤᠴᠢᠷ ᠨᠢ ᠨᠦᠭᠴᠢᠭᠰᠡᠨ ᠬᠦᠮᠦᠨ ᠢ ᠪᠤᠷᠬᠠᠨ  ᠲᠠᠭᠠᠳᠠᠭ ᠭᠡᠨ᠎ᠡ᠃  ᠱᠠᠭᠠᠵᠠᠭᠠᠢ ᠱᠠᠭᠰᠢᠪᠠᠯ ᠵᠤᠴᠢᠨ ᠢᠷᠡᠨ᠎ᠡ᠂ ᠰᠠᠶᠢᠨ ᠴᠢᠮᠡᠭᠡ ᠰᠤᠨᠤᠰᠳᠠᠨ᠎ᠠ ᠬᠡᠵᠦ᠂ ᠲᠤᠭᠤᠷᠤᠤ ᠭᠠᠷ ᠭᠤᠷ ᠲᠤᠤᠭᠠᠷᠤᠨ ᠨᠢᠰᠪᠡᠯ ︽ᠬᠤᠷᠮᠤᠰᠳᠠ ᠲᠡᠭᠷᠢ ᠡ᠂ ᠬᠤᠷ᠎ᠠ ᠪᠠᠨ ᠬᠠᠶᠢᠷᠠᠯᠠ︾  ᠬᠡᠮᠡᠨ ᠪᠤᠷᠤᠭᠠᠨ ᠬᠤᠷ᠎ᠠ ᠭᠤᠶᠤᠵᠤ᠂  ᠬᠠᠷᠢᠶᠠᠴᠠᠢ ᠭᠡᠷ ᠤᠨ ᠰᠠᠷᠠᠪᠴᠢ ᠳᠤ ᠡᠬᠦᠷᠯᠡᠪᠡᠯ ᠠᠶᠢᠯ ᠭᠡᠷ ᠠᠮᠤᠭᠤᠯᠠᠩ ᠪᠠᠶᠢᠨ᠎ᠠ  ᠬᠡᠬᠦ ᠮᠡᠳᠦ ᠪᠠᠷ ᠪᠡᠯᠭᠡᠰᠢᠶᠡᠳᠡᠭ ᠪᠦᠬᠡᠳ ᠲᠠᠭᠳᠠᠭ᠎ᠠ ᠶᠢ ᠡᠩᠭᠡ ᠲᠠᠶᠢᠪᠤᠩ ᠤᠨ ᠰᠢᠪᠠᠭᠤ ᠬᠡᠮᠡᠨ ᠡᠬᠦᠷ ᠵᠠᠰᠠᠵᠤ ᠦᠭᠳᠡᠭ ᠪᠠᠶᠢᠨ᠎ᠠ᠃      ᠠᠮᠠᠨ ᠭᠡᠰᠢᠭ ᠢ ᠶᠡᠬᠡᠳᠡ ᠡᠷᠬᠢᠮᠯᠡᠵᠦ᠂  ᠴᠠᠢ ᠬᠤᠭᠤᠯᠠᠨ ᠲᠡᠭᠡᠷ᠎ᠡ ᠲᠠᠭᠠᠷᠠᠯᠳᠤᠭᠰᠠᠨ ᠬᠦᠮᠦᠨ ᠢ ᠠᠵᠠ ᠪᠤᠶᠠᠨ ᠲᠠᠢ᠂ ᠠᠮᠠᠨ ᠭᠡᠰᠢᠭ ᠲᠠᠢ  ᠬᠡᠵᠦ ᠪᠡᠯᠭᠡᠰᠢᠶᠡᠨ᠂ ︽ᠪᠤᠯᠭᠤᠭᠰᠠᠨ ᠬᠤᠭᠤᠯᠠ   ᠠᠴᠠ ᠪᠤᠤ ᠵᠠᠶᠢᠯᠠ︾  ᠬᠡᠮᠡᠨ ᠡᠷᠭᠡᠪᠰᠢ ᠢᠳᠡᠬᠦᠯᠵᠦ ᠤᠤᠭᠤᠯᠭᠠᠬᠤ ᠳᠤ ᠢᠷᠡᠭᠰᠡᠨ ᠬᠦᠮᠦᠨ   ᠨᠢ ᠭᠡᠳᠡᠰᠦ ᠴᠠᠳᠬᠤᠯᠠᠩ ᠪᠠᠶᠢᠭᠰᠠᠨ ᠴᠤ ᠠᠮᠰᠠᠭᠠᠳ ᠭᠠᠷᠬᠤ ᠶᠤᠰᠤ ᠲᠠᠢ᠃ ᠢᠯᠠᠩᠭᠤᠶ᠎ᠠ ᠠᠷᠢᠬᠢ ᠨᠡᠷᠡᠵᠦ ᠪᠠᠶᠢᠬᠤ ᠲᠠᠢ ᠲᠠᠭᠠᠷᠠᠯᠳᠤᠪᠠᠯ ᠮᠤᠷᠢ ᠲᠠᠢ ᠬᠡᠮᠡᠨ ᠪᠡᠯᠭᠡᠰᠢᠶᠡᠵᠦ ᠬᠠᠯᠠᠭᠤᠨ ᠠᠷᠢᠬᠢ ᠦᠭᠬᠦᠨ᠎ᠡ᠃  ᠠᠶᠠᠭ᠎ᠠ ᠰᠠᠪᠬ᠎ᠠ ᠬᠠᠷᠰᠢᠭᠤᠯᠬᠤ᠂ ᠲᠤᠭᠤᠭ᠎ᠠ ᠰᠢᠨᠠᠭ᠎ᠠ ᠬᠠᠩᠬᠢᠨᠠᠭᠤᠯᠬᠤ ᠶᠢ ᠠᠮᠠᠨ ᠬᠡᠰᠢᠭ ᠢᠶᠠᠨ ᠪᠠᠷᠠᠨ᠎ᠠ ᠬᠡᠵᠦ ᠴᠡᠭᠡᠷᠯᠡᠳᠡᠭ᠃  ︽ᠠᠶᠠᠭᠠᠨ ᠤ ᠬᠠᠷᠢᠭᠤ ᠡᠳᠦᠷ ᠲᠡᠭᠡᠨ᠂ ᠠᠭᠳᠠ ᠶᠢᠨ ᠬᠠᠷᠢᠭᠤ ᠵᠢᠯ ᠳᠡᠭᠡᠨ︾ ᠬᠡᠵᠦ᠂ ᠲᠠᠶᠢᠹᠤᠰᠧᠴᠤᠳ ᠶᠡᠷᠦ ᠠᠴᠠ ᠡᠷᠢᠯ ᠤᠨ ᠬᠦᠮᠦᠨ᠂ ᠠᠶᠠᠨ ᠤ ᠬᠦᠮᠦᠨ ᠢ ᠴᠠᠢ ᠬᠤᠭᠤᠯᠠ  ᠦᠬᠡᠢ ᠶᠠᠪᠤᠭᠤᠯᠬᠤ ᠦᠬᠡᠢ ᠮᠦᠷᠳᠡᠭᠡᠨ ᠠᠶᠠᠨ ᠵᠢᠩ ᠤᠨ ᠬᠦᠮᠦᠰ ᠤᠨ ᠵᠠᠮ ᠢ ᠲᠤᠰᠴᠤ ᠴᠠᠢ ᠬᠦᠷᠭᠡᠳᠡᠭ ᠵᠠᠩᠰᠢᠯ ᠲᠠᠢ ᠪᠠᠶᠢᠪᠠ᠃ ᠪᠠᠳᠢᠷᠴᠢ ᠭᠤᠶᠢᠷᠠᠨᠴᠢ ᠶᠢ ᠴᠤ ᠭᠡᠰᠡᠨ ᠬᠤᠭᠤᠰᠤᠨ ᠶᠠᠪᠤᠭᠤᠯᠬᠤ ᠦᠬᠡᠢ ᠪᠦᠬᠡᠳ ᠬᠤᠨᠤᠭ  ᠭᠤᠶᠤᠭᠰᠠᠳ ᠢ ᠬᠦᠬᠡᠬᠡᠵᠦ ᠶᠠᠪᠤᠭᠤᠯᠬᠤ ᠦᠬᠡᠢ᠂ ᠬᠠᠷᠢᠨ ᠤᠷᠤ  ᠲᠡᠪᠢᠰᠭᠡᠷ ᠠᠴᠠ ᠪᠠᠨ ᠰᠤᠯᠠᠯᠠᠨ ᠦᠭᠴᠦ  ᠬᠤᠨᠤᠭᠤᠯᠤᠭᠠᠳ  ᠭᠠᠷᠭᠠᠨ᠎ᠠ᠃       ᠬᠤᠳᠳᠤᠭ ᠤᠰᠤᠨ ᠲᠡᠭᠡᠷ᠎ᠡ ᠠᠶᠢᠯ ᠤᠨ ᠮᠠᠯ ᠤᠨᠤᠭ᠎ᠠ ᠲᠠᠭᠠᠷᠠᠪᠠᠯ ᠤᠰᠤᠯᠠᠵᠤ ᠶᠠᠪᠤᠭᠤᠯᠤᠨ᠎ᠠ  ᠂ ᠡᠨᠡ   ᠨᠢ ᠮᠠᠯ ᠤᠨ ᠵᠠᠶᠠᠭ᠎ᠠ ᠶᠢ ᠭᠤᠮᠤᠳᠠᠭᠠᠬᠤ ᠦᠬᠡᠢ ᠭᠡᠰᠡᠨ ᠰᠠᠨᠠᠭ᠎ᠠ ᠠᠵᠢ᠃  ᠬᠤᠳᠠᠯᠳᠤᠬᠤ ᠮᠠᠯ ᠤᠨ ᠭᠡᠰᠢᠭ ᠢ ᠦᠯᠡᠳᠡᠭᠡᠨ᠎ᠡ᠃ ᠠᠳᠤᠭᠤ ᠦᠬᠡᠷ ᠪᠤᠯ ᠰᠡᠬᠦᠯ ᠤᠨ ᠬᠢᠯᠭᠠᠰᠤ ᠠᠴᠠ ᠨᠢ᠂ ᠬᠤᠨᠢ ᠢᠮᠠᠭ᠎ᠠ ᠲᠡᠮᠡᠭᠡ ᠪᠤᠯ ᠨᠤᠤᠰᠤ  ᠠᠴᠠ ᠨᠢ ᠠᠪᠴᠤ᠂  ᠬᠤᠳᠠᠯᠳᠤᠭᠰᠠᠨ ᠮᠠᠯ   ᠤᠨ ᠢᠶᠠᠨ ᠬᠤᠶᠢᠨ᠎ᠠ ᠠᠴᠠ ᠬᠤᠷᠤᠶᠢᠯᠠᠨ᠎ᠠ᠃  ᠨᠤᠬᠠᠢ ᠶᠢ ᠮᠠᠯ ᠬᠦᠷᠦᠩᠬᠡ ᠶᠢ ᠬᠠᠮᠠᠭᠠᠯᠠᠵᠤ᠂ ᠡᠬᠦᠳᠡ ᠡᠷᠦᠬᠡ ᠶᠢ ᠰᠠᠬᠢᠭᠰᠠᠨ᠂ ᠡᠵᠡᠨ   ᠳᠡᠭᠡᠨ ᠡᠭᠡᠯᠢᠳᠡᠢ ᠠᠮᠢᠳᠠᠨ ᠬᠡᠵᠦ ᠬᠠᠶᠢᠷᠠᠯᠠᠨ᠂ ᠡᠯᠳᠡᠵᠦ ᠵᠤᠳᠤᠬᠤ ᠶᠢ ᠴᠡᠭᠡᠷᠯᠡᠳᠡᠭ᠃ ᠲᠦᠷᠪᠡᠨ ᠨᠢᠳᠦ ᠲᠠᠢ ︵ᠨᠢᠳᠦᠨ ᠤ ᠲᠡᠭᠡᠷ᠎ᠡ ᠪᠠᠨ ᠤᠯᠠᠭᠠᠨ ᠲᠤᠯᠪᠤ ᠲᠠᠢ︶ ᠨᠤᠬᠠᠢ ᠶᠢ ᠶᠠᠭᠤ ᠪᠦᠬᠦᠨ ᠢ ᠤᠯᠵᠤ ᠦᠵᠡᠵᠦ᠂ ᠡᠯᠳᠡᠪ ᠮᠠᠭᠤ ᠶᠢ ᠵᠠᠶᠢᠯᠠᠭᠤᠯᠳᠠᠭ ᠬᠡᠵᠦ ᠡᠷᠬᠢᠮᠯᠡᠳᠡᠭ ᠪᠦᠬᠡᠳ ᠨᠤᠬᠠᠢ ᠳᠠᠭᠠᠨ ᠪᠡᠷᠰᠡ᠂ ᠱᠤᠩᠬᠤᠷ᠂ ᠪᠠᠮᠪᠠᠷ᠂ ᠨᠢᠩᠭᠠᠷ ᠬᠡᠬᠦ ᠮᠡᠳᠦ ᠬᠦᠴᠦᠳᠡᠨ ᠤ ᠨᠡᠷ᠎ᠡ ᠦᠭᠳᠡᠭ᠃ ᠨᠤᠬᠠᠢ ᠬᠦᠷᠪᠡᠪᠡᠯ ᠤᠯᠵᠠ ᠤᠷᠤᠨ᠎ᠠ ᠬᠡᠵᠦ᠂  ᠨᠤᠬᠠᠢ ᠬᠠᠭ᠋ᠠᠪᠠᠯ ᠡᠵᠡᠨ ᠨᠢ ᠪᠠᠶᠠᠵᠢᠨ᠎ᠠ ᠬᠡᠮᠡᠨ ᠪᠡᠯᠭᠡᠰᠢᠶᠡᠳᠡᠭ᠃  ᠬᠡᠦᠭᠡᠳ ᠤᠨ ᠰᠦᠨ ᠰᠢᠳᠦ ᠤᠨᠠᠬᠤᠯᠠᠷ ᠭᠤᠯᠢᠷ ᠪᠤᠶᠤ ᠦᠬᠡᠬᠦᠨ ᠳᠤ ᠪᠤᠭᠤᠭᠠᠳ ᠨᠤᠬᠠᠢ  ᠳᠠᠭᠠᠨ ᠦᠭᠴᠦ᠂ ︽ᠮᠠᠭᠤ ᠰᠢᠳᠦ ᠪᠠᠨ ᠦᠭᠬᠦᠶ᠎ᠡ᠂ ᠰᠠᠶᠢᠨ ᠰᠢᠳᠦ ᠪᠠᠨ ᠠᠯᠢ ᠡ︾ ᠬᠡᠵᠦ ᠰᠢᠳᠦ ᠭᠤᠶᠤᠨ᠎ᠠ᠃  ᠨᠤᠬᠠᠢ ᠶᠢ ᠪᠠᠰᠠ ᠮᠡᠷᠭᠡᠨ ᠠᠮᠢᠳᠠᠨ ᠬᠡᠵᠦ ᠨᠤᠬᠠᠢ ᠶᠢᠨ ᠲᠦᠯᠬᠡ ᠪᠠᠷᠢᠭᠤᠯᠵᠤ ᠲᠤᠭᠯᠠᠨ᠎ᠠ᠃ ᠡᠨᠡ   ᠨᠢ ᠦᠬᠡᠷ ᠬᠤᠨᠢᠨ ᠤ ᠰᠡᠬᠦᠯ ᠤᠨ ᠶᠠᠰᠤ ᠶᠢ ᠵᠡᠷᠭᠡᠴᠡᠬᠦᠯᠵᠦ ᠲᠠᠯᠪᠢᠭᠠᠳ᠂ ᠲᠤᠰ ᠪᠦᠷᠢ ᠶᠢ ᠠᠶᠢᠯ ᠬᠤᠳᠠᠨ ᠤ ᠬᠡᠦᠭᠡᠨᠴᠤᠳ  ᠤᠨ ᠨᠡᠷ᠎ᠡ ᠪᠠᠷ ᠨᠡᠷᠡᠯᠡᠵᠦ ᠨᠤᠬᠠᠢ ᠳᠠᠭᠠᠨ ᠦᠭᠬᠦᠨ᠎ᠡ᠂ ᠨᠤᠬᠠᠢ ᠠᠯᠢ ᠶᠢ ᠨᠢ ᠤᠷᠢᠳᠠᠪᠠᠷ ᠰᠢᠯᠢᠵᠦ ᠢᠳᠡᠪᠡᠯ ᠲᠡᠷᠡ  ᠬᠡᠦᠬᠡᠨ ᠢ ᠤᠷᠢᠳᠠᠪᠠᠷ ᠮᠤᠷᠳᠠᠨ᠎ᠠ ᠬᠡᠵᠦ ᠮᠡᠷᠭᠡᠯᠡᠳᠡᠭ᠃ ᠨᠤᠬᠠᠢ ᠠᠯᠠᠬᠤ᠂ ᠨᠤᠬᠠᠢ ᠬᠤᠳᠠᠯᠳᠤᠬᠤ ᠶᠢ ᠮᠠᠭᠤ ᠢᠷᠸ᠎ᠠ   ᠲᠠᠢ ᠬᠡᠮᠡᠨ ᠴᠡᠭᠡᠷᠯᠡᠵᠦ᠂  ᠮᠤᠩᠭᠤᠯ ᠢᠶᠠᠨ ᠮᠤᠳᠤᠨ ᠳᠤ ᠡᠯᠬᠦᠭᠰᠡᠨ ᠬᠦᠮᠦᠨ ᠬᠡᠵᠦ ᠶᠡᠬᠡᠳᠡ ᠵᠢᠭᠰᠢᠨ᠎ᠡ᠃ ᠨᠤᠬᠠᠢ ᠦᠬᠦᠪᠡᠯ ᠠᠮᠠᠨ ᠳᠤᠨᠢ ᠰᠢᠷ᠎ᠠ ᠲᠤᠰᠤ ᠪᠤᠶᠤ ᠦᠬᠡᠬᠦ ᠮᠢᠬ᠎ᠠ ᠡᠮᠬᠦᠬᠦᠯᠵᠦ᠂ ᠭᠡᠷ ᠠᠴᠠ ᠵᠡᠬᠦᠨᠰᠢ ᠭᠠᠷᠭᠠᠨ ᠲᠤᠯᠤᠭᠠᠢ  ᠶᠢ ᠨᠢ ᠪᠠᠷᠠᠭᠤᠨ ᠬᠤᠶᠢᠰᠢ ᠬᠠᠨᠳᠤᠭᠤᠯᠵᠤ ᠲᠠᠯᠪᠢᠭᠠᠳ᠂ ᠲᠠᠯᠪᠢᠭᠰᠠᠨ ᠭᠠᠵᠠᠷ ᠢᠶᠠᠨ ᠲᠤᠭᠤᠷᠢᠭᠤᠯᠤᠨ ᠵᠢᠷᠤᠵᠤ᠂ ᠰᠡᠬᠦᠯ ᠢ ᠨᠢ ᠤᠭᠳᠤᠯᠵᠤ ᠠᠪᠤᠭᠠᠳ ᠲᠤᠯᠤᠭᠠᠢ ᠳᠤᠨᠢ ᠲᠡᠷᠡᠯᠡᠬᠦᠯᠦᠨ᠂ ︽ᠲᠠᠷᠠᠭ᠎ᠠ ᠲᠦᠷᠦᠯ ᠳᠡᠭᠡᠨ ᠬᠦᠮᠦᠨ ᠪᠤᠯᠵᠤ ᠲᠦᠷᠦ ᠡ︾  ᠬᠡᠵᠦ ᠤᠷᠤᠰᠢᠭᠤᠯᠳᠠᠭ᠃  ᠠᠮᠢᠳᠠᠨ ᠵᠢᠬᠦᠷᠳᠡᠨ ᠤ ᠦᠨᠳᠡᠭᠡ ᠵᠤᠯᠵᠠᠭ᠎ᠠ ᠶᠢ ᠬᠦᠨᠦᠬᠡᠬᠦ ᠶᠢ  ᠴᠡᠭᠡᠷᠯᠡᠨ᠎ᠡ᠃ ᠰᠢᠪᠠᠭᠤᠨ ᠦᠨᠳᠡᠭᠡ ᠲᠡᠭᠡᠷ᠎ᠡ ᠰᠡᠬᠦᠳᠡᠷ ᠢᠶᠠᠨ ᠲᠤᠰᠬᠠᠪᠠᠯ ᠡᠬᠡ ᠨᠢ ᠭᠤᠯᠤᠴᠢᠬᠠᠨ᠎ᠠ ᠭᠡᠳ ᠬᠡᠦᠬᠡᠳ  ᠢ ᠰᠢᠪᠠᠭᠤᠨ ᠡᠬᠦᠷ ᠲᠤ ᠤᠶᠢᠷᠠᠳᠤᠭᠤᠯᠳᠠᠭ ᠦᠬᠡᠢ᠃     ᠬᠡᠦᠭᠡᠳ ᠢ ᠬᠠᠷ᠎ᠠ ᠪᠠᠭ᠎ᠠ ᠠᠴᠠ ᠨᠢ ᠶᠤᠰᠤ ᠰᠤᠷᠳᠠᠬᠤᠨ ᠲᠠᠢ ᠬᠦᠮᠦᠵᠢᠬᠦᠯᠬᠦ   ᠶᠢᠨ ᠲᠦᠯᠦᠬᠡ᠂ ᠶᠠᠪᠤᠵᠤ ᠰᠠᠭᠤᠬᠤ ᠲᠠᠯ᠎ᠠ ᠪᠠᠷ ᠴᠤ ᠤᠯᠠᠨ ᠠᠷᠪᠢᠨ ᠴᠡᠭᠡᠷ ᠬᠤᠷᠢᠭ᠎ᠠ ᠪᠠᠶᠢᠳᠠᠭ᠃ ᠲᠡᠭᠡᠭᠰᠢ ᠬᠠᠷᠠᠵᠤ ᠲᠤᠯᠤᠭᠠᠢ ᠰᠠᠯᠠᠭᠠᠪᠴᠢᠯᠠᠵᠤ ᠭᠡᠪᠳᠡᠪᠡᠯ ᠦᠷᠢ ᠠᠯᠳᠠᠭᠰᠠᠨ ᠤ ᠰᠢᠨᠵᠢ ᠬᠡᠵᠦ᠂ ᠤᠷᠤᠭᠤ ᠪᠠᠨ ᠬᠠᠷᠠᠵᠤ ᠰᠤᠨᠤᠵᠤ ᠬᠡᠪᠳᠡᠪᠡᠯ ᠦᠬᠦᠯ ᠬᠠᠭᠠᠴᠠᠯ ᠤᠨ ᠢᠷᠸ᠎ᠠ ᠬᠡᠵᠦ᠂ ᠰᠢᠨᠠ ᠪᠠᠨ ᠲᠤᠯᠵᠤ ᠰᠠᠭᠤᠪᠠᠯ ᠰᠢᠨᠠᠯᠤᠭᠰᠠᠨ ᠤ ᠰᠢᠨᠵᠢ ᠬᠡᠵᠦ᠂ ᠰᠤᠨᠢᠶᠠᠪᠠᠯ ᠰᠤᠷᠤᠭᠰᠠᠨ ᠨᠢ ᠰᠤᠭᠤ ᠪᠠᠷ ᠭᠠᠷᠤᠨ᠎ᠠ ᠬᠡᠵᠦ᠂ ᠶᠠᠪᠠᠭᠠᠨ ᠰᠠᠭᠤᠬᠤ ᠶᠢ ᠰᠢᠪᠠᠭᠤᠨ ᠤ ᠰᠠᠭᠤᠳᠠᠯ᠂ ᠶᠠᠳᠠᠭᠤᠷᠠᠬᠤ  ᠶᠢᠨ ᠳᠡᠮᠳᠡᠭ ᠬᠡᠵᠦ  ᠴᠡᠭᠡᠷᠯᠡᠬᠦ ᠪᠦᠬᠡᠳ ᠬᠠᠭᠠᠯᠭ᠎ᠠ ᠠᠯᠳᠠᠯᠠᠨ ᠵᠤᠭᠰᠤᠬᠤ᠂ ᠬᠠᠳᠠᠪᠴᠢ ᠲᠡᠭᠡᠷ᠎ᠡ ᠬᠢᠰᠬᠢᠬᠦ᠂ ᠪᠤᠱᠤᠭ᠎ᠠ ᠵᠠᠶᠢᠳᠠᠯᠠᠵᠤ ᠰᠠᠭᠤᠬᠤ ᠶᠢ ᠤᠯᠵᠠ ᠤᠮᠤᠭ ᠬᠠᠭᠠᠭᠳᠠᠨ᠎ᠠ ᠬᠡᠮᠡᠨ ᠴᠡᠭᠡᠷᠯᠡᠵᠦ᠂  ᠪᠠᠭ᠎ᠠ ᠲᠤᠯᠭᠠᠭᠤᠷᠢ ᠲᠦᠰᠢᠵᠦ ᠵᠤᠭᠰᠤᠬᠤ ᠶᠢ ᠭᠠᠢ ᠲᠠᠭᠤᠳᠠᠭᠰᠠᠨ ᠮᠠᠭᠤ ᠢᠷᠸ᠎ᠠ ᠬᠡᠵᠦ᠂ ᠦᠷᠯᠦᠬᠡ ᠡᠷᠳᠡ ᠬᠢᠩᠰᠢᠵᠦ ᠢᠰᠭᠡᠷᠬᠦ ᠶᠢ ᠬᠤᠷᠮᠤᠢ ᠳᠤ ᠬᠡᠢ ᠤᠷᠤᠭᠰᠠᠨ ᠤ ᠰᠢᠨᠵᠢ ᠬᠡᠵᠦ ᠴᠡᠭᠡᠷᠯᠡᠨ᠎ᠡ᠃      ᠮᠠᠯᠠᠭᠠᠢ ᠶᠢ ᠭᠠᠵᠠᠷ ᠬᠦᠰᠡᠷ ᠲᠠᠯᠪᠢᠬᠤ ᠦᠬᠡᠢ᠂  ᠪᠤᠷᠤᠭᠤ ᠬᠠᠷᠠᠭᠤᠯᠵᠤ ᠡᠮᠦᠰᠬᠦ ᠪᠤᠶᠤ ᠬᠠᠵᠠᠭᠠᠢ ᠮᠤᠷᠤᠢ ᠡᠮᠦᠰᠬᠦ ᠶᠢ ᠬᠡᠢ ᠮᠤᠷᠢ ᠬᠡᠪᠳᠡᠨ᠎ᠡ ᠬᠡᠮᠡᠨ ᠴᠡᠭᠡᠷᠯᠡᠵᠦ᠂ ᠮᠠᠯᠠᠭᠠᠢ ᠶᠢ ᠲᠡᠭᠡᠭᠰᠢ ᠬᠠᠷᠠᠭᠤᠯᠵᠤ ᠲᠠᠯᠪᠢᠪᠠᠯ ᠡᠪᠡᠳᠴᠢᠨ ᠤᠷᠢᠶᠠᠨ᠎ᠠ ᠬᠡᠵᠦ  ᠂  ᠲᠠᠪᠬᠤᠷ ᠮᠠᠯᠠᠭᠠᠢ ᠡᠮᠦᠰᠬᠦ ᠶᠢ ᠬᠤᠶᠠᠷ ᠡᠬᠡᠨᠡᠷ ᠠᠪᠤᠨ᠎ᠠ ᠬᠡᠵᠦ ᠴᠡᠭᠡᠷᠯᠡᠳᠡᠭ᠃ ᠪᠦᠰᠡ ᠶᠢ ᠰᠤᠯᠠ ᠬᠠᠶᠠᠵᠤ ᠤᠨᠳᠠᠬᠤ ᠦᠬᠡᠢ᠂ ᠡᠷ᠎ᠡ ᠬᠦᠮᠦᠨ ᠤ ᠰᠦᠨᠡᠰᠦ ᠪᠦᠰᠡᠨ ᠳᠡᠭᠡᠨ ᠪᠠᠶᠢᠳᠠᠭ ᠬᠡᠵᠦ ᠡᠷᠭᠡᠪᠰᠢ ᠵᠠᠩᠬᠢᠳᠴᠤ ᠲᠡᠷ᠎ᠡ ᠶᠢᠨ ᠲᠡᠷᠭᠡᠳᠡ ᠲᠠᠯᠪᠢᠨ᠎ᠠ᠃ ᠬᠤᠪᠴᠠᠰᠤᠨ ᠤ ᠵᠠᠭᠠᠮ᠎ᠠ ᠶᠢ ᠭᠠᠳᠠᠭᠰᠢ ᠬᠠᠷᠠᠭᠤᠯᠬᠤ᠂ ᠭᠤᠳᠤᠯ  ᠤᠨ ᠲᠦᠷᠡᠢ ᠶᠢ ᠭᠠᠳᠠᠭᠰᠢ ᠡᠷᠬᠢᠬᠦᠯᠬᠦ᠂ ᠰᠠᠪᠠᠨ ᠤ ᠠᠮᠠᠰᠠᠷ ᠢ ᠲᠤᠷᠤᠭᠰᠢ  ᠬᠠᠨᠳᠤᠭᠤᠯᠬᠤ ᠶᠢ ᠪᠦᠷ ᠪᠡᠯᠭᠡ ᠮᠠᠭᠤᠳᠠᠢ ᠶᠠᠪᠤᠳᠠᠯ ᠬᠡᠵᠦ ᠴᠡᠭᠡᠷᠯᠡᠬᠦ ᠪᠦᠬᠡᠳ ᠬᠠᠭᠤᠴᠢᠨ ᠮᠠᠭᠤ ᠬᠤᠪᠴᠠᠰᠤ ᠶᠢ ᠡᠳ᠋ᠯᠡᠬᠦ ᠦᠬᠡᠢ ᠪᠤᠯ ᠵᠠᠭᠠᠮ᠎ᠠ ᠶᠢ  ᠨᠢ ᠬᠠᠭᠵᠠᠯᠵᠤ ᠭᠠᠯ ᠳᠤ ᠬᠢᠨ᠎ᠡ᠃      ᠢᠷ ᠮᠡᠰᠡ ᠶᠢ ᠲᠡᠭᠡᠭᠰᠢ ᠬᠠᠨᠳᠤᠭᠤᠯᠬᠤ᠂ ᠬᠦᠮᠦᠨ ᠤ ᠡᠰᠡᠷᠬᠦ ᠬᠠᠷᠠᠭᠤᠯᠬᠤ ᠶᠢ ᠴᠡᠭᠡᠷᠯᠡᠵᠦ᠂ ᠪᠤᠰᠤᠳ ᠲᠤ ᠦᠭᠬᠦ ᠳᠡᠭᠡᠨ ᠡᠰᠢ ᠪᠠᠷᠢᠭᠤᠯ ᠲᠠᠯ᠎ᠠ ᠪᠠᠷ ᠨᠢ ᠦᠭᠬᠦᠨ᠎ᠡ᠃ ᠬᠢᠳᠤᠭ᠎ᠠ ᠪᠠᠷ  ᠮᠢᠬ᠎ᠠ ᠤᠭᠳᠤᠯᠬᠤ ᠳᠠᠭᠠᠨ ᠢᠷ ᠢ ᠨᠢ ᠵᠠᠪᠠᠯ ᠪᠡᠶ᠎ᠡ ᠦᠬᠡᠳᠡ ᠪᠠᠨ ᠬᠠᠷᠠᠭᠤᠯᠤᠨ ᠤᠭᠳᠤᠯᠵᠤ᠂  ᠦᠢᠯᠡ  ᠤᠶᠤᠳᠠᠯ ᠬᠢᠬᠦ ᠳᠤ ᠵᠡᠬᠦᠦ ᠶᠢᠨ ᠦᠵᠦᠬᠦᠷ ᠢ ᠲᠤᠳᠤᠭᠰᠢ ᠪᠠᠨ ᠬᠠᠷᠠᠭᠤᠯᠵᠤ ᠬᠠᠳᠬᠤᠳᠠᠭ᠃ ᠪᠤᠰᠤᠳ ᠢ ᠲᠠᠰᠢᠭᠤᠷ ᠢᠶᠠᠷ ᠵᠢᠭᠠᠬᠤ᠂ ᠭᠠᠩᠰᠠ ᠪᠠᠷ ᠲᠤᠬᠢᠬᠤ᠂ ᠬᠤᠷᠤᠭᠤ ᠪᠠᠷ ᠵᠢᠭᠠᠬᠤ ᠶᠢ ᠬᠦᠮᠦᠨ ᠲᠤᠷᠤᠮᠵᠢᠯᠠᠭᠰᠠᠨ ᠶᠠᠪᠤᠳᠠᠯ ᠬᠡᠵᠦ ᠴᠡᠭᠡᠷᠯᠡᠨ᠂  ᠵᠤᠴᠢᠨ ᠢᠷᠡᠬᠦ ᠳᠤ ᠡᠬᠦᠳᠡ  ᠪᠠᠷ ᠱᠠᠬᠠᠶᠢᠬᠤ᠂  ᠬᠤᠪᠴᠠᠰᠤ ᠬᠤᠨᠠᠷ ᠲᠡᠭᠰᠢ ᠦᠬᠡᠢ ᠪᠤᠶᠤ ᠦᠰᠦ ᠭᠡᠵᠢᠬᠡ ᠪᠠᠨ  ᠰᠡᠭᠰᠡᠶᠢᠯᠬᠡᠨ ᠤᠭᠳᠤᠵᠤ ᠭᠠᠷᠬᠤ  ᠵᠡᠷᠭᠡ ᠨᠢ ᠬᠦᠮᠦᠨ ᠢ ᠡᠰᠡ ᠬᠦᠨᠳᠦᠳᠭᠡᠭᠰᠡᠨ ᠶᠠᠪᠤᠳᠠᠯ ᠬᠡᠵᠦ ᠴᠡᠭᠡᠷᠯᠡᠨ᠎ᠡ᠃ ᠪᠤᠰᠤᠳ ᠲᠠᠢ ᠤᠴᠠᠷᠠᠬᠤ  ᠳᠠᠭᠠᠨ ᠡᠩᠬᠡᠷ ᠵᠠᠭᠠᠮ᠎ᠠ ᠪᠠᠨ ᠵᠠᠳᠠᠭᠠᠶᠢᠯᠠᠬᠤ  ᠦᠬᠡᠢ᠂  ᠬᠠᠨᠴᠤᠢ ᠪᠠᠨ ᠰᠢᠮᠠᠯᠠᠬᠤ ᠦᠬᠡᠢ᠂  ᠵᠤᠳᠤᠭᠠᠨ ᠨᠦᠳᠦᠭᠡᠨ ᠬᠢᠬᠦ ᠶᠢᠨ ᠰᠢᠨᠵᠢ  ᠭᠡᠳᠡᠭ᠃  ᠵᠤᠴᠢᠨ ᠤ ᠦᠬᠡᠳᠡ ᠠᠴᠠ ᠦᠨᠡᠰᠦ ᠪᠤᠭ ᠤᠬᠢᠶᠠᠳᠠᠰᠤ ᠠᠰᠬᠠᠬᠤ ᠦᠬᠡᠢ᠂ ᠭᠡᠷᠪᠡ ᠲᠤᠯᠭᠠᠮ᠎ᠠ ᠲᠤᠬᠢᠶᠠᠯᠳᠤᠭᠰᠠᠨ ᠪᠤᠯ ᠪᠤᠴᠠᠨ ᠤᠷᠤᠵᠤ ᠲᠠᠯᠪᠢᠭᠠᠳ ᠭᠠᠷᠤᠨ᠎ᠠ᠃ ᠮᠦᠨ ᠭᠡᠷ ᠤᠨ ᠬᠦᠮᠦᠨ ᠪᠤᠶᠤ ᠵᠤᠴᠢᠨ ᠤ ᠠᠷᠤ ᠠᠴᠠ ᠭᠡᠷ ᠱᠦᠬᠦᠷᠳᠡᠬᠦ᠂ ᠦᠨᠡᠰᠦ ᠠᠰᠬᠠᠬᠤ ᠦᠬᠡᠢ᠃  ᠠᠵᠢᠯ ᠶᠠᠪᠤᠳᠠᠯ ᠪᠦᠳᠦᠬᠦ ᠳᠤ ᠬᠠᠷᠰᠢ  ᠪᠤᠯᠤᠨ᠎ᠠ ᠬᠡᠵᠦ ᠲᠤᠭᠤᠭ᠎ᠠ ᠰᠢᠨᠠᠭ᠎ᠠ ᠬᠤᠶᠠᠷ ᠢ ᠵᠠᠪᠠᠯ ᠰᠠᠯᠭᠠᠵᠤ ᠲᠠᠯᠪᠢᠳᠠᠭ᠃  ᠵᠤᠴᠢᠨ ᠳᠤ ᠴᠠᠢ ᠬᠤᠭᠤᠯᠠ  ᠠᠶᠠᠭᠠᠯᠠᠬᠤ ᠳᠠᠭᠠᠨ ᠠᠶᠠᠭᠠᠨ ᠳᠤ ᠵᠦᠪ ᠡᠷᠬᠢᠯᠬᠡ ᠲᠠᠢ ᠪᠠᠶᠢᠯᠭᠠᠬᠤ ᠶᠢ ᠬᠢᠴᠢᠶᠡᠬᠦ ᠪᠦᠬᠡᠳ ᠵᠦᠪ ᠭᠠᠷ ᠢᠶᠠᠷ  ᠪᠠᠷᠢᠵᠤ ᠦᠭᠬᠦᠨ᠎ᠡ᠃ ᠠᠮᠠᠰᠠᠷ ᠦᠬᠡᠢ ᠰᠠᠪᠠ ᠪᠠᠷ ᠴᠠᠢ ᠠᠶᠠᠭᠠᠯᠠᠬᠤ᠂ ᠰᠢᠨᠠᠭ᠎ᠠ   ᠪᠠᠨ ᠪᠤᠷᠤᠭᠤ ᠬᠠᠷᠠᠭᠤᠯᠵᠤ ᠠᠶᠠᠭᠠᠯᠠᠬᠤ ᠶᠢ ᠴᠡᠭᠡᠷᠯᠡᠨ᠎ᠡ᠃  ᠵᠤᠴᠢᠨ ᠤ ᠲᠡᠷᠭᠡᠳᠡ ᠬᠡᠦᠭᠡᠳ ᠢᠶᠠᠨ ᠬᠠᠷᠢᠶᠠᠵᠤ ᠵᠠᠩᠨᠠᠵᠤ ᠵᠤᠳᠤᠬᠤ ᠦᠬᠡᠢ᠂ ᠢᠩᠬᠢᠪᠡᠯ ᠵᠤᠴᠢᠨ ᠳᠤ ᠲᠤᠷ᠎ᠠ ᠦᠬᠡᠶᠢᠴᠡᠵᠦ ᠬᠦᠭᠡᠭᠡᠭᠰᠡᠨ ᠳᠤ ᠲᠤᠭᠠᠴᠠᠭᠳᠠᠨ᠎ᠠ᠃ ︽ᠬᠦᠮᠦᠨ ᠤ ᠲᠡᠷᠭᠡᠳᠡ ᠬᠡᠦᠬᠡᠳ ᠢᠶᠠᠨ ᠪᠤᠤ ᠰᠤᠷᠭ᠎ᠠ︾  ᠭᠡᠰᠡᠨ ᠦᠬᠡ ᠪᠠᠶᠢᠳᠠᠭ᠃ ᠵᠤᠴᠢᠨ ᠠᠶᠢᠯ ᠳᠤ ᠤᠷᠤᠬᠤ ᠳᠠᠭᠠᠨ ᠡᠬᠦᠳᠡ ᠶᠢ ᠵᠡᠬᠦᠨ ᠲᠠᠯ᠎ᠠ ᠠᠴᠠ ᠰᠡᠬᠦᠵᠦ᠂ ᠪᠠᠷᠠᠭᠤᠨ ᠬᠦᠯ ᠢᠶᠠᠷ ᠬᠠᠳᠠᠪᠴᠢ ᠠᠯᠬᠤᠵᠤ ᠤᠷᠤᠨ᠎ᠠ᠃ ᠬᠦᠮᠦᠨ ᠨᠦᠭᠴᠢᠪᠠᠯ ᠡᠬᠦᠳᠡᠨ ᠤ ᠪᠠᠷᠠᠭᠤᠨ ᠲᠠᠯ᠎ᠠ ᠪᠠᠷ ᠤᠷᠤᠵᠤ ᠭᠠᠷᠳᠠᠭ᠃ ᠵᠡᠬᠦᠨ ᠬᠦᠯ ᠢᠶᠠᠷ ᠬᠠᠳᠠᠪᠴᠢ ᠠᠯᠬᠤᠵᠤ ᠤᠷᠤᠬᠤ ᠶᠢ ᠦᠷᠢ ᠨᠡᠬᠡᠵᠦ ᠵᠠᠷᠭᠤ ᠬᠢᠬᠦ ᠶᠢᠨ ᠲᠡᠮᠳᠡᠭ ᠭᠡᠵᠦ ᠴᠡᠭᠡᠷᠯᠡᠨ᠎ᠡ᠃      ᠢᠳᠡᠵᠦ ᠤᠤᠭᠤᠬᠤ ᠳᠤ ᠬᠤᠯᠪᠤᠭᠳᠠᠬᠤ ᠴᠡᠭᠡᠷ ᠶᠤᠰᠤᠨ ᠴᠤ ᠤᠯᠠᠨ ᠪᠤᠢ᠃ ᠮᠢᠬ᠎ᠠ ᠶᠢ ᠲᠤᠯᠤᠭᠠᠢ ᠲᠠᠯ᠎ᠠ   ᠪᠠᠷ ᠨᠢ ᠬᠦᠮᠦᠨ ᠳᠤ ᠲᠠᠯᠪᠢᠵᠤ ᠦᠭᠬᠦᠨ᠎ᠡ᠂  ᠪᠤᠷᠤᠭᠤ ᠲᠠᠯᠪᠢᠬᠤ ᠪᠠ ᠪᠤᠷᠤᠭᠤ ᠲᠠᠯ᠎ᠠ ᠠᠴᠠ ᠢᠳᠡᠬᠦ ᠶᠢ ᠴᠡᠭᠡᠷᠯᠡᠳᠡᠭ᠃   ᠬᠡᠦᠭᠡᠳ ᠨᠠᠭᠠᠴᠤ ᠶᠢᠨ ᠲᠡᠷᠭᠡᠳᠡ ᠲᠠᠯᠤ ᠪᠠᠷᠢᠬᠤ ᠦᠬᠡᠢ  ᠂  ᠨᠡᠩ ᠴᠤ ᠲᠠᠯᠤ ᠶᠢ ᠵᠤᠯᠭᠠᠭᠠᠵᠤ ᠢᠳᠡᠬᠦ ᠦᠬᠡᠢ᠂  ᠨᠠᠭᠠᠴᠤ ᠶᠠᠳᠠᠭᠤᠷᠠᠨ᠎ᠠ ᠭᠡᠳᠡᠭ᠃  ᠪᠠᠰᠠ ᠬᠡᠦᠬᠡᠳ ᠦᠨᠦᠴᠢᠨ ᠡᠯᠢᠬᠡ ᠢᠳᠡᠪᠡᠯ ᠦᠨᠦᠴᠢᠷᠡᠨ᠎ᠡ᠂ ᠬᠦᠦ ᠬᠦᠮᠦᠨ ᠲᠦᠭᠰᠢᠬᠦᠷᠢ ᠢᠳᠡᠪᠡᠯ ᠮᠤᠷᠢ ᠲᠦᠭᠰᠢᠨ᠎ᠡ᠂  ᠨᠤᠭᠤᠰᠤ ᠢᠳᠡᠪᠡᠯ ᠨᠢᠰᠤᠬᠠᠢ ᠪᠤᠯᠤᠨ᠎ᠠ᠂ ᠲᠠᠷᠢᠬᠢ ᠢᠳᠡᠪᠡᠯ ᠲᠡᠨᠡᠭ ᠪᠤᠯᠤᠨ᠎ᠠ᠂ ᠲᠡᠭᠡᠵᠢ ᠶᠢ ᠠᠮᠰᠠᠪᠠᠯ ᠲᠡᠯᠪᠡᠷᠡᠨ᠎ᠡ᠂ ᠲᠡᠯᠢᠬᠦᠦ ᠢᠳᠡᠪᠡᠯ ᠬᠦᠭᠡᠷᠦᠨ᠎ᠡ᠂ ᠰᠠᠷᠬᠢᠨᠠᠭ ᠢᠳᠡᠪᠡᠯ ᠰᠠᠯᠠᠩ ᠪᠤᠯᠤᠨ᠎ᠠ ᠭᠡᠳᠡᠭ ᠪᠦᠬᠡᠳ  ᠬᠡᠦᠬᠡᠨ ᠬᠦᠮᠦᠨ ᠤᠷᠠᠨ ᠲᠠᠩᠨᠠᠢ ᠢᠳᠡᠪᠡᠯ ᠤᠷᠠᠨ ᠪᠤᠯᠵᠤ᠂  ᠬᠡᠯᠡᠨ ᠤ ᠦᠵᠦᠬᠦᠷ ᠢ  ᠪᠤᠯ ᠬᠦᠦ ᠬᠦᠮᠦᠨ ᠢᠳᠡᠪᠡᠯ ᠬᠡᠯᠡ ᠬᠤᠷᠴᠠ ᠪᠤᠯᠵᠤ᠂  ᠬᠡᠦᠬᠡᠨ ᠬᠦᠮᠦᠨ ᠢᠳᠡᠪᠡᠯ ᠬᠡᠷᠡᠬᠦᠯᠴᠢ ᠪᠤᠯᠤᠨ᠎ᠠ ᠬᠡᠵᠦ ᠶᠠᠷᠢᠳᠠᠭ᠃ ᠮᠢᠬ᠎ᠠ ᠢᠳᠡᠬᠦ ᠳᠤ ᠶᠠᠰᠤ ᠶᠢ ᠬᠤᠰᠤᠵᠤ ᠮᠦᠯᠵᠢᠬᠦ ᠦᠬᠡᠢ᠂ ᠮᠠᠯ ᠤᠨ ᠶᠠᠰᠤ ᠱᠠᠷᠬᠢᠷᠠᠵᠤ ᠵᠠᠨᠤᠯ ᠬᠤᠷᠢᠶᠠᠨ᠎ᠠ ᠬᠡᠳᠡᠭ᠃ ᠮᠠᠯ ᠢ ᠶᠡᠷᠦ ᠨᠢ ᠠᠯᠠᠨ᠎ᠠ᠂ ᠨᠢᠳᠤᠯᠠᠨ᠎ᠠ ᠬᠡᠵᠦ ᠬᠡᠯᠡᠬᠦ ᠦᠬᠡᠢ᠂ ᠬᠠᠷᠢᠨ ᠮᠠᠯ ᠵᠠᠷᠤᠬᠤ᠂ ᠱᠦᠯᠦ ᠤᠤᠭᠤᠬᠤ᠂ ᠢᠳᠡᠰᠢ ᠭᠠᠷᠭᠠᠬᠤ ᠬᠡᠬᠦ ᠮᠡᠳᠦ ᠪᠠᠷ ᠴᠡᠭᠡᠷᠯᠡᠨ ᠬᠡᠯᠡᠨ᠎ᠡ᠃ ᠮᠠᠯ ᠵᠠᠷᠤᠬᠤ ᠳᠤ ᠲᠤᠯᠤᠭᠠᠢ ᠶᠢ ᠨᠢ ᠪᠠᠷᠠᠭᠤᠨ ᠬᠤᠶᠢᠰᠢ ᠬᠠᠨᠳᠤᠭᠤᠯᠵᠤ ᠤᠨᠠᠭᠠᠬᠤ ᠪᠦᠬᠡᠳ ᠬᠤᠨᠢᠨ ᠤ ᠬᠦᠵᠦᠬᠦᠨ ᠳᠠᠬᠢ ᠲᠡᠭᠡᠰᠦ᠂ ᠦᠬᠡᠷ ᠤᠨ ᠡᠪᠡᠷ ᠲᠠᠬᠢ ᠲᠡᠭᠡᠰᠦ ᠡᠪᠡᠷᠴᠢ ᠶᠢ ᠲᠠᠶᠢᠯᠵᠤ ᠠᠪᠤᠨ᠎ᠠ᠂ ᠦᠬᠡᠢ ᠪᠤᠯ ᠰᠦᠨᠡᠰᠦ ᠨᠢ ᠶᠠᠪᠤᠬᠤ ᠦᠬᠡᠢ ᠭᠡᠳᠡᠭ᠃ ᠭᠡᠰᠢᠭ ᠡᠳᠦᠷ᠂ ᠤᠯᠠᠭᠠᠨ ᠤᠯᠠᠭᠴᠢᠨ ᠡᠳᠦᠷ ᠮᠠᠯ ᠵᠠᠷᠤᠬᠤ ᠶᠢ ᠤᠨᠴᠠ ᠴᠡᠭᠡᠷᠯᠡᠨ᠎ᠡ᠃ ᠮᠦᠨ ᠭᠡᠰᠢᠭ ᠡᠳᠦᠷ ᠭᠠᠳᠠᠭᠰᠢ ᠶᠠᠭᠤᠮ᠎ᠠ ᠭᠠᠷᠭᠠᠬᠤ ᠪᠠ ᠨᠠᠷᠠ ᠪᠢᠳᠡᠬᠦᠦ᠂ ᠨᠠᠷᠠ  ᠰᠢᠩᠭᠡᠭᠰᠡᠨ ᠠᠴᠠ ᠬᠤᠶᠢᠰᠢ ᠭᠡᠷ ᠠᠴᠠ ᠶᠠᠭᠤᠮ᠎ᠠ ᠭᠠᠷᠭᠠᠬᠤ ᠶᠢ ᠴᠡᠭᠡᠷᠯᠡᠳᠡᠭ᠃  ᠨᠢᠯᠬ᠎ᠠ ᠬᠡᠦᠬᠡᠳ ᠲᠠᠢ ᠠᠶᠢᠯ ᠰᠦᠨᠢ ᠤᠷᠤᠢ ᠭᠡᠷ ᠲᠡᠭᠡᠨ ᠤᠯᠠᠭᠠᠨ ᠢᠳᠡᠭᠡ ᠠᠪᠴᠤ ᠤᠷᠤᠬᠤ ᠦᠬᠡᠢ᠃       ᠶᠠᠪᠤᠳᠠᠯ ᠮᠦᠷ ᠤᠨ ᠲᠤᠬᠠᠢ ᠴᠡᠭᠡᠷ ᠶᠤᠰᠤᠨ  ᠴᠤ ᠴᠦᠬᠡᠨ ᠪᠤᠰᠤ ᠪᠠᠶᠢᠳᠠᠭ᠃ ᠮᠤᠷᠢ ᠶᠢ ᠡᠮᠡᠭᠡᠯᠯᠡᠭᠡᠳ ᠤᠨᠤᠬᠤ ᠦᠬᠡᠢ ᠪᠤᠯ ᠰᠢᠭᠤᠳ ᠡᠮᠡᠬᠡᠯ ᠢ ᠠᠪᠬᠤ ᠠᠴᠠ ᠴᠡᠭᠡᠷᠯᠡᠨ᠎ᠡ᠃  ᠬᠠᠷᠢᠨ ᠶᠠᠪᠤᠬᠤ ᠴᠢᠬᠤᠯᠠ ᠦᠬᠡᠢ ᠪᠤᠯᠤᠭᠰᠠᠨ ᠪᠤᠯ ᠡᠷᠭᠡᠪᠰᠢ ᠤᠨᠤᠵᠤ ᠮᠤᠷᠳᠠᠭᠠᠳ ᠨᠢᠬᠡ ᠴᠠᠭᠠᠷᠢᠭ ᠴᠤ ᠭᠡᠰᠡᠨ ᠶᠠᠪᠤᠵᠤ ᠢᠷᠡᠵᠦ ᠡᠮᠡᠬᠡᠯ ᠢ ᠪᠠᠭᠤᠯᠭᠠᠨ᠎ᠠ᠃ ᠭᠠᠯ ᠳᠤ ᠲᠠᠪᠤᠰᠤ ᠬᠢᠪᠡᠯ ᠮᠠᠯ ᠤᠨ ᠨᠢᠳᠦ ᠰᠤᠬᠤᠷᠠᠨ᠎ᠠ᠂  ᠠᠷᠭᠠᠯ ᠤᠨ ᠰᠠᠪᠠ ᠲᠡᠭᠡᠷ᠎ᠡ ᠰᠠᠭᠤᠵᠤ ᠪᠤᠯᠬᠤ ᠦᠬᠡᠢ᠂ ᠠᠷᠭᠠᠯ ᠪᠤᠯ ᠭᠠᠯ ᠤᠨ ᠰᠦᠭ᠂ ᠭᠠᠯ ᠤᠨ ᠬᠠᠶᠢᠴᠢ ᠪᠤᠶᠤ ᠦᠢᠯᠡ   ᠶᠢᠨ ᠬᠠᠶᠢᠴᠢ ᠶᠢ ᠬᠠᠪᠰᠢᠬᠤ ᠦᠬᠡᠢ  ᠂ ᠠᠩᠭᠠᠶᠢᠯᠠᠭᠠᠵᠤ ᠲᠠᠯᠪᠢᠬᠤ ᠦᠬᠡᠢ᠂ ᠴᠢᠨ᠋ᠸ᠎ᠠ ᠶᠢᠨ ᠠᠮᠠ ᠰᠢᠷᠦᠬᠦᠰᠦᠨ᠎ᠡ  ᠭᠡᠳᠡᠭ᠃ ᠭᠠᠵᠠᠷ ᠤᠬᠤᠬᠤ᠂ ᠮᠤᠳᠤ ᠤᠭᠳᠤᠯᠬᠤ᠂ ᠬᠤᠳᠳᠤᠭ ᠤᠰᠤ ᠪᠤᠵᠠᠷᠳᠠᠭᠤᠯᠬᠤ ᠶᠢ ᠴᠡᠭᠡᠷᠯᠡᠨ᠎ᠡ᠂ ᠭᠠᠵᠠᠷ ᠤᠨ ᠰᠤᠳᠠᠰᠤ ᠲᠠᠰᠤᠯᠵᠤ ᠯᠤᠤᠰ ᠤᠨ ᠬᠤᠤᠷᠯᠠᠯ ᠠᠮᠰᠠᠨ᠎ᠠ ᠭᠡᠳᠡᠭ᠃ ᠭᠡᠪᠡᠴᠦ ᠬᠠᠩᠰᠢ ᠶᠢᠨ ᠡᠳᠦᠷ ᠪᠤᠯ ᠰᠢᠷᠤᠢ ᠬᠦᠨᠳᠡᠵᠦ ᠴᠡᠭᠡᠷ ᠲᠠᠯᠪᠢᠳᠠᠭ      ᠮᠠᠯᠠᠭᠠᠢ ᠪᠦᠰᠡ᠂ ᠨᠤᠭᠳᠤ ᠬᠠᠵᠠᠭᠠᠷ᠂ ᠤᠷᠭ᠎ᠠ ᠲᠠᠰᠢᠭᠤᠷ ᠤᠨ ᠲᠡᠭᠡᠬᠦᠷ ᠠᠯᠬᠤᠵᠤ ᠬᠢᠰᠬᠢᠬᠦ  ᠦᠬᠡᠢ᠂ ᠢᠯᠠᠩᠭᠤᠶ᠎ᠠ ᠡᠮᠡᠭᠳᠡᠢ ᠬᠦᠮᠦᠨ ᠠᠯᠬᠤᠵᠤ ᠭᠠᠷᠬᠤ ᠶᠢ ᠤᠨᠴᠠ ᠴᠡᠭᠡᠷᠯᠡᠬᠦ ᠪᠦᠬᠡᠳ ᠰᠠᠨᠠᠭᠠᠨ ᠳᠤ ᠦᠬᠡᠢ ᠭᠠᠷᠤᠭᠰᠠᠨ ᠪᠤᠯ ᠭᠠᠯ ᠲᠡᠭᠡᠷ᠎ᠡ ᠠᠷᠢᠭᠤᠯᠠᠵᠤ ᠲᠤᠮᠨᠤᠨ᠎ᠠ᠃ ᠬᠦᠮᠦᠨ ᠤ ᠰᠡᠬᠦᠳᠡᠷ ᠲᠡᠭᠡᠷ᠎ᠡ ᠴᠤ ᠬᠢᠰᠬᠢᠬᠦ ᠦᠬᠡᠢ᠂ ᠰᠡᠬᠦᠳᠡᠷ ᠨᠢ ᠰᠦᠨᠡᠰᠦ ᠪᠠᠨ ᠲᠠᠭᠠᠳᠠᠭ ᠬᠡᠨ᠎ᠡ᠃ ᠪᠢᠯᠡᠬᠦᠦ ᠶᠢ ᠭᠠᠷ ᠢᠶᠠᠷ ᠲᠠᠮᠵᠢᠭᠤᠯᠪᠠᠯ  ᠦᠰ ᠲᠠᠢ ᠪᠤᠯᠤᠨ᠎ᠠ ᠭᠡᠳᠡᠭ᠂  ᠰᠠᠨᠠᠮᠰᠠᠷ ᠦᠬᠡᠢ ᠭᠠᠷᠳᠠᠵᠤ ᠠᠪᠤᠭᠰᠠᠨ ᠪᠤᠯ ᠲᠠᠬᠢᠨ ᠭᠠᠵᠠᠷ ᠲᠤ ᠬᠠᠶᠠᠵᠤ ︽ᠲᠦᠢ︕︾ ᠬᠡᠮᠡᠨ ᠨᠤᠯᠮᠤᠭᠠᠳ ᠠᠪᠳᠠᠭ  ᠲᠤᠮ ᠪᠤᠢ᠃ ᠬᠦᠯ ᠤᠨ ᠤᠯᠠ ᠪᠠᠨ ᠨᠡᠶᠢᠯᠡᠬᠦᠯᠪᠡᠯ ᠪᠠᠰᠠ ᠦᠰ ᠵᠠᠩᠬᠢᠳᠤᠨ᠎ᠠ ᠬᠡᠵᠦ ᠴᠡᠭᠡᠷᠯᠡᠳᠡᠭ᠃  ᠶᠠᠭᠤᠮ᠎ᠠ ᠤᠶᠤᠵᠤ ᠦᠯᠡᠳᠡᠭᠰᠡᠨ ᠤᠴᠢᠭ ᠢ ᠵᠠᠩᠬᠢᠳᠬᠤ ᠦᠬᠡᠢ᠂ ᠤᠶᠤᠳᠠᠯ ᠤᠵᠢᠭᠰᠢᠨ᠎ᠠ ᠬᠡᠵᠦ᠂  ᠮᠦᠨ ᠲᠠᠰᠢᠭᠤᠷ ᠤᠨ ᠦᠵᠦᠬᠦᠷ ᠢ ᠵᠠᠩᠬᠢᠳᠬᠤ ᠦᠬᠡᠢ᠂ ᠬᠠᠷ᠎ᠠ ᠲᠠᠰᠢᠭᠤᠷ ᠤᠨ ᠦᠵᠦᠬᠦᠷ ᠵᠠᠩᠬᠢᠯᠠᠭᠠᠰᠤ ᠲᠠᠢ ᠪᠠᠶᠢᠳᠠᠭ ᠬᠡᠨ᠎ᠡ᠃ ᠶᠤᠳᠤᠷ ᠪᠠᠷᠢᠪᠠᠯ ᠲᠤᠩᠴᠤᠶᠢᠷᠠᠨ᠎ᠠ ᠬᠡᠵᠦ ᠰᠢᠳᠠᠩᠬᠠᠢ ᠲᠦᠯᠡᠩᠬᠡᠢ ᠮᠤᠳᠤ ᠪᠠᠷ ᠮᠠᠯ ᠬᠦᠬᠡᠬᠡᠬᠦ ᠶᠢ ᠤᠨᠴᠠ ᠴᠡᠭᠡᠷᠯᠡᠨ᠎ᠡ᠃ ᠲᠦᠯᠬᠢᠬᠦᠷ ᠢ ᠰᠢᠳᠡᠪᠡᠯ ᠬᠤᠭᠰᠢᠯ ᠴᠠᠶᠢᠨ᠎ᠠ ᠬᠡᠵᠦ᠂ ᠬᠤᠷᠤᠭᠤᠨ ᠳᠠᠭᠠᠨ ᠡᠷᠬᠢᠬᠦᠯᠳᠡᠪᠡᠯ ᠦᠷᠢ ᠠᠯᠳᠠᠨ᠎ᠠ ᠬᠡᠮᠡᠨ ᠴᠡᠭᠡᠷᠯᠡᠬᠦ ᠪᠠ ᠦᠷᠬᠦᠯᠵᠢ ᠡᠷᠬᠢᠨᠡᠭ ᠤᠨ ᠲᠤᠯᠤᠭᠠᠢ ᠳᠤ ᠡᠯᠬᠦᠵᠦ ᠲᠠᠯᠪᠢᠬᠤ ᠵᠠᠩᠰᠢᠯ ᠲᠠᠢ᠃  ᠮᠠᠯ  ᠤᠨ ᠲᠠᠮᠠᠭ᠎ᠠ ᠶᠢ ᠭᠠᠵᠠᠷ ᠲᠤ ᠲᠠᠷᠤᠪᠠᠯ ᠮᠠᠯ ᠪᠠᠷᠠᠭᠳᠠᠨ᠎ᠠ  ᠬᠡᠵᠦ ᠴᠡᠭᠡᠷᠯᠡᠳᠡᠭ᠃ ᠴᠢᠨ᠋ᠸ᠎ᠠ ᠶᠢᠨ ᠨᠡᠷ᠎ᠡ   ᠪᠠᠷ ᠭᠡᠯᠡᠪᠡᠯ ᠴᠢᠨ᠋ᠸ᠎ᠠ ᠶᠢᠨ ᠴᠢᠬᠢ ᠬᠠᠩᠬᠢᠨᠠᠨ᠎ᠠ ᠬᠡᠵᠦ᠂ ᠲᠡᠭᠷᠢ ᠶᠢᠨ ᠨᠤᠬᠠᠢ᠂ ᠬᠦᠳᠡᠭᠡ ᠶᠢᠨ ᠨᠤᠬᠠᠢ᠂ ᠪᠤᠤᠬᠠᠢ᠂ ᠬᠢᠯᠵᠢᠷ ᠰᠠᠷᠠᠯ᠂ ᠭᠡᠴᠡᠬᠦᠦ ᠨᠡᠷᠡᠳᠦ ᠬᠡᠬᠦ ᠮᠡᠳᠦ ᠪᠠᠷ ᠴᠡᠭᠡᠷᠯᠡᠨ ᠨᠡᠷᠡᠯᠡᠳᠡᠭ᠃     ᠪᠡᠯᠬᠡ ᠲᠡᠮᠪᠡᠷᠢᠯ ᠦᠬᠡᠢ ᠤᠴᠢᠷ᠂ ᠴᠡᠭᠡᠷ ᠠᠯᠳᠠᠭᠰᠠᠨ ᠤᠴᠢᠷ ᠡᠬᠦᠰᠬᠦ ᠪᠤᠶᠤ ᠡᠪᠡᠳᠴᠢᠨ ᠡᠮᠭᠡᠭ ᠲᠤ ᠨᠡᠷᠪᠡᠭᠳᠡᠪᠡᠯ ᠲᠤᠮ ᠬᠢᠳᠡᠭ ᠵᠠᠩᠰᠢᠯ ᠪᠤᠢ᠃  ᠤᠯᠠᠨ ᠤ ᠮᠡᠳᠡᠭᠡᠵᠢ ᠪᠠᠷ ᠬᠡᠦᠬᠡᠳ ᠨᠠᠶᠢᠳᠠᠭᠠᠪᠠᠯ ︽ᠪᠤᠷᠬᠠᠨ ᠦᠷᠦᠰᠢᠶᠡ︾᠂ ︽ᠳ᠋ᠠᠷ᠎ᠠ ᠡᠬᠡ ᠦᠷᠦᠰᠢᠶᠡ︾ ᠬᠡᠳᠡᠭ ᠨᠢ ᠲᠠᠭᠰᠢᠭᠤᠷ ᠬᠦᠷᠬᠦ ᠠᠴᠠ ᠵᠠᠶᠢᠯᠠᠭᠤᠯᠬᠤ ᠭᠡᠰᠡᠨ ᠲᠤᠮ  ᠤᠨ ᠰᠢᠨᠵᠢ ᠲᠠᠢ ᠦᠬᠡ ᠪᠤᠯᠤᠨ᠎ᠠ᠃ ᠴᠢᠬᠢ ᠬᠠᠩᠬᠢᠨᠠᠬᠤ ᠶᠢ ᠪᠡᠯᠭᠡᠰᠢᠶᠡᠵᠦ ︽ᠮᠢᠨᠦ ᠠᠯᠢ ᠴᠢᠬᠢ  ᠬᠠᠩᠬᠢᠨᠠᠪᠠ︖ ︾ ᠬᠡᠮᠡᠨ ᠠᠰᠠᠭᠤᠬᠤ ᠳᠤ ᠬᠠᠷᠢᠭᠤ ᠳᠤᠨᠢ ︽ᠪᠠᠷᠠᠭᠤᠨ ᠴᠢᠬᠢ︾ ᠬᠡᠵᠦ ᠬᠡᠯᠡᠨ᠎ᠡ᠃  ᠡᠨᠡ  ᠪᠤᠯ ᠮᠦᠨ ᠲᠤᠮ ᠪᠤᠯᠤᠨ᠎ᠠ᠃ ᠤᠴᠢᠷ ᠨᠢ ᠪᠠᠷᠠᠭᠤᠨ ᠴᠢᠬᠢ ᠬᠠᠩᠭᠢᠨᠠᠪᠠᠯ ᠲᠦᠷᠦᠯ ᠰᠠᠳᠤᠨ ᠲᠤᠷᠠᠰᠴᠤ ᠪᠠᠶᠢᠨ᠎ᠠ ᠬᠡᠵᠦ᠂ ᠵᠡᠬᠦᠨ ᠴᠢᠬᠢ ᠬᠠᠩᠬᠢᠨᠠᠪᠠᠯ ᠮᠠᠭᠤ ᠴᠢᠮᠡᠭᠡ ᠲᠤᠭᠤᠯᠳᠠᠨ᠎ᠠ ᠭᠡᠳᠡᠭ᠃  ᠨᠢᠳᠦ ᠲᠠᠳᠠᠪᠠᠯ ᠮᠠᠭᠤ ᠢᠷᠸ᠎ᠠ ᠬᠡᠵᠦ ᠠᠨᠢᠰᠬ᠎ᠠ ᠲᠡᠭᠡᠷ᠎ᠡ ᠴᠠᠭᠠᠨ ᠡᠪᠡᠰᠦ ᠨᠠᠭᠠᠵᠤ ᠲᠤᠮᠨᠤᠨ᠎ᠠ᠃ ᠬᠡᠦᠭᠡᠳ ᠶᠡᠭᠡ ᠠᠶᠤᠵᠤ ᠰᠤᠴᠢᠪᠠᠯ ᠰᠦᠨᠡᠰᠦ ᠨᠢ ᠵᠠᠶᠢᠯᠠᠴᠢᠬᠠᠨ᠎ᠠ  ᠬᠡᠵᠦ ᠮᠠᠯᠠᠭᠠᠢ ᠶᠢ ᠨᠢ ᠪᠤᠷᠤᠭᠤ  ᠬᠠᠷᠠᠭᠤᠯᠵᠤ ᠡᠮᠦᠰᠭᠡᠨ᠂  ᠬᠡᠦᠭᠡᠳ   ᠢᠶᠠᠨ ᠡᠷᠬᠦᠵᠦ  ︽ ᠬᠤᠷᠤᠢ︕  ᠬᠤᠷᠤᠢ︕︾  ᠬᠡᠮᠡᠨ ᠬᠤᠷᠤᠶᠢᠯᠠᠵᠤ ᠪᠠᠷᠠᠭᠠᠳ ᠰᠢᠬᠡᠯᠬᠡᠨ᠎ᠡ᠃  ᠬᠡᠦᠭᠡᠳ ᠤᠷᠤᠭ᠎ᠠ ᠠᠶᠢᠯ ᠤᠨ ᠪᠦᠰᠡᠬᠦᠢ ᠤᠯᠠᠨ ᠬᠡᠦᠬᠡᠳ ᠲᠠᠢ ᠬᠦᠮᠦᠨ ᠤ ᠬᠠᠭᠤᠴᠢᠨ ᠲᠡᠪᠡᠯ ᠤᠨ ᠡᠩᠬᠡᠷ ᠬᠤᠷᠮᠤᠢ ᠶᠢ ᠠᠪᠴᠤ ᠬᠠᠳᠠᠭᠠᠯᠠᠬᠤ ᠪᠠ  ᠤᠯᠠᠨ ᠬᠡᠦᠭᠡᠳ ᠲᠠᠢ ᠠᠶᠢᠯ  ᠤᠨ ᠮᠠᠨᠴᠤᠢ ᠶᠢ ᠵᠢᠬᠡᠯᠡᠵᠦ ᠲᠦᠷᠦᠭᠰᠡᠨ ᠬᠡᠦᠭᠡᠳ ᠢᠶᠠᠨ ᠮᠠᠨᠴᠤᠶᠢᠯᠠᠬᠤ᠂ ᠬᠠᠷᠢ ᠤᠭᠰᠠᠭᠠᠨ ᠤ ᠬᠦᠮᠦᠨ ᠤ ᠲᠡᠪᠡᠯ ᠬᠤᠪᠴᠠᠰᠤᠨ ᠳᠤ ᠪᠤᠭᠤᠬᠤ᠂ ᠬᠠᠭᠤᠷᠠᠢ ᠡᠴᠢᠭᠡ ᠲᠠᠨᠢᠭᠤᠯᠬᠤ᠂ ᠨᠢᠯᠬ᠎ᠠ ᠳᠤᠨᠢ ᠠᠶᠢᠯ ᠳᠤ ᠤᠷᠤᠭᠤᠯᠬᠤ᠂ ᠴᠢᠨ᠋ᠸ᠎ᠠ  ᠶᠢᠨ ᠠᠷᠠᠰᠤ ᠨᠦᠮᠦᠷᠢᠬᠦᠯᠬᠦ᠂ ᠲᠤᠭᠤᠭᠠᠨ ᠳᠤ ᠬᠦᠮᠦᠷᠢᠬᠦ᠂ ᠪᠠᠭᠤᠮᠠᠯ ᠵᠡᠬᠦᠯᠬᠡᠬᠦ᠂ ᠮᠦᠩᠬᠦᠨ ᠤᠨᠢᠰᠤ ᠪᠠᠷ ᠤᠨᠢᠰᠤᠯᠠᠬᠤ ᠵᠡᠷᠭᠡ ᠤᠯᠠᠨ ᠲᠤᠮ ᠬᠢᠳᠡᠭ ᠪᠠᠶᠢᠨ᠎ᠠ᠃ ᠬᠡᠦᠭᠡᠳ ᠢ ᠤᠷᠤᠢ ᠪᠦᠷᠦᠢ ᠭᠡᠷ ᠠᠴᠠ ᠭᠠᠷᠭᠠᠬᠤ ᠴᠢᠬᠤᠯᠠᠳᠠᠢ ᠪᠤᠯ ᠬᠠᠮᠠᠷ ᠪᠤᠶᠤ ᠮᠠᠩᠨᠠᠢ ᠲᠡᠭᠡᠷ᠎ᠡ ᠨᠢ ᠬᠦ᠋ ᠲᠦᠷᠬᠢᠵᠦ  ︽ᠭᠤᠷᠪᠠᠨ ᠨᠢᠳᠦᠳᠡᠢ︾ ᠪᠤᠯᠭᠠᠨ ᠠᠪᠴᠤ ᠭᠠᠷᠤᠨ᠎ᠠ᠃ ᠢᠩᠬᠢᠪᠡᠯ ᠮᠠᠭᠤ ᠶᠠᠭᠤᠮ᠎ᠠ ᠠᠶᠤᠵᠤ ᠬᠠᠯᠳᠠᠬᠤ ᠦᠬᠡᠢ ᠭᠡᠳᠡᠭ᠃ ᠬᠡᠦᠭᠡᠳ ᠶᠡᠭᠡ ᠬᠠᠯᠠᠭᠤᠷᠠᠪᠠᠯ ︽ᠤᠰᠤ ᠡᠷᠬᠢᠬᠦᠯᠬᠦ︾ ᠲᠤᠮ ᠬᠢᠨ᠎ᠡ᠃ ᠲᠤᠬᠠᠶᠢᠯᠠᠪᠠᠯ᠂ ᠭᠤᠯᠢᠷ ᠵᠤᠯᠠ  ᠪᠠᠷᠢᠭᠠᠳ ᠲᠡᠬᠦᠨ ᠢᠶᠠᠨ ᠬᠤᠷᠤᠭᠤᠨ ᠳᠠᠭᠠᠨ ᠬᠠᠪᠴᠢᠵᠤ᠂ ᠠᠶᠠᠭ᠎ᠠ ᠲᠠᠢ ᠤᠰᠤ ᠶᠢ ᠵᠤᠯᠠ   ᠲᠠᠢ ᠭᠠᠷ ᠢᠶᠠᠷ ᠢᠶᠠᠨ ᠬᠤᠷᠤᠭᠤ ᠦᠩᠬᠡᠶᠢᠯᠬᠡᠨ ᠪᠠᠷᠢᠭᠠᠳ ᠪᠤᠷᠤᠭᠤ  ᠪᠠᠷ ᠭᠡᠳᠦ  ᠡᠷᠬᠢᠬᠦᠯᠦᠭᠰᠡᠨ ᠤ ᠲᠠᠷᠠᠭ᠎ᠠ᠂  ᠵᠤᠯᠠ ᠪᠠᠨ ᠤᠰᠤᠨ ᠳᠠᠭᠠᠨ ᠬᠢᠵᠦ᠂ ᠡᠬᠦᠳᠡᠨ ᠤ ᠪᠤᠷᠤᠭᠤ ᠲᠠᠯ᠎ᠠ ᠪᠠᠷ ᠪᠤᠶᠤ ᠵᠡᠬᠦᠨ ᠬᠤᠶᠢᠰᠢ ᠰᠠᠴᠤᠨ᠎ᠠ᠃ ᠮᠦᠨ ᠬᠠᠷ᠎ᠠ ᠲᠤᠭᠤᠯᠭ᠎ᠠ ᠶᠢ ᠬᠠᠶᠢᠯᠤᠭᠤᠯᠵᠤ ᠬᠦᠢᠳᠡᠨ ᠤᠰᠤᠨ ᠳᠤ ᠴᠢᠳᠬᠤᠭᠠᠳ ᠪᠦᠳᠦᠭᠰᠡᠨ ᠲᠦᠷᠰᠦ ᠶᠢ ᠨᠢ ᠵᠡᠬᠦᠯᠬᠡᠨ᠎ᠡ᠃ ᠬᠡᠦᠭᠡᠳ ᠠᠮᠠᠨ ᠤ ᠠᠯᠪᠠ ᠪᠠᠨ ᠪᠠᠷᠢᠪᠠᠯ ᠴᠢᠨ᠋ᠸ᠎ᠠ ᠶᠢᠨ ᠬᠡᠯᠡ ᠶᠢ  ᠬᠡᠦᠭᠡᠳ ᠤᠨ ᠬᠡᠯᠡ ᠠᠮᠠᠨ ᠳᠤᠨᠢ ᠬᠦᠷᠭᠡᠵᠦ᠂ ︽ ᠠᠮᠠᠨ ᠤ ᠠᠯᠪᠠ ᠬᠡᠵᠢᠶ᠎ᠡ ᠪᠠᠷᠢᠳᠠᠭ ᠪᠢᠯᠡ᠂ ᠴᠢᠨ᠋ᠸ᠎ᠠ  ᠶᠢᠨ ᠬᠡᠯᠡ   ᠪᠠᠷ ᠬᠡᠵᠢᠶ᠎ᠡ ᠲᠤᠮᠨᠤᠭᠤᠯᠳᠠᠭ ᠪᠢᠯᠡ᠂ ᠡᠮ ᠲᠤᠮ᠂ ᠡᠮ ᠲᠤᠮ︾ ᠬᠡᠮᠡᠨ  ᠲᠤᠮᠨᠤᠵᠤ᠂  ᠠᠮᠠᠨ ᠲᠡᠭᠡᠷ᠎ᠡ  ᠨᠢ ᠠᠮᠠᠭᠠᠢ ᠭᠠᠷᠪᠠᠯ ᠴᠢᠳᠬᠦᠷ ᠲᠤᠯᠢᠶᠠᠵᠠᠢ ᠬᠡᠵᠦ᠂ ᠨᠠᠭᠠᠴᠤ ᠶᠢᠨ ᠮᠤᠷᠢᠨ ᠤ ᠬᠠᠯᠠᠭᠤᠨ ᠬᠠᠵᠠᠭᠠᠷ ᠢ ᠲᠤᠳᠤᠭᠤ  ᠪᠠᠷ ᠤᠷᠤᠭᠤᠯᠤᠭᠠᠳ᠂ ︽ᠠᠮᠠᠭᠠᠢ ᠬᠡᠵᠢᠶ᠎ᠡ ᠭᠠᠷᠳᠠᠭ ᠪᠢᠯᠡ  ᠂ ᠠᠮᠠᠭᠠᠢ ᠪᠠᠷ ᠬᠡᠵᠢᠶ᠎ᠡ ᠲᠤᠮᠨᠤᠭᠤᠯᠳᠠᠭ ᠪᠢᠯᠡ᠂ ᠡᠮ ᠲᠤᠮ᠂ ᠡᠮ ᠲᠤᠮ︾ ᠬᠡᠮᠡᠨ  ᠲᠤᠮᠨᠤᠵᠤ᠂  ᠬᠦᠷᠪᠡᠰᠢ ᠭᠠᠷᠪᠠᠯ ᠬᠦ᠋ ᠲᠠᠢ ᠲᠤᠤᠵᠤ ᠪᠠᠷ ᠭᠠᠷᠤᠭᠰᠠᠨ ᠭᠠᠵᠠᠷ ᠢ ᠨᠢ ᠱᠦᠬᠦᠷᠳᠡᠵᠦ ︽ᠬᠦᠷᠪᠡᠰᠢ ᠬᠡᠵᠢᠶ᠎ᠡ ᠭᠠᠷᠳᠠᠭ  ᠪᠢᠯᠡ᠂ ᠬᠦ᠋ ᠲᠠᠢ ᠲᠤᠤᠵᠤ ᠪᠠᠷ ᠬᠡᠵᠢᠶ᠎ᠡ ᠲᠤᠮᠨᠤᠭᠤᠯᠳᠠᠭ ᠪᠢᠯᠡ᠂ ᠡᠮ ᠲᠤᠮ᠂ ᠡᠮ ᠲᠤᠮ︾ ᠬᠡᠮᠡᠨ ᠲᠤᠮᠨᠤᠳᠠᠭ᠃ ᠡᠮ ᠤᠨ ᠴᠠᠭᠠᠰᠤ ᠶᠢ ᠭᠠᠯ ᠳᠤ ᠬᠢᠬᠦ ᠦᠬᠡᠢ᠂ ᠲᠦᠷᠪᠡ ᠨᠤᠭᠤᠯᠵᠤ ᠭᠡᠰᠡᠭᠯᠡᠨ ᠤᠷᠠᠭᠠᠳ  ︽ ᠡᠨᠡ ᠴᠠᠭᠠᠰᠤ ᠡᠷᠪᠡᠬᠡᠢ ᠪᠤᠯ᠂ ᠡᠨᠡ ᠡᠪᠡᠳᠴᠢᠨ ᠴᠢᠳᠬᠦᠷ ᠪᠤᠯ︾  ᠭᠡᠵᠦ ᠠᠮᠠᠨ ᠳᠠᠭᠠᠨ ᠤᠩᠰᠢᠬᠤ  ᠪᠤᠶᠤ ︽ᠡᠪᠡᠳᠴᠢᠨ ᠢᠶᠠᠨ ᠠᠪᠤᠭᠠᠳ ᠬᠤᠯᠠ  ᠶᠠᠪᠤ︾   ᠬᠡᠮᠡᠨ ᠲᠠᠭᠠᠳᠬᠠᠵᠤ᠂  ᠴᠤᠩᠬᠤ ᠪᠠᠷ ᠢᠶᠠᠨ ᠪᠤᠶᠤ  ᠭᠠᠳᠠᠨ᠎ᠠ ᠠᠪᠠᠴᠢᠵᠤ ᠰᠠᠯᠬᠢᠨ ᠳᠤ ᠬᠡᠶᠢᠰᠬᠡᠵᠦ ᠶᠠᠪᠤᠭᠤᠯᠳᠠᠭ᠃  ᠭᠡᠷ ᠲᠤ ᠮᠠᠭᠤ ᠶᠠᠭᠤᠮ᠎ᠠ ᠤᠷᠤᠬᠤ ᠠᠴᠠ ᠰᠡᠷᠭᠡᠶᠢᠯᠡᠵᠦ᠂ ᠬᠤᠨᠢᠨ ᠪᠤᠭᠳᠤᠰ ᠤᠨ ᠶᠠᠰᠤ ᠶᠢ ᠲᠦᠷᠦᠯᠡᠬᠡᠳ᠂ ᠵᠡᠬᠦᠨ ᠬᠠᠭᠠᠯᠭᠠᠨ ᠤ ᠠᠷᠤ ᠳᠤ ᠬᠠᠨ᠎ᠠ ᠠᠴᠠ ᠡᠯᠬᠦᠵᠦ᠂ ᠡᠬᠦᠨ ᠢᠶᠠᠨ ᠮᠠᠨᠠᠭ᠎ᠠ ᠮᠠᠨᠠᠭᠤᠯᠵᠤ ᠪᠠᠶᠢᠨ᠎ᠠ ᠭᠡᠳᠡᠭ᠃ ᠬᠡᠦᠭᠡᠳ  ᠪᠤᠱᠤᠭ᠎ᠠ ᠳᠤ ᠲᠤᠳᠤᠭᠰᠢ ᠪᠦᠳᠦᠷᠢᠵᠦ ᠤᠨᠠᠪᠠᠯ ᠤᠯᠵᠠ ᠤᠷᠤᠨ᠎ᠠ ᠭᠡᠮᠡᠨ ᠪᠡᠯᠬᠡᠰᠢᠶᠡᠵᠦ᠂ ᠭᠠᠳᠠᠭᠰᠢ ᠪᠦᠳᠦᠷᠢᠵᠦ ᠤᠨᠠᠪᠠᠯ ᠭᠠᠷᠤᠵᠠ ᠭᠠᠷᠤᠨ᠎ᠠ ᠬᠡᠮᠡᠨ ᠪᠤᠴᠠᠨ ᠤᠷᠤᠵᠤ ᠭᠠᠯ ᠳᠤ ᠬᠤᠮᠤᠯ ᠬᠢᠵᠦ ᠲᠤᠮ ᠬᠢᠳᠡᠭ᠃  ᠮᠠᠯ ᠬᠦᠳᠡᠭᠡ ᠬᠤᠨᠤᠬᠤ ᠪᠤᠶᠤ ᠴᠢᠨ᠋ᠸ᠎ᠠ ᠶᠢᠨ ᠬᠦᠯ ᠰᠢᠷᠦᠬᠦᠨ ᠦᠶ᠎ᠡ ᠳᠤ ᠮᠠᠯ ᠢ ᠴᠢᠨ᠋ᠸ᠎ᠠ ᠳᠤ ᠪᠠᠷᠢᠭᠳᠠᠬᠤ ᠠᠴᠠ ᠰᠡᠷᠭᠡᠶᠢᠯᠡᠨ᠂  ︽ᠴᠢᠨ᠋ᠸ᠎ᠠ  ᠶᠢᠨ ᠠᠮᠠ   ᠶᠢ ᠪᠤᠭᠤᠵᠤ ᠪᠠᠶᠢᠨ᠎ᠠ︾ ᠬᠡᠮᠡᠨ ᠦᠢᠯᠡ   ᠶᠢᠨ ᠬᠠᠶᠢᠴᠢ ᠶᠢ ᠲᠡᠮᠡᠭᠡᠨ ᠤᠳᠠᠰᠤ ᠪᠠᠷ ᠤᠷᠢᠶᠠᠵᠤ᠂ ᠪᠠᠷᠠᠭᠤᠨ ᠬᠠᠭᠠᠯᠭᠠᠨ ᠤ ᠠᠷᠤ ᠳᠤ ᠡᠯᠬᠦᠨ ᠲᠤᠮ ᠬᠢᠨ᠎ᠡ᠃ ᠵᠠᠷᠤᠭᠰᠠᠨ ᠮᠠᠯ ᠭᠡᠭᠡᠯ ᠲᠠᠢ ᠪᠤᠯ ᠭᠡᠬᠡᠯ ᠢ ᠨᠢ ᠡᠷᠭᠡᠪᠰᠢ ᠭᠠᠷᠭᠠᠬᠤ ᠪᠦᠬᠡᠳ ᠰᠠᠪᠠ ᠶᠢ ᠨᠢ ᠵᠦᠰᠦᠵᠦ ᠨᠡᠬᠡᠬᠡᠬᠦ ᠦᠶᠡᠰ ᠲᠡᠭᠡᠷ᠎ᠡ ᠨᠢ ᠴᠠᠭᠠᠨ ᠡᠪᠡᠰᠦ ᠬᠦᠨᠳᠡᠯᠡᠨ ᠲᠠᠯᠪᠢᠵᠤ ︽ᠴᠢᠮᠠᠢᠢ ᠤᠭᠳᠤᠯᠵᠤ ᠪᠠᠶᠢᠬᠤ ᠪᠢᠰᠢ᠂ ᠴᠠᠭᠠᠨ ᠡᠪᠡᠰᠦ ᠶᠢ ᠤᠭᠳᠤᠯᠵᠤ ᠪᠠᠶᠢᠨ᠎ᠠ︾ ᠭᠡᠵᠦ ᠲᠤᠮ ᠬᠢᠳᠡᠭ᠃ ᠵᠠᠷᠢᠮ ᠦᠶᠡᠰ ᠬᠤᠨᠢᠨ ᠤ ᠦᠷᠦᠴᠡ ᠶᠢ ᠨᠡᠬᠡᠬᠡᠬᠦ ᠳᠡᠭᠡᠨ ᠴᠤ ᠢᠩᠬᠢᠵᠦ ᠦᠢᠯᠡᠳᠦᠳᠡᠭ ᠪᠠᠶᠢᠭᠰᠠᠨ᠃ ᠭᠡᠭᠡᠷ᠎ᠡ ᠭᠠᠳᠠᠨ᠎ᠠ ᠢᠳᠡᠵᠦ ᠤᠤᠭᠤᠬᠤ ᠳᠠᠭᠠᠨ ᠲᠡᠨᠦᠬᠦᠯ ᠰᠦᠨᠡᠰᠦ ᠤᠳ ᠭᠤᠷᠢᠳᠠᠨ᠎ᠠ ᠬᠡᠵᠦ ᠴᠠᠢ ᠬᠤᠭᠤᠯᠠ   ᠠᠴᠠ ᠪᠠᠨ ᠰᠠᠴᠤᠨ᠎ᠠ᠃  ᠤᠳᠤ ᠰᠤᠪᠤᠷᠠᠬᠤ ᠶᠢ ᠤᠯᠵᠤ ᠦᠵᠡᠪᠡᠯ ︽ᠲᠡᠭᠷᠢ ᠶᠢᠨ ᠤᠳᠤ ᠰᠤᠪᠤᠷᠠᠭᠰᠠᠨ ᠠᠴᠠ ᠪᠢᠰᠢ᠂ ᠮᠢᠨᠦ ᠤᠳᠤ ᠰᠤᠪᠤᠷᠠᠭᠰᠠᠨ ᠦᠬᠡᠢ᠂ ᠲᠦᠢ︕ ᠲᠦᠢ︕︾  ᠬᠡᠵᠦ ᠨᠤᠯᠮᠤᠨ᠎ᠠ᠃ ᠬᠡᠷᠢᠶ᠎ᠡ ᠤᠭᠤᠯᠢ ᠲᠤᠤᠭᠠᠷᠬᠤ ᠶᠢ ᠮᠠᠭᠤ ᠢᠷᠸ᠎ᠠ ᠬᠡᠮᠡᠨ ᠰᠡᠵᠢᠭᠯᠡᠵᠦ᠂ ᠬᠡᠷᠢᠶ᠎ᠡ ᠲᠤᠤᠭᠠᠷᠪᠠᠯ ︽ᠮᠠᠭᠤ ᠬᠡᠯᠡ   ᠪᠠᠨ ᠴᠠᠰᠢ ᠪᠠᠨ᠂ ᠰᠠᠶᠢᠨ ᠬᠡᠯᠡ   ᠪᠠᠨ ᠨᠠᠰᠢ  ᠪᠠᠨ︾  ᠬᠡᠵᠦ᠂ ᠤᠭᠤᠯᠢ ᠬᠤᠳᠠ ᠬᠤᠷᠤᠭᠠᠨ ᠤ ᠤᠶᠢᠷ᠎ᠠ ᠲᠤᠤᠭᠠᠷᠪᠠᠯ ︽ᠤᠬᠤᠨ᠎ᠠ ᠶᠢᠨ ᠲᠤᠯᠤᠮ ᠳᠤ ᠤᠰᠤ ᠠᠪᠤᠭᠠᠳ ᠢᠷ᠎ᠡ᠂ ᠤᠭᠤᠯᠢ ᠶᠢᠨ ᠮᠢᠬ᠎ᠠ ᠶᠢ ᠴᠢᠨᠠᠵᠤ ᠢᠳᠡᠶ᠎ᠡ︾ ᠬᠡᠵᠦ ᠬᠡᠯᠡᠬᠡᠳ᠂ ᠦᠨᠡᠰᠦ ᠰᠠᠴᠤᠵᠤ ᠲᠤᠮ ᠬᠢᠳᠡᠭ ᠪᠠᠶᠢᠨ᠎ᠠ᠃    ᠲᠠᠶᠢᠹᠤᠰᠧ ᠨᠤᠳᠤᠭ ᠤᠨ ᠪᠡᠯᠭᠡᠰᠢᠶᠡᠬᠦ ᠵᠠᠩᠰᠢᠯ ᠪᠠ ᠴᠡᠭᠡᠷ ᠲᠤᠮ ᠤᠨ ᠶᠤᠰᠤᠨ ᠢ ᠲᠦᠬᠦᠮ ᠦᠬᠦᠯᠡᠪᠡᠯ ᠶᠡᠷᠦᠩᠬᠡᠢ ᠳᠡᠭᠡᠨ ᠡᠶᠢᠮᠦᠷᠬᠦ ᠪᠠᠶᠢᠳᠠᠭ ᠪᠤᠯᠪᠠᠴᠤ᠂ ᠭᠠᠵᠠᠷ ᠪᠦᠷᠢ ᠠᠴᠠ ᠴᠤᠭᠯᠠᠷᠠᠭᠰᠠᠨ  ᠤᠯᠠᠨ ᠤᠪᠤᠭ ᠠᠶᠢᠮᠠᠭ  ᠤᠨ ᠬᠦᠮᠦᠰ ᠪᠠᠶᠢᠳᠠᠭ ᠲᠤᠯᠠ ᠵᠠᠷᠢᠮ ᠲᠠᠯ᠎ᠠ ᠪᠠᠷ ᠪᠠᠰᠠ ᠵᠦᠷᠢᠶ᠎ᠡ ᠲᠠᠢ ᠭᠠᠵᠠᠷ ᠪᠠᠶᠢᠳᠠᠭ ᠶᠤᠮ᠃
 
ᠢᠷᠡᠯᠲᠡ᠄ ︽ᠲᠠᠶᠢᠹᠦᠰᠧ ᠵᠡᠬᠦᠨ ᠭᠠᠷ — ᠬᠦᠨᠪᠤᠯᠠᠭ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号