ᠤᠯᠠᠮᠵᠢᠯᠠᠯᠳᠤ ᠤᠷᠤᠨ ᠰᠠᠭᠤᠴᠠ — ᠮᠠᠶᠢᠬᠠᠨ
ᠨᠡᠶᠢᠲᠡᠯᠡᠭᠰᠡᠨ ᠴᠠᠭ᠄
2024/5/7
    ᠴᠠᠴᠠᠷ ᠮᠠᠶᠢᠬᠠᠨ  ᠪᠤᠯ ᠮᠤᠩᠭᠤᠯ ᠦᠨᠳᠦᠰᠦᠳᠡᠨ ᠤ ᠡᠷᠳᠡ ᠲᠡᠭᠡᠳᠦ ᠠᠴᠠ ᠪᠠᠨ ᠤᠯᠠᠮᠵᠢᠯᠠᠵᠤ ᠢᠷᠡᠭᠰᠡᠨ ᠤᠷᠤᠨ ᠰᠠᠭᠤᠴᠠ ᠪᠠᠶᠢᠵᠤ᠂ ᠮᠤᠩᠭᠤᠯ ᠭᠡᠷ ᠠᠴᠠ ᠨᠡᠩ ᠡᠷᠳᠡ᠂ ᠭᠡᠷᠡᠭᠴᠡᠭᠡ ᠪᠠᠷ ᠨᠡᠩ ᠦᠷᠭᠡᠨ᠂ ᠭᠡᠯᠪᠡᠷᠢ ᠮᠠᠶ᠋ᠢᠭ ᠎ ᠨᠢ ᠨᠡᠩ ᠤᠯᠠᠨ ᠵᠡᠷᠭᠡ ᠤᠨᠴᠠᠯᠢᠭ ᠲᠠᠢ ᠪᠢᠯᠡ  ᠃ ᠴᠠᠴᠠᠷ ᠮᠠᠶᠢᠬᠠᠨ ᠨᠢ ᠮᠤᠩᠭᠤᠯ ᠦᠨᠳᠦᠰᠦᠳᠡᠨ ᠤ ᠡᠬᠦᠰᠦᠯ ᠲᠡᠦᠬᠡ᠂ ᠮᠠᠨᠳᠤᠯ ᠬᠦᠭᠵᠢᠯ ᠤᠨ ᠪᠠᠭᠠᠳᠤᠷᠯᠢᠭ ᠲᠤᠤᠯᠢ ᠬᠢᠭᠡᠳ ᠮᠤᠩᠭᠤᠯ ᠬᠦᠮᠦᠨ ᠤ ᠰᠦᠰᠦ ᠵᠤᠷᠢᠭ᠂ ᠰᠡᠴᠡᠨ ᠤᠬᠠᠭᠠᠨ᠂ ᠠᠷᠤᠤᠬᠠᠨ ᠵᠠᠩ ᠴᠢᠨᠠᠷ ᠲᠠᠢ ᠨᠢᠬᠳᠠ  ᠬᠤᠯᠪᠤᠭᠳᠠᠳᠠᠭ᠃   ᠴᠠᠴᠠᠷ ᠮᠠᠶᠢᠬᠠᠨ ᠢ  ᠭᠡᠮᠵᠢᠶ᠎ᠡ᠂ ᠬᠡᠯᠪᠡᠷᠢ ᠂ ᠬᠡᠷᠡᠭᠴᠡᠭᠡ᠂ ᠤᠨᠴᠠᠯᠢᠭ  ᠎ ᠢ ᠨᠢ  ᠦᠨᠳᠦᠰᠦᠯᠡᠵᠦ  ᠪᠠᠶᠢᠭᠠᠳ ᠲᠠᠭᠳᠤ᠂ ᠴᠠᠴᠠᠷ᠂ ᠮᠠᠶᠢᠬᠠᠨ᠂ ᠵᠤᠳᠤᠭᠠᠷ ᠬᠡᠵᠦ ᠶᠡᠷᠦᠩᠬᠡᠢ ᠳᠡᠭᠡᠨ ᠲᠦᠷᠪᠡ ᠠᠩᠬᠢᠯᠠᠨ᠎ᠠ᠃     ᠮᠠᠶᠢᠬᠠᠨ ᠪᠤᠯ ᠮᠤᠩᠭᠤᠯ ᠭᠡᠷ ᠲᠠᠢ ᠠᠳᠠᠯᠢ ᠨᠡᠬᠦᠳᠡᠯ ᠮᠠᠯᠵᠢᠯ ᠤᠨ ᠤᠷᠤᠨ ᠰᠠᠭᠤᠴᠠ ᠪᠠᠷ ᠪᠠᠷᠠᠬᠤ ᠦᠬᠡᠢ᠂ ᠲᠤᠬᠠᠢ ᠶᠢᠨ ᠦᠶ᠎ᠡ ᠳᠤ ᠴᠡᠷᠢᠭ ᠲᠠᠶᠢᠨ ᠤ ᠠᠶᠠᠯᠠᠯ ᠳᠤ ᠲᠤᠬᠢᠷᠠᠭᠰᠠᠨ  ᠨᠡᠬᠦᠳᠡᠯ ᠰᠠᠭᠤᠷᠢᠨ ᠪᠤᠯᠤᠨ᠎ᠠ᠃ ᠠᠽᠢᠶ᠎ᠠ ᠡᠸᠦ᠋ᠷᠤᠫᠠ ᠶᠢ ᠰᠤᠨᠳᠠᠯᠠᠭᠰᠠᠨ ᠮᠤᠩᠭᠤᠯ ᠤᠨ ᠶᠡᠭᠡ ᠴᠡᠷᠢᠭᠯᠡᠯ ᠳᠤ ᠬᠠᠨᠳᠤᠭᠰᠠᠨ ᠵᠦᠭ  ᠎ ᠲᠡᠭᠡᠨ ᠬᠠᠷᠭᠤᠬᠤ  ᠲᠠᠶᠢᠰᠤᠨ ᠦᠬᠡᠢ  ᠮᠤᠷᠢᠳᠤ ᠪᠠᠭᠠᠳᠤᠷ  ᠎ ᠤᠳ ᠤᠨ ᠨᠠᠷᠠ ᠰᠠᠯᠬᠢᠨ ᠢ ᠬᠠᠯᠬᠠᠯᠠᠬᠤ ᠬᠤᠨᠤᠭ ᠤᠨ ᠦᠷᠦᠭᠡ ᠡᠨᠡ ᠪᠠᠶᠢᠵᠠᠢ᠃ ᠮᠠᠶᠢᠬᠠᠨ ᠤᠤᠯ ᠳᠠᠭᠠᠨ ᠢᠰᠡᠭᠡᠢ ᠪᠤᠯᠤᠨ ᠮᠤᠳᠤᠨ ᠪᠦᠳᠦᠴᠡ ᠲᠠᠢ ᠪᠠᠶᠢᠭᠰᠠᠨ ᠢᠶᠠᠨ ᠰᠡᠬᠦᠯᠡᠷ ᠨᠢ ᠪᠦᠰ ᠲᠠᠪᠤᠤ ᠵᠡᠷᠭᠡ ᠪᠠᠷ ᠢᠰᠡᠭᠡᠢ ᠶᠢ  ᠤᠷᠤᠯᠠᠭᠤᠯᠤᠭᠠᠳ ᠤᠯᠠᠮ ᠲᠦᠬᠦᠮ ᠬᠢᠯᠪᠠᠷ ᠬᠦᠩᠬᠡᠨ ᠠᠪᠰᠠᠷᠬᠠᠨ ᠪᠤᠯᠵᠠᠢ᠃ ᠲᠡᠷᠡ  ᠎ ᠨᠢ ᠠᠴᠢᠶᠠᠯᠠᠵᠤ ᠨᠡᠬᠦᠳᠡᠯᠯᠡᠬᠦ ᠳᠤ ᠬᠦᠩᠭᠡᠨ᠂ ᠠᠶᠠᠨ ᠵᠠᠮᠨᠠᠯ ᠳᠤ ᠲᠦᠬᠦᠮ ᠪᠤᠯᠬᠤᠷ ᠭᠡᠷᠡᠭᠴᠡᠭᠡ ᠨᠢ ᠴᠤ ᠦᠷᠭᠡᠨ ᠲᠡᠯᠭᠡᠷ ᠪᠠᠶᠢᠳᠠᠭ᠃ ᠨᠡᠶᠢᠬᠡᠮ ᠤᠨ ᠬᠦᠭᠵᠢᠯᠳᠡ ᠶᠢ ᠲᠠᠭᠠᠯᠳᠤᠭᠠᠳ ᠮᠠᠶᠢᠬᠠᠨ ᠤ ᠭᠡᠯᠪᠡᠷᠢ ᠮᠠᠶ᠋ᠢᠭ ᠤᠯᠠᠨ ᠶᠠᠩᠵᠤ ᠪᠠᠷ ᠦᠬᠡᠷᠡᠴᠢᠯᠡᠭᠳᠡᠨ ᠰᠢᠨᠡᠳᠦᠭᠰᠡᠨ ᠪᠠᠶᠢᠨ᠎ᠠ᠃ ᠤᠳᠤ ᠴᠤ ᠭᠡᠰᠡᠨ ᠮᠠᠶᠢᠬᠠᠨ ᠢ ᠨᠡᠬᠦᠳᠡᠯ ᠠᠶᠠᠨ᠂ ᠤᠳᠤᠷ ᠵᠤᠰᠠᠯᠠᠩ᠂ ᠵᠢᠭᠤᠯᠴᠢᠯᠠᠯ ᠤᠨ ᠦᠢᠯᠡᠰ᠂ ᠭᠠᠮᠰᠢᠭ ᠠᠴᠠ ᠠᠪᠤᠷᠠᠬᠤ ᠠᠵᠢᠯ᠂ ᠭᠡᠭᠡᠷ᠎ᠡ ᠠᠶᠠᠯᠠᠯ ᠵᠡᠷᠭᠡ ᠳᠤ ᠦᠷᠭᠡᠨ ᠎ ᠢᠶᠠᠷ ᠭᠡᠷᠡᠭᠯᠡᠵᠦ ᠪᠤᠢ᠃ ᠮᠠᠶᠢᠬᠠᠨ ᠤ ᠪᠠᠭᠳᠠᠭᠠᠮᠵᠢ ᠬᠡᠮᠵᠢᠶ᠎ᠡ ᠶᠡᠭᠡ ᠪᠠᠭ᠎ᠠ ᠨᠢ ᠠᠳᠠᠯᠢ ᠪᠤᠰᠤ  ᠪᠤᠯᠪᠠᠴᠤ ᠪᠦᠷ ᠭᠤᠷᠪᠠᠯᠵᠢᠨ ᠭᠡᠯᠪᠡᠷᠢ ᠲᠠᠢ᠂ ᠪᠠᠭ᠎ᠠ ᠨᠢ ᠬᠤᠶᠠᠷᠬᠠᠨ ᠬᠦᠮᠦᠨ ᠤ ᠪᠠᠭᠳᠠᠭᠠᠮᠵᠢ ᠲᠠᠢ᠂ ᠶᠡᠭᠡ ᠨᠢ ᠠᠷᠪᠠᠭᠠᠳ ᠬᠦᠮᠦᠨ ᠎ ᠤ ᠪᠠᠭᠳᠠᠭᠠᠮᠵᠢ ᠲᠠᠢ᠃ ᠮᠠᠶᠢᠬᠠᠨ ᠢ ᠶᠠᠮᠠᠷ ᠴᠤ ᠭᠠᠵᠠᠷ ᠤᠷᠤᠨ᠂ ᠶᠠᠮᠠᠷ ᠴᠤ ᠴᠠᠭ ᠤᠯᠠᠷᠢᠯ ᠳᠤ ᠪᠦᠷ ᠭᠡᠷᠡᠭᠯᠡᠵᠦ ᠪᠤᠯᠤᠨ᠎ᠠ᠃ ᠮᠠᠶᠢᠬᠠᠨ ᠪᠤᠯ ᠨᠢᠬᠡ ᠨᠢᠷᠤᠭᠤ᠂ ᠬᠤᠶᠠᠷ ᠲᠤᠯᠭᠠᠭᠤᠷᠢ  ᠵᠢᠴᠢ ᠲᠡᠭᠡᠪᠦᠷ ᠢᠶᠠᠷ ᠪᠦᠷᠢᠯᠳᠦᠨ᠎ᠡ᠃ ᠮᠠᠶᠢᠬᠠᠨ ᠎ ᠤ ᠲᠡᠭᠡᠪᠦᠷ ᠤᠨ ᠬᠠᠴᠠᠷᠯᠠᠭᠰᠠᠨ ᠬᠤᠶᠠᠷ ᠲᠠᠯ᠎ᠠ ᠨᠢ ᠡᠩ ᠵᠡᠷᠭᠡᠴᠡᠬᠦᠯᠵᠦ ᠵᠠᠯᠭᠠᠨ ᠤᠶᠤᠭᠰᠠᠨ ᠲᠦᠷᠪᠡᠯᠵᠢᠨ ᠪᠦᠰ ᠪᠤᠯᠤᠨ᠎ᠠ᠃ ᠬᠤᠶᠠᠷ ᠬᠠᠴᠠᠷ ᠲᠠᠯ᠎ᠠ ᠶᠢᠨ ᠲᠡᠭᠡᠳᠦ ᠭᠡᠰᠡᠭ ᠤᠨ ᠨᠡᠶᠢᠯᠡᠪᠦᠷᠢ ᠶᠢ ᠬᠤᠶᠠᠷ ᠲᠠᠯ᠎ᠠ ᠳᠤᠨᠢ ᠭᠤᠳᠤᠷᠤᠤᠯ ᠭᠠᠷᠭᠠᠨ ᠤᠶᠤᠵᠤ᠂ ᠭᠤᠳᠤᠷᠤᠤᠯ ᠢ ᠰᠢᠷᠢ ᠪᠠᠷ ᠪᠠᠬᠢᠯᠡᠨ᠎ᠡ᠃ ᠠᠷᠤ ᠲᠠᠯ᠎ᠠ ᠶᠢᠨ ᠲᠦᠷᠪᠡᠨ ᠬᠤᠰᠢᠭᠤᠯᠵᠢᠨ ᠰᠢᠭᠰᠢᠭ ᠎ ᠢ ᠤᠷᠤᠢ ᠶᠢ ᠨᠢ ᠨᠡᠶᠢᠯᠡᠬᠦᠯᠦᠨ ᠵᠠᠯᠭᠠᠵᠤ  ᠤᠶᠤᠭᠠᠳ᠂ ᠤᠷᠤᠢ ᠲᠠᠯ᠎ᠠ ᠠᠴᠠ ᠨᠢ ᠮᠠᠶᠢᠬᠠᠨ ᠤ ᠬᠠᠴᠠᠷ ᠤᠨ ᠲᠡᠭᠡᠳᠦ ᠲᠠᠯ᠎ᠠ ᠲᠠᠢ ᠨᠢ  ᠵᠤᠯᠭᠠᠭᠤᠯᠵᠤ᠂ ᠬᠤᠶᠠᠷ ᠬᠠᠴᠠᠷ ᠲᠠᠢ ᠵᠠᠯᠭᠠᠵᠤ ᠤᠶᠤᠨ᠎ᠠ᠃ ᠡᠬᠦᠨ ᠢ ᠮᠠᠶᠢᠬᠠᠨ ᠤ ᠸᠠᠳᠠᠩ ᠬᠡᠨ᠎ᠡ ᠃ ᠡᠳᠡᠭᠡᠷ ᠵᠠᠯᠭᠠᠭᠤᠷᠢ ᠪᠦᠬᠦᠨ ᠳᠤ ᠤᠭᠤᠰᠤᠷ ᠬᠠᠪᠴᠢᠭᠤᠯᠵᠤ ᠤᠶᠤᠬᠤ ᠪᠦᠬᠡᠳ ᠬᠤᠷᠮᠤᠢ ᠶᠢ ᠪᠠᠰᠠ ᠭᠡᠴᠡᠯᠡᠵᠦ ᠤᠶᠤᠨ᠎ᠠ᠃ ᠡᠳᠡᠭᠡᠷ ᠢ ᠪᠦᠷ ᠭᠡᠴᠡ ᠬᠡᠨ᠎ᠡ᠃ ᠮᠠᠶᠢᠬᠠᠨ ᠤ ᠬᠠᠴᠠᠷ ᠤᠨ ᠲᠦᠷᠪᠡᠨ ᠲᠠᠯ᠎ᠠ ᠶᠢᠨ  ᠵᠠᠯᠭᠠᠪᠤᠷᠢ ᠶᠢᠨ ᠬᠤᠰᠢᠭᠤ ᠶᠢ ᠰᠢᠨᠠ ᠭᠡᠳᠡᠭ᠃ ᠮᠠᠶᠢᠬᠠᠨ ᠢ ᠪᠤᠰᠬᠠᠬᠤ ᠳᠠᠭᠠᠨ ᠨᠢᠷᠤᠭᠤᠨ ᠤ ᠬᠤᠶᠠᠷ ᠦᠵᠦᠬᠦᠷ ᠢ ᠪᠠᠭᠠᠨ᠎ᠠ ᠶᠢᠨ ᠲᠤᠯᠤᠭᠠᠢ ᠶᠢᠨ ᠲᠡᠮᠦᠷ ᠤᠭᠯᠠᠭᠤᠷ ᠲᠤ ᠤᠭᠯᠠᠭᠠᠳ᠂ ᠲᠠᠷᠠᠭ᠎ᠠ ᠨᠢ ᠲᠡᠭᠡᠪᠦᠷ ᠤᠨ ᠭᠤᠳᠤᠷᠤᠤᠯ ᠳᠤ ᠬᠤᠶᠠᠷ ᠦᠵᠦᠬᠦᠷ ᠢ ᠰᠢᠷᠭᠤᠭᠤᠯᠤᠭᠠᠳ ᠪᠠᠭᠠᠨ᠎ᠠ ᠪᠠᠨ ᠲᠤᠯᠵᠤ ᠪᠤᠰᠬᠠᠨ᠂ ᠭᠡᠴᠡ ᠪᠦᠬᠦᠨ ᠢ ᠭᠠᠳᠠᠭᠰᠢ ᠲᠡᠯᠡᠵᠦ ᠭᠠᠳᠠᠰᠤᠯᠠᠨ᠎ᠠ᠃ ᠮᠠᠶᠢᠬᠠᠨ ᠤ ᠠᠮᠠ  ᠎ ᠶᠢ  ᠨᠡᠭᠡᠭᠡᠯᠳᠡᠳᠡᠢ  ᠪᠠᠶᠢᠯᠭᠠᠶ᠎ᠠ ᠭᠡᠪᠡᠯ ᠸᠠᠳᠠᠩ ᠢ ᠭᠠᠳᠠᠭᠰᠢ ᠲᠡᠯᠡᠵᠦ ᠭᠠᠳᠠᠰᠤᠯᠠᠬᠤ ᠪᠤᠶᠤ ᠢᠷᠡᠵᠦ ᠲᠠᠯᠪᠢᠨ᠎ᠠ᠃ ᠠᠮᠠ  ᠎ ᠶᠢ ᠲᠠᠷᠤᠶ᠎ᠠ ᠬᠡᠪᠡᠯ ᠸᠠᠳᠠᠩ ᠢ ᠵᠦᠷᠢᠬᠦᠯᠵᠦ ᠲᠠᠯᠪᠢᠬᠤ ᠪᠤᠶᠤ ᠵᠦᠷᠢᠬᠦᠯᠵᠦ ᠭᠠᠳᠠᠰᠤᠯᠠᠪᠠᠯ ᠪᠤᠯᠴᠢᠬᠠᠨ᠎ᠠ᠃ ᠮᠠᠶᠢᠬᠠᠨ ᠤ ᠲᠡᠭᠡᠪᠦᠷ ᠢ ᠭᠤᠤᠯᠳᠠᠭᠤ ᠴᠠᠭᠠᠨ ᠪᠤᠶᠤ ᠬᠦᠭᠡ ᠪᠦᠰ ᠢᠶᠠᠷ ᠤᠶᠤᠨ᠎ᠠ᠃ ᠲᠤᠮᠤ  ᠰᠢᠭ᠋ ᠮᠠᠶᠢᠬᠠᠨ ᠢ ᠪᠤᠯ ᠲᠠᠪᠬᠤᠷ ᠪᠦᠰ ᠢᠶᠠᠷ ᠤᠶᠤᠭᠰᠠᠨ ᠪᠠᠶᠢᠳᠠᠭ ᠪᠦᠬᠡᠳ ᠬᠠᠴᠠᠷ ᠲᠤᠨᠢ ᠶᠠᠩᠵᠤ ᠪᠦᠷᠢ ᠶᠢᠨ ᠭᠡ ᠤᠭᠠᠯᠵᠠ ᠤᠷᠠᠯᠠᠭᠰᠠᠨ ᠪᠠᠶᠢᠳᠠᠭ᠃ ᠡᠶᠢᠮᠦ ᠮᠠᠶᠢᠬᠠᠨ ᠨᠢ ᠡᠪᠦᠯ ᠴᠠᠭ ᠲᠤ ᠭᠡᠷ ᠠᠴᠠ ᠲᠤᠯᠠᠭᠠᠨ ᠭᠡᠳᠡᠭ᠃ ᠵᠢᠵᠢᠭ ᠮᠠᠶᠢᠬᠠᠨ ᠢ ᠪᠤᠯ ᠤᠯᠠᠩᠬᠢ ᠳᠠᠭᠠᠨ ᠲᠠᠩ ᠪᠦᠰ ᠢᠶᠠᠷ  ᠬᠢᠨ᠎ᠡ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号