ᠲᠠᠶᠢᠹᠤᠰᠧ ᠮᠤᠩᠭᠤᠯᠴᠤᠳ ᠤᠨ ᠤᠷᠤᠭ ᠬᠤᠷᠢᠮ ᠤᠨ ᠵᠠᠩ ᠦᠢᠯᠡ
ᠨᠡᠶᠢᠲᠡᠯᠡᠭᠰᠡᠨ ᠴᠠᠭ᠄
2017/5/24
         ᠮᠤᠩᠭᠤᠯ ᠦᠨᠳᠦᠰᠦᠳᠡᠨ ᠤ ᠠᠮᠢᠳᠤᠷᠠᠯ ᠤᠨ ᠠᠯᠢᠪᠠ ᠵᠠᠩ ᠲᠠᠳᠬᠠᠯ ᠦᠨᠳᠦᠰᠦᠨ ᠳᠡᠭᠡᠨ ᠠᠳᠠᠯᠢᠪᠳᠤᠷ ᠪᠠᠶᠢᠳᠠᠭ ᠪᠤᠯᠪᠠᠴᠤ ᠡᠯ᠎ᠡ ᠠᠶᠢᠮᠠᠭ ᠤᠭᠰᠠᠭ᠎ᠠ᠂ ᠭᠠᠵᠠᠷ ᠤᠷᠤᠨ ᠤ ᠵᠠᠩ ᠲᠠᠳᠬᠠᠯ ᠨᠡᠯᠢᠶᠡᠳ ᠵᠦᠷᠢᠶ᠎ᠡ ᠲᠠᠢ ᠪᠠᠶᠢᠳᠠᠭ᠃     ᠲᠠᠶᠢᠹᠤᠰᠧ ᠬᠤᠰᠢᠭᠤ ᠪᠤᠯ ᠤᠤᠯ ᠤᠨ ᠴᠠᠬᠠᠷ ᠤᠨ ᠬᠦᠪᠡᠭᠡᠳᠦ ᠰᠢᠷ᠎ᠠ᠂  ᠬᠦᠯᠦ ᠴᠠᠭᠠᠨ᠂ ᠬᠦᠪᠡᠭᠡᠳᠦ ᠴᠠᠭᠠᠨ᠂ ᠬᠦᠯᠦ ᠬᠦᠭᠡ ᠵᠡᠷᠭᠡ ᠵᠡᠬᠦᠨ ᠭᠠᠷ ᠤᠨ ᠲᠦᠷᠪᠡᠨ ᠬᠤᠰᠢᠭᠤ ᠠᠴᠠ ᠠᠶᠢᠯ ᠡᠷᠦᠬᠡ ᠲᠠᠳᠠᠵᠤ ᠪᠠᠶᠢᠭᠤᠯᠤᠭᠰᠠᠨ ᠪᠤᠯᠬᠤᠷ ᠡᠯ᠎ᠡ ᠬᠤᠰᠢᠭᠤᠳ ᠤᠨ ᠵᠠᠩ ᠦᠢᠯᠡ ᠶᠢᠨ ᠵᠦᠷᠢᠶ᠎ᠡ ᠴᠤ ᠨᠡᠯᠢᠶᠡᠳ ᠤᠷᠤᠰᠢᠵᠤ ᠪᠠᠶᠢᠳᠠᠭ      ᠲᠡᠦᠬᠡᠨ ᠨᠦᠬᠦᠴᠡᠯ ᠠᠴᠠ ᠪᠤᠯᠵᠤ  ᠦᠩᠭᠡᠷᠡᠭᠰᠡᠨ ᠤ ᠪᠠᠶᠠᠳ ᠨᠤᠶᠠᠳ ᠪᠤᠯᠤᠨ ᠬᠠᠷᠠᠴᠤ ᠠᠷᠠᠳ ᠤᠨ ᠬᠤᠭᠤᠷᠤᠨᠳᠤ ᠴᠤ  ᠡᠳᠦᠢ ᠲᠡᠳᠦᠢ ᠵᠦᠷᠢᠶᠡᠨ ᠲᠠᠢ ᠪᠠᠶᠢᠳᠠᠭ ᠪᠠᠶᠢᠵᠠᠢ᠃ ᠠᠳᠡ ᠪᠢᠳᠡ ᠦᠨᠳᠦᠰᠦᠳᠡᠨ ᠤ ᠪᠠᠨ ᠲᠡᠦᠬᠡ ᠰᠤᠶᠤᠯ ᠢ ᠵᠠᠯᠭᠠᠮᠵᠢᠯᠠᠨ ᠰᠤᠳᠤᠯᠵᠤ᠂ ︽ᠰᠠᠶᠢᠨ ᠢ ᠨᠢ ᠠᠪᠴᠤ ᠰᠢᠭᠠᠷᠤ ᠶᠢ ᠨᠢ ᠭᠡᠭᠡᠬᠦ︾ ᠵᠠᠷᠴᠢᠮ ᠢ ᠪᠠᠷᠢᠮᠳᠠᠯᠠᠨ᠂  ᠮᠠᠨ ᠤ ᠬᠤᠰᠢᠭᠤᠨ ᠤ ᠪᠠᠨ ᠦᠷᠭᠡᠨ ᠤᠯᠠᠨ ᠮᠠᠯᠴᠢᠨ ᠲᠦᠮᠡᠨ ᠤ ᠲᠤᠮᠳᠠ ᠨᠡᠶᠢᠳᠡᠮ ᠭᠡᠷᠡᠭᠵᠢᠬᠦᠯᠦᠭᠳᠡᠨ ᠢᠷᠡᠭᠰᠡᠨ ᠰᠠᠶᠢᠨ ᠰᠠᠶᠢᠬᠠᠨ ᠵᠠᠩ ᠦᠢᠯᠡ   ᠶᠢ ᠵᠠᠯᠭᠠᠮᠵᠢᠯᠠᠨ ᠤᠯᠠᠮᠵᠢᠯᠠᠬᠤ ᠪᠠᠷ ᠵᠤᠷᠢᠯᠭ᠎ᠠ ᠪᠤᠯᠭᠠᠵᠤ᠂ ᠦᠷᠭᠡᠨ ᠤᠯᠠᠨ ᠠᠬᠠᠮᠠᠳ ᠲᠤᠮᠤᠭᠠᠳᠠᠨ ᠨᠠᠷ ᠤᠨ ᠰᠠᠨᠠᠯ  ᠵᠦᠪᠯᠡᠯᠬᠡ ᠶᠢ ᠬᠢᠴᠢᠶᠡᠩᠬᠦᠶᠢᠯᠡᠨ ᠰᠤᠨᠤᠰᠴᠤ᠂ ᠲᠤᠰ ᠡᠮᠬᠢᠳᠭᠡᠯ ᠢ ᠨᠠᠶᠢᠷᠠᠭᠤᠯᠤᠨ ᠪᠢᠴᠢᠪᠡ᠃       ᠬᠦᠦ ᠦᠰᠪᠡᠯ ᠪᠡᠷᠢ ᠪᠠᠭᠤᠯᠭᠠᠵᠤ᠂ ᠬᠡᠦᠬᠡᠨ ᠦᠰᠪᠡᠯ ᠬᠠᠷᠢ ᠳᠤ ᠪᠤᠭᠳᠤᠯᠬᠤ ᠨᠢ ᠬᠦᠮᠦᠨ ᠲᠦᠷᠦᠯᠬᠢᠳᠡᠨ  ᠤ ᠡᠩ ᠤᠨ ᠵᠢᠮ᠎ᠡ ᠶᠤᠰᠤ ᠪᠤᠯᠬᠤᠷ ᠮᠠᠨ ᠤ ᠨᠤᠳᠤᠭ ᠲᠤ ᠴᠤ ᠬᠦᠪᠡᠬᠦᠨ ᠠᠷᠪᠠᠨ ᠨᠠᠢᠮᠠ  ᠂  ᠦᠬᠢᠨ ᠠᠷᠪᠠᠨ ᠵᠢᠷᠭᠤᠭᠠᠨ ᠪᠦᠬᠦᠯᠢ ᠨᠠᠰᠤ ᠬᠦᠷᠪᠡᠯ ᠤᠷᠤᠭ ᠬᠤᠯᠪᠤᠵᠤ ᠪᠤᠯᠳᠠᠭ ᠪᠠᠶᠢᠵᠠᠢ᠃ ᠴᠢᠯᠦᠭᠡᠯᠡᠭᠳᠡᠬᠦ ᠠᠴᠠ ᠡᠮᠦᠨ᠎ᠡ ︽ᠰᠠᠶᠢᠨ ᠲᠤᠷ᠎ᠠ ᠶᠢᠨ ᠤᠷᠤᠭ︾ ᠭᠡᠵᠦ ᠬᠠᠤᠯᠢ ᠪᠠᠶᠢᠬᠤ ᠦᠬᠡᠢ ᠬᠠᠷᠢᠨ ᠠᠪᠤ ᠡᠵᠢ ᠨᠢ ᠶᠠᠮᠠᠷ ᠠᠶᠢᠯ ᠤᠨ ᠬᠡᠦᠬᠡᠨ ᠢ ᠬᠦᠦ ᠳᠡᠭᠡᠨ ᠭᠤᠶᠤᠬᠤ᠂ ᠠᠯᠢ ᠠᠶᠢᠯ ᠤᠨ ᠬᠦᠦ ᠳᠤ ᠦᠬᠢᠨ ᠢᠶᠠᠨ ᠦᠭᠬᠦ ᠶᠢ ᠲᠤᠭᠳᠠᠭᠠᠳᠠᠭ ᠪᠠᠶᠢᠪᠠ᠃ ᠦᠨᠦᠴᠢᠨ ᠦᠷᠦᠭᠡᠰᠦᠨ ᠭᠡᠦᠬᠡᠳ ᠢ ᠪᠤᠯ ᠠᠬ᠎ᠠ ᠡᠬᠡᠴᠢ᠂ ᠲᠦᠷᠦᠯ ᠰᠠᠳᠤᠨ ᠨᠢ ᠪᠤᠶᠤ ᠠᠶᠢᠯ ᠤᠰᠤᠨ ᠤ  ᠬᠢᠨᠢ ᠠᠬᠠᠮᠠᠳ ᠲᠤᠮᠤᠭᠠᠳᠠᠨ ᠨᠠᠷ ᠶᠠᠷᠢᠯᠴᠠᠨ ᠲᠤᠭᠳᠠᠭᠠᠵᠤ  ᠭᠡᠷᠯᠡᠬᠦᠯᠳᠡᠭ ᠴᠤ ᠪᠠᠶᠢᠵᠠᠢ᠃  ︽ᠦᠨᠳᠦᠷ ᠰᠠᠷᠠᠪᠴᠢᠨ  ᠠᠴᠠ ᠪᠡᠷᠢ ᠭᠤᠶᠤᠬᠤ ᠦᠬᠡᠢ᠂ ᠪᠤᠭᠤᠨᠢ ᠰᠠᠷᠠᠪᠴᠢᠨ ᠳᠤ ᠬᠡᠦᠬᠡᠨ ᠢᠶᠠᠨ ᠦᠭᠬᠦ ᠦᠬᠡᠢ᠂ ᠡᠬᠦᠳᠡ ᠡᠷᠦᠬᠡ ᠲᠡᠩᠴᠡᠬᠦᠦ︾ ᠪᠠᠶᠢᠬᠤ ᠶᠢ ᠡᠷᠬᠢᠮᠯᠡᠳᠡᠭ ᠨᠢ ᠬᠡᠦᠭᠡᠳ ᠠᠴᠢᠷ ᠤᠨ ᠢᠶᠠᠨ ᠡᠷᠭᠡ ᠲᠡᠭᠰᠢ ᠵᠤᠯ ᠵᠢᠷᠭᠠᠯ ᠲᠠᠢ ᠠᠮᠢᠳᠤᠷᠠᠬᠤ ᠶᠢ ᠪᠤᠳᠤᠯᠬᠢᠯᠠᠭᠰᠠᠨ ᠰᠠᠶᠢᠨ ᠰᠠᠶᠢᠬᠠᠨ ᠰᠠᠨᠠᠭ᠎ᠠ ᠪᠠᠶᠢᠭ᠎ᠠ ᠶᠤᠮ᠃  ᠡᠬᠦᠨᠴᠡ ᠭᠠᠳᠠᠨ᠎ᠠ ᠪᠠᠰᠠ ᠴᠢᠰᠤᠨ ᠲᠦᠷᠦᠯ ᠤᠨ ᠬᠤᠭᠤᠷᠤᠨᠳᠤ ᠪᠠᠨ ᠬᠠᠷᠢᠯᠴᠠᠨ ᠬᠤᠷᠢᠮᠯᠠᠬᠤ ᠶᠢ ᠴᠡᠭᠡᠷᠯᠡᠵᠦ᠂ ᠨᠠᠰᠤ ᠵᠢᠯ ᠬᠤᠷᠠᠭ ᠪᠠᠶᠢᠬᠤ ᠶᠢ ᠡᠷᠬᠢᠮᠯᠡᠳᠡᠭ ᠪᠠᠶᠢᠵᠠᠢ᠃       ᠪᠡᠷᠢ ᠭᠤᠶᠤᠬᠤ ᠶᠠᠪᠤᠴᠠ ᠪᠤᠯ ᠶᠡᠷᠦᠨᠢ ᠬᠦᠦ ᠲᠠᠯ᠎ᠠ ᠶᠢᠨ ᠬᠢᠨ ᠶᠠᠮᠠᠷ ᠠᠶᠢᠯ ᠤᠨ ᠬᠡᠦᠬᠡᠨ ᠢ ᠬᠦᠦ ᠳᠡᠭᠡᠨ  ᠭᠤᠶᠤᠬᠤ ᠪᠠᠷ ᠵᠢᠱᠢᠵᠦ ᠲᠤᠭᠳᠠᠭᠰᠠᠨ ᠤ ᠲᠠᠷᠠᠭ᠎ᠠ ᠤᠷᠢᠳᠠᠪᠠᠷ ᠠᠶᠢᠯ ᠤᠰᠤᠨ ᠤ ᠪᠠᠨ ᠬᠦᠨᠳᠦᠳᠦ ᠲᠤᠮᠤᠭᠠᠳᠠᠨ᠂ ᠡᠯᠢᠬᠡ ᠪᠦᠳᠦᠨ ︵ᠡᠷᠡᠭᠳᠡᠢ ᠡᠮᠡᠭᠳᠡᠢ ᠬᠤᠶᠠᠭᠤᠯᠠ   ᠪᠠᠨ  ᠪᠠᠶᠢᠭ᠎ᠠ︶  ᠬᠦᠮᠦᠨ ᠢ ᠭᠤᠶᠤᠵᠤ  ᠵᠠᠭᠤᠴᠢ ᠪᠤᠯᠭᠠᠨ᠂ ᠦᠯᠵᠡᠢ ᠪᠡᠯᠭᠡ ᠲᠠᠢ ᠰᠠᠶᠢᠨ ᠡᠳᠦᠷ ᠢ ᠰᠤᠩᠭᠤᠵᠤ ᠬᠡᠦᠬᠡᠨ ᠤ ᠭᠡᠷ ᠲᠤ ᠤᠴᠢᠭᠤᠯᠤᠨ᠂  ᠰᠠᠨᠠᠭ᠎ᠠ ᠪᠠᠨ ᠶᠤᠰᠤᠷᠬᠠᠭ ᠰᠠᠶᠢᠬᠠᠨ ᠢᠶᠠᠷ  ᠢᠯᠡᠳᠭᠡᠨ᠎ᠡ᠃ ᠡᠬᠦᠨ ᠢ ᠵᠠᠷᠢᠮ ᠭᠠᠵᠠᠷ ᠨᠢ ᠪᠠᠰᠠ ︽ᠪᠡᠷᠢ ᠲᠤᠷᠠᠰᠬᠤ︾ ᠭᠡᠵᠦ ᠬᠡᠯᠡᠳᠡᠭ᠃  ᠬᠡᠦᠬᠡᠨ ᠲᠠᠯ᠎ᠠ ᠶᠢᠨ ᠬᠢᠨ ᠨᠢᠬᠡᠯᠡ  ᠲᠡᠭᠡᠷ᠎ᠡ ᠵᠦᠪᠰᠢᠶᠡᠷᠡᠬᠦ ᠡᠰᠡᠬᠦ ᠪᠠᠨ ᠢᠯᠡᠳᠭᠡᠳᠡᠭ ᠦᠬᠡᠢ᠂ ᠬᠠᠷᠢᠨ ︽ᠨᠠᠭᠠᠴᠤ ᠨᠠᠷ ᠠᠴᠠ ᠨᠢ ᠠᠰᠠᠭᠤᠵᠤ ᠦᠵᠡᠶ᠎ᠡ᠂ ᠠᠬᠠᠮᠠᠳ ᠲᠤᠮᠤᠭᠠᠳᠠᠨ ᠲᠠᠢ ᠪᠠᠨ ᠶᠠᠷᠢᠯᠴᠠᠵᠤ ᠪᠠᠶᠢᠭᠠᠳ ᠪᠤᠯᠤᠶ᠎ᠠ︾ ᠭᠡᠬᠦ ᠮᠡᠳᠦ ᠶᠢᠨ ᠰᠢᠯᠳᠠᠭ ᠬᠡᠯᠡᠵᠦ ᠶᠠᠪᠤᠭᠤᠯᠳᠠᠭ᠃  ᠡᠬᠦᠨ ᠠᠴᠠ ᠡᠬᠢᠯᠡᠨ ︽ᠬᠠᠳᠠᠭ ᠲᠠᠯᠪᠢᠬᠤ︾ ᠬᠦᠷᠳᠡᠯ᠎ᠡ ᠵᠠᠭᠤᠴᠢ  ᠨᠢ ᠭᠡᠳᠦ ᠬᠡᠳᠦᠨ ᠤᠳᠠᠭ᠎ᠠ  ᠭᠡᠦᠬᠡᠨ ᠤ ᠭᠡᠷ ᠲᠤ ᠤᠴᠢᠵᠤ᠂  ᠬᠦᠦ ᠶᠢᠨ ᠲᠠᠯ᠎ᠠ ᠶᠢ ᠲᠠᠨᠢᠯᠴᠠᠭᠤᠯᠬᠤ ᠪᠠ ᠤᠶᠢᠯᠠᠭᠠᠯᠴᠠᠭᠤᠯᠳᠠᠭ᠃ ᠵᠠᠭᠤᠴᠢ ᠬᠦᠮᠦᠨ ︽ᠮᠤᠷᠢ ᠪᠠᠨ ᠡᠴᠡᠳᠡᠯ᠎ᠡ ᠵᠠᠮ ᠭᠠᠷᠳᠠᠯ᠎ᠠ ᠶᠠᠪᠤᠨ᠎ᠠ︾ ᠭᠡᠳᠡᠭ ᠨᠢ ᠨᠡᠯᠢᠶᠡᠳ ᠤᠯᠠᠨ ᠤᠳᠠᠭ᠎ᠠ ᠶᠠᠪᠤᠯᠴᠠᠳᠠᠭ ᠢ ᠭᠡᠯᠡᠭᠰᠡᠨ ᠪᠠᠶᠢᠬ᠎ᠠ᠃         ᠬᠡᠦᠬᠡᠨ ᠤ ᠲᠠᠯ᠎ᠠ ᠠᠴᠠ ᠬᠦᠦ ᠲᠠᠯ᠎ᠠ ᠶᠢᠨ ᠭᠤᠶᠤᠴᠢᠯᠠᠯ ᠢ ᠵᠦᠪᠰᠢᠶᠡᠷᠡᠭᠰᠡᠨ ᠤ ᠲᠠᠷᠠᠭ᠎ᠠ ︽ᠬᠠᠳᠠᠭ ᠲᠠᠯᠪᠢᠬᠤ︾ ᠶᠠᠪᠤᠴᠠ ᠪᠠᠶᠢᠳᠠᠭ᠃ ︽ᠬᠠᠳᠠᠭ ᠲᠠᠯᠪᠢᠬᠤ︾ ᠪᠤᠯ ᠬᠦᠦ ᠲᠠᠯ᠎ᠠ ᠶᠢᠨ ᠨᠢᠬᠡ ᠠᠬᠠᠮᠠᠳ ᠲᠤᠮᠤᠭᠠᠳᠠᠨ  ᠂  ᠵᠠᠭᠤᠴᠢ᠂ ᠬᠦᠦ ᠲᠠᠢ ᠪᠠᠨ ᠭᠤᠷᠪᠠᠭᠤᠯᠠ ᠬᠡᠦᠬᠡᠨ ᠤ ᠭᠡᠷ ᠲᠤ ᠬᠠᠳᠠᠭ᠂ ᠠᠷᠢᠭᠢ᠂ ᠰᠢᠬᠦᠰᠦ ᠵᠡᠷᠭᠡ ᠪᠡᠯᠡᠭ ᠰᠠᠯᠳᠠ ᠠᠪᠴᠤ ᠤᠴᠢᠨ᠂ ᠪᠤᠷᠬᠠᠨ ᠳᠤᠨᠢ ᠵᠤᠯᠠ ᠬᠦᠵᠢ ᠬᠠᠳᠠᠭ   ᠲᠠᠢ ᠡᠷᠬᠦᠨ᠂ ᠠᠬᠠᠮᠠᠳ ᠲᠤᠨᠢ ᠬᠠᠳᠠᠭ ᠲᠠᠯᠪᠢᠨ ᠠᠷᠢᠬᠢ ᠪᠠᠷᠢᠵᠤ ᠵᠦᠢ ᠶᠤᠰᠤ ᠪᠠᠨ  ᠬᠦᠢᠴᠡᠳᠭᠡᠬᠦ ᠶᠢ ᠬᠡᠯᠡᠨ᠎ᠡ᠃  ᠡᠨᠡ  ᠤᠳᠠᠭ᠎ᠠ ᠬᠦᠦ ᠲᠠᠯ᠎ᠠ ᠠᠴᠠ ᠰᠤᠩᠭᠤᠨ ᠲᠤᠭᠳᠠᠭᠠᠭᠰᠠᠨ ᠡᠳᠦᠷ ᠰᠠᠷ᠎ᠠ ᠪᠠᠨ ᠮᠡᠳᠡᠭᠳᠡᠵᠦ᠂ ᠪᠡᠷᠢ ᠲᠤᠰᠴᠤ ᠬᠦᠷᠭᠡᠬᠦ ᠬᠦᠮᠦᠨ ᠤ ᠲᠤᠭ᠎ᠠ  ᠵᠡᠷᠭᠡ ᠪᠤᠳᠠᠳᠠᠢ ᠵᠦᠢᠯ ᠢᠶᠠᠨ ᠬᠡᠯᠡᠯᠴᠡᠨ ᠲᠤᠭᠳᠠᠳᠠᠭ  ︵ᠶᠡᠷᠦᠨᠢ ᠬᠦᠦ ᠲᠠᠯ᠎ᠠ ᠠᠴᠠ 5 — 7 ᠬᠦᠮᠦᠨ ᠪᠡᠷᠢ ᠲᠤᠰᠬᠤ  ᠪᠠᠷ  ᠤᠴᠢᠵᠤ᠂  ᠬᠡᠦᠬᠡᠨ ᠲᠠᠯ᠎ᠠ ᠠᠴᠠ 7 — 9 ᠬᠦᠮᠦᠨ ᠬᠡᠦᠬᠡᠨ ᠢᠶᠠᠨ ᠬᠦᠷᠭᠡᠳᠡᠭ᠃ ᠬᠤᠶᠠᠷ ᠲᠠᠯ᠎ᠠ ᠶᠢᠨ ᠬᠦᠮᠦᠨ ᠤ ᠲᠤᠭ᠎ᠠ ᠨᠢ ᠲᠤᠰ ᠲᠤᠰ ᠦᠷᠦᠭᠡᠰᠦᠨ ᠲᠤᠭ᠎ᠠ ᠪᠠᠶᠢᠵᠤ᠂ ᠬᠠᠮᠳᠤᠷᠠᠭᠠᠳ ᠬᠤᠤᠰ ᠲᠤᠭ᠎ᠠ ᠪᠤᠯᠵᠤ ᠬᠦᠷᠭᠡᠨ ᠤ ᠳᠤ ᠢᠷᠡᠳᠡᠭ ᠶᠤᠰᠤ ᠲᠠᠢ᠃  ᠪᠡᠷᠢ ᠲᠤᠰᠬᠤ ᠳᠤ ᠡᠮᠡᠭᠳᠡᠢ ᠬᠦᠮᠦᠨ ᠤᠴᠢᠳᠠᠭ ᠦᠬᠡᠢ᠃ ᠬᠡᠦᠬᠡᠨ ᠬᠦᠷᠬᠡᠬᠦ ᠳᠤ ᠬᠤᠳᠠᠭᠠᠢ᠂ ᠪᠡᠷᠭᠡᠨ ᠵᠠᠪᠠᠯ ᠬᠦᠷᠭᠡᠬᠦ ᠭᠡᠷᠡᠭᠳᠡᠢ ᠪᠦᠬᠡᠳ ᠬᠡᠦᠬᠡᠨ ᠲᠡᠬᠦᠦᠨᠡᠷ ᠨᠢ ᠴᠤ ᠬᠦᠷᠭᠡᠳᠡᠭ  ︶᠃  ᠬᠠᠳᠠᠭ ᠲᠠᠯᠪᠢᠬᠤ ᠦᠶᠡᠰ᠂ ᠨᠤᠶᠠᠳ ᠪᠠᠶᠠᠳ ᠵᠤᠭᠤᠰ ᠮᠦᠩᠬᠦ ᠲᠠᠢ ᠬᠦᠮᠦᠰ ᠨᠢ ᠪᠠᠰᠠ ᠪᠤᠳᠠ ᠪᠤᠭ ᠮᠠᠯ ᠲᠡᠷᠢᠬᠦᠳᠡᠢ ᠶᠢᠰᠦᠨ ᠶᠢᠰᠦ ᠶᠢᠨ ᠪᠡᠯᠡᠭ ᠰᠠᠯᠳᠠ ᠠᠪᠴᠤ ᠦᠭᠬᠦ ᠪᠠᠨ ᠬᠠᠷᠢᠯᠴᠠᠨ ᠶᠠᠷᠢᠯᠴᠠᠨ᠂ ᠦᠪᠡᠷᠰᠡᠳ ᠤᠨ  ᠢᠶᠠᠨ ᠡᠳ᠋ ᠬᠦᠷᠦᠩᠬᠡ ᠪᠠᠨ ᠭᠠᠶᠢᠬᠠᠭᠤᠯᠵᠤ ᠮᠦᠴᠡᠭᠡᠷᠭᠡᠳᠡᠭ ᠴᠤ ᠵᠦᠩᠳᠡᠭᠡᠨ ᠪᠠᠶᠢᠳᠠᠭ᠃ ᠬᠡᠪᠡᠴᠦ ᠡᠬᠡᠯ ᠠᠷᠠᠳ ᠪᠤᠯ ᠬᠠᠷᠢᠨ ︽ᠠᠳᠤᠭᠤᠨ ᠤ ᠪᠠᠨ ᠬᠢᠷᠢ ᠪᠠᠷ ᠢᠰᠭᠡᠷᠴᠦ ᠬᠦᠨᠵᠢᠯᠡ   ᠶᠢᠨ ᠢᠶᠠᠨ ᠬᠢᠷᠢ ᠪᠠᠷ ᠢᠰᠬᠦᠯᠦᠨ᠎ᠡ︾ ᠬᠡᠵᠦ ᠡᠳ᠋ ᠮᠦᠩᠬᠦ ᠶᠢᠨ ᠶᠡᠭᠡ ᠪᠠᠭ᠎ᠠ ᠶᠢ ᠬᠦᠭᠡᠭᠡᠴᠡᠯᠳᠦᠳᠡᠭ ᠦᠬᠡᠢ ᠰᠠᠶᠢᠨ ᠰᠠᠶᠢᠬᠠᠨ ᠭᠡᠪ ᠵᠠᠩᠰᠢᠯ ᠲᠠᠢ ᠪᠠᠶᠢᠳᠠᠭ᠃     ᠬᠤᠷᠢᠮ ᠤᠨ ᠡᠳᠦᠷ ᠢ ᠰᠤᠩᠭᠤᠬᠤ ᠳᠠᠭᠠᠨ ᠬᠦᠦ ᠲᠠᠯ᠎ᠠ ᠠᠴᠠ ᠬᠦᠦ᠂ ᠬᠡᠦᠬᠡᠨ ᠬᠤᠶᠠᠷ ᠤᠨ ᠲᠦᠷᠦᠭᠰᠡᠨ ᠤᠨ ᠰᠠᠷ᠎ᠠ  ᠡᠳᠦᠷ ᠵᠡᠷᠭᠡ ᠶᠢ ᠬᠡᠯᠡᠵᠦ  ᠂ ᠯᠠᠮ᠎ᠠ ᠬᠤᠸᠠᠷᠠᠭ ᠪᠤᠶᠤ ᠦᠵᠡᠭᠡᠴᠢ ᠬᠦᠮᠦᠨ ᠢᠶᠠᠷ ᠰᠠᠶᠢᠨ ᠡᠳᠦᠷ ᠢ ᠰᠤᠩᠭᠤᠨ ᠲᠤᠭᠳᠠᠭᠠᠯᠭᠠᠳᠠᠭ᠃ ᠦᠵᠡᠭᠰᠡᠨ ᠬᠦᠮᠦᠨ ᠨᠢ ᠰᠠᠷ᠎ᠠ ᠡᠳᠦᠷ ᠪᠤᠯᠤᠨ ᠭᠠᠷᠴᠤ ᠪᠤᠴᠠᠬᠤ ᠴᠠᠭ  ᠵᠢᠴᠢ ᠵᠦᠭ  ᠴᠡᠭ ᠢ ᠨᠢ ᠨᠠᠷᠢᠨ ᠲᠤᠳᠤᠷᠬᠠᠢ ᠪᠢᠴᠢᠭᠯᠡᠵᠦ ᠦᠭᠳᠡᠭ᠃     ᠬᠤᠷᠢᠮ ᠬᠢᠬᠦ ᠠᠴᠠ ᠡᠮᠦᠨ᠎ᠡ ᠬᠦᠦ ᠲᠠᠯ᠎ᠠ ᠨᠢ ᠬᠦᠦ ᠳᠡᠭᠡᠨ ᠰᠢᠨ᠎ᠡ ᠬᠡᠷᠯᠡᠬᠦ ᠭᠡᠷ᠂ ᠪᠡᠷᠢ ᠶᠢᠨ ᠲᠤᠯᠤᠭᠠᠢ ᠶᠢᠨ ᠵᠠᠰᠠᠯ᠂ ᠬᠦᠦ ᠶᠢᠨ ᠢᠶᠠᠨ ᠲᠡᠪᠡᠯ ᠬᠤᠪᠴᠠᠰᠤ᠂ ᠤᠨᠤᠭᠠᠷᠢ ᠮᠤᠷᠢ᠂ ᠡᠮᠡᠭᠡᠯ ᠬᠠᠵᠠᠭᠠᠷ ᠵᠡᠷᠭᠡ ᠡᠳᠡᠯᠡᠯ ᠬᠡᠷᠡᠭᠰᠡᠯ ᠢ ᠬᠢᠷᠢ ᠭᠡᠮᠵᠢᠶ᠎ᠡ ᠪᠠᠷ ᠢᠶᠠᠨ ᠴᠢᠳᠠᠬᠤᠶᠢᠴᠠ ᠰᠠᠶᠢᠬᠠᠨ  ᠪᠡᠯᠡᠳᠭᠡᠬᠦ ᠪᠦᠬᠡᠳ ᠬᠡᠦᠬᠡᠨ ᠲᠠᠯ᠎ᠠ ᠴᠤ ᠭᠡᠦᠬᠡᠨ ᠳᠡᠭᠡᠨ ᠬᠤᠪᠴᠠᠰᠤ  ᠵᠠᠰᠠᠯ ᠵᠡᠷᠭᠡ ᠶᠢ ᠰᠢᠨ᠎ᠡ ᠪᠠᠷ ᠪᠡᠯᠡᠳᠭᠡᠳᠡᠭ᠃     ᠬᠤᠷᠢᠮ ᠤᠨ ᠤᠷᠢᠯᠭ᠎ᠠ ᠠᠶᠢᠯᠠᠳᠬᠠᠬᠤ ᠶᠢ ᠬᠤᠷᠢᠮ ᠬᠡᠯᠡᠬᠦ ᠭᠡᠳᠡᠭ᠃ ᠮᠤᠩᠭᠤᠯᠴᠤᠳ ᠶᠡᠷᠦᠨᠢ ᠤᠯᠠᠭᠠᠨ ᠴᠠᠭᠠᠨ ᠤ ᠶᠠᠪᠤᠳᠠᠯ ᠢ  ᠦᠪᠡᠷᠦᠨ ᠲᠦᠷᠦᠯ ᠰᠠᠳᠤᠨ᠂ ᠠᠶᠢᠯ ᠬᠤᠳᠠᠨ ᠤᠨ ᠬᠢᠨ ᠪᠤᠯᠤᠨ ᠦᠷᠬᠦᠯᠵᠢ ᠰᠠᠶᠢᠬᠠᠨ ᠶᠠᠪᠤᠯᠴᠠᠳᠠᠭ ᠠᠬ᠎ᠠ ᠲᠡᠬᠦᠦᠨᠡᠷ ᠲᠠᠭᠠᠨ ᠮᠡᠳᠡᠭᠳᠡᠵᠦ ᠵᠠᠯᠠᠳᠠᠭ  ᠶᠤᠰᠤ ᠲᠠᠢ᠃ ᠬᠤᠷᠢᠮ ᠬᠡᠯᠡᠬᠦ ᠬᠦᠮᠦᠨ ᠨᠢ ᠬᠦᠬᠦᠷ ᠬᠠᠳᠠᠭ ᠢᠶᠠᠨ ᠠᠪᠴᠤ  ᠬᠡᠯᠡᠬᠦ ᠠᠶᠢᠯ ᠤᠨ ᠭᠡᠷ ᠲᠤᠨᠢ ᠤᠴᠢᠵᠤ᠂ ᠠᠬᠠᠮᠠᠳ ᠲᠤᠮᠤᠭᠠᠳᠠᠨ ᠢ ᠨᠢ ᠵᠠᠯᠠᠨ ᠰᠠᠭᠤᠯᠭᠠᠵᠤ ᠪᠠᠶᠢᠭᠠᠳ ᠬᠦᠬᠦᠷ ᠪᠠᠷᠢᠨ  ᠬᠤᠷᠢᠮ ᠤᠨ ᠴᠢᠮᠡᠭᠡ ᠶᠢ ᠴᠠᠭ ᠬᠤᠭᠤᠴᠠᠭ᠎ᠠ ᠲᠠᠢ ᠨᠢ ᠨᠠᠷᠢᠨ ᠲᠤᠳᠤᠷᠬᠠᠢ ᠠᠶᠢᠯᠠᠳᠬᠠᠨ ᠬᠡᠯᠡᠳᠡᠭ᠃      ᠬᠠᠷᠢ ᠳᠤ ᠮᠤᠷᠳᠠᠬᠤ ᠬᠡᠦᠬᠡᠨ ᠢ  ᠬᠡᠳᠦᠨ ᠡᠳᠦᠷ ᠤᠨ ᠡᠮᠦᠨ᠎ᠡ ᠤᠶᠢᠷ᠎ᠠ ᠲᠦᠷᠦᠯ ᠰᠠᠳᠤᠨ ᠤ ᠲᠠᠭᠠᠨ ᠤᠴᠢᠭᠤᠯᠵᠤ ᠰᠠᠭᠤᠯᠭᠠᠳᠠᠭ᠃ ᠬᠤᠷᠢᠮ ᠤᠨ ᠡᠳᠦᠷ ᠨᠢ ᠬᠡᠦᠬᠡᠨ ᠤ ᠪᠠᠨ ᠲᠤᠯᠤᠭᠠᠢ ᠶᠢ ᠰᠢᠨ᠎ᠡ ᠬᠦᠬᠡ ᠲᠤᠷᠭᠠᠨ ᠠᠯᠴᠢᠭᠤᠷ ᠢᠶᠠᠷ  ᠪᠦᠳᠡᠭᠡᠨ᠎ᠡ  ᠂ ᠡᠬᠦᠨ ᠢ ︽ᠭᠭᠢᠪᠯᠡᠬᠦ︾ ᠭᠡᠳᠡᠭ᠃  ᠬᠦᠷᠭᠡᠨ ᠮᠤᠷᠳᠠᠬᠤ ᠦᠶᠡᠰ᠂ ᠡᠪᠦᠭᠡ ᠲᠡᠭᠡᠳᠦ ᠠᠴᠠ ᠤᠯᠠᠮᠵᠢᠯᠠᠭᠰᠠᠨ ᠮᠤᠩᠭᠤᠯ ᠡᠷ᠎ᠡ ᠶᠢᠨ ᠵᠠᠩᠰᠢᠯ ᠶᠤᠰᠤ ᠪᠠᠷ ᠨᠤᠮ ᠰᠠᠭᠠᠳᠠᠭ ᠠᠭᠰᠠᠭᠤᠯᠵᠤ ᠶᠠᠪᠤᠭᠤᠯᠤᠨ᠎ᠠ᠃ ᠨᠤᠮ ᠰᠠᠭᠠᠳᠠᠭ ᠨᠢ ᠠᠳᠡ ᠡᠷ᠎ᠡ ᠬᠦᠮᠦᠨ ᠤ ᠪᠡᠯᠬᠡ ᠲᠡᠮᠳᠡᠭ᠂ ᠵᠠᠰᠠᠯ ᠴᠢᠮᠡᠭ ᠪᠤᠯᠤᠭᠰᠠᠨ ᠪᠠᠶᠢᠬ᠎ᠠ ᠃  ᠬᠦᠷᠭᠡᠨ ᠨᠢ ᠬᠠᠳᠠᠮ ᠤᠨ   ᠳᠠᠭᠠᠨ ᠬᠦᠷᠦᠭᠰᠡᠨ ᠤ ᠲᠠᠷᠠᠭ᠎ᠠ ᠤᠷᠢᠳᠠᠪᠠᠷ ᠪᠤᠷᠬᠠᠨ ᠳᠤᠨᠢ ᠮᠦᠷᠬᠦᠵᠦ᠂ ᠲᠠᠬᠢᠨ ᠬᠡᠷ ᠤᠨ ᠠᠬᠠᠮᠠᠳ ᠨᠠᠰᠤᠳᠠᠨ ᠳᠤᠨᠢ ᠦᠶ᠎ᠡ ᠲᠠᠷᠠᠭᠠᠯᠠᠨ ᠠᠷᠢᠬᠢ ᠪᠠᠷᠢᠵᠤ ᠮᠦᠷᠬᠦᠨ ᠵᠤᠯᠭᠠᠨ᠎ᠠ᠃ ᠡᠨᠡ  ᠦᠶᠡᠰ ᠵᠠᠷᠢᠮ ᠭᠠᠵᠠᠷ ᠨᠢ ᠪᠠᠰᠠ ᠱᠠᠭ᠎ᠠ ᠮᠤᠯᠳᠤᠯᠬᠤ᠂ ᠬᠦᠵᠦᠬᠦᠦ ᠨᠤᠭᠤᠯᠬᠤ ᠮᠡᠳᠦ ᠪᠠᠷ ᠬᠦᠷᠭᠡᠨ ᠬᠦᠦ   ᠶᠢᠨ ᠬᠦᠴᠦ ᠴᠢᠳᠠᠯ ᠢ ᠲᠡᠩᠰᠡᠳᠡᠭ ᠵᠠᠩᠰᠢᠯ ᠪᠠᠶᠢᠳᠠᠭ᠃ ᠢᠩᠬᠢᠵᠦ ᠪᠠᠷᠠᠪᠠᠯ ᠬᠠᠳᠠᠮ ᠤᠨ ᠲᠠᠯ᠎ᠠ ᠠᠴᠠ ᠬᠦᠷᠭᠡᠨ ᠳᠡᠭᠡᠨ  ᠰᠢᠨ᠎ᠡ  ᠲᠡᠪᠡᠯ ᠬᠤᠪᠴᠠᠰᠤ ᠡᠮᠦᠰᠭᠡᠨ᠎ᠡ᠃ ᠡᠨᠡᠬᠦ ᠶᠠᠪᠤᠴᠠ ᠪᠠᠷᠠᠭᠰᠠᠨ ᠤ ᠲᠠᠷᠠᠭ᠎ᠠ ᠬᠠᠳᠠᠮ ᠤᠨ ᠲᠠᠯ᠎ᠠ ᠠᠴᠠ ᠲᠦᠷᠦᠯ ᠰᠠᠳᠤᠨ ᠤᠶᠢᠷ᠎ᠠ ᠰᠠᠭᠠᠬᠠᠯᠳᠠ ᠶᠢᠨ ᠳᠠᠭᠠᠨ ᠤᠴᠢᠭᠤᠯᠤᠨ ᠠᠷᠢᠬᠢ ᠪᠠᠷᠢᠨ ᠮᠦᠷᠬᠦᠬᠦᠯᠵᠦ᠂ ᠲᠦᠷᠯ ᠰᠠᠳᠤᠨ ᠳᠠᠭᠠᠨ ᠲᠠᠨᠢᠯᠴᠠᠭᠤᠯᠳᠠᠭ᠃ ᠢᠩᠬᠢᠵᠦ ᠪᠠᠷᠠᠪᠠᠯ ᠬᠡᠦᠬᠡᠨ ᠲᠠᠯ᠎ᠠ ᠶᠢᠨ ᠶᠡᠭᠡ ᠬᠤᠷᠢᠮ ᠤᠨ ᠨᠠᠶᠢᠷ ᠡᠬᠢᠯᠡᠨ᠎ᠡ᠃      ᠬᠤᠷᠢᠮ ᠬᠢᠬᠦ ᠶᠠᠪᠤᠴᠠ ᠪᠤᠯ᠂ ᠬᠦᠷᠭᠡᠨ᠂ ᠪᠡᠷᠢ ᠶᠢᠨ ᠬᠤᠶᠠᠷ ᠲᠠᠯ᠎ᠠ ᠶᠢᠨ ᠬᠢᠨ ᠲᠤᠰ ᠲᠤᠰ ᠪᠡᠷᠢ ᠲᠤᠰᠬᠤ ᠲᠡᠷᠢᠬᠦᠨ ᠬᠤᠳᠠ᠂ ᠲᠡᠳ᠋ ᠬᠤᠳᠠ᠂ ᠬᠦᠦ ᠶᠢᠨ ᠲᠠᠯ᠎ᠠ ᠠᠴᠠ ᠠᠬᠠᠯᠠᠬᠤ ᠲᠡᠬᠦᠦᠴᠢᠯᠡᠬᠦ ᠬᠦᠮᠦᠨ᠂  ᠬᠡᠦᠬᠡᠨ ᠤ ᠲᠠᠯ᠎ᠠ ᠶᠢᠨ ᠪᠡᠷᠢ ᠬᠦᠷᠭᠡᠬᠦ ᠬᠤᠳᠠᠭᠠᠢ᠂ ᠪᠡᠷᠭᠡᠨ ᠵᠡᠷᠭᠡ ᠬᠦᠮᠦᠰ ᠢ ᠰᠤᠩᠭᠤᠨ ᠲᠤᠬᠢᠷᠠᠭᠤᠯᠵᠤ᠂  ᠬᠤᠶᠠᠷ ᠲᠠᠯ᠎ᠠ  ᠶᠢᠨ ᠬᠤᠳᠠ ᠶᠢ ᠨᠠᠶᠢᠷ ᠤᠨ ᠰᠢᠷᠡᠭᠡᠨ ᠤ ᠲᠡᠷᠢᠬᠦᠨ ᠰᠠᠭᠤᠳᠠᠯ ᠳᠤ ᠵᠠᠯᠠᠨ ᠰᠠᠭᠤᠯᠭᠠᠵᠤ᠂ ᠬᠤᠷᠢᠮ ᠤᠨ ᠶᠤᠰᠤᠯᠠᠯ ᠢ ᠡᠷᠬᠢᠯᠡᠬᠦᠯᠳᠡᠭ᠃  ︽ᠬᠤᠷᠢᠮ ᠳᠤ ᠨᠤᠶᠠᠨ ᠦᠬᠡᠢ᠂ ᠬᠤᠳᠳᠤᠭ ᠲᠤ ᠵᠢᠭᠠᠰᠤ ᠦᠬᠡᠢ︾  ᠬᠡᠵᠦ᠂ ᠬᠤᠷᠢᠮ ᠤᠨ ᠶᠤᠰᠤᠯᠠᠯ ᠳᠤ ᠵᠡᠷᠭᠡ ᠵᠢᠩᠰᠡ ᠶᠢ ᠲᠡᠮᠡᠢ ᠴᠢᠬᠤᠯᠠᠴᠢᠯᠠᠳᠠᠭ ᠦᠬᠡᠢ᠃ ᠬᠤᠷᠢᠮ ᠤᠨ ᠶᠤᠰᠤᠯᠠᠯ ᠳᠤ ᠤᠷᠤᠯᠴᠠᠭᠰᠠᠨ ᠬᠤᠯᠠ  ᠤᠶᠢᠷ᠎ᠠ ᠶᠢᠨ ᠠᠬ᠎ᠠ ᠲᠡᠬᠦᠦ ᠰᠠᠳᠤᠨ ᠲᠦᠷᠦᠯ ᠬᠡᠶᠢᠴᠢᠨ ᠵᠤᠴᠢᠳ ᠴᠤ ᠰᠢᠨ᠎ᠡ ᠬᠤᠪᠴᠠᠰᠤ ᠪᠠᠨ ᠡᠮᠦᠰᠦᠨ ᠂ ᠲᠤᠯᠤᠭᠠᠢ ᠶᠢᠨ ᠵᠠᠰᠠᠯ ᠢᠶᠠᠨ ᠵᠡᠬᠦᠵᠦ᠂ ᠬᠤᠶᠠᠷ ᠬᠡᠦᠬᠡᠳ ᠤᠨ ᠦᠨᠢ ᠤᠳᠠᠭᠠᠨ ᠦᠯᠵᠡᠢ ᠵᠢᠷᠭᠠᠯ ᠲᠠᠢ ᠪᠤᠯᠬᠤ ᠶᠢ ᠪᠡᠯᠭᠡᠯᠡᠵᠦ ᠬᠤᠷᠢᠮ ᠤᠨ ᠶᠤᠰᠤᠯᠠᠯ ᠢ ᠬᠦᠨᠳᠦᠳᠭᠡᠨ ᠦᠵᠡᠳᠡᠭ᠃      ᠬᠦᠦ ᠶᠢᠨ ᠲᠠᠯ᠎ᠠ ᠠᠴᠠ ᠬᠦᠦ ᠶᠢᠨ ᠢᠶᠠᠨ ᠢᠪᠡᠬᠡᠯ ᠵᠢᠯ ᠲᠠᠢ ᠡᠯᠢᠬᠡ ᠪᠦᠳᠦᠨ ᠠᠬᠠᠮᠠᠳ ᠲᠤᠮᠤᠭᠠᠳᠠᠨ ᠢ ᠰᠤᠩᠭᠤᠵᠤ᠂ ᠮᠦᠷᠬᠦᠬᠦᠯᠬᠦ ᠡᠴᠢᠭᠡ ᠡᠬᠡ ᠪᠠᠷ ᠵᠠᠯᠠᠳᠠᠭ᠃ ᠮᠦᠷᠬᠦᠬᠦᠯᠦᠭᠰᠡᠨ ᠡᠴᠢᠬᠡ ᠨᠢ ᠰᠢᠨ᠎ᠡ ᠪᠡᠷᠢ ᠶᠢ ᠬᠠᠳᠠᠮ  ᠤᠨ ᠢᠷᠡᠭᠰᠡᠨ ᠤ ᠲᠠᠷᠠᠭ᠎ᠠ ᠪᠡᠷᠢ ᠶᠢ ᠤᠳᠤᠷᠢᠳᠴᠤ ᠭᠠᠯ ᠳᠤ ᠮᠦᠷᠬᠦᠬᠦᠯᠬᠦ᠂ ᠬᠠᠳᠠᠮ ᠡᠴᠢᠬᠡ ᠡᠬᠡ ᠠᠬᠠᠮᠠᠳ ᠨᠠᠰᠤᠳᠠᠨ ᠳᠤᠨᠢ ᠠᠷᠢᠬᠢ ᠪᠠᠷᠢᠭᠤᠯᠵᠤ ᠮᠦᠷᠬᠦᠯᠬᠦᠯᠬᠦ ᠶᠤᠰᠤᠯᠠᠯ ᠢ ᠬᠦᠢᠴᠡᠳᠭᠡᠬᠦ ᠶᠢᠨ ᠬᠠᠮᠳᠤ᠂ ᠬᠡᠦᠬᠡᠨ ᠤ ᠦᠰᠦ  ᠶᠢ ᠵᠠᠭᠠᠳᠤᠰᠤᠯᠠᠨ ᠰᠠᠯᠭᠠᠵᠤ᠂ ᠰᠠᠨᠴᠢᠭ ᠰᠦᠢᠬᠡ ᠪᠤᠭᠤᠳᠠᠰᠤ ᠵᠡᠷᠭᠡ ᠲᠤᠯᠤᠭᠠᠢ ᠶᠢᠨ ᠵᠠᠰᠠᠯ ᠢ ᠵᠡᠬᠦᠯᠬᠡᠨ᠂᠂ ᠬᠦᠮᠦᠨ ᠪᠤᠯᠤᠭᠰᠠᠨ ᠬᠦᠢᠴᠡᠳᠭᠡᠯ ᠢ ᠪᠦᠷᠢᠨ ᠪᠡᠶᠡᠯᠡᠬᠦᠯᠳᠡᠭ᠃ ᠡᠶᠢᠮᠦ ᠠᠴᠠ  ᠮᠦᠷᠬᠦᠬᠦᠯᠦᠭᠰᠡᠨ  ᠡᠴᠢᠬᠡ ᠡᠬᠡ ᠶᠢ ︽ᠬᠠᠷ᠎ᠠ ᠦᠰᠦ   ᠶᠢ ᠨᠢ ᠬᠠᠭᠠᠯᠵᠤ᠂ ᠬᠠᠯᠠᠭᠤᠨ ᠭᠠᠯ ᠳᠤᠨᠢ ᠮᠦᠷᠬᠦᠬᠦᠯᠦᠭᠰᠡᠨ︾ ᠬᠡᠵᠦ᠂ ᠬᠤᠶᠠᠷ ᠭᠡᠷ ᠤᠨ ᠡᠴᠢᠬᠡ ᠡᠬᠡ ᠲᠠᠢ ᠪᠠᠨ ᠠᠳᠠᠯᠢ ᠪᠠᠷ ᠦᠵᠡᠵᠦ ᠬᠦᠨᠳᠦᠳᠭᠡᠳᠡᠭ᠃      ᠬᠤᠷᠢᠮ ᠤᠨ ᠰᠢᠷᠡᠭᠡ ᠡᠬᠢᠯᠡᠬᠦ ᠠᠴᠠ ᠡᠮᠦᠨ᠎ᠡ ᠬᠤᠯᠠ   ᠠᠴᠠ ᠮᠤᠷᠢ ᠤᠨᠤᠭ᠎ᠠ ᠲᠠᠢ ᠬᠡᠦᠬᠡᠨ ᠲᠤᠰᠬᠤ ᠪᠠᠷ ᠢᠷᠡᠭᠰᠡᠨ ᠭᠡᠶᠢᠴᠢᠨ ᠤ ᠵᠠᠮ ᠤᠨ ᠵᠦᠳᠡᠷᠡᠭᠡ ᠶᠢ ᠲᠠᠶᠢᠯᠬᠤ ᠬᠡᠮᠡᠨ ᠭᠤᠷᠪᠠᠨ ᠬᠡᠮ ᠠᠷᠢᠬᠢ ᠪᠠᠷᠢᠵᠤ ᠬᠤᠭᠤᠯᠠ  ᠢᠳᠡᠬᠦᠯᠦᠨ᠎ᠡ᠃ ᠵᠢᠩᠬᠢᠨᠢ ᠨᠠᠶᠢᠷ ᠤᠨ ᠰᠢᠷᠡᠭᠡ ᠡᠬᠢᠯᠡᠮᠡᠭᠴᠡ ᠰᠢᠷᠡᠭᠡᠨ ᠤ ᠭᠤᠷᠪᠠᠨ ᠭᠡᠮ ᠠᠷᠢᠬᠢ ᠪᠠᠷᠢᠭᠰᠠᠨ ᠤ ᠲᠠᠷᠠᠭ᠎ᠠ ᠬᠡᠮ ᠤᠨ ᠲᠤᠭ᠎ᠠ ᠶᠢ ᠶᠠᠷᠢᠯᠴᠠᠨ ᠲᠤᠭᠳᠠᠭᠠᠳᠠᠭ᠃ ᠡᠬᠦᠨ ᠳᠤ ᠬᠡᠦᠬᠡᠨ ᠲᠠᠯ᠎ᠠ ᠶᠢᠨ ᠰᠢᠷᠡᠭᠡ ᠶᠢᠨ ᠲᠠᠭᠠᠭᠠᠮᠠᠯ ᠠᠴᠠ ︽ᠠᠪᠤ ᠡᠵᠢ ᠶᠢᠨ ᠬᠢᠨᠢ ᠵᠤᠷᠢᠭᠰᠠᠨ ᠬᠡᠮ ᠠᠷᠪᠠᠨ ᠨᠠᠢᠮᠠ  ︾ ᠭᠡᠬᠦ ᠮᠡᠳᠦ ᠪᠠᠷ ᠡᠯᠪᠡᠭ ᠰᠠᠶᠢᠬᠠᠨ ᠬᠡᠯᠡᠬᠦ ᠳᠤ᠂ ᠬᠤᠶᠠᠷ ᠲᠠᠯ᠎ᠠ ᠶᠢᠨ ᠬᠤᠳᠠ ᠨᠠᠷ ᠤᠴᠢᠷ ᠰᠢᠯᠳᠠᠭᠠᠨ ᠬᠡᠯᠡᠵᠦ ᠠᠯᠢ ᠪᠤᠯᠬᠤ ᠪᠠᠷ ᠴᠦᠬᠡᠨ ᠪᠤᠯᠭᠠᠳᠠᠭ᠃ ᠬᠤᠵᠢᠮ ᠨᠢ ᠶᠡᠷᠦᠨᠢ ᠶᠢᠰᠦᠨ ᠬᠡᠮ ᠤᠨ ᠲᠤᠭ᠎ᠠ ᠲᠡᠭᠡᠷ᠎ᠡ ᠲᠤᠭᠳᠠᠭᠰᠠᠨ ᠪᠠᠶᠢᠨ᠎ᠠ᠃ ᠡᠨᠡᠬᠦ ᠶᠢᠰᠦᠨ ᠬᠡᠮ ᠢᠶᠠᠨ ᠭᠤᠷᠪᠠ ᠭᠤᠷᠪᠠᠨ ᠬᠡᠮ ᠢᠶᠠᠷ ᠲᠡᠰ ᠪᠤᠯᠭᠠᠨ ᠶᠡᠬᠡᠰᠬᠡᠵᠦ᠂ ᠬᠠᠮᠤᠭ ᠤᠨ ᠰᠡᠬᠦᠯᠴᠢ ᠶᠢᠨ ᠬᠡᠮ ᠢ ᠮᠦᠩᠬᠦᠨ  ︵ᠠᠶᠠᠭ᠎ᠠ︶ ᠬᠡᠮ ᠢᠶᠠᠷ ᠪᠠᠷᠢᠳᠠᠭ᠃  ᠮᠦᠩᠬᠦᠨ ᠬᠡᠮ ᠪᠠᠷᠢᠬᠤ ᠳᠠᠭᠠᠨ ᠶᠡᠭᠡ ᠪᠠᠭ᠎ᠠ ᠨᠢ ᠠᠳᠠᠯᠢ ᠦᠬᠡᠢ ᠭᠤᠷᠪᠠᠨ ᠮᠦᠩᠬᠦᠨ ᠠᠶᠠᠭ᠎ᠠ ᠶᠢ ᠲᠠᠪᠬᠤᠷᠯᠠᠨ ᠲᠠᠯᠪᠢᠵᠤ᠂ ᠲᠤᠰ ᠪᠦᠷᠢ ᠨᠢᠬᠡ ᠬᠡᠮ ᠪᠠᠷᠢᠨ᠎ᠠ ᠭᠡᠳᠡᠭ᠃ ᠭᠡᠪᠡᠴᠦ ᠬᠠᠮᠤᠭ ᠤᠨ ᠲᠤᠮᠤ ᠮᠦᠩᠬᠦᠨ ᠠᠶᠠᠭ᠎ᠠ ᠨᠢ ᠪᠠᠷᠤᠭ ᠬᠠᠭᠠᠰ ᠵᠢᠩ ᠤᠷᠤᠬᠤ ᠲᠤᠯᠠ  ᠰᠢᠷᠡᠭᠡᠨ ᠳᠤ ᠰᠠᠭᠤᠭᠰᠠᠨ ᠬᠦᠮᠦᠰ ᠮᠦᠨ ᠶᠠᠷᠢᠯᠴᠠᠨ ᠲᠤᠮᠳᠠ ᠬᠡᠮ ᠢᠶᠠᠷ ᠨᠢᠬᠡ᠂ ᠪᠠᠭ᠎ᠠ ᠬᠡᠮ ᠢᠶᠠᠷ ᠬᠤᠶᠠᠷ ᠭᠡᠬᠦ ᠮᠡᠳᠦᠴᠢᠯᠡᠨ ᠠᠷᠢᠬᠢᠨ ᠤ ᠬᠡᠮᠵᠢᠶ᠎ᠡ ᠶᠢ ᠪᠠᠭᠠᠰᠬᠠᠳᠠᠭ᠃ ᠬᠡᠮ ᠤᠨ ᠲᠤᠭ᠎ᠠ ᠲᠤᠭᠳᠠᠭᠰᠠᠨ ᠤ ᠲᠠᠷᠠᠭ᠎ᠠ ᠬᠦᠦ ᠲᠠᠯ᠎ᠠ ᠴᠤ ᠠᠳᠠᠯᠢ ᠲᠤᠭ᠎ᠠ ᠪᠠᠷ ᠪᠠᠷᠢᠳᠠᠭ᠂ ᠭᠡᠪᠡᠴᠦ ᠠᠷᠢᠬᠢᠨ ᠤ ᠬᠡᠮᠵᠢᠶ᠎ᠡ ᠶᠢ ᠬᠡᠦᠬᠡᠨ ᠤ ᠲᠠᠯ᠎ᠠ ᠠᠴᠠ ᠪᠠᠭ᠎ᠠ ᠰᠠᠭ᠎ᠠ ᠢᠯᠡᠬᠦᠦ ᠪᠠᠶᠢᠵᠤ ᠪᠤᠯᠳᠠᠭ᠃ ᠰᠢᠷᠡᠭᠡᠨ ᠤ ᠵᠠᠭᠤᠰᠢ ᠶᠢ ᠬᠠᠯᠠᠭᠤᠨ ᠰᠡᠷᠢᠬᠦᠨ ᠨᠤᠭᠤᠭ᠎ᠠ ᠬᠤᠤᠰ ᠬᠤᠤᠰ ᠲᠤᠭ᠎ᠠ ᠪᠠᠷ ᠤᠷᠤᠭᠤᠯᠬᠤ ᠠᠴᠠ ᠭᠠᠳᠠᠨ᠎ᠠ ᠪᠦᠬᠦᠯᠢ ᠰᠢᠬᠦᠰᠦ ᠪᠤᠶᠤ ᠤᠭᠤᠴᠠ ᠲᠠᠯᠪᠢᠳᠠᠭ  ︵ᠤᠭᠤᠴᠠ ᠪᠠᠭᠤᠯᠭᠠᠬᠤ ᠶᠤᠰᠤᠨ᠂ ᠰᠢᠬᠦᠰᠦ ᠲᠠᠯᠪᠢᠬᠤ ᠮᠠᠭᠳᠠᠭᠠᠯ  ᠵᠢᠴᠢ ᠬᠤᠷᠢᠮ ᠤᠨ ᠢᠷᠦᠬᠡᠯ᠂ ᠡᠬᠦᠳᠡ ᠲᠠᠷᠤᠬᠤ᠂ ᠤᠤᠵᠢ ᠰᠦᠢᠬᠡ ᠶᠢᠨ ᠮᠠᠭᠳᠠᠭᠠᠯ᠂ ᠡᠭᠡ ᠶᠢᠨ ᠴᠠᠭᠠᠨ ᠰᠦ ᠶᠢᠨ ᠠᠴᠢ ᠬᠠᠷᠢᠭᠤᠯᠬᠤ  ᠂ ᠨᠠᠶᠢᠵᠠ ᠶᠢᠨ  ᠠᠴᠢ  ᠬᠠᠷᠢᠭᠤᠯᠬᠤ ᠵᠡᠷᠭᠡ ᠢᠷᠦᠬᠡᠯ ᠮᠠᠭᠳᠠᠭᠠᠯ ᠢ  ᠲᠠᠷᠠᠭᠠᠴᠢ ᠶᠢᠨ ᠬᠡᠪᠯᠡᠯ  ᠤᠳ ᠲᠤ ᠲᠤᠰᠬᠠᠢ ᠰᠡᠳᠦᠪ ᠢᠶᠠᠷ ᠨᠠᠶᠢᠷᠠᠭᠤᠯᠤᠨ ᠨᠡᠶᠢᠳᠡᠯᠡᠬᠦ ᠪᠤᠯᠤᠨ᠎ᠠ︶᠃      ᠬᠡᠦᠬᠡᠨ ᠲᠠᠯ᠎ᠠ ᠶᠢᠨ ᠨᠠᠶᠢᠷ ᠲᠡᠭᠡᠳᠦᠯᠡᠵᠦ ᠬᠡᠦᠬᠡᠨ ᠮᠤᠷᠳᠠᠬᠤ ᠦᠶ᠎ᠡ ᠳᠤ  ᠬᠦᠷᠢᠶᠡᠨ ᠤ ᠭᠠᠳᠠᠨ᠎ᠠ ᠬᠦᠯᠢᠰ  ᠤᠨ ᠰᠢᠷᠡᠭᠡᠨ ᠲᠡᠭᠡᠷ᠎ᠡ ᠬᠦᠵᠢ ᠠᠷᠴᠠ ᠰᠢᠳᠠᠭᠠᠵᠤ᠂ ᠰᠢᠬᠦᠰᠦ ᠪᠤᠶᠤ ᠲᠠᠬᠢᠯᠭ᠎ᠠ ᠶᠢᠨ ᠢᠳᠡᠭᠡᠨ ᠲᠠᠯᠪᠢᠵᠤ  ᠮᠦᠷᠬᠦᠬᠦᠯᠦᠭᠰᠡᠨ ᠡᠴᠢᠬᠡ ᠡᠬᠡ ᠨᠢ ᠬᠦᠦ ᠬᠡᠦᠬᠡᠨ ᠢᠶᠠᠨ ᠲᠡᠭᠷᠢ ᠳᠤ ᠮᠦᠷᠬᠦᠬᠦᠯᠵᠦ᠂ ᠬᠦᠷᠭᠡᠨ ᠨᠢ ᠬᠡᠦᠬᠡᠨ ᠤ ᠤᠨᠤᠭᠰᠠᠨ ᠮᠤᠷᠢ ᠶᠢ ᠴᠤᠯᠪᠤᠭᠤᠷ ᠠᠴᠠ ᠨᠢ ᠬᠦᠳᠦᠯᠦᠨ᠂ ᠰᠠᠩ ᠤᠨ ᠬᠦᠯᠢᠰ ᠤᠨ ᠰᠢᠷᠡᠭᠡ ᠶᠢ  ᠨᠠᠷᠠᠨ ᠵᠦᠭ ᠭᠤᠷᠪᠠ ᠡᠷᠬᠢᠳᠡᠭ᠂ ᠡᠬᠦᠨ ᠢ ︽ᠰᠠᠩ  ᠡᠷᠬᠢᠬᠦᠯᠬᠦ︾ ᠬᠡᠳᠡᠭ᠃  ᠡᠷ᠎ᠡ ᠡᠮ᠎ᠡ ᠬᠤᠶᠠᠷ ᠤᠨ ᠰᠠᠭᠠᠳᠠᠭ ᠠᠭᠰᠠᠵᠤ ᠰᠠᠩ ᠡᠷᠬᠢᠵᠦ ᠬᠤᠯᠪᠤᠭᠰᠠᠨ ᠶᠠᠪᠤᠳᠠᠯ ᠪᠤᠯ ᠤᠷᠤᠭ ᠪᠠᠷᠢᠯᠳᠤᠯᠭ᠎ᠠ ᠶᠢᠨ ᠬᠠᠮᠤᠭ ᠤᠨ ᠵᠦᠢ ᠶᠤᠰᠤᠨ ᠤ ᠴᠢᠬᠤᠯᠠ  ᠶᠠᠪᠤᠳᠠᠯ ᠬᠡᠵᠦ ᠮᠠᠰᠢ ᠶᠡᠭᠡ ᠬᠦᠨᠳᠦᠳᠭᠡᠨ ᠡᠷᠬᠢᠮᠯᠡᠳᠡᠭ᠃ ᠡᠬᠦᠨ ᠢ ᠤᠳᠤ ᠶᠢᠨ ᠦᠬᠡ ᠪᠠᠷ ᠬᠡᠯᠡᠪᠡᠯ ᠲᠠᠷᠤᠢ ᠬᠠᠤᠯᠢ ᠴᠠᠭᠠᠵᠠ ᠶᠢᠨ ᠬᠦᠴᠦᠨ ᠲᠠᠢ ᠪᠤᠯᠤᠭᠰᠠᠨ ᠶᠠᠪᠤᠳᠠᠯ ᠪᠤᠯᠤᠨ᠎ᠠ᠃      ᠰᠢᠨ᠎ᠡ ᠪᠡᠷᠢ ᠬᠦᠷᠭᠡᠨ ᠤ ᠳᠡᠭᠡᠨ  ᠢᠷᠡᠵᠦ ︽ᠭᠠᠯ ᠳᠤ ᠮᠦᠷᠬᠦᠬᠦᠯᠬᠦ︾ ︽ᠡᠬᠦᠳᠡ ᠲᠠᠷᠤᠬᠤ︾  ︵ᠲᠡᠭᠡᠷ᠎ᠡ ᠨᠢᠬᠡᠨᠳᠡ ᠲᠤᠷᠠᠳᠴᠠᠢ︶ ᠵᠡᠷᠭᠡ ᠶᠤᠰᠤ ᠵᠦᠢ ᠶᠢ ᠬᠦᠢᠴᠡᠳᠭᠡᠭᠰᠡᠨ ᠤ ᠲᠠᠷᠠᠭ᠎ᠠ᠂  ᠬᠦᠦ ᠲᠠᠯ᠎ᠠ ᠶᠢᠨ ᠬᠤᠷᠢᠮ ᠤᠨ ᠶᠡᠭᠡ ᠨᠠᠶᠢᠷ ᠡᠬᠢᠯᠡᠳᠡᠭ᠃ ᠬᠦᠦ ᠲᠠᠯ᠎ᠠ ᠶᠢᠨ ᠨᠠᠶᠢᠷ ᠢ ᠬᠡᠦᠬᠡᠨ ᠲᠠᠯ᠎ᠠ ᠶᠢᠨ ᠠᠴᠠ ᠲᠠᠪᠠᠭᠤ ᠪᠠᠶᠢᠯᠭᠠᠬᠤ  ᠪᠠᠷ ᠴᠢᠷᠮᠠᠶᠢᠳᠠᠭ᠃ ᠡᠨᠡᠬᠦ ᠰᠢᠷᠡᠭᠡᠨ ᠲᠡᠭᠡᠷ᠎ᠡ ᠪᠠᠰᠠ ﹇ᠡᠬᠡ ᠶᠢᠨ ᠴᠠᠭᠠᠨ ᠰᠦ ᠶᠢᠨ ᠠᠴᠢ ᠶᠢ ᠬᠠᠷᠢᠭᠤᠯᠬᠤ︾ ᠵᠡᠷᠭᠡ ᠶᠤᠰᠤ ᠵᠦᠢ ᠶᠢ ᠬᠦᠢᠴᠡᠳᠭᠡᠨ᠎ᠡ᠃      ᠬᠦᠦ ᠳᠡᠭᠡᠨ ᠪᠡᠷᠢ ᠪᠠᠭᠤᠯᠭᠠᠬᠤ ᠶᠠᠪᠤᠳᠠᠯ ᠪᠤᠯ ᠭᠠᠯ ᠭᠤᠯᠤᠮᠳᠠ ᠪᠠᠨ ᠵᠠᠯᠭᠠᠮᠵᠢᠯᠠᠭᠤᠯᠵᠤ ᠡᠬᠦᠳᠡ ᠡᠷᠦᠬᠡ  ᠪᠠᠨ ᠨᠡᠭᠡᠭᠡᠯᠬᠡᠨ᠂ ᠦᠨᠢ ᠡᠬᠦᠷᠢᠳᠡ ᠦᠷᠨᠢᠨ ᠲᠡᠯᠭᠡᠷᠡᠬᠦ ᠦᠢᠯᠡᠰ ᠢ ᠡᠬᠦᠳᠦᠨ ᠪᠦᠳᠦᠭᠡᠵᠦ ᠪᠠᠶᠢᠭ᠎ᠠ ᠶᠠᠪᠤᠳᠠᠯ ᠪᠤᠯᠬᠤᠷ ᠰᠢᠨ᠎ᠡ ᠪᠡᠷᠢ ᠢᠷᠡᠭᠰᠡᠨ ᠤ   ᠪᠠᠨ ᠮᠠᠷᠭᠠᠰᠢ ᠦᠷᠯᠦᠬᠡ ᠡᠷᠳᠡ  ᠪᠤᠰᠴᠤ᠂ ᠴᠠᠭᠠᠨ ᠢᠳᠡᠭᠡ ᠪᠤᠤᠪᠤ ᠪᠤᠭᠤᠷᠰᠤᠭ ᠲᠠᠪᠠᠭᠯᠠᠨ ᠪᠠᠷᠢᠵᠤ᠂ ᠡᠷᠦᠬᠡ ᠶᠢᠨ ᠤᠭᠤᠰᠤᠷ ᠢᠶᠠᠨ ᠲᠠᠳᠠᠵᠤ  ᠡᠷᠦᠬᠡ ᠪᠠᠨ ᠰᠡᠬᠦᠳᠡᠭ᠃ ᠲᠡᠭᠡᠭᠡᠳ ᠪᠠᠰᠠ ᠭᠠᠯ ᠢᠶᠠᠨ ᠨᠤᠴᠤᠭᠠᠵᠤ᠂ ᠴᠠᠢ ᠪᠠᠨ ᠴᠢᠨᠠᠭᠠᠳ ᠪᠤᠷᠬᠠᠨ ᠳᠠᠭᠠᠨ ᠲᠠᠬᠢᠯ ᠲᠠᠬᠢᠵᠤ᠂ ᠠᠪᠤ ᠡᠵᠢ ᠠᠬᠠᠮᠠᠳ ᠲᠤᠮᠤᠭᠠᠳᠠᠨ ᠨᠠᠷ ᠲᠠᠭᠠᠨ ᠴᠠᠢ ᠠᠶᠠᠭᠠᠯᠠᠨ᠂ ᠲᠠᠪᠠᠭ ᠲᠠᠢ ᠪᠤᠤᠪᠤ ᠢᠳᠡᠭᠡ ᠪᠠᠨ ᠲᠠᠯᠪᠢᠳᠠᠭ᠃  ᠠᠪᠤ ᠡᠵᠢ ᠨᠢ ᠲᠠᠪᠠᠭ ᠲᠦᠬᠦᠷᠡᠩ ᠪᠤᠤᠪᠤ ᠴᠠᠭᠠᠨ ᠢᠳᠡᠭᠡᠨ ᠢ  ᠲᠤᠰᠤᠨ ᠠᠪᠴᠤ ᠠᠮᠰᠠᠭᠰᠠᠨ ᠤ ᠲᠠᠷᠠᠭ᠎ᠠ᠂ ᠲᠠᠪᠠᠭ ᠲᠡᠭᠡᠷ᠎ᠡ ᠨᠢ ᠭᠡᠷ ᠤᠨ ᠢᠶᠠᠨ ᠲᠦᠯᠬᠢᠬᠦᠷ ᠢ ᠲᠠᠯᠪᠢᠵᠤ ᠪᠡᠷᠢ ᠳᠡᠭᠡᠨ ᠦᠭᠬᠦᠨ᠎ᠡ᠂ ᠡᠨᠡ   ᠨᠢ ᠭᠡᠷ ᠤᠨ ᠡᠵᠡᠨ ᠤ ᠡᠷᠭᠡ ᠮᠡᠳᠡᠯ ᠢᠶᠠᠨ ᠦᠷ᠎ᠡ ᠬᠡᠦᠭᠡᠳ ᠲᠡᠭᠡᠨ ᠤᠯᠠᠮᠵᠢᠯᠠᠵᠤ ᠪᠠᠶᠢᠭ᠎ᠠ ᠭᠡᠷᠡᠭ ᠶᠤᠮ᠃ ᠡᠬᠦᠨᠴᠡ ᠭᠠᠳᠠᠨ᠎ᠠ ᠠᠪᠤ ᠡᠵᠢ ᠠᠬ᠎ᠠ ᠲᠡᠬᠦᠦ ᠲᠦᠷᠦᠯ ᠰᠠᠳᠤᠨ ᠨᠢ ᠰᠢᠨ᠎ᠡ ᠪᠡᠷᠢ ᠶᠢᠨ ᠴᠠᠢ ᠶᠢ ᠲᠤᠰᠴᠤ ᠠᠪᠤᠭᠠᠳ ᠬᠠᠷᠢᠭᠤ ᠪᠡᠯᠡᠭ ᠱᠠᠩᠨᠠᠨ ᠦᠭᠳᠡᠭ᠃      ᠬᠤᠷᠢᠮ ᠬᠢᠭᠰᠡᠨ ᠤ ᠲᠠᠷᠠᠭ᠎ᠠ ᠭᠤᠷᠪᠠᠨ ᠡᠳᠦᠷ ᠲᠤ ᠭᠡᠦᠬᠡᠨ ᠤ ᠭᠡᠷ ᠠᠴᠠ ᠬᠡᠦᠬᠡᠨ ᠢᠶᠠᠨ ᠡᠷᠬᠢᠬᠦ ᠪᠠᠷ ᠡᠷᠬᠢᠯᠳᠡ ᠶᠢᠨ ᠪᠤᠤᠪᠤ ᠪᠤᠭᠤᠷᠰᠤᠭ ᠠᠪᠴᠤ ᠢᠷᠡᠳᠡᠭ᠃ ᠵᠠᠷᠢᠮ ᠦᠶ᠎ᠡ ᠳᠤ ᠪᠠᠰᠠ ᠰᠢᠷᠡᠭᠡᠨ ᠲᠡᠭᠡᠷ᠎ᠡ ᠪᠠᠨ ᠡᠷᠬᠢᠳᠡᠭ ᠴᠤ ᠪᠤᠢ᠃ ᠢᠷᠡᠭᠰᠨ᠎ᠡ ᠬᠦᠮᠦᠰ ᠨᠢ ᠬᠡᠦᠬᠡᠨ ᠤ ᠪᠠᠨ ᠲᠦᠷᠬᠦᠮ ᠳᠡᠭᠡᠨ  ᠪᠤᠴᠠᠬᠤ ᠡᠳᠦᠷ ᠢ ᠰᠤᠨᠤᠰᠴᠤ ᠡᠳᠦᠷ  ᠲᠡᠭᠡᠨ ᠪᠤᠴᠠᠳᠠᠭ᠃ ︽ᠬᠤᠳᠠ ᠬᠦᠮᠦᠨ ᠬᠤᠷᠢᠮ ᠳᠤ ᠬᠤᠨᠤᠬᠤ ᠠᠴᠠ ᠬᠤᠳᠳᠤᠭ ᠲᠤ ᠬᠤᠨᠤᠬᠤ᠂ ᠡᠷᠬᠢᠯᠳᠡ ᠳᠤ ᠬᠤᠨᠤᠬᠤ ᠠᠴᠠ ᠡᠷᠬᠢ ᠳᠤ ᠬᠤᠨᠤᠬᠤ︾ ᠬᠡᠵᠦ ᠵᠠᠪᠠᠯ ᠪᠤᠴᠠᠬᠤ ᠶᠤᠰᠤ ᠲᠠᠢ ᠪᠠᠶᠢᠳᠠᠭ᠃ ᠰᠢᠨ᠎ᠡ ᠪᠡᠷᠢ ᠶᠢ ᠲᠠᠪᠤ ᠪᠤᠶᠤ ᠲᠤᠯᠤᠭᠠᠨ ᠬᠤᠨᠤᠭᠰᠠᠨ ᠤ ᠲᠠᠷᠠᠭ᠎ᠠ ᠨᠢ ᠬᠦᠷᠭᠡᠨ ᠤ ᠬᠠᠮᠳᠤ ᠭᠡᠳᠦ ᠬᠡᠳᠦᠨ ᠬᠦᠮᠦᠨ ᠢᠶᠠᠷ ᠬᠦᠷᠭᠡᠬᠦᠯᠵᠦ ᠲᠦᠬᠦᠮ ᠳᠤᠨᠢ ᠬᠠᠷᠢᠭᠤᠯᠳᠠᠭ᠂ ᠡᠬᠦᠨ ᠢ ︽ᠡᠬᠦᠳᠡ ᠪᠠᠨ ᠡᠷᠬᠢᠬᠦ︾ ᠭᠡᠳᠡᠭ᠃ ᠡᠬᠦᠨ ᠳᠤ ᠲᠦᠷᠬᠦᠮ ᠤᠨ ᠡᠴᠢᠬᠡ ᠡᠬᠡ ᠳᠤ ᠵᠤᠬᠢᠬᠤ ᠪᠡᠯᠡᠭ ᠰᠠᠯᠳᠠ ᠲᠠᠢ ᠶᠠᠪᠤᠭᠤᠯᠳᠠᠭ᠃      ᠬᠡᠦᠬᠡᠨ ᠬᠦᠷᠭᠡᠨ ᠪᠤᠴᠠᠵᠤ ᠢᠷᠡᠭᠰᠡᠨ ᠤ ᠲᠠᠷᠠᠭ᠎ᠠ ᠬᠡᠦᠬᠡᠨ ᠲᠠᠯ᠎ᠠ ᠠᠴᠠ ᠬᠤᠶᠠᠷ ᠬᠡᠦᠭᠡᠳ ᠢᠶᠠᠨ ᠦᠪᠡᠷᠦᠨ ᠬᠤᠯᠠ   ᠶᠢᠨ ᠲᠦᠷᠦᠯ ᠰᠠᠳᠤᠨ ᠳᠠᠭᠠᠨ ᠤᠴᠢᠭᠤᠯᠤᠨ ᠲᠠᠨᠢᠭᠤᠯᠬᠤ ᠠᠵᠢᠯ ᠢ ᠬᠦᠢᠴᠡᠳᠭᠡᠳᠡᠭ, ᠶᠤ᠋᠃ ᠢᠩᠬᠢᠵᠦ ᠪᠠᠷᠠᠪᠠᠯ ᠰᠢᠨ᠎ᠡ ᠬᠤᠷᠢᠮ ᠤᠨ ᠵᠦᠢ ᠶᠤᠰᠤ ᠦᠨᠳᠦᠰᠦᠨ ᠳᠡᠭᠡᠨ ᠲᠠᠭᠤᠰᠳᠠᠭ ᠪᠠᠶᠢᠨ᠎ᠠ᠃      
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号