ᠤᠯᠠᠮᠵᠢᠯᠠᠯᠳᠤ ᠵᠠᠩ ᠦᠢᠯᠡ — ᠨᠠᠰᠤᠨ ᠪᠠᠶᠠᠷ ᠬᠢᠬᠦ
ᠨᠡᠶᠢᠲᠡᠯᠡᠭᠰᠡᠨ ᠴᠠᠭ᠄
2020/11/18
 ᠮ᠊ ‍ᠤᠩᠭᠤᠯᠴᠤᠳ ᠨᠠᠰᠤᠳᠠᠨ ᠲᠤᠮᠤᠭᠠᠳᠠᠨ ᠢᠶᠠᠨ ᠬᠦᠨᠳᠦᠳᠬᠡᠨ ᠬᠠᠶᠢᠷᠠᠯᠠᠳᠠᠭ ᠪᠤᠯᠬᠤᠷ ᠲᠡᠳᠡᠨ ᠤ ᠪᠠᠨ ᠤᠷᠳᠤ ᠨᠠᠰᠤᠯᠠᠵᠤ ᠤᠳᠠᠭᠠᠨ ᠵᠢᠷᠭᠠᠬᠤ ᠶᠢ ᠬᠦᠰᠡᠨ ᠪᠡᠯᠭᠡᠰᠢᠶᠡᠵᠦ᠂ ᠨᠠᠰᠤᠳᠠᠨ  ᠪᠤᠭᠤᠷᠤᠯ ᠠᠴᠠ ᠪᠠᠨ ᠢᠷᠦᠭᠡᠯ ᠬᠠᠶᠢᠷᠠᠯᠠᠬᠤ ᠶᠢ ᠬᠦᠰᠡᠨ ᠡᠷᠡᠮᠡᠯᠵᠡᠯᠡᠵᠦ ᠬᠢᠳᠡᠭ ᠨᠢᠬᠡ ᠵᠦᠢᠯ ᠤᠨ ᠬᠦᠨᠳᠦᠳᠭᠡᠯ ᠤᠨ ᠨᠠᠶᠢᠷ ᠢᠶᠠᠨ ᠨᠠᠰᠤᠨ ᠪᠠᠶᠠᠷ  ᠤᠨ ᠨᠠᠶᠢᠷ ᠪᠤᠶᠤ ᠵᠢᠯ ᠤᠷᠤᠭᠤᠯᠬᠤ ᠨᠠᠶᠢᠷ ᠬᠡᠵᠦ ᠬᠡᠯᠡᠳᠡᠭ᠃      ᠲᠠᠶᠢᠹᠤᠰᠧ ᠳᠤ ᠨᠠᠰᠤᠨ ᠤ ᠪᠠᠶᠠᠷ ᠢ ᠶᠡᠭᠡ ᠦᠨᠳᠦᠷ  ᠨᠠᠰᠤ ᠲᠠᠢ ᠬᠦᠮᠦᠨ ᠰᠠᠶ᠋ᠢ ᠬᠢᠨ᠎ᠡ᠃   ᠨᠠᠰᠤᠳᠠᠨ ᠤ  ᠪᠠᠨ ᠵᠢᠯ ᠢ ᠲᠦᠷᠦᠬᠦᠦ ᠤᠨ ᠳᠤᠨᠢ ᠤᠭᠳᠤᠵᠤ ᠤᠷᠤᠭᠤᠯᠳᠠᠭ ᠵᠠᠩᠰᠢᠯ ᠲᠠᠢ᠃  ᠵᠢᠷᠠᠨ ᠨᠢᠬᠡᠨ ᠤ ᠨᠠᠰᠤᠨ ᠪᠠᠶᠠᠷ ᠬᠢᠬᠦ ᠨᠢ  ᠲᠤᠩ ᠬᠤᠪᠤᠷ  ᠂  ᠲᠠᠯᠠᠨ ᠭᠤᠷᠪᠠ ᠪᠤᠶᠤ ᠨᠠᠶᠠᠨ ᠲᠠᠪᠤᠨ ᠤ  ᠨᠠᠰᠤᠨ ᠪᠠᠶᠠᠷ ᠬᠡᠵᠦ ᠬᠢᠬᠦ ᠨᠢ ᠤᠯᠠᠨ᠃ ᠨᠠᠰᠤᠨ ᠤ ᠪᠠᠶᠠᠷ ᠢ ᠶᠡᠬᠡᠩᠬᠢ ᠳᠡᠭᠡᠨ ᠵᠤᠨ ᠨᠠᠮᠤᠷ ᠤᠨ ᠪᠠᠶᠠᠨ ᠡᠯᠪᠡᠭ ᠴᠠᠭ ᠲᠤ ᠰᠠᠶᠢᠨ ᠡᠳᠦᠷ ᠰᠤᠩᠭᠤᠵᠤ ᠬᠢᠳᠡᠭ ᠪᠦᠬᠡᠳ ᠴᠠᠭᠠᠨ ᠰᠠᠷ᠎ᠠ ᠳᠠᠭᠠᠨ ᠨᠠᠰᠤ ᠨᠡᠮᠡᠬᠦ ᠶᠢᠨ ᠪᠠᠶᠠᠷ ᠢ ᠲᠤᠬᠢᠶᠠᠯᠳᠤᠭᠤᠯᠤᠨ ᠬᠢᠳᠡᠭ ᠴᠤ ᠪᠤᠢ᠃  ᠨᠠᠰᠤᠨ ᠤ ᠪᠠᠶᠠᠷ ᠬᠢᠬᠦ ᠠᠶᠢᠯ ᠨᠢ ᠠᠶᠢᠯ ᠠᠶᠢᠮᠠᠭ᠂ ᠬᠤᠯᠠ ᠤᠶᠢᠷ᠎ᠠ ᠶᠢᠨ ᠠᠬ᠎ᠠ ᠲᠡᠬᠦᠦ ᠰᠠᠳᠤᠨ ᠳᠠᠭᠠᠨ ᠪᠦᠷ ᠤᠷᠢᠯᠭ᠎ᠠ ᠢᠯᠡᠭᠡᠨ᠎ᠡ᠂ ᠪᠠᠶᠠᠷ ᠲᠤ ᠤᠴᠢᠬᠤ ᠬᠦᠮᠦᠰ ᠨᠢ ᠨᠠᠰᠤᠳᠠᠨ ᠳᠤ ᠲᠤᠷᠭ᠎ᠠ ᠲᠤᠷᠳᠤᠩ᠂ ᠭᠡᠪ ᠤᠨ ᠴᠠᠢ᠂ ᠠᠷᠢᠬᠢ ᠬᠠᠳᠠᠭ ᠵᠡᠷᠭᠡ ᠪᠡᠯᠡᠭ ᠲᠠᠢ ᠤᠴᠢᠬᠤ ᠪᠦᠬᠡᠳ ᠤᠶᠢᠷ᠎ᠠ ᠲᠦᠷᠦᠯ ᠤᠨ ᠬᠢᠨ ᠪᠦᠬᠦᠯᠢ ᠰᠢᠬᠦᠰᠦ᠂ ᠴᠠᠭᠠᠨ ᠢᠳᠡᠭᠡ ᠠᠶᠢᠷᠠᠭ᠂ ᠠᠷᠢᠬᠢ ᠬᠠᠳᠠᠭ ᠲᠠᠢ ᠤᠴᠢᠳᠠᠭ ᠴᠤ ᠪᠤᠢ᠃  ᠨᠠᠶᠢᠷ ᠲᠤ ᠤᠴᠢᠭᠰᠠᠳ ᠨᠠᠰᠤᠳᠠᠨ ᠳᠤ ᠪᠠᠶᠠᠷ ᠤᠨ ᠬᠠᠳᠠᠭ ᠢᠶᠠᠨ ᠲᠡᠪᠰᠢᠬᠦᠯᠦᠭᠡᠳ ︽ᠨᠠᠰᠤᠨ ᠬᠤᠳᠤᠭ ᠭᠤᠶᠤᠶ᠎ᠠ︾᠂ ︽ᠨᠠᠰᠤᠨ ᠲᠡᠭᠡᠷ᠎ᠡ ᠨᠠᠰᠤ ᠨᠡᠮᠡᠳᠦᠬᠡᠢ︾ ᠬᠡᠬᠦ ᠮᠡᠳᠦ ᠪᠠᠷ ᠮᠡᠨᠳᠦᠴᠢᠯᠡᠵᠦ ᠮᠦᠷᠬᠦᠭᠡᠳ ᠠᠷᠢᠬᠢ ᠪᠠᠷᠢᠨ᠎ᠠ᠃ ᠨᠠᠰᠤᠳᠠᠨ ᠠᠷᠢᠬᠢ ᠶᠢ ᠠᠮᠰᠠᠭᠠᠳ ᠪᠤᠴᠠᠭᠠᠵᠤ᠂ ᠬᠠᠷᠢᠭᠤ ᠳᠤᠨᠢ ︽ᠤᠷᠳᠤ ᠨᠠᠰᠤᠯᠠᠵᠤ ᠤᠳᠠᠭᠠᠨ ᠵᠢᠷᠭ᠎ᠠ︾᠂ ︽ᠦᠨᠳᠦᠷ ᠨᠠᠰᠤ ᠪᠠᠨ ᠦᠭᠬᠦᠶ᠎ᠡ︾ ᠬᠡᠬᠦᠴᠢᠯᠡᠨ ᠢᠷᠦᠬᠡᠵᠦ  ᠠᠶᠢᠷᠠᠭ ᠴᠡᠭᠡ ᠪᠤᠶᠤ ᠠᠷᠢᠬᠢ ᠬᠠᠶᠢᠷᠠᠯᠠᠨ᠎ᠠ᠃ ᠨᠠᠰᠤᠳᠠᠨ ᠤ ᠪᠠᠷᠢᠭᠰᠠᠨ ᠵᠦᠬᠡᠯᠡᠨ ᠬᠡᠮ ᠢ ᠵᠠᠪᠠᠯ ᠤᠤᠭᠤᠵᠤ ᠬᠦᠷᠳᠡᠳᠡᠭ ᠶᠤᠰᠤ ᠲᠠᠢ᠃      ᠨᠠᠰᠤᠳᠠᠨ ᠳᠠᠭᠠᠨ ᠨᠠᠰᠤᠨ ᠤ ᠪᠠᠶᠠᠷ ᠬᠢᠬᠦ ᠠᠶᠢᠯ ᠤᠨ ᠦᠷ᠎ᠡ ᠬᠡᠦᠭᠡᠳ ᠨᠢ ᠨᠠᠰᠤᠨ ᠪᠠᠶᠠᠷ ᠤᠨ ᠪᠡᠯᠡᠭ ᠢ ᠨᠠᠶᠢᠷ ᠲᠤ ᠢᠷᠡᠬᠦ ᠬᠦᠮᠦᠨ ᠤ ᠲᠤᠭ᠎ᠠ ᠪᠠᠷ ᠬᠦᠷᠦᠯᠴᠡᠭᠡ ᠲᠠᠢ ᠪᠡᠯᠡᠳᠭᠩᠰᠡᠨ ᠪᠠᠶᠢᠳᠠᠭ  ᠂ ᠡᠬᠦᠨ ᠢ ᠬᠠᠷᠢᠭᠤ ᠪᠡᠯᠡᠭ  ᠬᠡᠮᠡᠨ᠂  ᠪᠠᠶᠠᠷ ᠬᠢᠵᠦ ᠪᠠᠶᠢᠭ᠎ᠠ ᠨᠠᠰᠤᠳᠠᠨ ᠠᠴᠠ ᠪᠠᠶᠠᠷ ᠬᠦᠷᠭᠡᠬᠦ ᠪᠠᠷ ᠢᠷᠡᠭᠰᠡᠳ ᠲᠤ ᠦᠪᠡᠷ ᠢᠶᠠᠨ ᠭᠠᠷᠳᠠᠭᠤᠯᠤᠨ ᠦᠭᠴᠦ ᠢᠷᠦᠬᠡᠨ᠎ᠠ᠃ ᠪᠡᠯᠡᠭ ᠲᠤ ᠭᠤᠤᠯᠳᠠᠭᠤ ᠱᠠᠭᠠᠵᠠᠩ ᠠᠶᠠᠭ᠎ᠠ᠂ ᠪᠤᠤᠪᠤ ᠪᠤᠭᠤᠷᠰᠤᠭ ᠪᠤᠶᠤ ᠴᠢᠪᠠᠭ᠎ᠠ ᠰᠢᠬᠢᠷ ᠵᠡᠷᠭᠡ ᠪᠠᠶᠢᠳᠠᠭ᠃ ᠡᠨᠡ   ᠨᠢ ᠨᠠᠰᠤᠨ ᠤ ᠦᠨᠳᠦᠷ ᠭᠡᠰᠢᠭ ᠢᠶᠠᠨ ᠦᠷᠦᠭᠡᠯ ᠪᠤᠰᠤᠳ ᠲᠤ ᠬᠠᠶᠢᠷᠠᠯᠠᠵᠤ᠂ ᠠᠮᠢᠳᠤ  ᠶᠢᠨ ᠵᠢᠷᠭᠠᠯ ᠢ ᠡᠳ᠋ᠯᠡᠨ᠂  ᠠᠯᠳᠠᠨ ᠠᠶᠠᠭᠠᠨ ᠤ ᠠᠮᠠᠰᠠᠷ ᠵᠠᠭᠤᠵᠤ ᠶᠠᠪᠤᠳᠤᠭᠠᠢ ᠭᠡᠰᠡᠨ ᠰᠠᠨᠠᠭ᠎ᠠ ᠲᠠᠢ᠃  ᠨᠠᠰᠤᠨ ᠪᠠᠶᠠᠷ ᠤᠨ ᠨᠠᠶᠢᠷ ᠲᠤ ᠤᠭᠤᠴᠠ  ᠲᠠᠯᠪᠢᠨ᠂ ᠠᠶᠢᠷᠠᠭ ᠴᠡᠭᠡ ᠪᠤᠶᠤ ᠠᠷᠢᠬᠢ ᠪᠠᠷᠢᠵᠤ᠂  ᠲᠠᠭᠤᠤ ᠬᠦᠭᠵᠢᠮ ᠡᠬᠦᠰᠭᠡᠨ  ᠨᠠᠶᠢᠷᠯᠠᠵᠤ᠂  ᠠᠪᠤ ᠡᠵᠢ ᠶᠢᠨ ᠠᠴᠢ ᠭᠠᠪᠢᠶ᠎ᠠ ᠶᠢ ᠲᠤᠷᠠᠰᠤᠨ ᠮᠠᠭᠳᠠᠬᠤ᠂ ᠠᠴᠢᠯᠠᠯ ᠡᠯᠪᠡᠷᠢᠯ ᠢᠶᠠᠷ ᠠᠴᠢ ᠶᠢ ᠨᠢ ᠬᠠᠷᠢᠭᠤᠯᠬᠤ᠂ ᠠᠰᠢᠳᠠ ᠶᠢᠨ ᠪᠡᠯᠬᠡ ᠶᠢ ᠵᠦᠩᠨᠡᠬᠦ ᠠᠭᠤᠯᠭ᠎ᠠ ᠪᠦᠬᠦᠢ ᠲᠠᠭᠤᠤ ᠲᠠᠭᠤᠯᠠᠵᠤ ᠨᠠᠰᠤᠳᠠᠨ  ᠢ ᠪᠠᠶᠠᠷᠯᠠᠭᠤᠯᠤᠨ᠎ᠠ᠃      
 
ᠢᠷᠡᠯᠲᠡ᠄ ︽ᠲᠠᠶᠢᠹᠦᠰᠧ ᠵᠡᠬᠦᠨ ᠭᠠᠷ — ᠬᠦᠨᠪᠤᠯᠠᠭ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号