ᠤᠯᠠᠮᠵᠢᠯᠠᠯᠳᠤ  ᠤᠷᠤᠨ ᠰᠠᠭᠤᠴᠠ — ᠵᠤᠳᠤᠭᠠᠷ
ᠨᠡᠶᠢᠲᠡᠯᠡᠭᠰᠡᠨ ᠴᠠᠭ᠄
2024/6/17
  ᠴᠠᠴᠠᠷ ᠮᠠᠶᠢᠬᠠᠨ  ᠪᠤᠯ ᠮᠤᠩᠭᠤᠯ ᠦᠨᠳᠦᠰᠦᠳᠡᠨ ᠤ ᠡᠷᠳᠡ ᠲᠡᠭᠡᠳᠦ ᠠᠴᠠ ᠪᠠᠨ ᠤᠯᠠᠮᠵᠢᠯᠠᠵᠤ ᠢᠷᠡᠭᠰᠡᠨ ᠤᠷᠤᠨ ᠰᠠᠭᠤᠴᠠ ᠪᠠᠶᠢᠵᠤ᠂ ᠮᠤᠩᠭᠤᠯ ᠭᠡᠷ ᠠᠴᠠ ᠨᠡᠩ ᠡᠷᠳᠡ᠂ ᠭᠡᠷᠡᠭᠴᠡᠭᠡ ᠪᠠᠷ ᠨᠡᠩ ᠦᠷᠭᠡᠨ᠂ ᠭᠡᠯᠪᠡᠷᠢ ᠮᠠᠶ᠋ᠢᠭ ᠎ ᠨᠢ ᠨᠡᠩ ᠤᠯᠠᠨ ᠵᠡᠷᠭᠡ ᠤᠨᠴᠠᠯᠢᠭ ᠲᠠᠢ ᠪᠢᠯᠡ  ᠃ ᠴᠠᠴᠠᠷ ᠮᠠᠶᠢᠬᠠᠨ ᠨᠢ ᠮᠤᠩᠭᠤᠯ ᠦᠨᠳᠦᠰᠦᠳᠡᠨ ᠤ ᠡᠬᠦᠰᠦᠯ ᠲᠡᠦᠬᠡ᠂ ᠮᠠᠨᠳᠤᠯ ᠬᠦᠭᠵᠢᠯ ᠤᠨ ᠪᠠᠭᠠᠳᠤᠷᠯᠢᠭ ᠲᠤᠤᠯᠢ ᠬᠢᠭᠡᠳ ᠮᠤᠩᠭᠤᠯ ᠬᠦᠮᠦᠨ ᠤ ᠰᠦᠰᠦ ᠵᠤᠷᠢᠭ᠂ ᠰᠡᠴᠡᠨ ᠤᠬᠠᠭᠠᠨ᠂ ᠠᠷᠤᠤᠬᠠᠨ ᠵᠠᠩ ᠴᠢᠨᠠᠷ ᠲᠠᠢ ᠨᠢᠬᠳᠠ  ᠬᠤᠯᠪᠤᠭᠳᠠᠳᠠᠭ᠃ ᠴᠠᠴᠠᠷ ᠮᠠᠶᠢᠬᠠᠨ ᠢ ᠭᠡᠮᠵᠢᠶ᠎ᠡ᠂ ᠬᠡᠯᠪᠡᠷᠢ᠂ ᠬᠡᠷᠡᠭᠴᠡᠭᠡ᠂ ᠤᠨᠴᠠᠯᠢᠭ ᠢ ᠨᠢ  ᠦᠨᠳᠦᠰᠦᠯᠡᠵᠦ  ᠪᠠᠶᠢᠭᠠᠳ ᠲᠠᠭᠳᠤ᠂ ᠴᠠᠴᠠᠷ᠂ ᠮᠠᠶᠢᠬᠠᠨ᠂ ᠵᠤᠳᠤᠭᠠᠷ ᠬᠡᠵᠦ ᠶᠡᠷᠦᠩᠬᠡᠢ ᠳᠡᠭᠡᠨ ᠲᠦᠷᠪᠡ ᠠᠩᠬᠢᠯᠠᠨ᠎ᠠ᠃   ᠵᠤᠳᠤᠭᠠᠷ ᠪᠤᠯ  ᠶᠠᠮᠠᠷ ᠴᠤ ᠭᠠᠵᠠᠷ ᠤᠷᠤᠨ ᠳᠤ᠂ ᠠᠯᠢ ᠴᠤ ᠴᠠᠭ ᠤᠯᠠᠷᠢᠯ ᠳᠤ ᠪᠦᠷ ᠪᠤᠰᠠᠬᠠᠵᠤ ᠭᠡᠷᠡᠭᠯᠡᠬᠦ ᠳᠤ ᠲᠦᠬᠦᠮ ᠪᠠᠶᠢᠳᠠᠭ  ᠃  ᠵᠤᠳᠤᠭᠠᠷ ᠢ ᠡᠬᠦᠷᠭᠡ ᠶᠢᠨ ᠪᠠᠳᠢᠷᠴᠢᠨ ᠨᠢᠬᠡ ᠬᠦᠮᠦᠨ ᠡᠬᠦᠷᠦᠭᠡᠳ ᠶᠠᠪᠤᠴᠢᠬᠠᠳᠠᠭ ᠭᠡᠰᠡᠨ ᠬᠠᠭᠤᠴᠢ ᠲᠤᠮᠤᠭ ᠲᠠᠢ᠃   ᠪᠦᠬᠡ ᠶᠢᠨ ᠵᠤᠳᠤᠭᠠᠷ᠂ ᠠᠶᠠᠨ ᠤ ᠵᠤᠳᠤᠭᠠᠷ᠂ ᠮᠠᠨᠠᠭᠠᠨ ᠤ ᠵᠤᠳᠤᠭᠠᠷ ᠬᠡᠬᠦ ᠮᠡᠳᠦᠴᠢᠯᠡᠨ ᠠᠳᠠᠯᠢ ᠪᠤᠰᠤ ᠭᠡᠷᠡᠭᠴᠡᠭᠡᠨ ᠳᠤ ᠲᠤᠬᠢᠷᠠᠭᠰᠠᠨ ᠠᠳᠠᠯᠢ ᠪᠤᠰᠤ ᠨᠡᠷᠡᠶᠢᠳᠦᠯ ᠲᠠᠢ᠃ ᠵᠤᠳᠤᠭᠠᠷ ᠨᠢ ᠭᠤᠤᠯᠳᠠᠭᠤ ᠨᠢᠬᠡ ᠨᠢᠷᠤᠭᠤ᠂ ᠬᠤᠶᠠᠷ ᠲᠤᠯᠭᠠᠭᠤᠷᠢ ᠬᠢᠭᠡᠳ ᠠᠳᠠᠷ ᠤᠨ ᠢᠰᠡᠭᠡᠢ  ᠎ ᠪᠠᠷ ᠪᠦᠷᠢᠯᠳᠦᠳᠡᠭ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号