ᠤᠳᠤᠬᠢ ᠬᠦᠨᠪᠤᠯᠠᠭ ᠰᠤᠮᠤᠨ ᠤ ᠵᠠᠰᠠᠭ ᠵᠠᠬᠢᠷᠭᠠᠨ ᠤ ᠲᠦᠪ ᠃ 1935 ᠤᠨ ᠳᠤ ᠰᠡᠷᠡᠩᠨᠠᠮᠵᠢᠯ ᠠᠮᠪᠠᠨ | ᠲᠠᠶᠢᠹᠤᠰᠧ ᠵᠡᠬᠦᠨ ᠭᠠᠷ ᠬᠤᠰᠢᠭᠤᠨ ᠳᠤ ᠠᠮᠪᠠᠨ ᠰᠠᠭᠤᠭᠰᠠᠨ ᠤ ᠲᠠᠷᠠᠭ᠎ᠠ ᠨᠢᠬᠡ ᠬᠤᠪᠢᠯᠭᠠᠨ ᠯᠠᠮᠠ ᠲᠡᠳᠡᠨ ᠤ | ᠳᠤ ᠵᠠᠯᠠᠷᠠᠨ ᠪᠠᠭᠤᠬᠤᠯᠠᠷ ᠰᠡᠷᠡᠩᠨᠠᠮᠵᠢᠯ ᠠᠮᠪᠠᠨ ᠬᠤᠪᠢᠯᠭᠠᠨ ᠯᠠᠮᠠ ᠠᠴᠠ ᠨᠤᠳᠤᠭ ᠤᠰᠤᠨ ᠳᠠᠭᠠᠨ ᠠᠪᠤᠷᠠᠯ | ᠬᠦᠰᠡᠭᠰᠡᠨ ᠭᠡᠨ᠎ᠡ ᠃ ᠲᠡᠭᠡᠬᠦ ᠳᠤ ᠬᠤᠪᠢᠯᠭᠠᠨ ᠯᠠᠮᠠ ᠠᠴᠠ ︽ᠡᠷᠬᠢᠮ ᠠᠮᠪᠠᠨ ᠲᠠᠭᠳᠤ ᠪᠠᠶᠢᠭᠤᠯᠪᠠᠰᠤ | ᠬᠦᠰᠡᠭᠰᠡᠨ ᠬᠦᠰᠡᠯ ᠶᠤᠰᠤᠴᠢᠯᠠᠨ ᠪᠦᠳᠦᠮᠤᠢ︾ ᠬᠡᠮᠡᠨ ᠠᠶᠢᠯᠠᠳᠴᠠᠢ ᠃ ᠠᠮᠪᠠᠨ ᠡᠨᠡ ᠤᠴᠢᠷ ᠤᠨ ᠲᠤᠬᠠᠢ | ᠬᠤᠰᠢᠭᠤᠨ ᠤ ᠪᠠᠨ ᠠᠯᠪᠠᠨ ᠲᠤᠰᠢᠶᠠᠯᠳᠠᠨ᠂ ᠲᠠᠪᠤᠨ ᠰᠤᠮᠤᠨ ᠤ ᠵᠠᠩᠬᠢ ᠪᠠ ᠬᠡᠷᠭᠡᠮᠳᠡᠨ ᠯᠠᠮᠠᠳᠠᠨ ᠨᠠᠷ ᠢ | ᠴᠤᠭᠯᠠᠭᠤᠯᠵᠤ ᠵᠦᠪᠳᠡᠨ ᠶᠠᠷᠢᠯᠴᠠᠭᠰᠠᠨ ᠳᠤ ᠰᠤᠪᠤᠷᠭ᠎ᠠ ᠪᠠᠶᠢᠭᠤᠯᠪᠠᠯ ᠰᠠᠶᠢᠨ ᠭᠡᠳᠡᠯ᠎ᠡ ᠠᠰᠠᠷ ᠲᠠᠭᠳᠤ | ᠪᠠᠶᠢᠭᠤᠯᠪᠠᠯ ᠵᠦᠬᠡᠷ ᠬᠡᠵᠦ ᠡᠯᠳᠡᠪ ᠢᠶᠠᠷ ᠶᠠᠷᠢᠯᠴᠠᠭᠰᠠᠨ ᠪᠠᠶᠢᠪᠠ᠃ ᠡᠴᠦᠰ ᠲᠤᠨᠢ᠂ ᠠᠮᠪᠠᠨ ᠤ ᠭᠡᠷ ᠤᠨ ᠡᠷᠬᠢᠨ | ᠲᠤᠭᠤᠷᠢᠨ ᠬᠦᠪᠴᠢᠭ ᠰᠢᠷᠡᠭᠡ ᠪᠠᠷ ᠬᠦᠷᠢᠶᠡᠯᠡᠭᠳᠡᠵᠦ᠂ ᠭᠠᠵᠠᠷ ᠤᠨ ᠪᠠᠶᠢᠴᠠ ᠲᠤᠤᠷ᠎ᠠ ᠪᠤᠯᠤᠭᠰᠠᠨ ᠲᠤᠯᠠ ᠦᠨᠳᠦᠷ | ᠲᠡᠭᠡᠷ᠎ᠡ ᠠᠴᠠ ᠠᠯᠤᠰ ᠢ ᠪᠠᠷᠠᠯᠠᠵᠤ ᠴᠢᠳᠠᠬᠤ ᠪᠠᠷᠢᠯᠭ᠎ᠠ ᠪᠠᠷᠢᠬᠤ ᠭᠡᠷᠡᠭᠳᠡᠢ ᠂ ᠭᠡᠷ ᠤᠨ ᠬᠠᠵᠠᠭᠤ ᠳᠤ ᠰᠢᠪᠠᠷ | ᠫᠤᠤᠲ᠋ᠠᠢ ᠴᠤᠭᠴᠠᠯᠠᠪᠠᠯ ᠠᠰᠠᠷ ᠲᠠᠭᠳᠤ ᠰᠢᠭ᠋ ᠪᠤᠯᠬᠤ ᠪᠦᠭᠡᠳ ᠲᠡᠭᠡᠷ᠎ᠡ ᠲᠠᠪᠬᠤᠷᠭ᠎ᠠ ᠠᠴᠠ ᠨᠢ ᠡᠷᠬᠢᠨ ᠲᠤᠭᠤᠷᠢᠨ ᠤ | ᠠᠷᠪᠠᠭᠠᠳ ᠭᠠᠵᠠᠷ ᠢ ᠠᠵᠢᠭᠯᠠᠨ ᠪᠠᠷᠠᠯᠠᠵᠤ ᠴᠢᠳᠠᠨ᠎ᠠ ᠬᠡᠮᠡᠬᠦ ᠰᠠᠨᠠᠭᠤᠯᠭ᠎ᠠ ᠲᠡᠭᠡᠷ᠎ᠡ ᠦᠵᠡᠯᠳᠡ ᠨᠢᠭᠡᠳᠴᠡᠢ᠃ ᠡᠶᠢᠨᠬᠦ | ᠭᠤᠷᠪᠠᠨ ᠲᠠᠪᠬᠤᠷ ᠦᠨᠳᠦᠷ ᠢᠶᠠᠷ ᠢᠶᠠᠨ ᠠᠷᠪᠠᠭᠠᠳ ᠮᠧᠲᠷ ᠬᠠᠷᠠᠭᠤᠯ ᠤᠨ ᠫᠤᠤᠲ᠋ᠠᠢ ᠶᠢ ᠪᠠᠶᠢᠭᠤᠯᠤᠭᠠᠳ᠂ | ᠲᠤᠮᠳᠠ ᠲᠠᠪᠬᠤᠷᠭ᠎ᠠ ᠳᠤᠨᠢ ᠬᠦᠮᠦᠨ ᠰᠠᠭᠤᠵᠤ᠂ ᠲᠡᠭᠡᠷ᠎ᠡ ᠲᠠᠪᠬᠤᠷᠭ᠎ᠠ ᠠᠴᠠ ᠨᠢ ᠠᠯᠤᠰ ᠢ ᠪᠠᠷᠠᠯᠠᠵᠤ ᠪᠤᠯᠬᠤ | ᠪᠦᠬᠡᠳ ᠬᠠᠮᠤᠭ ᠲᠡᠭᠡᠷ᠎ᠡ ᠨᠢ ᠨᠢᠬᠡ ᠬᠦᠮᠦᠨ ᠵᠤᠭᠰᠤᠵᠤ ᠪᠤᠯᠤᠮᠠᠷ ᠰᠢᠯ ᠴᠤᠩᠬᠤ ᠲᠠᠢ ᠮᠤᠳᠤᠨ ᠲᠢᠩᠬᠢᠮ | ᠪᠠᠶᠢᠭᠤᠯᠵᠠᠢ᠃ ᠬᠤᠵᠢᠮ ᠨᠢ ᠡᠨᠡᠭᠦ ᠠᠶᠢᠯ ᠬᠤᠳᠠ ᠶᠢ ᠫᠤᠤᠲ᠋ᠠᠶᠢᠶ᠋ᠢᠩᠽᠢ ᠬᠡᠮᠡᠨ ᠨᠡᠷᠡᠰᠢᠭᠰᠡᠡ ᠪᠠᠶᠢᠨ᠎ᠠ᠃ | ᠬᠤᠰᠢᠭᠤ ᠶᠠᠮᠤᠨ ᠤ ᠪᠠᠷᠢᠯᠭ᠎ᠠ ᠶᠢᠨ ᠲᠠᠯᠠᠪᠠᠢ 980 ᠬᠠᠪᠳᠠᠭᠠᠢ ᠲᠦᠷᠪᠡᠯᠵᠢᠨ ᠮᠧᠲᠷ᠂ ᠶᠡᠷᠦᠩᠬᠡᠢ | ᠲᠠᠷᠬᠠᠯᠳᠠ ᠶᠢᠨ ᠲᠠᠯᠠᠪᠠᠢ 1946.02 ᠬᠠᠪᠳᠠᠭᠠᠢ ᠲᠦᠷᠪᠡᠯᠵᠢᠨ ᠮᠧᠲᠷ ᠪᠠᠶᠢᠵᠠᠢ ᠂ ᠤᠳᠤ ᠬᠦᠬᠡ ᠸᠠᠭᠠᠷ | ᠲᠤᠭᠤᠰᠬ᠎ᠠ ᠪᠠ ᠮᠤᠳᠤᠨ ᠪᠦᠳᠦᠴᠡ ᠲᠠᠢ 4 ᠮᠦᠷ ᠭᠡᠷ ᠪᠠᠶᠢᠰᠢᠩ ᠦᠯᠡᠳᠡᠵᠦ ᠪᠤᠢ᠃ ᠮᠦᠷ ᠪᠦᠷᠢ ᠶᠢᠨ ᠤᠷᠳᠤ | ᠨᠢ 29 ᠮᠧᠲᠷ᠂ ᠦᠷᠭᠡᠨ ᠨᠢ 6.5 ᠮᠧᠲᠷ᠂ ᠦᠨᠳᠦᠷ ᠨᠢ 4.2 ᠮᠧᠲᠷ᠃ 4 ᠮᠦᠷ ᠪᠠᠶᠢᠰᠢᠩ ᠤᠨ | ᠲᠠᠰᠤᠯᠭ᠎ᠠ ᠬᠤᠪᠢᠶᠠᠷᠢᠯᠠᠯ ᠨᠢ ᠡᠬᠡᠬᠡ ᠠᠳᠠᠯᠢ᠂ ᠮᠦᠷ ᠪᠦᠷᠢ ᠨᠢ 3 ᠡᠬᠦᠳᠡ ᠂ 9 ᠲᠠᠰᠤᠯᠭ᠎ᠠ ᠲᠠᠢ᠃ | 1956 ᠤᠨ ᠳᠤ ᠲᠠᠶᠢᠹᠤᠰᠧ ᠵᠡᠬᠦᠨ ᠭᠠᠷ ᠬᠤᠰᠢᠭᠤ ᠶᠢ ᠪᠤᠤᠴᠠᠩ ᠰᠢᠶᠠᠨ ᠲᠠᠢ ᠨᠡᠶᠢᠯᠡᠬᠦᠯᠵᠦ ᠲᠠᠶᠢᠹᠤᠰᠧ | ᠬᠤᠰᠢᠭᠤ ᠬᠡᠵᠦ ᠨᠡᠷᠡᠯᠡᠨ᠂ ᠤᠤᠯ ᠤᠨ ᠲᠠᠶᠢᠹᠤᠰᠧ ᠵᠡᠬᠦᠨ ᠭᠠᠷ ᠬᠤᠰᠢᠭᠤ ᠨᠢ ᠬᠦᠨᠪᠤᠯᠠᠭ ᠰᠤᠮᠤ ᠪᠤᠯᠵᠤ᠂ | ᠫᠤᠤᠲ᠋ᠠᠶᠢᠶ᠋ᠢᠩᠽᠢ ᠨᠢ ᠬᠤᠰᠢᠭᠤᠨ ᠤ ᠲᠦᠪ ᠠᠴᠠ ᠪᠠᠨ ᠰᠤᠮᠤᠨ ᠤ ᠲᠦᠪ ᠪᠤᠯᠵᠠᠢ᠃ |