ᠴᠠᠭᠠᠨ ᠰᠠᠷ᠎ᠠ ᠶᠢᠨ ᠪᠡᠯᠭᠡᠳᠦ ᠵᠢᠷᠤᠭ ᠪᠤᠯ ᠬᠢᠳᠠᠳ ᠵᠢᠷᠤᠭ ᠤᠨ ᠨᠢᠬᠡ ᠲᠦᠷᠦᠯ ᠪᠠᠶᠢᠵᠤ᠂ ᠬᠦᠳᠡᠭᠡ ᠲᠤᠰᠬᠤᠨ | ᠳᠤ ᠨᠡᠶᠢᠳᠡᠮ ᠲᠡᠯᠬᠡᠷᠡᠵᠦ ᠪᠠᠶᠢᠳᠠᠭ᠃ ᠲᠡᠷᠡ ᠨᠢ ︽ᠡᠬᠦᠳᠡᠨ ᠰᠠᠬᠢᠭᠤᠯᠰᠤᠨ ᠤ ᠵᠢᠷᠤᠭ︾ ᠠᠴᠠ ᠢᠷᠡᠯᠳᠡ ᠲᠠᠢ | ᠪᠠᠶᠢᠵᠤ᠂ ᠴᠢᠩ ᠤᠯᠤᠰ ᠤᠨ ᠪᠠᠳᠠᠷᠠᠭᠤᠯᠳᠤ ᠲᠦᠷᠦ ᠶᠢᠨ ᠦᠶ᠎ᠡ ᠳᠤ ᠵᠢᠩᠬᠢᠨᠢ ᠪᠠᠷ ᠴᠠᠭᠠᠨ ᠰᠠᠷ᠎ᠠ ᠶᠢᠨ ᠪᠡᠯᠭᠡᠳᠦ | ᠵᠢᠷᠤᠭ ᠬᠡᠮᠡᠨ ᠨᠡᠷᠡᠶᠢᠳᠦᠭᠰᠡᠨ ᠭᠡᠳᠡᠭ᠃ | ᠴᠠᠭᠠᠨ ᠰᠠᠷ᠎ᠠ ᠶᠢᠨ ᠵᠢᠷᠤᠭ ᠨᠢ ᠭᠡᠷ ᠡᠷᠦᠬᠡ ᠪᠠᠨ ᠴᠢᠮᠡᠬᠦ ᠠᠴᠠ ᠭᠠᠳᠠᠨ᠎ᠠ᠂ ᠦᠯᠵᠡᠢ ᠪᠡᠯᠭᠡᠳᠦ ᠰᠢᠨ᠎ᠡ ᠵᠢᠯ | ᠴᠠᠭᠠᠨ ᠰᠠᠷ᠎ᠠ ᠪᠠᠨ ᠤᠭᠳᠤᠨ ᠪᠡᠯᠭᠡᠯᠡᠬᠦ ᠠᠭᠤᠯᠭ᠎ᠠ ᠲᠠᠢ ᠪᠠᠶᠢᠵᠤ᠂ ᠭᠤᠤᠯᠳᠠᠭᠤ ᠤᠯᠠᠭᠠᠨ ᠨᠤᠭᠤᠭᠠᠨ ᠬᠤᠪᠴᠠᠰᠤ | ᠡᠮᠦᠰᠦᠭᠰᠡᠨ ᠮᠠᠨᠳᠠᠭᠠᠷ ᠲᠠᠷᠭᠤᠨ ᠵᠢᠭᠠᠯ ᠪᠤᠶᠤ ᠴᠡᠴᠡᠭ ᠬᠤᠸᠠᠷ ᠂ ᠵᠢᠬᠦᠷᠳᠡᠨ ᠰᠢᠪᠠᠭᠤ᠂ ᠵᠢᠭᠠᠰᠤ ᠲᠠᠬᠢᠶ᠎ᠠ | ᠵᠡᠷᠭᠡ ᠶᠢ ᠵᠢᠷᠤᠳᠠᠭ᠃ ᠵᠢᠯ ᠴᠠᠭᠠᠨ ᠰᠠᠷ᠎ᠠ ᠪᠤᠯᠬᠤ ᠳᠤ ᠤᠯᠠᠩᠬᠢ ᠬᠢᠳᠠᠳ ᠠᠶᠢᠯ ᠤᠳ ᠡᠬᠦᠳᠡ ᠬᠠᠭᠠᠯᠭ᠎ᠠ | ᠬᠢᠭᠡᠳ ᠦᠷᠦᠭᠡ ᠭᠡᠷ ᠲᠡᠭᠡᠨ ᠪᠦᠷ ᠡᠶᠢᠮᠦᠷᠬᠦ ᠦᠯᠵᠡᠶᠢᠳᠦ ᠵᠢᠷᠤᠭ ᠨᠠᠭᠠᠭᠰᠠᠨ ᠬᠠᠷᠠᠭᠳᠠᠵᠤ᠂ ᠪᠠᠶᠠᠷ ᠤᠨ ᠡᠳᠦᠷ | ᠤᠨ ᠠᠭᠤᠷ ᠠᠮᠢᠰᠬᠤᠯ ᠪᠢᠯᠬᠠᠵᠤ ᠪᠠᠶᠢᠳᠠᠭ᠃ | ᠴᠠᠭᠠᠨ ᠰᠠᠷ᠎ᠠ ᠶᠢᠨ ᠪᠡᠯᠭᠡᠳᠦ ᠵᠢᠷᠤᠭ ᠪᠤᠯ ᠲᠤᠮᠳᠠᠳᠤ ᠤᠯᠤᠰ ᠤᠨ ᠰᠤᠶᠤᠯ ᠲᠡᠦᠬᠡ ᠂ ᠠᠵᠤ ᠠᠮᠢᠳᠤᠷᠠᠯ᠂ | ᠱᠠᠰᠢᠨ ᠰᠢᠳᠦᠯᠬᠡ᠂ ᠵᠠᠩ ᠢᠷᠭᠡᠨᠰᠢᠯ ᠢ ᠬᠤᠷᠢᠶᠠᠩᠭᠤᠢ ᠬᠠᠷᠠᠭᠤᠯᠤᠭᠰᠠᠨ᠂ ᠠᠷᠠᠳ ᠲᠦᠮᠡᠨ ᠤ ᠠᠵᠠ ᠵᠢᠷᠭᠠᠯᠳᠤ | ᠠᠮᠢᠳᠤᠷᠠᠯ᠂ ᠠᠰᠤᠷᠤ ᠰᠠᠶᠢᠬᠠᠨ ᠢᠷᠡᠭᠡᠳᠦᠢ ᠪᠠᠨ ᠵᠢᠷᠤᠭᠯᠠᠭᠰᠠᠨ ᠤᠷᠠᠯᠢᠭ ᠤᠨ ᠢᠯᠡᠳᠭᠡᠬᠦᠷ ᠪᠤᠯᠤᠨ᠎ᠠ᠃ ᠲᠡᠷᠡ | ᠨᠢ ᠠᠷᠠᠳ ᠲᠦᠮᠡᠨ ᠲᠠᠢ ᠲᠤᠩ ᠤᠶᠢᠷᠠᠬᠠᠨ ᠪᠠᠶᠢᠵᠤ᠂ ᠡᠯ᠎ᠡ ᠴᠠᠭ ᠦᠶ᠎ᠡ ᠶᠢᠨ ᠨᠡᠶᠢᠬᠡᠮ ᠤᠨ ᠪᠠᠶᠢᠳᠠᠯ᠂ ᠠᠷᠠᠳ | ᠤᠨ ᠠᠮᠢᠳᠤᠷᠠᠯ ᠢ ᠬᠠᠷᠠᠭᠤᠯᠳᠠᠭ ᠢᠶᠠᠷ ᠢᠶᠠᠨ ᠬᠦᠮᠦᠨ ᠠᠷᠠᠳ ᠤᠨ ᠪᠠᠭ᠋ᠠᠷᠬᠠᠵᠤ ᠰᠤᠨᠢᠷᠬᠠᠭᠤᠰᠢᠳᠠᠢ ᠤᠷᠠᠯᠢᠭ ᠤᠨ | ᠬᠡᠯᠪᠡᠷᠢ ᠪᠤᠯᠤᠭᠰᠠᠨ ᠪᠠᠶᠢᠨ᠎ᠠ᠃ | ᠲᠠᠶᠢᠹᠤᠰᠧ ᠨᠤᠳᠤᠭ ᠤᠨ ᠴᠠᠭᠠᠨ ᠰᠠᠷ᠎ᠠ ᠶᠢᠨ ᠪᠡᠯᠭᠡᠳᠦ ᠵᠢᠷᠤᠭ ᠨᠢ ᠲᠡᠦᠬᠡ ᠶᠢᠨ ᠤᠯᠠᠷᠢᠯ᠂ ᠨᠡᠶᠢᠬᠡᠮ ᠤᠨ | ᠬᠦᠭᠵᠢᠯ ᠢ ᠲᠠᠭᠠᠯᠳᠤᠭᠠᠳ᠂ ᠲᠠᠰᠤᠷᠠᠯᠳᠠ ᠦᠬᠡᠢ ᠬᠤᠪᠢᠷᠠᠨ ᠬᠦᠭᠵᠢᠵᠦ᠂ ᠤᠷᠢᠳᠤ ᠳᠠᠭᠠᠨ ᠡᠳ᠋ ᠤᠨ ᠰᠠᠬᠢᠭᠤᠰᠤ | ᠪᠢᠰᠢ ᠪᠤᠯ ᠴᠠᠭᠠᠨ ᠡᠪᠦᠬᠡᠨ᠂ ᠲᠠᠷᠭᠤᠨ ᠬᠦᠪᠡᠬᠦᠨ ᠮᠡᠳᠦ ᠶᠢᠨ ᠬᠦᠷᠦᠭ ᠲᠦᠷᠢ ᠪᠠᠷ ᠭᠤᠤᠯᠯᠠᠳᠠᠭ ᠪᠠᠶᠢᠭᠰᠠᠨ | ᠢᠶᠠᠨ ᠤᠳᠤ ᠪᠤᠯᠬᠤ ᠳᠤ ᠨᠡᠶᠢᠬᠡᠮ ᠤᠨ ᠪᠠᠶᠢᠳᠠᠯ ᠪᠠ ᠠᠷᠠᠳ ᠤᠨ ᠠᠮᠢᠳᠤᠷᠠᠯ ᠢ ᠲᠤᠰᠬᠠᠭᠰᠠᠨ ᠡᠯᠪᠡᠭ ᠪᠠᠶᠠᠨ | ᠠᠭᠤᠯᠭ᠎ᠠ ᠰᠡᠳᠦᠪ ᠢ ᠪᠠᠭᠳᠠᠭᠠᠬᠤ ᠪᠤᠯᠵᠠᠢ᠃ ᠲᠠᠶᠢᠹᠤᠰᠧ ᠨᠤᠳᠤᠭ ᠤᠨ ᠴᠠᠭᠠᠨ ᠰᠠᠷ᠎ᠠ ᠶᠢᠨ ᠪᠡᠯᠭᠡᠳᠦ ᠵᠢᠷᠤᠭ | ᠲᠤ ︽ᠠᠷᠪᠠᠨ ᠬᠤᠶᠠᠷ ᠵᠢᠯ ᠤᠨ ᠵᠢᠷᠤᠭ︾᠂ ︽ᠡᠯᠪᠡᠭ ᠬᠤᠷᠢᠶᠠᠯᠳᠠ ᠪᠠᠨ ᠪᠡᠯᠭᠡᠳᠡᠨᠡᠮ︾᠂ ︽ ᠪᠠᠶᠠᠷ ᠬᠦᠷ | ᠲᠠᠢ ᠴᠠᠭᠠᠨ ᠰᠠᠷ᠎ᠠ ︾᠂ ︽ ᠠᠵᠠ ᠵᠢᠷᠭᠠᠯ ᠤᠨ ᠲᠠᠯᠠᠯᠭ᠎ᠠ︾᠂ ︽ ᠦᠬᠡᠳᠡ ᠡᠰᠡᠷᠡᠭ ᠤᠨ ᠵᠢᠯ︾ ᠵᠡᠷᠭᠡ ᠵᠠᠭᠤ | ᠭᠠᠷᠤᠢ ᠪᠦᠳᠦᠭᠡᠯ ᠪᠠᠶᠢᠭ᠎ᠠ᠃ | 2017 ᠤᠨ ᠳᠤ ᠲᠠᠶᠢᠹᠤᠰᠧ ᠬᠤᠰᠢᠭᠤ ᠴᠠᠭᠠᠨ ᠰᠠᠷ᠎ᠠ ᠶᠢᠨ ᠪᠡᠯᠭᠡᠳᠦ ᠵᠢᠷᠤᠭ ᠢ ᠠᠶᠢᠮᠠᠭ ᠤᠨ ᠲᠡᠰ ᠤᠨ | ᠪᠤᠳᠠᠰ ᠤᠨ ᠪᠤᠰᠤ ᠰᠤᠶᠤᠯ ᠤᠨ ᠦᠪ ᠲᠤ ᠪᠦᠷᠢᠳᠭᠡᠬᠦᠯᠵᠦ᠂ ᠳ᠋ᠦᠩ ᠵᠢᠶᠦ᠋ᠨ ᠠᠶᠢᠮᠠᠭ ᠤᠨ ᠲᠡᠰ ᠤᠨ ᠦᠪᠯᠡᠨ | ᠤᠯᠠᠮᠵᠢᠯᠠᠭᠴᠢ ᠪᠤᠯᠤᠭᠰᠠᠨ ᠪᠠᠶᠢᠨ᠎ᠠ᠃ | ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄ ᠳ᠋ᠦᠩ ᠵᠢᠶᠦ᠋ᠨ᠂ ᠡᠷᠡᠭᠳᠡᠢ᠂ ᠬᠢᠳᠠᠳ ᠦᠨᠳᠦᠰᠦᠳᠡᠨ᠂ | 1944 ᠤᠨ ᠳᠤ ᠲᠦᠷᠦᠪᠡ᠃ ᠲᠠᠶᠢᠹᠤᠰᠧ ᠬᠤᠰᠢᠭᠤᠨ ᠤ ᠬᠦᠮᠦᠨ᠃ 1965 ᠤᠨ ᠳᠤ ᠪᠤᠤᠴᠠᠩ ᠤᠨ | ᠨᠢᠬᠡᠳᠦᠭᠡᠷ ᠲᠤᠮᠳᠠᠳᠤ ᠰᠤᠷᠭᠠᠭᠤᠯᠢ ᠠᠴᠠ ᠲᠡᠬᠦᠰᠴᠦ ᠰᠡᠭᠡᠭᠡᠳᠡᠨ ᠢᠶᠠᠷ ᠬᠦᠳᠡᠭᠡ ᠪᠠᠭᠤᠵᠠᠢ᠃ 1971 ᠤᠨ ᠳᠤ | ᠠᠵᠢᠯ ᠳᠤ ᠭᠠᠷᠴᠤ᠂ ᠤᠷᠢᠳ ᠬᠤᠵᠢᠳ ᠪᠤᠤᠴᠠᠩ ᠤᠨ ᠭᠤᠷᠪᠠᠳᠤᠭᠠᠷ ᠪᠠᠭ᠎ᠠ ᠰᠤᠷᠭᠠᠭᠤᠯᠢ ᠂ ᠨᠢᠬᠡᠳᠦᠭᠡᠷ | ᠲᠤᠮᠳᠠᠳᠤ ᠰᠤᠷᠭᠠᠭᠤᠯᠢ ᠂ ᠬᠤᠰᠢᠭᠤᠨ ᠤ ᠰᠤᠶᠤᠯ ᠤᠨ ᠤᠷᠳᠤᠨ᠂ ᠰᠤᠶᠤᠯ ᠤᠨ ᠲᠤᠪᠴᠢᠶ᠎ᠠ ᠳᠤ ᠠᠵᠢᠯᠯᠠᠵᠤ᠂ | 1998 ᠤᠨ ᠳᠤ ᠠᠵᠢᠯ ᠠᠴᠠ ᠪᠠᠨ ᠠᠮᠠᠷᠠᠪᠠ᠃ ᠦᠪᠦᠷ ᠮᠤᠩᠭᠤᠯ ᠤᠨ ᠤᠷᠤᠨ ᠵᠢᠷᠤᠭᠴᠢᠳ ᠤᠨ ᠨᠡᠶᠢᠬᠡᠮᠯᠢᠭ | ᠤᠨ ᠭᠡᠰᠢᠬᠦᠨ᠂ ᠰᠢᠯᠢ ᠶᠢᠨ ᠭᠤᠤᠯ ᠠᠶᠢᠮᠠᠭ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠲᠡᠳ᠋ | ᠲᠡᠷᠢᠬᠦᠯᠡᠭᠴᠢ ᠪᠠᠷ ᠠᠵᠢᠯᠯᠠᠵᠤ ᠪᠠᠶᠢᠪᠠ᠃ ᠲᠡᠬᠦᠨ ᠤ ᠵᠢᠷᠤᠭᠰᠠᠨ ᠴᠠᠭᠠᠨ ᠰᠠᠷ᠎ᠠ ᠶᠢᠨ ᠪᠡᠯᠭᠡᠳᠦ ᠵᠢᠷᠤᠭ ᠨᠢ | ᠱᠠᠩᠬᠠᠢ᠂ ᠲᠢᠶᠠᠨᠵᠢᠨ᠂ ᠦᠪᠦᠷ ᠮᠤᠩᠭᠤᠯ ᠤᠨ ᠭᠡᠪᠯᠡᠯ ᠤᠨ ᠬᠤᠷᠢᠶ᠎ᠠ ᠪᠠᠷ ᠲᠠᠮᠵᠢᠨ ᠭᠡᠪᠯᠡᠭᠳᠡᠭᠡᠳ ᠪᠦᠬᠦ ᠤᠯᠤᠰ | ᠤᠨ ᠡᠯ᠎ᠡ ᠭᠠᠵᠠᠷ ᠲᠤ ᠲᠠᠷᠬᠠᠭᠰᠠᠨ ᠪᠠᠶᠢᠳᠠᠭ᠃ |