ᠲᠠᠶᠢᠹᠤᠰᠧ ᠵᠡᠬᠦᠨ ᠭᠠᠷ ᠰᠦᠷᠦᠭ ᠤᠨ ᠬᠠᠩᠬᠢᠨ ᠤᠪᠤᠭ ᠤᠨ ᠬᠢᠨ ᠲᠤᠰ ᠰᠦᠷᠦᠭ ᠤᠨ ᠨᠤᠶᠠᠷᠬᠠᠬᠤ ᠪᠠᠶᠢᠷᠢ | ᠳᠤ ᠤᠳᠠᠭᠠᠨ ᠵᠢᠯ ᠪᠠᠶᠢᠵᠤ᠂ ᠨᠢᠬᠡ ᠭᠡᠷ ᠤᠭᠰᠠᠭᠠᠨ ᠠᠴᠠ ᠰᠡᠷᠡᠩᠳᠤᠩᠷᠤᠪ᠂ ᠰᠠᠮᠳᠠᠩᠯᠦ᠋ᠩᠷᠦᠪ᠂᠂᠂᠂ ᠵᠡᠷᠭᠡ | ᠲᠤᠯᠤᠭᠠᠨ ᠬᠦᠮᠦᠨ ᠠᠮᠪᠠᠨ ᠰᠠᠭᠤᠵᠤ ᠦᠩᠭᠡᠷᠡᠵᠡᠢ ᠃ ᠡᠳᠡᠨᠡᠶᠢᠬᠢᠨ ᠤ ᠰᠠᠭᠤᠵᠤ ᠪᠠᠶᠢᠬᠰᠠ ᠭᠡᠷ ᠬᠦᠷᠢᠶ᠎ᠠ ᠶᠢ | ᠵᠡᠭᠦᠨ ᠭᠠᠷ ᠲᠠᠶᠢᠹᠤᠰᠧ ᠤᠨ ᠬᠢᠨ ︽ᠡᠮᠦᠨ᠎ᠡ ᠬᠦᠷᠢᠶ᠎ᠡ︾ ᠪᠤᠶᠤ ︽ᠰᠠ᠊ ᠠᠮᠪᠠᠨ ᠤ ᠬᠦᠷᠢᠶ᠎ᠡ ︾ ᠭᠡᠵᠦ ᠬᠡᠳᠡᠭ᠃ | ᠬᠤᠷᠢᠳᠤᠭᠠᠷ ᠵᠠᠭᠤᠨ ᠳᠤ ᠲᠤᠰ ᠡᠷᠦᠬᠡ ᠶᠢᠨ ᠦᠷ᠎ᠡ ᠬᠤᠶᠢᠴᠢᠰ ᠠᠴᠠ ᠪᠠᠰᠠ ᠲᠡᠯᠡᠬᠡᠢ ᠶᠢᠨ ᠮᠤᠩᠭᠤᠯ | ᠰᠤᠳᠤᠯᠤᠯ ᠤᠨ ᠲᠤᠮᠤ ᠡᠷᠳᠡᠮᠳᠡᠨ ᠬᠠᠩᠭᠢᠨ᠂ ᠭᠤᠮᠪᠤᠵᠠᠪ ᠂ ᠨᠡᠷ᠎ᠡ ᠬᠦᠨᠳᠦᠳᠡᠢ ᠲᠠᠭᠤᠤ ᠬᠦᠭᠵᠢᠮ ᠤᠨ | ᠵᠤᠬᠢᠶᠠᠯᠴᠢ ᠮᠡᠷᠭᠡᠵᠢᠬᠦ ᠵᠡᠷᠭᠡ ᠡᠷᠳᠡᠮᠳᠠᠨ ᠮᠡᠷᠭᠡᠳ ᠴᠤᠯᠭᠤᠷᠠᠨ ᠭᠠᠷᠴᠤ ᠲᠡᠯᠡᠬᠡᠢ ᠨᠡᠶᠢᠳᠡ ᠳᠤ ᠮᠡᠳᠡᠷᠡᠭᠳᠡᠭᠰᠡᠨ | ᠪᠠᠶᠢᠨ᠎ᠠ᠃ | ︽ᠡᠮᠦᠨ᠎ᠡ ᠬᠦᠷᠢᠶ᠎ᠡ︾ ᠨᠢ ᠡᠬᠢᠯᠡᠵᠦ ᠪᠠᠶᠢᠭᠤᠯᠤᠬᠳᠠᠬᠰᠠᠨ ᠠᠴᠠ ᠪᠠᠨ ᠬᠤᠶᠠᠷ ᠵᠠᠭᠤ ᠭᠠᠷᠤᠢ ᠵᠢᠯ ᠢ | ᠦᠡᠭᠭᠡᠷᠡᠭᠡᠵᠦ᠂ ᠬᠤᠶᠠᠷ ᠶᠡᠭᠡ ᠬᠦᠷᠢᠶ᠎ᠡ ᠬᠠᠰᠢᠶ᠎ᠠ ᠲᠠᠢ ᠪᠤᠯᠵᠤ ᠪᠤᠵᠠᠭᠠᠶᠢᠷᠠᠭᠠᠳ᠂ ᠲᠠᠶᠢᠹᠤᠰᠧ ᠨᠤᠳᠤᠭ ᠲᠠᠭᠠᠨ | ᠬᠠᠮᠤᠭ ᠤᠨ ᠶᠡᠭᠡ ᠪᠠᠷᠢᠯᠭ᠎ᠠ ᠨᠢ ᠪᠠᠶᠢᠵᠠᠢ᠃ ᠬᠠᠩᠬᠢᠨ ᠤᠪᠤᠭᠳᠤ ᠶᠢᠨ ᠲᠤᠷᠡᠰᠤᠮᠵᠢ ᠳᠤ ︽ ᠬᠦᠷᠢᠶ᠎ᠡ ᠶᠢ ᠵᠡᠭᠦᠨ | ᠪᠠᠷᠠᠭᠤᠨ ᠬᠤᠶᠠᠷ ᠬᠤᠪᠢᠶᠠᠵᠤ᠂ ᠪᠠᠷᠠᠭᠤᠨ ᠬᠦᠷᠢᠶ᠎ᠡ ᠢᠨᠦ ᠰᠦᠮ᠎ᠡ ᠶᠢᠨ ᠬᠦᠷᠢᠶ᠎ᠡ ᠂ ᠲᠡᠭᠦᠨ ᠤ ᠭᠤᠤᠯ ᠬᠠᠭᠠᠯᠭ᠎ᠠ | ᠶᠢ ᠶᠡᠷᠦ ᠶᠢᠨ ᠴᠠᠭ ᠲᠤ ᠨᠡᠭᠡᠭᠡᠬᠦ ᠦᠭᠡᠢ᠂ ᠵᠡᠭᠦᠨ ᠬᠦᠷᠢᠶ᠎ᠡ ᠢᠨᠦ ᠪᠢᠳᠡᠨ ᠤ ᠰᠠᠭᠤᠬᠤ ᠭᠡᠷ ᠬᠦᠷᠢᠶ᠎ᠡ ᠪᠤᠯᠠᠢ᠃ | ᠵᠡᠭᠦᠨ ᠬᠦᠷᠢᠶᠡᠨ ᠤ ᠬᠠᠭᠠᠯᠭ᠎ᠠ ᠠᠨᠤ ᠬᠦᠷᠢᠶᠡᠨ ᠤ ᠪᠠᠷᠠᠭᠤᠨ ᠡᠮᠦᠨ᠎ᠡ ᠲᠠᠯ᠎ᠠ ᠳᠤ ᠪᠠᠶᠢᠨ᠎ᠠ᠃ ᠬᠠᠭᠠᠯᠠᠭ᠎ᠠ ᠪᠠᠷ | ᠤᠷᠤᠵᠤ ᠵᠡᠭᠦᠨᠰᠢ ᠮᠤᠷᠤᠶᠢᠵᠤ ᠫᠢᠩ ᠮᠧᠨ ︵平门︶ ᠢᠶᠠᠷ ᠰᠠᠭᠤᠬᠤ ᠭᠡᠷ ᠬᠦᠷᠢᠶᠡᠨ ᠳᠡᠭᠡᠨ ᠤᠷᠤᠮᠤᠢ᠂ | ᠪᠠᠷᠠᠭᠤᠨᠰᠢ ᠮᠤᠰᠬᠢᠪᠠᠯ ᠨᠢᠭᠡᠨ ᠪᠠᠭ᠎ᠠ ᠡᠭᠦᠳᠡ ᠪᠠᠶᠢᠵᠤ ᠲᠡᠭᠦᠨ ᠢᠶᠠᠷ ᠰᠦᠮ᠎ᠡ ᠶᠢᠨ ᠬᠦᠷᠢᠶᠡᠨ ᠳᠤ ᠤᠷᠤᠮᠤᠢ᠃ | ᠰᠦᠮ᠎ᠡ ᠶᠢᠨ ᠬᠦᠷᠢᠶ᠎ᠡ ᠶᠢ ᠡᠮᠦᠨ᠎ᠡ ᠬᠤᠶᠢᠨ᠎ᠠ ᠬᠤᠶᠠᠷ ᠬᠤᠪᠢᠶᠠᠵᠤ ᠡᠮᠦᠨ᠎ᠡ ᠬᠦᠷᠢᠶᠡᠨ ᠳᠤ ᠬᠤᠶᠠᠷ ᠬᠤᠩᠬᠤᠨ | ᠠᠰᠠᠷ ᠪᠤᠯᠤᠨ ᠬᠡᠩᠭᠡᠷᠭᠡ ᠶᠢᠨ ᠠᠰᠠᠷ ᠲᠠᠢ ᠂ ᠪᠠᠰᠠ ᠨᠢᠭᠡᠨ ᠬᠠᠶᠢᠯᠠᠰᠤᠨ ᠮᠤᠳᠤ ᠲᠠᠢ᠂ ᠲᠤᠳᠤᠬᠰᠢ ᠤᠷᠤᠬᠤ | ᠬᠦᠷᠢᠶᠡᠨ ᠤ ᠡᠭᠦᠳᠡ ᠤ ᠬᠤᠶᠠᠷ ᠲᠠᠯ᠎ᠠ ᠳᠤ ᠬᠤᠶᠠᠷ ᠴᠢᠯᠠᠭᠤᠨ ᠠᠷᠰᠯᠠᠨ ᠲᠠᠢ᠂ ᠲᠤᠳᠤᠷ᠎ᠠ ᠬᠦᠷᠢᠶᠡᠨ ᠳᠤ | ᠬᠤᠶᠢᠨ᠎ᠠ ᠪᠠᠨ ᠲᠤᠭᠠᠩ ᠲᠠᠢ᠂ ᠵᠡᠭᠦᠨ ᠪᠠᠷᠠᠭᠤᠨ ᠬᠤᠶᠠᠷ ᠲᠠᠯ᠎ᠠ ᠳᠤ ᠭᠤᠷᠪᠠ ᠭᠤᠷᠪᠠᠨ ᠲᠠᠰᠤᠯᠭ᠎ᠠ ᠪᠠᠶᠢᠰᠢᠩ ᠲᠠᠢ᠂ | ᠲᠤᠭᠠᠩ ᠪᠠ ᠪᠠᠶᠢᠰᠢᠩ ᠤᠨ ᠡᠮᠦᠨ᠎ᠡ ᠬᠠᠰᠢᠯᠭ᠎ᠠ ᠪᠤᠯᠤᠨ ᠲᠡᠭᠳᠡᠷ ᠲᠠᠢ᠃ ᠲᠤᠭᠠᠩ ᠤᠨ ᠡᠭᠦᠳᠡᠨ ᠤ ᠬᠤᠶᠠᠷ | ᠲᠠᠯ᠎ᠠ ᠳᠤ ᠬᠤᠶᠠᠷ ᠪᠦᠳᠦᠭᠦᠨ ᠬᠤᠷᠯᠤ ᠲᠠᠢ ᠃ ᠮᠠᠨ ᠤ ᠵᠡᠭᠦᠨ ᠬᠦᠷᠢᠶᠡᠨ ᠳᠤ ᠤᠷᠤᠮᠠᠬᠴᠠ ᠪᠠᠷᠠᠭᠤᠨ ᠲᠠᠯ᠎ᠠ | ᠳᠤ ᠨᠢᠭᠡᠨ ᠲᠠᠰᠤᠯᠭ᠎ᠠ ᠪᠠᠶᠢᠰᠢᠩ ᠠᠨᠤ ᠡᠭᠦᠳᠡᠨ ᠭᠡᠷ ᠪᠤᠯᠡᠢ᠂ ᠲᠤᠭᠤᠰᠬᠠᠨ ᠵᠠᠮ ᠢᠶᠠᠷ ᠶᠠᠪᠤᠵᠤ ᠬᠦᠷᠢᠶᠡᠨ ᠲᠦᠪ | ᠳᠤ ᠬᠦᠷᠤᠨ᠎ᠡ᠂ ᠬᠦᠷᠢᠶᠡᠨ ᠤ ᠡᠮᠦᠨ᠎ᠡ ᠲᠠᠯ᠎ᠠ ᠳᠤ ᠮᠤᠩᠭᠤᠯ ᠭᠡᠷ ᠪᠠᠶᠢᠬᠰᠠᠨ ᠢᠶᠠᠨ ᠬᠤᠷᠢᠶᠠᠵᠤ ᠤᠷᠤᠨ ᠳᠤᠨᠢ | ᠤᠷᠳᠤ ᠲᠦᠷᠪᠡᠯᠵᠢᠨ ᠴᠡᠴᠡᠭᠯᠢᠭ ᠪᠤᠯᠭᠠᠵᠠᠢ᠃ ᠲᠡᠭᠦᠨ ᠤ ᠵᠡᠭᠦᠨ ᠪᠠᠷᠠᠭᠤᠨ ᠲᠠᠯ᠎ᠠ ᠳᠤ ᠬᠤᠶᠠᠷ ᠬᠤᠶᠠᠷ | ᠬᠠᠶᠢᠯᠠᠰᠤᠨ ᠮᠤᠳᠤ ᠨᠡᠶᠢᠳᠡ ᠲᠦᠷᠪᠡᠨ ᠮᠤᠳᠤ ᠪᠠᠶᠢᠵᠠᠢ᠃ ᠬᠦᠷᠢᠶᠡᠨ ᠲᠤᠮᠳᠠ ᠪᠠᠨ ᠪᠠᠰᠠ ᠲᠦᠷᠪᠡᠨ ᠲᠤᠭᠤᠷᠢᠭ | ᠴᠡᠴᠡᠭᠯᠢᠭ ᠲᠠᠢ᠂ ᠬᠦᠷᠢᠶᠡᠨ ᠤ ᠬᠤᠶᠢᠳᠤ ᠲᠠᠯ᠎ᠠ ᠳᠤ ᠨᠡᠶᠢᠳᠡ ᠲᠤᠯᠤᠭᠠᠨ ᠲᠠᠰᠤᠯᠭ᠎ᠠ ᠪᠠᠶᠢᠰᠢᠩ ᠪᠠᠶᠢᠬᠰᠠᠨ᠂ | ᠲᠡᠭᠦᠨ ᠤ ᠭᠤᠤᠯ ᠭᠤᠷᠪᠠᠨ ᠲᠠᠰᠤᠯᠭ᠎ᠠ ᠠᠨᠤ ᠵᠤᠴᠢᠳ ᠤᠨ ᠦᠷᠦᠭᠡ᠂ ᠬᠠᠵᠠᠭᠤ ᠳᠠᠬᠢ ᠬᠤᠶᠠᠷ ᠬᠤᠶᠠᠷ | ᠲᠠᠰᠤᠯᠭ᠎ᠠ ᠭᠡᠷ ᠨᠢ ᠪᠢᠳᠡᠨ ᠤ ᠰᠠᠭᠤᠬᠤ ᠭᠡᠷ᠂ ᠵᠡᠭᠦᠨ ᠪᠠᠷᠠᠭᠤᠨ ᠬᠤᠶᠠᠷ ᠲᠠᠯ᠎ᠠ ᠳᠤ ᠲᠠᠪᠤ ᠲᠠᠪᠤᠨ ᠲᠠᠰᠤᠯᠭ᠎ᠠ | ᠪᠠᠶᠢᠰᠢᠩ ᠲᠠᠢ᠂ ᠵᠡᠭᠦᠨ ᠲᠠᠯ᠎ᠠ ᠶᠢᠨ ᠲᠠᠪᠤᠨ ᠲᠠᠰᠤᠯᠭ᠎ᠠ ᠪᠠᠶᠢᠰᠢᠩ ᠤᠨ ᠠᠷᠤ ᠲᠠᠯ᠎ᠠ ᠳᠤ ᠪᠠᠰᠠ ᠲᠠᠪᠤᠨ ᠲᠠᠰᠤᠯᠭ᠎ᠠ | ᠪᠠᠶᠢᠰᠢᠩ ᠲᠠᠢ᠂ ᠲᠡᠭᠦᠨ ᠤ ᠭᠤᠷᠪᠠᠨ ᠲᠠᠰᠤᠯᠭ᠎ᠠ ᠨᠢ ᠬᠡᠷᠡᠭ ᠵᠦᠪᠳᠡᠯᠴᠡᠬᠦ ᠭᠡᠷ ᠂ ᠨᠦᠭᠦᠭᠡ ᠬᠤᠶᠠᠷ ᠲᠠᠰᠤᠯᠭ᠎ᠠ | ᠠᠨᠤ ᠭᠤᠴᠤᠭ ᠨᠠᠷ ᠤᠨ ᠰᠠᠭᠤᠬᠤ ᠭᠡᠷ ᠪᠤᠯᠠᠢ᠃ ᠲᠡᠭᠦᠨ ᠤ ᠬᠤᠶᠢᠳᠦ ᠲᠠᠯ᠎ᠠ ᠳᠤ ᠡᠪᠡᠰᠦ ᠬᠤᠷᠢᠶᠠᠬᠤ ᠪᠠᠭ᠎ᠠ | ᠬᠦᠷᠢᠶ᠎ᠡ᠂ ᠲᠡᠭᠦᠨ ᠤ ᠵᠡᠭᠦᠨ ᠬᠤᠶᠢᠳᠤ ᠪᠤᠯᠤᠩ ᠳᠤ ᠲᠡᠷᠭᠡᠨ ᠤ ᠬᠦᠮᠦᠷᠭᠡ ᠪᠠᠶᠢᠨ᠎ᠠ᠃ ᠬᠦᠷᠢᠶᠡᠨ ᠤ | ᠪᠡᠷᠡᠭᠤᠨᠡᠮᠦᠨᠡ ᠲᠠᠯ᠎ᠠ ᠶᠢᠨ ᠡᠭᠦᠳᠡᠨ ᠭᠡᠷ ᠪᠠ ᠪᠠᠷᠠᠭᠤᠨ ᠬᠤᠶᠢᠳᠤ ᠲᠠᠯ᠎ᠠ ᠶᠢᠨ ᠠᠳᠤᠭᠤᠨ ᠬᠤᠷᠤᠭᠠᠨ ᠤ | ᠬᠤᠭᠤᠷᠤᠨᠳᠤ ᠨᠢᠭᠡᠨ ᠪᠠᠭ᠎ᠠ ᠡᠭᠦᠳᠡ ᠢᠨᠦ ᠮᠠᠨ ᠤ ᠬᠦᠷᠢᠶᠡᠨ ᠤ ᠠᠷᠤ ᠡᠭᠦᠳᠡ ᠪᠤᠯᠠᠢ᠃ ᠦᠬᠡᠷ ᠤᠨ ᠬᠤᠷᠤᠭ᠎ᠠ | ᠪᠤᠯ ᠰᠦᠮ᠎ᠡ ᠶᠢᠨ ᠬᠦᠷᠢᠶᠡᠨ ᠤ ᠠᠷᠤ ᠲᠠᠯ᠎ᠠ ᠳᠤ ᠪᠠᠶᠢᠨ᠎ᠠ᠂ ᠪᠦᠬᠦᠯᠢ ᠬᠦᠷᠢᠶ᠎ᠡ ᠲᠦᠷᠪᠡᠨ ᠦᠨᠴᠦᠭ ᠲᠤ ᠲᠦᠷᠪᠡᠨ | ᠫᠤᠤᠲ᠋ᠠᠢ ᠲᠠᠢ ᠪᠤᠯᠠᠢ ᠁︾ ᠭᠡᠵᠦ ᠲᠤᠳᠤᠷᠬᠠᠢ ᠲᠡᠮᠳᠡᠭᠯᠡᠭᠰᠡᠨ ᠪᠠᠶᠢᠳᠠᠭ᠃ | ᠴᠢᠯᠦᠭᠡᠯᠡᠭᠳᠡᠭᠰᠡᠨ ᠤ ᠲᠠᠷᠠᠭᠠᠬᠨ ᠬᠤᠰᠢᠭᠤ ᠵᠠᠰᠠᠭ ᠤᠨ ᠤᠷᠳᠤᠨ ᠠᠴᠠ ︽ᠡᠮᠦᠨ᠎ᠡ ᠬᠦᠷᠢᠶ᠎ᠡ︾ ᠶᠢ ᠠᠯᠪᠠᠨ | ᠶᠤᠰᠤᠭᠠᠷ ᠪᠠᠭᠤᠯᠭᠠᠨ ᠨᠤᠷᠠᠭᠠᠵᠤ᠂ ᠬᠡᠷᠡᠭᠯᠡᠵᠦ ᠪᠤᠯᠬᠤ ᠮᠤᠳᠤ ᠴᠢᠯᠠᠭᠤ᠂ ᠸᠠᠭᠠᠷ ᠲᠤᠭᠤᠰᠬ᠎ᠠ ᠶᠢ ᠨᠢᠬᠡᠳᠦᠯ ᠤᠨ | ᠬᠤᠷᠰᠢᠶ᠎ᠠ᠂ ᠰᠤᠷᠭᠠᠭᠤᠯᠢ ᠵᠡᠷᠭᠡ ᠪᠠᠷᠢᠯᠭ᠎ᠠ ᠳᠤ ᠬᠡᠷᠡᠭᠯᠡᠵᠡᠢ᠃ ᠤᠳᠤ ︽ᠡᠮᠦᠨ᠎ᠡ ᠬᠦᠷᠢᠶᠡᠨ︾ ᠤ ᠪᠠᠭᠤᠷᠢ ᠨᠢ | ᠵᠡᠬᠦᠨᠰᠢ ᠪᠠᠷᠠᠭᠤᠨᠰᠢ ᠤᠷᠳᠤ ᠪᠠᠷ ᠢᠶᠠᠨ 94 ᠮᠧᠲᠷ᠂ ᠡᠮᠦᠨᠡᠰᠢ ᠬᠤᠶᠢᠰᠢ ᠦᠷᠭᠡᠨ ᠢᠶᠠᠷ ᠢᠶᠠᠨ 56 ᠮᠧᠲᠷ᠂ | ᠨᠡᠶᠢᠳᠡ ᠲᠠᠯᠠᠪᠠᠢ ᠨᠢ 5624 ᠬᠠᠪᠳᠠᠭᠠᠢ ᠲᠦᠷᠪᠡᠯᠵᠢᠨ ᠮᠧᠲᠷ ᠬᠢᠷᠢᠳᠡᠢ ᠪᠠᠶᠢᠵᠤ᠂ ᠬᠦᠷᠢᠶᠡᠨ ᠤ ᠵᠡᠬᠦᠨ ᠡᠮᠦᠨ᠎ᠡ | ᠪᠠᠷᠠᠭᠤᠨ ᠡᠮᠦᠨ᠎ᠡ ᠪᠤᠯᠤᠩ ᠳᠤ ᠲᠤᠰᠪᠤᠷᠢ ᠳ᠋ᠢᠶᠠᠮᠧᠲᠷ ᠨᠢ 15 ᠮᠧᠲᠷ ᠂ ᠦᠨᠳᠦᠷ ᠨᠢ 1.5 ᠮᠧᠲᠷ ᠤᠨ | ᠫᠤᠤᠲ᠋ᠠᠢ ︵ᠬᠠᠷᠠᠭᠤᠯ ᠤᠨ ᠠᠰᠠᠷ︶ ᠶᠢᠨ ᠪᠠᠭᠤᠷᠢ ᠬᠠᠷᠠᠭᠳᠠᠨ᠎ᠠ᠃ ᠡᠬᠦᠨ ᠠᠴᠠ ᠭᠠᠳᠠᠨ᠎ᠠ᠂ ᠬᠦᠷᠢᠶᠡᠨ ᠠᠴᠠ | ᠡᠮᠦᠨ᠎ᠡ ᠵᠦᠭ ᠲᠤ 20 ᠮᠧᠲᠷ ᠤᠨ ᠵᠠᠶᠢᠳᠠᠢ ᠭᠠᠵᠠᠷ ᠲᠤ ᠪᠠᠶᠢᠭ᠎ᠠ ᠦᠨᠳᠦᠷ ᠢᠶᠠᠷ ᠢᠶᠠᠨ 2.5 ᠮᠧᠲᠷ ᠤᠨ | ᠲᠦᠷᠪᠡᠯᠵᠢᠨ ᠬᠡᠯᠪᠡᠷᠢᠳᠡᠢ ᠴᠢᠯᠠᠭᠤᠨ ᠪᠠᠭᠠᠨ᠎ᠠ ︵ᠮᠤᠷᠢᠨ ᠤᠶᠠᠭ᠎ᠠ︶ ᠬᠢᠭᠡᠳ ᠬᠦᠷᠢᠶᠡᠨ ᠤ ᠲᠤᠳᠤᠷ᠎ᠠ | ᠤᠷᠭᠤᠭᠰᠠᠨ 3 ᠲᠤᠮᠤ ᠬᠦᠭᠰᠢᠨ ᠬᠠᠶᠢᠯᠠᠰᠤ ᠨᠢ ᠬᠡᠳᠦᠨ ᠵᠠᠭᠤᠨ ᠵᠢᠯ ᠤᠨ ᠰᠠᠯᠬᠢᠨ ᠪᠤᠷᠤᠭᠠᠨ ᠢ ᠡᠯᠡᠭᠡᠵᠦ᠂ | ᠴᠤᠤᠳᠤ ᠨᠤᠳᠤᠭ ᠤᠨ ᠢᠶᠠᠨ ᠪᠠᠭᠤᠷᠢ ᠶᠢ ᠰᠠᠬᠢᠵᠤ ᠦᠨᠦ ᠳᠤ ᠬᠦᠷᠦᠭᠰᠡᠨ ᠪᠠᠶᠢᠭ᠎ᠠ᠃ |