ᠸᠠᠭᠠᠷᠤᠨ ᠪᠠᠶᠢᠰᠢᠩᠳᠤ ᠲᠤᠰᠬᠤᠨ ᠭᠡᠰᠡᠨ ᠦᠬᠡ᠃ ᠪᠠᠳᠠᠷᠠᠭᠤᠯᠳᠤ ᠲᠦᠷᠦ ᠶᠢᠨ ᠦᠶ᠎ᠡ ᠳᠤ ᠴᠠᠬᠠᠷ ᠤᠨ | ᠲᠤᠯᠤᠨᠨᠠᠭᠤᠷ ᠤᠷᠴᠢᠮ ᠢᠶᠠᠷ ᠱᠠᠨᠳᠦ᠋ᠩ ᠤᠨ ᠲᠡᠨᠦᠬᠦᠯ ᠠᠷᠠᠳ ᠢᠶᠠᠷ ᠪᠦᠷᠢᠯᠳᠦᠭᠰᠡᠨ ︽ᠵᠢᠭᠠᠰᠤᠨ ᠱᠠᠨᠳᠦ᠋ᠩ︾ | ᠭᠡᠮᠡᠬᠦ ᠲᠡᠭᠡᠷᠡᠮ ᠪᠤᠰᠴᠤ᠂ ᠭᠠᠵᠠᠷ ᠤᠷᠤᠨ ᠢ ᠶᠡᠭᠡᠪᠡᠷ ᠲᠦᠢᠪᠡᠭᠡᠨ᠂ ᠬᠠᠭᠠᠨ ᠲᠦᠷᠦ ᠠᠴᠠ ᠬᠡᠳᠦᠨ ᠤᠳᠠᠭ᠎ᠠ | ᠴᠡᠷᠢᠭ ᠭᠠᠷᠭᠠᠵᠤ ᠲᠠᠷᠤᠩᠭᠤᠶᠢᠯᠠᠭᠰᠠᠨ ᠪᠤᠯᠪᠠᠴᠤ ᠲᠠᠷᠤᠵᠤ ᠲᠡᠶᠢᠯᠦᠭᠰᠡᠨ ᠦᠬᠡᠢ ᠪᠠᠶᠢᠪᠠ ᠃ ᠲᠠᠶᠢᠹᠤᠰᠧ ᠵᠡᠬᠦᠨ | ᠰᠦᠷᠦᠭ ᠤᠨ ᠬᠦᠯᠦ ᠴᠠᠭᠠᠨ ᠬᠤᠰᠢᠭᠤᠨ ᠤ ᠬᠤᠰᠠᠢ ᠳ᠋ᠠ ᠪᠤᠷᠬᠢᠯ ᠴᠠᠬᠠᠷ ᠳ᠋ᠦᠲ᠋ᠦ᠋ᠩ ᠶᠠᠮᠤᠨ ︵ᠪᠦᠬᠦᠳᠡ ᠶᠢ | ᠵᠠᠬᠢᠷᠤᠭᠴᠢ ᠶᠠᠮᠤᠨ︶ ᠤ ᠵᠠᠷᠯᠢᠭ ᠢᠶᠠᠷ ᠮᠤᠩᠭᠤᠯ ᠮᠤᠷᠢᠳᠤ ᠴᠡᠷᠢᠭ ᠢᠶᠠᠨ ᠲᠠᠭᠠᠭᠤᠯᠤᠨ ᠬᠤᠶᠠᠷ ᠵᠢᠯ ᠬᠦᠴᠦᠯᠡᠨ | ᠪᠠᠶᠢᠯᠳᠤᠵᠤ ᠪᠠᠶᠢᠭᠠᠳ ᠲᠡᠭᠡᠷᠡᠮ ᠤᠨ ᠦᠢᠮᠡᠬᠡᠨ ᠢ ᠲᠠᠷᠤᠭᠰᠠᠨ ᠭᠡᠳᠡᠭ᠃ ᠬᠤᠵᠢᠮ ᠨᠢ ᠴᠠᠬᠠᠷ ᠨᠤᠳᠤᠭ ᠲᠤ | ᠲᠡᠨᠦᠬᠦᠴᠢᠯᠡᠨ ᠰᠠᠮᠠᠭᠤᠷᠠᠭᠤᠯᠵᠤ ᠪᠠᠶᠢᠭᠰᠠᠨ ᠬᠤᠯᠠᠭᠠᠢ ᠲᠡᠭᠡᠷᠡᠮ ᠨᠦᠭᠦᠳ ᠢ ᠤᠰᠠᠳᠬᠠᠬᠤ ᠳᠤ ᠪᠠᠰᠠ ᠶᠡᠭᠡ | ᠭᠠᠪᠢᠶ᠎ᠠ ᠪᠠᠶᠢᠭᠤᠯᠤᠭᠰᠠᠨ ᠪᠤᠯᠬᠤᠷ ᠬᠤᠯᠠᠭᠠᠢ ᠲᠡᠭᠡᠷᠡᠮ ᠳᠤ ᠰᠦᠷᠳᠡᠬᠦᠯᠦᠯ ᠪᠤᠯᠵᠤ᠂ ᠵᠠᠰᠠᠭ ᠲᠦᠷᠦ ᠳᠤ | ᠬᠦᠨᠳᠦᠳᠭᠡᠭᠳᠡᠨ᠂ ᠴᠠᠬᠠᠷ ᠤᠨ ᠮᠤᠩᠭᠤᠯ ᠬᠢᠳᠠᠳ ᠬᠦᠮᠦᠰ ᠪᠤᠷᠬᠢᠯ ᠢ ᠪᠦᠷ ︽ᠪᠤᠤ ᠳ᠋ᠠ ᠷᠧᠨ︾ ᠬᠡᠵᠦ | ᠬᠦᠨᠳᠦᠳᠬᠡᠨ ᠲᠠᠭᠤᠳᠠᠳᠠᠭ ᠪᠠᠶᠢᠪᠠ᠃ ᠪᠤᠷᠬᠢᠯ ᠲᠠᠶᠢᠹᠤᠰᠧ ᠵᠡᠬᠦᠨ ᠭᠠᠷ ᠰᠦᠷᠦᠭ ᠤᠨ ᠬᠦᠯᠦ ᠴᠠᠭᠠᠨ ᠤ ᠬᠤᠰᠠᠢ | ᠳ᠋ᠠ ᠪᠦᠬᠡᠳ ᠴᠢᠭᠤᠯᠤᠯᠳᠤ ᠬᠠᠭᠠᠯᠭ᠎ᠠ ᠳᠠᠬᠢ ᠴᠠᠬᠠᠷ ᠬᠤᠰᠠᠢ ᠠᠮᠪᠠᠨ ᠶᠠᠮᠤᠨ ᠳᠤ ᠠᠯᠪᠠ ᠬᠠᠪᠰᠤᠷᠴᠤ ᠪᠠᠶᠢᠬᠤ | ᠳᠠᠭᠠᠨ ᠦᠪᠡᠷ ᠤᠨ ᠨᠤᠳᠤᠭ ᠬᠦᠨ ᠴᠠᠪ ᠲᠠᠭᠠᠨ ᠸᠠᠭᠠᠷ ᠲᠤᠭᠤᠰᠬᠠᠨ ᠭᠡᠷ ᠬᠦᠷᠢᠶ᠎ᠡ ᠪᠠᠶᠢᠭᠤᠯᠤᠭᠰᠠᠨ ᠢᠶᠠᠷ ᠸᠠ | ᠹᠠᠩ ᠶᠢᠩᠽᠢ ᠭᠡᠳᠡᠭ ᠨᠡᠷ᠎ᠡ ᠲᠠᠢ ᠪᠤᠯᠵᠠᠢ᠃ ᠤᠳᠤ ᠮᠤᠳᠤᠨ ᠰᠦᠮ᠎ᠡ ᠭᠠᠴᠠᠭᠠᠨ ᠤ ᠨᠢᠬᠡ ᠬᠤᠳᠠ ᠠᠶᠢᠯ ᠤᠨ | ᠨᠡᠷ᠎ᠡ ᠪᠤᠯᠪᠠ᠃ |