ᠲᠠᠶᠢᠹᠤᠰᠧᠴᠤᠳ ᠤᠨ ᠤᠯᠠᠮᠵᠢᠯᠠᠯᠳᠤ ᠤᠷᠤᠨ ᠰᠠᠭᠤᠴᠠ ᠨᠢ ᠮᠤᠩᠭᠤᠯ ᠭᠡᠷ ᠪᠠᠶᠢᠪᠠ᠃ ᠭᠡᠷ ᠤᠨ ᠪᠦᠬᠦ | ᠴᠤᠭᠴᠠ ᠨᠢ ᠮᠤᠳᠤ᠂ ᠪᠦᠷᠢᠶᠡᠰᠦ᠂ ᠤᠭᠤᠰᠤᠷ ᠪᠦᠰᠡᠯᠡᠬᠦᠷ ᠢᠶᠠᠷ ᠪᠦᠷᠢᠳᠦᠨ᠎ᠡ᠃ ᠭᠡᠷ ᠪᠠᠷᠢᠬᠤ᠂ ᠭᠡᠷ ᠢ ᠡᠵᠡᠩᠨᠡᠬᠦ | ᠂ ᠭᠡᠷ ᠲᠤ ᠬᠤᠯᠪᠤᠭᠳᠠᠬᠤ ᠭᠡᠪ ᠵᠠᠩᠰᠢᠯ ᠨᠢ ᠲᠠᠶᠠᠭᠠᠷ ᠮᠤᠩᠭᠤᠯᠴᠤᠳ ᠤᠨ ᠤᠯᠠᠮᠵᠢᠯᠠᠯ ᠵᠠᠩᠰᠢᠯ ᠯᠤᠭ᠎ᠠ ᠦᠨᠳᠦᠰᠦᠨ | ᠳᠡᠭᠡᠨ ᠠᠳᠠᠯᠢ᠃ ᠭᠡᠷ ᠤᠨ ᠶᠡᠭᠡ ᠪᠠᠭ᠎ᠠ ᠶᠢ ᠬᠠᠨ᠎ᠠ ᠶᠢᠨ ᠲᠤᠭ᠎ᠠ ᠪᠠᠷ ᠬᠡᠯᠡᠯᠴᠡᠨ᠎ᠡ᠃ ᠬᠠᠮᠤᠭ ᠤᠨ ᠪᠠᠭ᠎ᠠ ᠨᠢ | ᠲᠦᠷᠪᠡᠨ ᠬᠠᠨ᠎ᠠ ᠲᠠᠢ ᠭᠡᠷ ᠪᠤᠯᠤᠨ᠎ᠠ ᠃ ᠦᠩᠭᠡᠷᠡᠭᠰᠡᠨ ᠳᠤ ᠡᠬᠡᠯ ᠮᠠᠯᠴᠢᠳ ᠤᠨ ᠤᠯᠠᠩᠬᠢ ᠨᠢ ᠲᠠᠪᠤᠨ ᠬᠠᠨ᠎ᠠ | ᠲᠠᠢ ᠭᠡᠷ ᠲᠤ ᠰᠠᠭᠤᠵᠤ᠂ ᠨᠤᠶᠠᠳ ᠪᠠᠶᠠᠳ ᠪᠤᠯ ᠵᠢᠷᠭᠤᠭᠠᠨ ᠬᠠᠨ᠎ᠠ ᠲᠠᠢ᠂ ᠬᠤᠶᠠᠷ ᠲᠤᠯᠭᠠᠭᠤᠷᠢ ᠲᠠᠢ ᠪᠤᠶᠤ | ᠠᠷᠪᠠᠨ ᠬᠠᠨ᠎ᠠ ᠲᠠᠢ᠂ ᠲᠦᠷᠪᠡᠨ ᠲᠤᠯᠭᠠᠭᠤᠷᠢ ᠲᠠᠢ ᠭᠡᠷ ᠲᠤ ᠰᠠᠭᠤᠵᠤ ᠪᠠᠶᠢᠵᠠᠢ᠃ ᠤᠳᠤ ᠪᠤᠯ ᠲᠠᠪᠤ ᠵᠢᠷᠭᠤᠭᠠᠨ | ᠬᠠᠨ᠎ᠠ ᠲᠠᠢ ᠭᠡᠷ ᠨᠡᠯᠢᠶᠡᠳ ᠨᠡᠶᠢᠳᠡᠮ ᠬᠡᠷᠡᠭᠯᠡᠭᠳᠡᠵᠤ ᠪᠠᠶᠢᠬᠤ ᠪᠠᠷ ᠪᠠᠷᠠᠬᠤ ᠦᠬᠡᠢ᠂ ᠨᠠᠢᠮᠠ ᠠᠴᠠ ᠠᠷᠪᠠᠨ ᠬᠤᠶᠠᠷ | ᠬᠠᠨ᠎ᠠ ᠲᠠᠢ ᠮᠤᠩᠭᠤᠯ ᠭᠡᠷ ᠪᠠᠰᠠ ᠤᠯᠠᠰᠢᠷᠠᠵᠠᠢ ᠃ | ᠮᠤᠩᠭᠤᠯ ᠭᠡᠷ ᠤᠨ ᠪᠥᠳᠥᠴᠠ᠄ ᠮᠤᠩᠭᠤᠯ ᠬᠡᠷ ᠪᠣᠯ ᠮᠤᠳᠤ᠂ ᠨᠤᠤᠰᠤ᠂ ᠬᠢᠯᠭᠠᠰᠤ᠂ ᠰᠢᠷᠢ ᠪᠠᠷ ᠡᠬᠢ | ᠮᠡᠲ᠋ᠧᠷᠢᠶᠠᠯ ᠪᠤᠯᠭᠠᠨ ᠪᠦᠳᠦᠭᠰᠡᠨ ᠬᠡᠷ ᠮᠦᠨ᠃ ᠴᠢᠯᠠᠭᠤ᠂ ᠲᠡᠮᠤᠷ᠂ ᠰᠢᠷᠤᠢ ᠮᠡᠳᠤ ᠶᠢᠨ ᠮᠠᠲ᠋ᠧᠷᠢᠶᠠᠯ ᠢ ᠶᠡᠷᠤ | ᠬᠡᠷᠡᠭᠰᠡᠳᠡᠭ ᠦᠬᠡᠢ ᠃ ᠮᠤᠩᠭᠤᠯ ᠬᠡᠷ ᠤᠨ ᠡᠬᠢ ᠮᠠᠲ᠋ᠧᠷᠢᠶᠠᠯ ᠨᠢ ᠲᠤᠬᠠᠢ ᠶᠢᠨ ᠭᠠᠵᠠᠢ ᠠᠴᠠ ᠪᠠᠨ ᠠᠪᠤᠭᠰᠠᠨ | ᠡᠪ ᠡᠩ ᠤᠨ ᠪᠡᠯᠡᠨ ᠮᠠᠲ᠋ᠧᠷᠢᠶᠠᠯ ᠤᠳ ᠪᠠᠶᠢᠳᠠᠭ ᠪᠤᠯᠪᠠᠴᠣ ᠲᠡᠭᠦᠨ ᠤ ᠪᠥᠳᠥᠴᠠ ᠪᠠ ᠬᠢᠴᠠ ᠨᠢ ᠬᠠᠷᠢᠨ ᠮᠠᠰᠢ | ᠨᠠᠷᠢᠯᠢᠭ ᠶᠤᠮ᠃ ᠵᠢᠱᠢᠶᠡᠯᠡᠪᠡᠯ᠂ ᠢᠰᠡᠬᠡᠢ ᠶᠢ ᠬᠤᠨᠢᠨ ᠨᠤᠤᠰᠤ ᠪᠠᠷ᠂ ᠤᠭᠤᠰᠤᠷ ᠪᠥᠰᠡᠯᠡᠬᠦᠷ ᠢ ᠠᠳᠣᠭᠤᠨ ᠤ | ᠳᠡᠯ᠂ ᠲᠡᠮᠡᠭᠡᠨ ᠤ ᠨᠤᠤᠰᠤ ᠪᠠᠷ᠂ ᠬᠠᠨ᠎ᠠ ᠶᠢᠨ ᠦᠳᠡᠭᠡᠷᠢ ᠶᠢ ᠲᠡᠮᠡᠭᠡᠨ ᠠᠷᠠᠰᠤ ᠪᠠᠷ ᠬᠢᠵᠦ᠂ ᠲᠤᠭᠤᠨᠤ᠂ ᠤᠨᠢ᠂ | ᠬᠠᠨ᠎ᠠ᠂ ᠬᠠᠭᠠᠯᠭ᠎ᠠ᠂ ᠬᠠᠳᠡᠪᠴᠢ᠂ ᠲᠤᠯᠭᠠᠭᠤᠷᠢ ᠵᠡᠷᠬᠡ ᠶᠢ ᠮᠤᠳᠤ ᠪᠠᠷ ᠬᠢᠨ᠎ᠡ ᠃ ᠮᠤᠩᠭᠤᠯ ᠭᠡᠷ ᠨᠢ | ᠶᠡᠷᠦᠳᠡᠭᠡᠨ ᠲᠤᠭᠤᠨᠤ᠂ ᠤᠨᠢ᠂ ᠬᠠᠨ᠎ᠠ᠂ ᠬᠠᠭᠠᠯᠭ᠎ᠠ ᠵᠡᠷᠭᠡ ᠪᠠᠷ ᠪᠡᠶ᠎ᠡ ᠪᠤᠯᠭᠠᠵᠤ᠂ ᠡᠷᠥᠭᠡ᠂ ᠲᠡᠭᠡᠪᠣᠷ᠂ | ᠲᠤᠭᠤᠷᠭ᠎ᠠ᠂ ᠬᠠᠶᠠᠪᠴᠢ ᠪᠠᠷ ᠪᠥᠷᠢᠶᠡᠰᠥᠯᠡᠵᠤ᠂ ᠣᠭᠤᠰᠤᠷ᠂ ᠪᠥᠰᠡᠯᠡᠬᠦᠷ ᠢᠶᠠᠷ ᠲᠠᠷᠤᠭᠤᠯᠤᠭᠰᠠᠨ ᠪᠠᠶᠢᠳᠠᠭ᠃ | ᠲᠤᠭᠤᠨᠤ — ᠮᠤᠩᠭᠤᠯ ᠬᠡᠷ ᠢ ︽ᠲᠡᠯᠡᠬᠡᠢ ᠬᠠᠷᠠᠬᠰᠠᠨ ᠡᠭᠦᠳᠡ ᠲᠠᠢ᠂ ᠲᠡᠭᠷᠢ ᠬᠠᠷᠠᠬᠰᠠᠨ ᠲᠤᠭᠤᠨᠤ ᠲᠠᠢ︾ | ᠬᠡᠵᠤ ᠬᠡᠯᠡᠳᠡᠭ᠃ ᠲᠤᠭᠤᠨᠤ ᠪᠤᠯ ᠮᠤᠩᠭᠤᠯ ᠭᠡᠷ ᠤᠨ ᠭᠤᠤᠯ ᠲᠦᠪ ᠪᠤᠯᠵᠤ᠂ ᠨᠠᠷᠠᠨ ᠤ ᠭᠡᠷᠡᠯ ᠲᠤᠰᠬᠠᠬᠤ᠂ | ᠤᠲᠤᠭ᠎ᠠ ᠤᠨᠢᠶᠠᠷ ᠢ ᠭᠠᠲᠠᠭᠰᠢᠯᠭᠤᠯᠬᠤ᠂ ᠬᠠᠯᠠᠭᠤᠨ ᠭᠦᠢᠲᠡᠨ ᠢ ᠲᠤᠬᠢᠷᠠᠭᠤᠯᠬᠤ ᠦᠢᠯᠡᠲᠤᠯ ᠲᠠᠢ ᠂ ᠮᠤᠩᠭᠤᠯ | ᠭᠡᠷ ᠤᠨ ᠣᠷᠣᠢ ᠲᠡᠭᠡᠷᠡᠬᠢ ᠨᠠᠷᠠᠨ ᠤ ᠬᠡᠯᠪᠡᠷᠢ ᠲᠠᠢ ᠲᠦᠬᠦᠷᠢᠭ ᠲᠤᠮᠤ ᠴᠣᠩᠬᠤ ᠶᠤᠮ᠃ ᠣᠨᠢ ᠶᠢᠨ ᠲᠤᠯᠤᠭᠠᠢ | ᠶᠢ ᠲᠤᠭᠤᠨᠤ ᠳᠠᠭᠠᠨ ᠬᠠᠳᠬᠤᠵᠤ ᠤᠭᠯᠠᠳᠠᠭ ᠬᠡᠯᠬᠢᠶᠡᠰᠤ ᠦᠭᠡᠢ ᠲᠤᠭᠤᠨᠤ ᠶᠢ ᠬᠠᠳᠬᠤᠭᠤᠷ ᠲᠤᠭᠤᠨᠤ ᠭᠡᠳᠡᠭ | ᠃ ᠲᠤᠭᠤᠨᠤ ᠶᠢᠨ ᠶᠡᠭᠡ ᠪᠠᠭ᠎ᠠ ᠨᠢ ᠭᠡᠷ ᠤᠨ ᠶᠡᠭᠡ ᠪᠠᠭ᠎ᠠ ᠪᠠᠷ ᠪᠤᠯᠳᠠᠭ᠃ ᠲᠤᠭᠤᠨᠤ ᠪᠣᠯ ᠮᠤᠩᠭᠤᠯ ᠬᠡᠷ ᠤᠨ | ᠤᠷᠤᠢ᠂ ᠤᠷᠬᠢᠯ ᠢᠶᠠᠷ ᠪᠠᠷᠠᠬᠤ ᠦᠬᠡᠢ ᠲᠦᠪ ᠴᠢᠭ ᠨᠢ ᠪᠤᠯᠤᠨ᠎ᠠ᠃ ᠲᠤᠭᠤᠨᠤ ᠶᠢᠨ ᠭᠤᠤᠯ ᠴᠢᠭ ᠢᠶᠠᠷ | ᠪᠠᠷᠢᠮᠵᠢᠶ᠎ᠠ ᠪᠤᠯᠭᠠᠨ ᠬᠡᠷ ᠲᠡᠭᠡᠨ ᠨᠤᠳᠤᠭ ᠪᠠᠭᠤᠷᠢ ᠲᠤᠬᠳᠠᠭᠠᠵᠤ ᠬᠡᠷ ᠪᠤᠰᠬᠠᠳᠠᠭ᠃ ᠲᠤᠭᠤᠨᠤ ᠪᠠᠷ ᠲᠤᠰᠬᠤ ᠨᠠᠷᠠᠡ | ᠤ ᠲᠣᠶᠠᠭ᠎ᠠ ᠶᠢ ᠴᠠᠭ ᠤᠨ ᠬᠤᠪᠢᠶᠠᠷᠢ ᠪᠤᠯᠭᠠᠡ ᠠᠰᠢᠭᠯᠠᠬᠤ ᠨᠢ ᠮᠤᠩᠭᠤᠯᠴᠣᠳ ᠤᠨ ᠤᠢ ᠤᠬᠠᠭᠠᠡ ᠤ ᠢᠯᠡᠷᠡᠯ | ᠪᠤᠯᠤᠨ᠎ᠠ᠃ ᠲᠤᠭᠤᠨᠤ ᠪᠠ ᠭᠤᠯᠤᠮᠳᠠ ︵ᠲᠤᠯᠭ᠎ᠠ︶ ᠪᠣᠯ ᠮᠤᠩᠭᠤᠯ ᠬᠡᠷ ᠤᠨ ᠲᠦᠪ ᠪᠠᠶᠢᠵᠤ᠂ ᠠᠶᠢᠯ | ᠡᠷᠤᠬᠡ ᠶᠢᠨ ᠮᠠᠨᠳᠤᠯ ᠭᠦᠭᠵᠢᠯ ᠤᠨ ᠪᠡᠯᠬᠡᠳᠡᠯ ᠬᠡᠵᠤ ᠶᠡᠭᠡ ᠭᠦᠨᠳᠤᠳᠬᠡᠳᠡᠭ᠃ ᠡᠶᠢᠮᠤ ᠠᠴᠠ ᠰᠢᠨ᠎ᠠ ᠬᠡᠷ | ᠪᠤᠰᠬᠠᠬᠤ ᠳᠤ ᠤᠷᠢᠳᠠᠪᠠᠷ ᠲᠤᠭᠤᠨᠤ ᠶᠢ ᠮᠢᠯᠢᠶᠠᠨ ᠢᠷᠤᠬᠡᠵᠤ᠂ ᠲᠤᠭᠤᠨᠤ ᠶᠢᠨ ᠭᠤᠤᠯ ᠳᠤ ᠬᠠᠳᠠᠭ ᠵᠡᠭᠦᠯᠬᠡᠳᠡᠭ | ᠶᠤᠰᠤ ᠲᠠᠢ ᠃ | ᠤᠨᠢ — ᠲᠤᠭᠤᠨᠤ ᠶᠢᠨ ᠴᠠᠭᠠᠷᠢᠭ ᠠᠴᠠ ᠬᠠᠨ᠎ᠠ ᠶᠢᠨ ᠲᠤᠯᠤᠭᠠᠢ ᠳᠤ ᠰᠠᠴᠤᠷᠠᠨ ᠪᠠᠭᠤᠬᠰᠠᠨ ᠨᠠᠷᠢᠨ | ᠮᠤᠳᠤ ᠨᠤᠭᠤᠳ ᠢ ᠤᠨᠢ ᠬᠡᠵᠤ ᠨᠠᠷᠠᠯᠠᠨ᠎ᠠ᠃ ᠤᠨᠢ ᠪᠤᠯ ᠤᠨᠢ ᠶᠢᠨ ᠨᠠᠷᠢᠨ ᠲᠤᠯᠤᠭᠠᠢ ᠂ ᠤᠨᠢ ᠶᠢᠨ ᠪᠦᠲᠤᠭᠦᠨ | ᠲᠤᠯᠤᠭᠠᠢ᠂ ᠤᠨᠢ ᠶᠢᠨ ᠴᠡᠭᠡᠵᠢ᠂ ᠤᠨᠢ ᠶᠢᠨ ᠬᠢᠮᠤᠰᠤ᠂ ᠤᠨᠢ ᠶᠢᠨ ᠰᠡᠶ᠋ᠢᠭ ᠂ ᠤᠨᠢ ᠶᠢᠨ ᠤᠭᠯᠠᠭᠤᠷᠭ᠎ᠠ | ᠵᠡᠷᠭᠡ ᠪᠠᠷ ᠪᠦᠷᠢᠯᠳᠦᠨ᠎ᠡ᠃ ᠮᠤᠩᠭᠤᠯ ᠭᠡᠷ ᠤᠨ ᠤᠨᠢ ᠨᠢ ᠲᠤᠭᠤᠨᠤ ᠲᠠᠢ ᠪᠠᠨ ᠬᠤᠯᠪᠤᠭᠳᠠᠨ ᠪᠠᠶᠢᠵᠤ᠂ | ᠮᠤᠩᠭᠤᠯ ᠭᠡᠷ ᠤᠨ ᠴᠡᠭᠡᠵᠢᠨ ᠪᠡᠶ᠎ᠡ ᠶᠢᠨ ᠪᠦᠭᠦ ᠲᠦᠰᠢᠭ ᠨᠢ ᠪᠤᠯᠵᠤ᠂ ᠬᠠᠨ᠎ᠡ ᠶᠢ ᠲᠡᠯᠡᠭᠦ ᠪᠠ ᠲᠤᠭᠤᠨᠤ ᠶᠢ | ᠲᠤᠯᠬᠤ ᠭᠤᠤᠯ ᠨᠢᠷᠣᠭᠤ ᠶᠢᠨ ᠥᠢᠯᠡᠳᠥᠯ ᠢ ᠭᠠᠷᠭᠠᠵᠤ ᠪᠠᠶᠢᠳᠠᠭ᠃ ᠣᠨᠢ ᠶᠢ ᠨᠠᠷᠢᠪᠳᠤᠷ ᠣᠷᠳᠤ ᠮᠤᠳᠤ ᠪᠠᠷ ᠬᠢᠵᠤ | ᠲᠡᠭᠡᠳᠤ ᠥᠵᠥᠬᠦᠷ ᠢ ᠲᠤᠭᠤᠨᠤ ᠶᠢᠨ ᠬᠤᠷᠣᠭᠤ ᠶᠢᠨ ᠵᠠᠪᠰᠠᠷ ᠢᠶᠠᠷ ᠬᠠᠳᠬᠤᠵᠤ᠂ ᠲᠡᠮᠡᠭᠡᠨ ᠤ ᠲᠥᠬᠦᠬᠡᠢ ᠠᠷᠠᠰᠤ | ᠪᠤᠶᠤ ᠨᠤᠤᠰᠤ ᠬᠢᠯᠭᠠᠰᠤ ᠪᠠᠷ ᠲᠤᠮᠤᠭᠰᠠᠨ ᠨᠠᠷᠢᠨ ᠲᠡᠭᠡᠰᠤ ᠪᠠᠷ ᠲᠤᠭᠤᠨᠤ ᠶᠢᠨ ᠬᠤᠷᠣᠭᠤ ᠲᠠᠢ ᠬᠡᠯᠬᠢᠬᠡᠳ᠂ | ᠮᠤᠩᠭᠤᠯ ᠭᠡᠷ ᠤᠨ ᠲᠡᠭᠡᠳᠤ ᠪᠡᠶ᠎ᠡ ᠶᠢ ᠪᠥᠬᠦᠯᠢ ᠴᠣᠭᠴᠠ ᠪᠤᠯᠭᠠᠨ ᠪᠥᠷᠢᠯᠳᠥᠭᠦᠯᠵᠤ ᠪᠠᠶᠢᠳᠠᠭ᠃ ᠡᠶᠢᠮᠤ ᠲᠤᠭᠤᠨᠤ | ᠶᠢ ᠬᠡᠯᠬᠢᠶ᠎ᠡ ᠲᠤᠭᠤᠨᠤ ᠭᠡᠳᠡᠭ᠃ ᠬᠡᠯᠬᠢᠶᠡᠰᠤ ᠦᠭᠡᠢ ᠬᠠᠳᠬᠤᠭᠤᠷ ᠲᠤᠭᠤᠨᠤ ᠳᠤ ᠪᠤᠯ ᠣᠨᠢ ᠶᠢᠨ ᠲᠤᠯᠤᠭᠠᠢ | ᠶᠢ ᠰᠢᠭᠤᠳ ᠲᠤᠭᠤᠨᠤ ᠶᠢᠨ ᠨᠢᠳᠦᠨ ︵ᠵᠢᠵᠢᠭ ᠨᠦᠬᠡ︶ ᠳᠤ ᠬᠠᠳᠬᠤᠵᠤ ᠤᠭᠯᠠᠳᠠᠭ᠃ ᠣᠨᠢ ᠶᠢᠨ ᠣᠷᠳᠤ | ᠪᠤᠭᠤᠨᠢ ᠪᠠ ᠲᠤᠭᠠᠨ ᠤ ᠣᠯᠠᠨ ᠴᠥᠬᠡᠬᠡᠨ ᠨᠢ ᠮᠦᠨ ᠭᠡᠷ ᠤᠨ ᠶᠡᠭᠡ ᠪᠠᠭ᠎ᠠ ᠪᠠᠷ ᠪᠤᠯᠳᠠᠭ᠃ ᠲᠠᠪᠤᠨ ᠬᠠᠨ᠎ᠠ ᠲᠠᠢ | ᠮᠤᠩᠭᠤᠯ ᠭᠡᠷ ᠪᠤᠯ ᠶᠡᠷᠦᠳᠡᠭᠡᠨ ᠨᠠᠶᠠᠨ ᠬᠤᠶᠠᠷ ᠤᠨᠢ ᠲᠠᠢ ᠪᠠᠶᠢᠳᠠᠭ᠃ ᠣᠨᠢ ᠶᠢᠨ ᠲᠤᠤᠷᠠᠳᠤ ᠥᠵᠥᠬᠦᠷ ᠲᠤᠨᠢ | ᠪᠠᠭ᠎ᠠ ᠨᠥᠬᠡ ᠭᠠᠷᠭᠠᠵᠤ᠂ ᠪᠢᠳᠡᠬᠦᠥ ᠤᠭᠤᠰᠤᠷ ᠬᠢᠵᠤ ᠬᠠᠨ᠎ᠠ ᠶᠢᠨ ᠲᠤᠯᠤᠭᠠᠢ ᠳᠤ ᠡᠯᠭᠦᠨ᠎ᠡ᠃ ᠤᠨᠢ ᠶᠢᠨ | ᠤᠷᠳᠤ ᠶᠢᠨ ᠬᠡᠮᠵᠢᠶ᠎ᠠ᠂ ᠨᠡᠷᠢᠨ ᠪᠦᠳᠦᠭᠦᠨ ᠨᠢ ᠬᠤᠭᠤᠷᠤᠨᠳᠤ ᠪᠠᠨ ᠠᠳᠠᠯᠢ ᠪᠠᠶᠢᠳᠠᠭ ᠪᠦᠬᠡᠳ ᠮᠤᠳᠤᠨ | ᠮᠠᠲ᠋ᠧᠷᠢᠶᠠᠯ ᠨᠢ ᠴᠤ ᠠᠳᠠᠯᠢ ᠪᠠᠶᠢᠬᠤ ᠶᠤᠰᠤᠳᠡᠢ᠃ | ᠬᠠᠨ᠎ᠡ — ᠮᠤᠩᠭᠤᠯ ᠬᠡᠷ ᠢ ᠲᠤᠯᠵᠤ ᠲᠤᠯᠭᠠᠭᠤᠷᠢᠯᠠᠨ ᠪᠠᠶᠢᠭ᠎ᠠ ᠰᠠᠷᠠᠯᠵᠢᠨ ᠮᠤᠳᠤᠨ ᠭᠦᠷᠢᠶ᠎ᠠ ᠶᠢ ᠬᠠᠨ᠎ᠠ | ᠬᠡᠵᠤ ᠨᠡᠷᠡᠯᠠᠨᠠ᠃ ᠨᠢᠭᠡᠨ ᠪᠦᠷᠢᠨ ᠪᠦᠲᠤᠨ ᠮᠤᠩᠭᠤᠯ ᠭᠡᠷ ᠲᠤ ᠬᠠᠨ᠎ᠡ ᠪᠤᠯ ᠬᠠᠮᠤᠭ ᠤᠨ ᠪᠠᠲᠤ ᠪᠠᠬᠢ ᠰᠠᠭᠤᠷᠢ | ᠪᠠ ᠲᠦᠰᠢᠭ ᠨᠢ ᠪᠤᠯᠵᠤ ᠪᠠᠶᠢᠲᠠᠭ᠃ ᠲᠠᠷᠤᠢ ᠮᠤᠩᠭᠤᠯ ᠭᠡᠷ ᠤᠨ ᠲᠤᠭᠤᠨᠤ᠂ ᠤᠨᠢ᠂ ᠲᠡᠭᠡᠪᠤᠷ ᠂ ᠲᠤᠭᠤᠷᠭ᠎ᠠ | ᠪᠦᠭᠦᠨ ᠢᠶᠠᠷ ᠢᠶᠠᠨ ᠬᠠᠨ᠎ᠡ ᠶᠢ ᠲᠦᠰᠢᠨ᠎ᠡ᠃ ᠬᠠᠨ᠎ᠡ ᠪᠤᠯ ᠬᠠᠨ᠎ᠡ ᠶᠢᠨ ᠲᠤᠯᠤᠭᠠᠢ᠂ ᠬᠠᠨ᠎ᠡ ᠶᠢᠨ ᠰᠡᠭᠡᠷ᠂ | ᠬᠠᠨ᠎ᠠ ᠶᠢᠨ ᠠᠮᠨ᠂ ᠬᠠᠨ᠎ᠡ ᠶᠢᠨ ᠨᠢᠲᠤ᠂ ᠬᠠᠨ᠎ᠡ ᠶᠢᠨ ᠦᠳᠡᠭᠡᠷᠢ ᠪᠠ ᠬᠠᠨ᠎ᠡ ᠶᠢᠨ ᠪᠤᠭᠤᠯᠲᠡ ᠲᠡᠭᠡᠰᠤ ᠵᠡᠷᠭᠡ | ᠪᠠᠷ ᠪᠦᠷᠢᠯᠳᠦᠨ᠎ᠡ᠃ ᠮᠤᠩᠭᠤᠯ ᠬᠡᠷ ᠤᠨ ᠬᠠᠨ᠎ᠠ ᠶᠢ ᠣᠷᠳᠤ ᠣᠬᠤᠷ ᠠᠳᠠᠯᠢ ᠪᠤᠰᠤ ᠪᠠᠷ ᠣᠭᠳᠣᠯᠣᠭᠰᠠᠨ | ᠪᠤᠷᠭᠠᠰᠤᠨ ᠮᠤᠳᠤ ᠶᠢ ᠲᠡᠮᠡᠭᠡ ᠪᠤᠶᠤ ᠠᠳᠤᠭᠤᠨ ᠤ ᠲᠥᠭᠦᠭᠡᠢ ᠠᠷᠠᠰᠤ ᠪᠠᠷ ᠥᠳᠡᠵᠤ ᠬᠢᠳᠡᠭ ᠶᠤᠮ᠃ ᠬᠠᠨ᠎ᠠ ᠶᠢᠨ | ᠮᠣᠳᠣ ᠶᠢ ᠰᠣᠯᠢᠯᠴᠠᠭᠤᠯᠤᠨ ᠥᠳᠡᠳᠡᠭ ᠪᠤᠯᠬᠤᠷ ᠶᠠᠭ ᠨᠢᠭᠡᠨ ᠰᠥᠯᠵᠢᠮᠡᠯ ᠲᠤᠤᠷ ᠰᠢᠭ᠋ ᠪᠤᠯᠵᠤ ᠡᠪᠬᠡᠵᠤ | ᠬᠤᠷᠢᠶᠠᠵᠤ ᠪᠤᠯᠬᠤ ᠪᠥᠭᠡᠳ ᠰᠤᠩᠭᠠᠨ ᠲᠡᠯᠭᠡᠵᠤ ᠪᠤᠯᠳᠠᠭ᠃ ᠬᠠᠨ᠎ᠠ ᠶᠢᠨ ᠥᠨᠳᠥᠷ ᠪᠤᠭᠤᠨᠢ ᠪᠠ ᠲᠤᠯᠤᠭᠠᠢ ᠶᠢᠨ | ᠬᠢᠨᠢ ᠣᠯᠠᠨ ᠴᠥᠬᠡᠬᠡᠨ ᠨᠢ ᠭᠡᠷ ᠤᠨ ᠶᠡᠭᠡ ᠪᠠᠭ᠎ᠠ ᠪᠠᠷ ᠪᠤᠯᠳᠠᠭ᠃ ᠠᠷᠪᠠᠨ ᠲᠠᠪᠤᠨ ᠲᠤᠯᠤᠭᠠᠢ ᠲᠠᠢ ᠨᠢᠭᠡ ᠬᠠᠨ᠎ᠠ | ᠳᠤ ᠭᠤᠴᠢ ᠭᠠᠷᠤᠢ ᠣᠷᠳᠤ ᠣᠬᠤᠷ ᠮᠤᠳᠤ ᠣᠷᠣᠳᠠᠭ ᠪᠥᠭᠡᠳ ᠬᠠᠮᠤᠭ ᠤᠨ ᠣᠷᠳᠤ ᠨᠢ ᠤᠨᠢ ᠶᠢᠨ ᠣᠷᠳᠤ ᠶᠢᠨ | ᠬᠡᠮᠵᠢᠶ᠎ᠡ ᠲᠠᠢ ᠠᠳᠠᠯᠢ ᠪᠠᠶᠢᠳᠠᠭ᠃ ᠠᠷᠪᠠᠨ ᠲᠠᠪᠤᠨ ᠲᠤᠯᠤᠭᠠᠢ ᠲᠠᠢ ᠬᠠᠨ᠎ᠠ ᠶᠢ ᠰᠤᠩᠭᠠᠨ ᠲᠡᠯᠭᠡᠵᠤ ᠲᠥᠷᠪᠡᠨ | ᠲᠤᠬᠤᠢ ᠥᠨᠳᠥᠷ ᠢᠶᠠᠷ ᠪᠤᠰᠬᠠᠪᠠᠯ ᠲᠡᠷᠡ ᠬᠡᠮᠵᠢᠶ᠎ᠡ ᠶᠢᠨ ᠮᠤᠩᠭᠤᠯ ᠭᠡᠷ ᠤᠨ ᠪᠠᠶᠢᠷᠢᠰᠢᠯ ᠳᠠᠭᠠᠨ ᠲᠤᠬᠢᠷᠠᠳᠠᠭ᠃ | ᠮᠤᠩᠭᠤᠯ ᠬᠡᠷ ᠤᠨ ᠬᠠᠨ᠎ᠠ ᠶᠢᠨ ᠲᠤᠭ᠎ᠠ ᠠᠳᠠᠯᠢ ᠦᠬᠡᠢ᠃ ᠲᠦᠷᠪᠠ᠂ ᠲᠠᠪᠤ᠂ ᠵᠢᠷᠭᠤᠭᠠᠨ ᠬᠠᠨ᠎ᠠ ᠲᠠᠢ ᠬᠡᠷ ᠤᠯᠠᠨ | ᠪᠠᠶᠢᠳᠠᠭ᠂ ᠲᠤᠯᠤᠭ᠎ᠠ᠂ ᠨᠠᠢᠮᠠ᠂ ᠶᠡᠰᠤ᠂ ᠠᠷᠪᠠᠨ ᠬᠠᠨ᠎ᠠ ᠲᠠᠢ ᠲᠤᠮᠤ ᠬᠡᠷ ᠴᠦ ᠪᠤᠢ᠃ | ᠡᠭᠦᠲᠡ — ᠭᠡᠷ ᠤᠨ ᠡᠬᠦᠳᠡ ᠪᠤᠯ ᠲᠤᠳᠤᠭᠤ᠂ ᠬᠠᠴᠠᠪᠴᠢ᠂ ᠪᠤᠱᠤᠭ᠎ᠠ ︵ᠲᠠᠶᠢᠹᠤᠰᠧ ᠳᠤ ᠬᠠᠳᠠᠪᠴᠢ | ᠭᠡᠨ᠎ᠡ︶ ᠶᠢ ᠪᠦᠷᠢᠳᠦᠬᠦᠯᠬᠦ ᠮᠤᠳᠤᠨ ᠬᠦᠷᠢᠶ᠎ᠡ ᠬᠢᠭᠡᠳ ᠰᠢᠷᠢᠮᠡᠯ ᠤᠷᠬᠢᠭᠤᠯ ᠨᠢᠬᠡᠨ ᠴᠤᠭᠴᠠ ᠪᠤᠯᠤᠨ᠎ᠠ᠃ ᠡᠬᠦᠳᠡ | ᠪᠠᠷ ᠤᠷᠤᠵᠤ ᠭᠠᠷᠬᠤ ᠭᠡᠪᠡᠯ ᠡᠬᠦᠳᠡᠨ ᠤ ᠲᠦᠷᠪᠡᠯᠵᠢᠨ ᠵᠠᠢ ᠪᠠᠷ ᠤᠷᠤᠵᠤ ᠭᠠᠷᠬᠤ ᠶᠢ ᠬᠡᠯᠡᠵᠦ᠂ ᠡᠬᠦᠳᠡ ᠪᠠᠨ | ᠰᠡᠬᠦᠨ᠎ᠡ ᠭᠡᠪᠡᠯ ᠡᠯᠬᠦᠮᠡᠯ ᠰᠢᠷᠢᠮᠡᠯ ᠤᠷᠬᠢᠭᠤᠯ ᠢᠶᠠᠨ ᠰᠡᠬᠦᠬᠦ ᠶᠢ ᠬᠡᠯᠡᠵᠦ ᠪᠠᠶᠢᠨ᠎ᠠ᠃ ᠭᠡᠪᠡᠴᠦ ᠤᠷᠬᠢᠭᠤᠯ ᠢ ᠡᠬᠦᠳᠡ | ᠬᠡᠵᠦ ᠬᠡᠯᠡᠵᠦ ᠵᠠᠩᠰᠢᠭᠰᠠᠨ ᠪᠠᠶᠢᠳᠠᠭ᠃ ᠭᠡᠷ ᠤᠨ ᠡᠬᠦᠳᠡ ᠶᠢ ᠭᠤᠤᠯ ᠳᠤᠨᠢ ᠦᠯᠵᠡᠢ ᠬᠡ ᠪᠤᠶᠤ ᠹᠦᠰᠠᠨ ᠬᠡ᠂ | ᠡᠰᠡᠬᠦᠯ᠎ᠡ ᠲᠠᠩᠨᠠᠢ ᠬᠡ᠂ ᠲᠦᠷᠪᠡᠨ ᠦᠨᠴᠦᠭ ᠲᠤᠨᠢ ᠤᠭᠠᠯᠵᠠ᠂ ᠲᠤᠭᠤᠷᠢᠭᠤᠯᠤᠭᠠᠳ ᠠᠯᠤᠬᠠᠨ ᠬᠡ ᠭᠠᠷᠭᠠᠵᠤ | ᠤᠷᠠᠯᠠᠨ ᠰᠢᠷᠢᠯᠡᠵᠦ ᠤᠶᠤᠭᠰᠠᠨ ᠪᠠᠶᠢᠳᠠᠭ᠃ ᠡᠨᠡ ᠨᠢ ᠦᠵᠡᠮᠦᠷᠢᠳᠡᠢ ᠪᠠᠷ ᠦᠯᠦ ᠪᠠᠷᠠᠨ᠂ ᠦᠷᠬᠦᠯᠵᠢ ᠰᠡᠬᠦᠵᠦ | ᠲᠠᠯᠪᠢᠵᠤ ᠪᠠᠶᠢᠬᠤ ᠳᠤ ᠰᠤᠨᠤᠬᠤ ᠦᠬᠡᠢ ᠪᠠᠬᠢᠯᠢᠭ᠌ ᠪᠤᠯᠳᠠᠭ ᠠᠵᠢ᠃ ᠵᠤᠨ ᠤ ᠴᠠᠭ ᠲᠤ ᠡᠬᠦᠳᠡ ᠶᠢ ᠲᠡᠭᠡᠪᠦᠷ | ᠲᠡᠭᠡᠷ᠎ᠡ ᠪᠠᠨ ᠰᠡᠬᠦᠵᠦ ᠲᠠᠯᠪᠢᠨ᠎ᠠ᠃ ᠮᠤᠳᠤᠨ ᠬᠠᠭᠠᠯᠭ᠎ᠠ ᠲᠠᠢ ᠪᠤᠯᠤᠭᠰᠠᠨ ᠨᠢ ᠰᠡᠬᠦᠯ ᠤᠨ ᠦᠶ᠎ᠡ ᠶᠢᠨ ᠶᠠᠪᠤᠳᠠᠯ | ᠭᠡᠳᠡᠭ᠃ ᠮᠤᠳᠤᠨ ᠬᠠᠭᠠᠯᠭ᠎ᠠ ᠳᠤ ᠬᠤᠶᠠᠷ ᠵᠦᠢᠯ ᠪᠤᠢ᠃ ᠨᠢᠬᠡ ᠨᠢ ᠠᠳᠠᠯᠢᠬᠠᠨ ᠬᠤᠶᠠᠷ ᠪᠠᠩᠰᠠᠨ ᠨᠡᠭᠡᠭᠡᠯᠬᠡᠢ ᠶᠢ | ᠬᠤᠶᠠᠷ ᠲᠠᠯ᠎ᠠ ᠶᠢᠨ ᠲᠤᠳᠤᠭᠤ ᠪᠤᠱᠤᠭ᠎ᠠ ᠶᠢᠨ ᠤᠭᠯᠤᠷᠭ᠎ᠠ ᠳᠤ ᠮᠦᠬᠦᠦ ᠪᠠᠷ ᠲᠤᠭᠳᠠᠭᠠᠭᠰᠠᠨ ᠲᠤᠳᠤᠭᠰᠢ | ᠨᠡᠭᠡᠭᠡᠳᠡᠭ ᠬᠤᠤᠰ ᠬᠠᠭᠠᠯᠭ᠎ᠠ ᠪᠤᠯᠤᠨ᠎ᠠ᠃ ᠤᠷᠢᠳᠤ ᠴᠠᠭ ᠲᠤ ᠡᠶᠢᠮᠦ ᠬᠠᠭᠠᠯᠭ᠎ᠠ ᠤᠯᠠᠨ ᠪᠠᠶᠢᠵᠠᠢ᠃ ᠲᠤᠳᠤᠷ᠎ᠠ | ᠲᠠᠯ᠎ᠠ ᠠᠴᠠ ᠨᠢ ᠱᠤᠩᠳᠠᠬᠤ ᠬᠦᠨᠳᠡᠯᠡᠨ ᠱᠤᠩ ᠲᠠᠢ ᠪᠦᠬᠡᠳ ᠭᠠᠳᠠᠨ᠎ᠠ ᠠᠴᠠ ᠨᠢ ᠪᠤᠯ ᠲᠤᠳᠤᠭᠤ ᠲᠡᠭᠡᠷ᠎ᠡ ᠠᠴᠠ | ᠱᠤᠩᠳᠠᠨᠠ᠃ ᠡᠶᠢᠮᠦ ᠡᠬᠦᠳᠡᠨ ᠤ ᠭᠠᠳᠠᠨ᠎ᠠ ᠨᠢ ᠪᠠᠰᠠ ᠤᠷᠬᠢᠭᠤᠯ ᠡᠯᠬᠦᠵᠦ ᠪᠤᠯᠳᠠᠭ᠃ ᠨᠦᠬᠦᠬᠡ ᠨᠢ ᠪᠠᠷᠠᠭᠤᠨ | ᠲᠠᠯ᠎ᠠ ᠳᠠᠭᠠᠨ ᠮᠦᠬᠦᠦ ᠲᠠᠢ᠂ ᠵᠡᠬᠦᠨ ᠲᠠᠯ᠎ᠠ ᠠᠴᠠ ᠨᠢ ᠭᠠᠳᠠᠭᠰᠢ ᠨᠡᠭᠡᠭᠡᠳᠡᠭ ᠪᠦᠬᠦᠯᠢ ᠪᠠᠩᠰᠠᠨ ᠬᠠᠭᠠᠯᠭ᠎ᠠ ᠪᠤᠯᠤᠨ᠎ᠠ | ᠃ ᠲᠤᠳᠤᠷ᠎ᠠ ᠠᠴᠠ ᠨᠢ ᠬᠠᠭᠠᠬᠤ ᠳᠠᠭᠠᠨ ᠡᠬᠦᠳᠡᠨ ᠤ ᠵᠡᠬᠦᠨ ᠬᠠᠴᠠᠪᠴᠢ ᠳᠤ ᠲᠡᠪᠬᠡᠯᠡᠬᠦ ᠪᠠ ᠭᠠᠳᠠᠨ᠎ᠠ ᠠᠴᠠ | ᠲᠡᠪᠭᠡᠯᠡᠬᠦ ᠲᠡᠮᠦᠷ ᠰᠡᠨᠵᠢ ᠭᠤᠬ᠎ᠠ ᠲᠠᠢ ᠪᠠᠶᠢᠳᠠᠭ᠃ ᠡᠶᠢᠮᠦ ᠭᠡᠷ ᠤᠨ ᠡᠬᠦᠳᠡᠨ ᠳᠤ ᠤᠷᠬᠢᠭᠤᠯ ᠡᠯᠬᠦᠵᠦ ᠪᠤᠯᠬᠤ | ᠦᠬᠡᠢ ᠤᠴᠢᠷ ᠠᠴᠠ ᠵᠠᠷᠢᠮ ᠠᠶᠢᠯ ᠲᠠᠪᠬᠤᠷ ᠡᠬᠦᠳᠡ ᠬᠢᠭᠰᠡᠨ ᠴᠤ ᠪᠠᠶᠢᠳᠠᠭ᠃ ᠡᠶᠢᠮᠦ ᠲᠠᠪᠬᠤᠷ ᠡᠬᠦᠳᠡ ᠦᠬᠡᠢ | ᠪᠤᠯ ᠡᠪᠦᠯ ᠴᠠᠭ ᠲᠤ ᠡᠬᠦᠳᠡᠨ ᠤ ᠭᠠᠳᠠᠨ᠎ᠠ ᠬᠤᠶᠠᠷ ᠲᠠᠯ᠎ᠠ ᠳᠤ ᠬᠠᠮᠢᠭᠠᠰᠢ ᠬᠠᠮᠢᠭᠠᠰᠢ ᠪᠠᠨ ᠮᠧᠲᠷ ᠬᠢᠷᠢᠳᠡᠢ | ᠬᠠᠯᠬᠠᠭ᠎ᠠ ᠬᠡᠵᠦ ᠪᠠᠷᠢᠳᠠᠭ ᠪᠠᠶᠢᠪᠠ᠃ | ᠲᠤᠯᠭᠠᠭᠤᠷᠢ — ᠮᠤᠩᠭᠤᠯ ᠬᠡᠷ ᠤᠨ ᠲᠤᠭᠤᠨᠤ ᠶᠢ ᠲᠤᠯᠵᠤ ᠲᠡᠭᠰᠢᠷᠡᠬᠦᠯᠳᠡᠭ ᠲᠤᠯᠭᠠᠭᠤᠷᠢ ᠮᠤᠳᠤ᠃ | ᠵᠢᠷᠭᠤᠭ᠎ᠠ ᠠᠴᠠ ᠲᠡᠬᠡᠭᠰᠢᠬᠢ ᠬᠠᠨ᠎ᠠ ᠲᠠᠢ ᠲᠤᠮᠤ ᠬᠡᠷ ᠪᠤᠶᠤ ᠬᠡᠯᠬᠢᠶ᠎ᠠ ᠲᠤᠭᠤᠨᠤ ᠲᠠᠢ ᠬᠡᠷ ᠲᠤ ᠦᠷᠭᠦᠯᠵᠢ | ᠲᠤᠯᠭᠠᠭᠤᠷᠢ ᠬᠡᠷᠡᠭᠯᠡᠳᠡᠭ᠃ ᠤᠯᠠᠨ ᠬᠠᠨ᠎ᠠ ᠲᠠᠢ ᠲᠤᠮᠤ ᠬᠡᠷ ᠲᠤ ᠬᠤᠶᠠᠷ ᠪᠤᠶᠤ ᠲᠦᠷᠪᠠᠨ ᠲᠤᠯᠭᠠᠭᠤᠷᠢ ᠬᠡᠷᠡᠭᠯᠡᠭᠦ | ᠴᠦ ᠪᠤᠢ᠃ ᠲᠤᠯᠭᠠᠭᠤᠷᠢ ᠶᠢ ᠠᠰ ᠰᠢᠯᠤᠭᠤᠨ ᠮᠤᠳᠤ ᠪᠠᠷ ᠰᠤᠩᠭᠤᠨ ᠬᠢᠵᠦ ᠂ ᠤᠭᠠᠯᠵᠠ ᠭᠡ ᠭᠠᠷᠭᠠᠨ | ᠤᠷᠠᠯᠠᠵᠤ ᠴᠢᠮᠡᠳᠡᠭ ᠵᠠᠩᠰᠢᠯ ᠲᠠᠢ᠃ ᠮᠤᠩᠭᠤᠯ ᠬᠡᠷ ᠤᠨ ᠲᠤᠯᠭᠠᠭᠤᠷᠢ ᠶᠢ ᠬᠠᠮᠢᠶ᠎ᠠ ᠨᠠᠮᠢᠶ᠎ᠠ ᠦᠬᠡᠢ ᠰᠢᠳᠠᠵᠤ | ᠬᠠᠶᠠᠳᠠᠭ ᠦᠬᠡᠢ᠂ ᠲᠤᠯᠭᠠᠭᠤᠷᠢ ᠲᠡᠭᠡᠬᠦᠷ ᠠᠯᠬᠤᠵᠤ ᠬᠢᠰᠬᠢᠬᠦ ᠂ ᠲᠤᠯᠭᠠᠭᠤᠷᠢ ᠶᠢ ᠲᠦᠰᠢᠵᠦ ᠲᠡᠪᠡᠷᠢᠭᠦ ᠂ | ᠲᠤᠯᠭᠠᠭᠤᠷᠢ ᠠᠴᠠ ᠶᠠᠭᠤᠮ᠎ᠠ ᠬᠡᠤᠮ᠎ᠡ ᠡᠯᠬᠦᠵᠦ ᠲᠡᠭᠦᠵᠢᠯᠡᠭᠦ ᠶᠢ ᠶᠡᠬᠡᠳᠡ ᠴᠡᠬᠡᠷᠯᠡᠳᠡᠭ᠃ ᠶᠡᠷᠤ ᠠᠴᠠ ᠬᠡᠷ ᠤᠨ | ᠲᠤᠯᠭᠠᠭᠤᠷᠢ ᠪᠠ ᠭᠠᠯ ᠭᠤᠯᠤᠮᠳᠠ ᠶᠢ ᠡᠬᠡᠬᠡ ᠠᠳᠠᠯᠢ ᠬᠦᠨᠳᠦᠳᠬᠡᠨ ᠦᠵᠡᠵᠦ᠂ ᠬᠡᠵᠢᠶ᠎ᠠ ᠬᠠᠮᠢᠭ᠎ᠠ ᠨᠡᠭᠦᠵᠤ | ᠶᠠᠪᠤᠬᠰᠠᠨ ᠴᠦ ᠲᠤᠯᠭᠠᠭᠤᠷᠢ ᠶᠢ ᠲᠤᠭᠤᠨᠤ ᠶᠢᠨ ᠬᠠᠮᠳᠤ ᠠᠴᠢᠵᠤ ᠡᠷᠬᠢᠮᠨᠠᠨ ᠬᠠᠮᠠᠭᠠᠯᠠᠵᠤ ᠪᠠᠶᠢᠳᠠᠭ ᠶᠤᠰᠤ ᠲᠠᠢ | ᠶᠤᠮ᠃ | ᠡᠷᠤᠭᠡ — ᠮᠤᠩᠭᠤᠯ ᠬᠡᠷ ᠤᠨ ᠲᠤᠭᠤᠨᠤ ᠶᠢ ᠪᠦᠳᠡᠬᠡᠳᠡᠭ ᠲᠥᠷᠪᠡᠯᠵᠢᠨ ᠢᠰᠡᠬᠡᠢ ᠪᠦᠷᠢᠶᠠᠰᠤ ᠶᠢ ᠡᠷᠤᠬᠡ | ᠬᠡᠳᠡᠭ᠂ ᠬᠡᠭᠦ ᠳᠡᠭᠡᠨ ᠮᠤᠩᠭᠤᠯ ᠬᠡᠷ ᠤᠨ ᠡᠷᠤᠬᠡ ᠨᠢ ᠲᠤᠭᠤᠨᠤ ᠲᠠᠢ ᠪᠠᠨ ᠠᠳᠠᠯᠢ ᠲᠦᠬᠦᠷᠢᠭ ᠪᠢᠰᠢ᠂ ᠬᠠᠷᠢᠨ | ᠲᠡᠭᠰᠢ ᠲᠦᠷᠪᠠᠯᠵᠢᠨ ᠪᠠᠶᠢᠳᠠᠭ᠃ ᠡᠷᠤᠬᠡ ᠶᠢᠨ ᠲᠦᠷᠪᠠᠨ ᠦᠨᠴᠦᠭ ᠲᠤ ᠲᠤᠰᠪᠤᠷᠢ ᠤᠷᠳᠤ ᠤᠭᠤᠰᠤᠷ ᠲᠠᠢ᠃ | ᠲᠦᠷᠪᠠᠨ ᠤᠭᠤᠰᠤᠷ ᠢ ᠭᠡᠷ ᠤᠨ ᠪᠦᠰᠡᠯᠡᠭᠦᠷ ᠠᠴᠠ ᠤᠶᠠᠵᠤ᠂ ᠡᠮᠤᠨ᠎ᠠ ᠤᠭᠤᠰᠤᠷ ᠢ ᠨᠢ ᠰᠤᠯᠠ ᠲᠡᠯᠪᠢᠵᠤ᠂ | ᠡᠷᠤᠬᠡ ᠶᠢ ᠪᠦᠳᠡᠬᠡᠭᠦ ᠪᠠ ᠰᠠᠭᠦᠭᠦ ᠲᠠᠳᠠᠭᠤᠷ ᠪᠤᠯᠭᠠᠳᠠᠭ᠃ ᠰᠦᠨᠢ ᠪᠤᠶᠤ ᠴᠠᠰᠤ ᠪᠤᠷᠤᠭᠠᠨ ᠲᠠᠢ ᠦᠶ᠎ᠠ ᠳᠤ ᠡᠷᠤᠬᠡ | ᠪᠠᠨ ᠪᠦᠳᠡᠬᠡᠨᠡ᠃ ᠡᠩ ᠤᠨ ᠪᠠᠶᠢᠳᠠᠯ ᠳᠤ ᠡᠷᠤᠬᠡ ᠶᠢ ᠬᠡᠵᠢᠶᠠᠳᠡ ᠬᠠᠭᠠᠰ ᠰᠡᠭᠦᠵᠤ ᠪᠠᠶᠢᠳᠠᠭ ᠃ ᠡᠶᠢᠮᠤ ᠠᠴᠠ | ᠮᠤᠩᠭᠤᠯ ᠣᠨᠢᠰᠤᠭ᠎ᠠ ᠳᠤ ᠡᠷᠦᠬᠡ ᠶᠢ ︽ ᠡᠳᠥᠷ ᠭᠤᠷᠪᠠᠯᠵᠢᠨ᠂ ᠰᠥᠨᠢ ᠲᠥᠷᠪᠡᠯᠵᠢᠨ︾ ᠭᠡᠳᠡᠭ ᠪᠢᠯᠡ᠃ | ᠡᠷᠣᠬᠡ ᠨᠢ ᠮᠤᠩᠭᠤᠯ ᠭᠡᠷ ᠤᠨ ᠬᠠᠯᠠᠭᠤᠨ ᠭᠦᠢᠲᠡᠨ ᠢ ᠵᠤᠬᠢᠴᠠᠭᠤᠯᠬᠤ᠂ ᠭᠡᠷᠡᠯ ᠭᠡᠭᠡ ᠶᠢ ᠲᠤᠬᠢᠷᠠᠭᠤᠯᠬᠤ᠂ | ᠠᠭᠤᠷ ᠠᠮᠢᠰᠬᠤᠯ ᠢ ᠰᠤᠯᠢᠭᠳᠠᠭᠤᠯᠬᠤ ᠂ ᠪᠤᠷᠤᠭᠠᠨ ᠴᠠᠰᠤ ᠂ ᠲᠤᠭᠤᠰᠤ ᠰᠢᠷᠤᠢ ᠶᠢ ᠬᠤᠷᠢᠭᠯᠠᠬᠤ ᠦᠢᠯᠡᠲᠤᠯ | ᠲᠠᠢ ᠃ ᠭᠡᠷ ᠤᠨ ᠡᠷᠥᠬᠡ ᠡᠳᠤᠷᠵᠢᠡ ᠰᠡᠬᠦᠭᠡᠰᠤᠲᠠᠢ ᠲᠤᠯᠡ ᠲᠡᠭᠷᠢ ᠶᠢᠨ ᠪᠠᠶᠢᠳᠠᠯ ᠢ ᠴᠤ ᠭᠡᠷ ᠠᠴᠠ ᠪᠠᠨ ᠮᠡᠳᠡᠵᠥ | ᠴᠢᠳᠡᠨ᠎ᠠ᠃ ᠮᠤᠩᠭᠤᠯᠴᠣᠳ ᠡᠷᠤᠬᠡ ᠶᠢ ᠬᠡᠷ ᠤᠨ ᠮᠠᠯᠠᠭᠠᠢ᠂ ᠤᠷᠤᠢ ᠶᠢᠨ ᠴᠢᠮᠡᠭ ᠬᠡᠵᠤ ᠭᠦᠨᠳᠦᠳᠬᠡᠳᠡᠭ᠃ ᠡᠷᠤᠬᠡ | ᠶᠢ ᠬᠠᠮᠢᠶ᠎ᠠ ᠨᠠᠮᠢᠶ᠎ᠠ ᠦᠬᠡᠢ ᠭᠠᠵᠠᠷ ᠬᠠᠶᠠᠳᠠᠭ ᠦᠬᠡᠢ᠂ ᠨᠡᠭᠦᠵᠤ ᠪᠠᠭᠤᠬᠤ ᠳᠤ ᠬᠠᠮᠤᠭ ᠤᠷᠢᠳᠡᠪᠠᠷ ᠡᠷᠤᠬᠡ ᠶᠢ | ᠪᠠᠭᠤᠯᠭᠠᠨ᠂ ᠤᠳᠤᠭ᠎ᠠ ᠲᠤᠭᠤᠰᠤ ᠶᠢ ᠱᠦᠭᠦᠷᠳᠡᠨ ᠠᠷᠢᠯᠭᠠᠵᠤ᠂ ᠪᠤᠷᠬᠠᠨ ᠰᠢᠳᠤᠬᠡᠨ᠂ ᠭᠦᠩᠭᠠᠷᠪᠠ ᠪᠤᠶᠤ ᠭᠤᠯᠢᠷ | ᠪᠤᠳᠠᠭᠠᠨ ᠤ ᠤᠭᠤᠳᠠ ᠲᠠᠭᠠᠷᠴᠠᠭ ᠤᠨ ᠬᠠᠮᠳᠤ ᠠᠴᠢᠳᠠᠭ᠃ | ᠲᠡᠭᠡᠪᠤᠷ — ᠮᠤᠩᠭᠤᠯ ᠬᠡᠷ ᠤᠨ ᠤᠨᠢ ᠶᠢᠨ ᠬᠡᠰᠡᠭ ᠢ ᠨᠦᠮᠦᠷᠭᠡᠨ ᠪᠦᠳᠡᠭᠡᠳᠡᠭ ᠱᠠᠳᠤᠯᠵᠢᠨ ᠬᠡᠯᠪᠡᠷᠢ | ᠲᠠᠢ᠂ ᠲᠤᠭᠤᠷᠢᠭ ᠬᠤᠷᠮᠤᠢ ᠲᠠᠢ ᠲᠤᠮᠤ ᠢᠰᠡᠭᠡᠢ ᠪᠦᠷᠢᠶᠠᠰᠤ ᠶᠢ ᠲᠡᠬᠡᠪᠤᠷ ᠬᠡᠳᠡᠭ᠃ ᠲᠡᠭᠡᠪᠦᠷ ᠲᠤ ᠡᠮᠦᠨ᠎ᠡ | ᠲᠡᠭᠡᠪᠣᠷ ᠪᠠ ᠠᠷᠤ ᠲᠡᠭᠡᠪᠥᠷ ᠭᠡᠵᠤ ᠬᠤᠶᠠᠷ ᠪᠠᠶᠢᠳᠠᠭ᠃ ᠠᠷᠤ ᠲᠡᠭᠡᠪᠤᠷ ᠨᠢ ᠲᠦᠷᠪᠡᠨ ᠤᠷᠲᠤ ᠬᠠᠪᠲᠠᠭᠠᠢ | ᠤᠭᠤᠰᠤᠷ ᠲᠠᠢ ᠂ ᠡᠮᠤᠨ᠎ᠡ ᠲᠡᠭᠡᠪᠤᠷ ᠨᠢ ᠬᠤᠶᠡᠷ ᠤᠷᠲᠤ ᠬᠠᠪᠲᠠᠭᠠᠢ ᠤᠭᠤᠰᠤᠷ ᠲᠠᠢ ᠪᠠᠶᠢᠲᠠᠭ ᠃ ᠢᠰᠡᠭᠡᠢ | ᠲᠡᠭᠡᠪᠤᠷ ᠪᠠᠨ ᠡᠰᠬᠡᠵᠦ ᠲᠤᠬᠢᠷᠠᠭᠤᠯᠤᠭᠰᠠᠨ ᠤ ᠲᠠᠷᠠᠭ᠎ᠠ᠂ ᠬᠡᠪ ᠢᠶᠠᠨ ᠠᠯᠲᠠᠬᠤ ᠠᠴᠠ ᠰᠡᠷᠭᠡᠶᠢᠯᠡᠵᠦ᠂ | ᠭᠦᠪᠡᠭᠡ ᠵᠠᠬ᠎ᠠ ᠶᠢ ᠨᠢ ᠡᠷᠬᠢᠨ ᠲᠤᠭᠤᠷᠢᠨ ᠵᠠᠭᠡᠭ ᠪᠠᠷᠢᠵᠤ ᠤᠶᠤᠲᠠᠭ᠃ ᠲᠡᠭᠡᠪᠤᠷ ᠤᠨ ᠦᠢᠯᠡᠲᠤᠯ ᠪᠤᠯ ᠮᠤᠩᠭᠤᠯ | ᠭᠡᠷ ᠤᠨ ᠬᠠᠯᠠᠭᠤᠨ ᠭᠦᠢᠲᠡᠨ ᠠᠭᠠᠷ ᠢ ᠲᠤᠬᠢᠷᠡᠭᠤᠯᠬᠤ ᠪᠠ ᠰᠠᠯᠬᠢ ᠰᠢᠷᠤᠢ ᠪᠤᠷᠤᠭᠠᠨ ᠴᠠᠰᠤ ᠭᠡᠷ ᠲᠤ ᠨᠡᠪᠲᠡᠷᠡᠨ | ᠤᠷᠤᠬᠤ ᠢ ᠬᠤᠷᠢᠭᠯᠠᠳᠠᠭ᠃ ᠬᠥᠢᠲᠡᠨ ᠣᠯᠠᠷᠢᠯ ᠳᠤ ᠲᠠᠪᠬᠤᠷ ᠲᠡᠭᠡᠪᠦᠷ ᠪᠦᠳᠡᠭᠡᠵᠦ ᠪᠤᠯᠤᠨ᠎ᠠ᠃ | ᠲᠤᠭᠤᠷᠭ᠎ᠠ — ᠮᠤᠩᠭᠤᠯ ᠬᠡᠷ ᠤᠨ ᠬᠠᠨ᠎ᠠ ᠶᠢ ᠲᠤᠭᠤᠷᠢᠭᠤᠯᠤᠨ ᠪᠦᠳᠡᠬᠡᠳᠡᠭ ᠢᠰᠡᠭᠡᠢ ᠪᠦᠷᠢᠶᠠᠰᠤ | ᠨᠦᠭᠦᠳ ᠢ ᠲᠤᠭᠤᠷᠭ᠎ᠠ ᠭᠡᠳᠡᠭ᠃ ᠲᠤᠭᠤᠷᠭ᠎ᠠ ᠨᠢ ᠲᠤᠭᠤᠷᠭ᠎ᠠ ᠶᠢᠨ ᠭᠦᠵᠤᠭᠦᠪᠴᠢ᠂ ᠲᠤᠭᠤᠷᠭ᠎ᠠ ᠶᠢᠨ | ᠬᠤᠷᠮᠤᠶᠢᠪᠴᠢ᠂ ᠲᠤᠭᠤᠷᠭ᠎ᠠ ᠶᠢᠨ ᠤᠭᠤᠰᠤᠷ ᠪᠦᠴᠨ ᠵᠡᠷᠭᠡ ᠪᠠᠷ ᠪᠦᠷᠢᠯᠳᠦᠨ᠎ᠡ ᠃ ᠲᠤᠭᠤᠷᠭ᠎ᠠ ᠪᠣᠯ ᠤᠷᠳᠤ | ᠲᠦᠷᠪᠠᠯᠵᠢᠨ ᠬᠡᠯᠪᠡᠷᠢ ᠲᠠᠢ᠂ ᠲᠤᠭᠤᠷᠭ᠎ᠠ ᠶᠢᠨ ᠲᠤᠭ᠎ᠠ ᠬᠡᠮᠵᠢᠶ᠎ᠡ ᠨᠢ ᠭᠡᠷ ᠤᠨ ᠶᠡᠭᠡ ᠪᠠᠭ᠎ᠠ ᠪᠠᠷ | ᠲᠤᠭᠳᠠᠭᠠᠭᠳᠠᠨ᠎ᠠ ᠂ ᠡᠩ ᠤᠨ ᠬᠡᠷ ᠶᠡᠷᠤ ᠠᠴᠠ ᠭᠤᠷᠪᠡ ᠲᠦᠷᠪᠠᠨ ᠲᠤᠭᠤᠷᠭ᠎ᠠ ᠲᠠᠢ᠃ ᠵᠤᠨ ᠤ ᠪᠦᠭᠴᠢᠮ᠎ᠡ | ᠡᠳᠥᠷ ᠲᠤ ᠲᠤᠭᠤᠷᠭ᠎ᠠ ᠪᠠᠨ ᠰᠡᠭᠦᠵᠤ ᠰᠠᠯᠬᠢ ᠠᠭᠠᠷ ᠨᠡᠪᠳᠡᠷᠡᠭᠦᠯᠵᠤ ᠪᠤᠯᠤᠨ᠎ᠠ ᠃ | ᠬᠠᠶᠠᠭᠠᠪᠴᠢ — ᠰᠠᠭᠤᠷᠢᠰᠢᠵᠤ ᠠᠮᠢᠳᠤᠷᠠᠭᠰᠠᠨ ᠠᠴᠠ ᠬᠤᠶᠢᠰᠢ᠂ ᠲᠠᠶᠢᠹᠤᠰᠧᠴᠤᠳ ᠮᠤᠩᠭᠤᠯ ᠭᠡᠷ | ᠪᠠᠷᠢᠬᠤ ᠳᠠᠭᠠᠨ ᠰᠢᠪᠠᠷ ᠵᠦᠩ ᠢᠶᠠᠷ ᠰᠠᠭᠤᠷᠢ ᠲᠠᠯᠪᠢᠳᠠᠭ ᠪᠠᠶᠢᠪᠠ᠃ ᠭᠡᠷ ᠢ ᠲᠤᠯᠠᠭᠠᠯᠠᠬᠤ ᠪᠠ ᠰᠠᠯᠬᠢ ᠰᠢᠷᠤᠢ | ᠤᠷᠤᠬᠤ ᠠᠴᠠ ᠰᠡᠷᠭᠡᠶᠢᠯᠡᠵᠦ᠂ ᠬᠡᠷ ᠤᠨ ᠬᠠᠶᠠᠭ᠎ᠠ ᠶᠢ ᠲᠠᠷᠤᠳᠠᠭ᠃ ᠲᠤᠭᠤᠷᠭ᠎ᠠ ᠶᠢᠨ ᠬᠤᠷᠮᠤᠢ ᠶᠢ ᠲᠠᠷᠤᠬᠤ ᠨᠠᠷᠢᠨ | ᠤᠷᠳᠤ ᠰᠢᠷᠢᠮᠡᠯ ᠢᠰᠡᠭᠡᠢ ᠶᠢ ᠬᠠᠶᠠᠭᠠᠪᠴᠢ ᠭᠡᠨ᠎ᠡ᠃ ᠲᠠᠩ ᠢᠰᠡᠭᠡᠢ ᠪᠠᠷ ᠬᠢᠬᠦ ᠴᠤ ᠪᠤᠢ᠂ ᠮᠦᠨ ᠮᠤᠳᠤ ᠪᠤᠶᠤ | ᠬᠤᠯᠤᠰᠤ ᠪᠠᠷ ᠭᠡᠯᠬᠢᠵᠦ ᠬᠢᠭᠰᠡᠨ ᠬᠠᠶᠠᠭᠠᠪᠴᠢ ᠪᠠᠰᠠ ᠪᠠᠶᠢᠳᠠᠭ᠃ ᠡᠪᠦᠯ ᠴᠠᠭ ᠲᠤ ᠢᠰᠡᠭᠡᠢ ᠬᠠᠶᠠᠭᠠᠪᠴᠢ᠂ | ᠲᠤᠯᠠᠭᠠᠨ ᠴᠠᠭ ᠲᠤ ᠮᠤᠳᠤᠨ ᠬᠠᠶᠠᠭᠠᠪᠴᠢ ᠭᠡᠷᠡᠭᠯᠡᠬᠦ ᠪᠦᠭᠡᠳ ᠲᠠᠪᠬᠤᠷᠯᠠᠨ ᠭᠡᠷᠡᠭᠯᠡᠬᠦ ᠴᠤ ᠪᠤᠢ᠃ ᠲᠡᠭᠡᠷ᠎ᠡ ᠵᠠᠭᠤᠨ | ᠤ ᠬᠤᠷᠢ ᠭᠤᠴᠢᠭᠠᠳ ᠤᠨ ᠪᠤᠯᠬᠤ ᠳᠤ᠂ ᠨᠤᠤᠰᠤ ᠨᠤᠤᠯᠤᠷ ᠬᠤᠪᠤᠷᠳᠠᠭᠰᠠᠨ ᠠᠴᠠ ᠡᠪᠦᠯ ᠤᠨ ᠴᠠᠭ ᠲᠤ ᠨᠢᠮᠬᠡᠨ | ᠡᠰᠭᠡᠭᠰᠡᠨ ᠵᠦᠩ ᠢᠶᠠᠷ ᠬᠠᠶᠠᠭ᠎ᠠ ᠪᠠᠨ ᠲᠠᠷᠤᠵᠤ ᠴᠤ ᠪᠠᠶᠢᠵᠠᠢ᠃ | ᠭᠦᠯᠳᠦᠷᠭᠡ — ᠮᠤᠩᠭᠤᠯ ᠭᠡᠷ ᠤᠨ ᠲᠡᠭᠡᠪᠦᠷ ᠲᠡᠭᠡᠷ᠎ᠡ ᠨᠦᠮᠦᠷᠦᠭᠦᠯᠳᠡᠭ ᠬᠦᠭᠡ ᠪᠦᠰ ᠢᠶᠠᠷ ᠤᠶᠤᠭᠰᠠᠨ | ᠤᠭᠠᠯᠵᠠ ᠬᠡᠯᠪᠡᠷᠢ ᠲᠠᠢ ᠪᠦᠷᠢᠶᠡᠰᠦ ᠶᠢ ᠬᠦᠯᠳᠦᠷᠭᠡ ᠬᠡᠨ᠎ᠡ᠃ ᠬᠦᠯᠳᠦᠷᠭᠡ ᠪᠤᠯ ᠮᠤᠩᠭᠤᠯ ᠭᠡᠷ ᠲᠤ ᠲᠡᠭᠡᠪᠦᠷ | ᠲᠠᠷᠤᠭᠤᠯᠭ᠎ᠠ ᠶᠢᠨ ᠲᠠᠪᠬᠤᠷ ᠦᠢᠯᠡᠳᠦᠯ ᠢ ᠬᠦᠢᠴᠡᠳᠭᠡᠵᠦ᠂ ᠵᠠᠶᠢᠴᠠ ᠪᠠᠷ ᠰᠠᠯᠬᠢ ᠰᠡᠪᠢᠬᠦ ᠶᠢ ᠰᠡᠷᠭᠡᠶᠢᠯᠡᠬᠦ ᠪᠦᠬᠡᠳ | ᠭᠤᠶᠤᠯᠠᠯ ᠤᠨ ᠦᠢᠯᠡᠳᠦᠯ ᠲᠠᠢ ᠶᠤᠮ᠃ ᠬᠦᠯᠳᠦᠷᠭᠡ ᠭᠡᠳᠡᠭ ᠦᠭᠡ ᠨᠢ ᠦᠨᠡᠨᠳᠡᠭᠡᠨ ᠬᠦᠯᠳᠦ ᠡᠷᠦᠭᠡ ᠭᠡᠳᠡᠭ | ᠦᠭᠡ ᠶᠢᠨ ᠨᠡᠶᠢᠯᠡᠪᠤᠷᠢ ᠳᠠᠭᠤᠳᠠᠯᠭ᠎ᠠ ᠪᠤᠯᠤᠨ᠎ᠠ᠃ ᠭᠦᠯᠳᠦᠷᠭᠡ ᠳᠤ ᠲᠦᠷᠪᠡᠨ ᠬᠦᠯ ᠲᠠᠢ᠂ ᠣᠯᠠᠨ ᠣᠭᠤᠰᠣᠷ | ᠲᠠᠢ᠃ ᠬᠦᠯᠳᠦᠷᠭᠡ ᠶᠢᠨ ᠭᠤᠤᠯ ᠳᠤ ᠮᠤᠩᠭᠤᠯ ᠭᠡᠷ ᠤᠨ ᠲᠤᠭᠤᠨᠤ ᠶᠢᠨ ᠴᠢᠨᠡᠭᠡ ᠨᠦᠭᠡ ᠲᠠᠢ ᠪᠦᠭᠡᠳ ᠡᠷᠦᠭᠡ | ᠶᠢᠨ ᠳᠦᠷᠪᠡᠨ ᠦᠨᠴᠦᠭ ᠳᠠᠭᠠᠤ ᠳᠦᠷᠪᠡᠯᠵᠢᠯᠡᠭᠰᠡᠨ ᠬᠦᠯᠳᠦ ᠦᠨᠴᠦᠭ ᠭᠠᠷᠭᠠᠨ᠂ ᠳᠡᠭᠦᠨ ᠠᠴᠠ ᠪᠠᠨ ᠡᠷᠦᠭᠡ | ᠶᠢᠨ ᠤᠭᠤᠰᠤᠷ ᠬᠢᠵᠦ ᠬᠠᠨ᠎ᠠ ᠶᠢᠨ ᠰᠢᠭᠢᠷ᠎ᠡ ᠶᠢᠨ ᠳᠤᠳᠤᠷ ᠳᠠᠯ᠎ᠠ ᠳᠤ ᠤᠶᠠᠵᠤ ᠳᠤᠭᠳᠠᠭᠠᠳᠠᠭ᠃ ᠬᠦᠯᠳᠦᠷᠭᠡ | ᠶᠢᠨ ᠵᠠᠭᠠᠮ᠎ᠠ ᠨᠢ ᠲᠡᠭᠡᠪᠦᠷ ᠤᠨ ᠵᠠᠭᠠᠮ᠎ᠠ ᠲᠠᠢ ᠲᠠᠪᠬᠤᠷᠯᠠᠵᠤ ᠪᠠᠶᠢᠳᠠᠭ ᠶᠤᠰᠤ ᠲᠠᠢ᠃ ᠬᠦᠯᠳᠦᠷᠭᠡ ᠲᠠᠢ ᠭᠡᠷ ᠨᠢ | ᠦᠵᠡᠮᠦᠷᠢᠳᠡᠢ ᠰᠠᠶᠢᠬᠠᠨ ᠬᠠᠷᠠᠭᠳᠠᠨ᠎ᠠ᠃ ᠤᠷᠢᠳᠤ ᠳᠠᠭᠠᠨ ᠡᠶᠢᠮᠦ ᠭᠡᠷ ᠤᠯᠠᠨ ᠪᠠᠶᠢᠯ᠎ᠠ ᠭᠡᠳᠡᠭ᠃ ᠭᠡᠪᠡᠴᠦ | ᠰᠡᠬᠦᠯᠳᠡᠵᠦ ᠢᠷᠡᠭᠡᠳ ᠨᠤᠶᠠᠳ ᠪᠠᠶᠠᠳ᠂ ᠶᠡᠬᠡᠰ ᠯᠠᠮᠠ ᠨᠡᠷ ᠤᠨ ᠭᠡᠷ ᠲᠤ ᠯᠠ ᠬᠦᠯᠳᠦᠷᠭᠡ ᠲᠠᠢ ᠪᠠᠶᠢᠵᠤ᠂ ᠡᠨᠡ | ᠨᠢ ᠵᠡᠷᠭᠡ ᠲᠡᠰ ᠤᠨ ᠢᠯᠭᠠᠭᠠᠨ ᠤ ᠪᠡᠯᠬᠡ ᠲᠡᠮᠳᠡᠭ ᠪᠤᠯᠤᠭᠰᠠᠨ ᠪᠠᠶᠢᠵᠠᠢ᠃ ᠬᠦᠯᠳᠦᠷᠭᠡ ᠲᠠᠢ ᠭᠡᠷ ᠢ ᠬᠤᠯᠠ | ᠠᠴᠠ ᠬᠠᠷᠠᠬᠤ ᠳᠤ ᠦᠩᠬᠡ ᠢᠯᠭᠠᠷᠠᠵᠤ ᠦᠵᠡᠮᠦᠷᠢᠳᠡᠢ ᠬᠠᠷᠠᠭᠳᠠᠨ᠎ᠠ᠃ | ᠴᠢᠭᠲᠠᠭ᠎ᠠ — ᠭᠡᠷ ᠲᠤ ᠴᠢᠬᠳᠠᠭ᠎ᠠ ᠭᠡᠳᠡᠭ ᠭᠡᠷᠡᠭᠰᠡᠯ ᠪᠤᠢ᠃ ᠲᠡᠷᠡ ᠨᠢ ᠲᠤᠭᠤᠨᠤ ᠶᠢᠨ ᠲᠡᠭ ᠭᠤᠤᠯ | ᠠᠴᠠ ᠤᠭᠤᠰᠤᠷᠯᠠᠵᠤ ᠲᠠᠯᠪᠢᠭᠰᠠᠨ ᠵᠤᠭᠳᠤᠷ ᠪᠤᠶᠤ ᠬᠢᠯᠭᠠᠰᠤ ᠪᠠᠷ ᠪᠠᠬᠢᠯᠢᠭ᠌ ᠲᠠᠮᠤᠭᠰᠠᠨ ᠲᠡᠭᠡᠰᠦ ᠪᠤᠯᠤᠨ᠎ᠠ᠃ ᠡᠨᠡ | ᠨᠢ ᠶᠡᠭᠡ ᠰᠠᠯᠬᠢᠨ ᠳᠤ ᠭᠡᠷ ᠲᠡᠪᠢᠯᠵᠡᠬᠦ ᠠᠴᠠ ᠰᠡᠷᠭᠡᠶᠢᠯᠡᠬᠦ ᠦᠢᠯᠡᠳᠦᠯ ᠲᠠᠢ ᠪᠠᠶᠢᠳᠠᠭ᠃ ᠶᠡᠭᠡ ᠰᠠᠯᠬᠢ ᠭᠠᠷᠬᠤ ᠳᠤ | ᠴᠢᠬᠳᠠᠭ᠎ᠠ ᠶᠢ ᠰᠠᠯᠬᠢᠨ ᠵᠦᠭ ᠲᠤ ᠲᠠᠳᠠᠵᠤ ᠭᠡᠷ ᠤᠨ ᠬᠠᠶᠠᠭᠠᠨ ᠠᠴᠠ ᠭᠠᠳᠠᠰᠤᠯᠠᠬᠤ ᠪᠤᠶᠤ ᠭᠠᠳᠠᠭᠰᠢ ᠭᠠᠷᠭᠠᠵᠤ | ᠰᠠᠯᠬᠢᠨ ᠲᠠᠯ᠎ᠠ ᠵᠦᠭ ᠲᠠᠳᠠᠵᠤ ᠭᠠᠳᠠᠰᠤᠯᠠᠵᠤ ᠭᠡᠷ ᠢ ᠲᠤᠭᠳᠠᠪᠤᠷᠢᠵᠢᠭᠤᠯᠤᠨ᠎ᠠ᠃ ᠭᠡᠷ ᠤᠨ ᠮᠤᠳᠤ ᠶᠢ ᠪᠤᠰᠬᠠᠭᠰᠠᠨ | ᠤ ᠰᠡᠬᠦᠯᠡᠷ᠂ ᠴᠢᠬᠳᠠᠭ᠎ᠠ ᠠᠴᠠ ᠴᠢᠯᠠᠭᠤ ᠮᠡᠳᠦ ᠶᠢᠨ ᠬᠦᠨᠳᠦ ᠶᠠᠭᠤᠮ᠎ᠠ ᠲᠡᠬᠦᠵᠢᠯᠡᠵᠦ ᠪᠠᠶᠢᠭᠠᠳ ᠭᠡᠷ ᠤᠨ ᠦ ᠶᠢ | ᠲᠡᠭᠰᠢᠯᠡᠬᠦ ᠪᠠ ᠲᠠᠷᠤᠵᠤ ᠰᠠᠭᠤᠷᠢᠰᠢᠭᠤᠯᠳᠠᠭ ᠪᠦᠬᠡᠳ ᠮᠦᠨ ᠭᠤᠯᠤᠮᠳᠠ ᠶᠢᠨ ᠴᠡᠭ ᠢ ᠤᠯᠳᠠᠭ ᠪᠠᠶᠢᠨ᠎ᠠ᠃ ᠶᠡᠷᠦ | ᠶᠢᠨ ᠦᠶ᠎ᠡ ᠳᠤ ᠴᠢᠬᠳᠠᠭ᠎ᠠ ᠶᠢᠨ ᠦᠵᠦᠬᠦᠷ ᠢ ᠨᠤᠭᠤᠯᠵᠤ᠂ ᠭᠡᠷ ᠤᠨ ᠪᠠᠷᠠᠭᠤᠨ ᠬᠤᠶᠢᠨᠠᠬᠢ ᠤᠨᠢᠨ ᠳᠤ ᠵᠠᠩᠬᠢᠶ᠎ᠠ | ᠭᠡ ᠭᠠᠷᠭᠠᠬᠤ ᠪᠤᠶᠤ ᠲᠠᠩ ᠤᠭᠠᠯᠵᠠ ᠭᠠᠷᠭᠠᠨ ᠬᠠᠪᠴᠢᠭᠤᠯᠤᠭᠠᠳ᠂ ᠲᠡᠬᠦᠨ ᠠᠴᠠ ᠮᠠᠯ ᠤᠨ ᠭᠡᠰᠢᠭ ᠬᠡᠮᠡᠬᠦ ᠲᠡᠯ | ᠰᠡᠬᠦᠯ ᠵᠡᠷᠭᠡ ᠶᠢ ᠵᠠᠩᠬᠢᠳᠤᠭᠰᠠᠨ ᠪᠠᠶᠢᠳᠠᠭ ᠪᠦᠬᠡᠳ ᠲᠡᠭᠡᠳᠦ ᠦᠵᠦᠬᠦᠷ ᠲᠤᠨᠢ ᠬᠠᠳᠠᠭ ᠵᠠᠩᠬᠢᠳᠤᠭᠰᠠᠨ ᠴᠤ | ᠪᠠᠶᠢᠳᠠᠭ᠃ | ᠤᠭᠤᠰᠤᠷ ᠪᠦᠰᠡᠯᠡᠭᠦᠷ ᠦᠲᠡᠭᠡᠷᠢ — ᠮᠤᠩᠭᠤᠯ ᠬᠡᠷ ᠤᠨ ᠬᠠᠨ᠎ᠠ ᠪᠠ ᠲᠤᠭᠤᠷᠭᠠᠯᠠᠬᠰᠠᠨ ᠬᠠᠨ᠎ᠠ ᠶᠢ | ᠤᠷᠢᠶᠠᠵᠤ ᠴᠢᠩᠭᠠᠷᠠᠭᠤᠯᠳᠠᠭ ᠤᠷᠳᠤ ᠲᠡᠬᠡᠰᠤ ᠶᠢ ᠪᠦᠰᠡᠯᠡᠭᠦᠷ ᠬᠡᠳᠡᠭ᠃ ᠪᠦᠰᠡᠯᠡᠭᠦᠷ ᠲᠤ ᠬᠠᠪᠳᠠᠭᠠᠢ᠂ | ᠪᠦᠬᠡᠷᠡᠩᠬᠡᠢ ᠬᠤᠶᠠᠷ ᠵᠤᠶᠢᠯ ᠪᠤᠢ ᠃ ᠵᠦᠪ ᠰᠤᠯᠤᠭᠠᠢ ᠡᠷᠴᠢ ᠲᠠᠢ ᠭᠡᠳᠦ ᠬᠡᠳᠦᠨ ᠬᠢᠯᠭᠠᠰᠤᠨ ᠲᠡᠭᠡᠰᠦ ᠶᠢ | ᠵᠡᠷᠭᠡᠴᠡᠬᠦᠯᠦᠨ ᠤᠶᠤᠭᠰᠠᠨ ᠬᠠᠪᠳᠠᠭᠠᠢ ᠪᠦᠰᠡᠯᠡᠬᠦᠷ ᠢ ᠬᠤᠰᠢᠯᠠᠩ ᠬᠡᠨ᠎ᠡ᠃ ᠡᠶᠢᠮᠦ ᠪᠦᠰᠡᠯᠡᠬᠦᠷ ᠨᠢ ᠦᠵᠡᠮᠦᠷᠢᠳᠡᠢ | ᠮᠦᠷᠳᠡᠭᠡᠨ ᠪᠠᠬᠢᠯᠢᠭ᠌ ᠪᠠᠶᠢᠳᠠᠭ᠃ ᠬᠠᠨ᠎ᠠ ᠶᠢᠨ ᠭᠠᠳᠠᠭᠤᠷ ᠴᠢᠩᠭᠠᠯᠠᠵᠤ ᠪᠦᠰᠡᠯᠡᠳᠡᠭ ᠢ ᠨᠢ ᠲᠤᠳᠤᠷ ᠪᠦᠰᠡᠯᠡᠬᠦᠷ | ᠬᠡᠵᠦ᠂ ᠲᠤᠭᠤᠷᠭ᠎ᠠ ᠶᠢᠨ ᠭᠠᠳᠠᠭᠤᠷ ᠲᠠᠳᠠᠵᠤ ᠪᠦᠰᠡᠯᠡᠳᠡᠭ ᠭᠤᠷᠪᠠᠨ ᠣᠷᠳᠤ ᠪᠥᠰᠡᠯᠡᠬᠦᠷ ᠢ ᠭᠠᠳᠠᠷ ᠪᠦᠰᠡᠯᠡᠬᠦᠷ | ᠭᠡᠳᠡᠭ᠃ ᠤᠭᠤᠰᠤᠷ ᠪᠣᠯ ᠬᠡᠷ ᠤᠨ ᠪᠦᠷᠢᠶᠠᠰᠤ ᠶᠢᠨ ᠵᠡᠪᠰᠠᠷ ᠵᠠᠭᠠᠭ ᠶᠢ ᠨᠠᠶᠢᠯᠠᠭᠦᠯᠦᠨ ᠲᠠᠳᠠᠵᠤ ᠬᠤᠯᠪᠤᠳᠠᠭ | ᠤᠶᠠᠭ᠎ᠠ ᠲᠡᠬᠡᠰᠤ ᠨᠦᠭᠦᠳ ᠪᠤᠯᠤᠨ᠎ᠠ ᠃ ᠡᠷᠥᠬᠡ ᠶᠢᠨ ᠲᠥᠷᠪᠡᠨ ᠣᠭᠤᠰᠣᠷ ᠠᠴᠠ ᠭᠠᠳᠠᠨ᠎ᠠ᠂ ᠲᠡᠭᠡᠪᠥᠷ ᠲᠤ 8 | —12 ᠣᠷᠳᠣ ᠣᠭᠤᠰᠣᠷ ᠲᠠᠢ᠃ ᠡᠳᠡᠭᠡᠷ ᠤᠭᠤᠰᠤᠷ ᠪᠥᠰᠡᠯᠡᠬᠦᠷ ᠢ ᠪᠥᠷ ᠠᠳᠣᠭᠤᠨ ᠤ ᠬᠢᠯᠭᠠᠰᠤ ᠪᠠᠷ ᠪᠤᠶᠤ | ᠲᠡᠮᠡᠭᠡᠨ ᠨᠤᠤᠰᠤ ᠪᠠᠷ ᠲᠤᠮᠤᠵᠤ ᠬᠢᠳᠡᠭ ᠶᠤᠮ᠃ ᠬᠠᠨ᠎ᠡ ᠶᠢᠨ ᠮᠤᠲᠤ ᠢ ᠬᠤᠭᠤᠷᠤ ᠬᠤᠭᠤᠷᠤᠨᠳᠤ ᠨᠢ ᠬᠤᠯᠪᠤᠨ | ᠦᠲᠡᠭᠦ ᠶᠢ ᠬᠠᠨ᠎ᠡ ᠦᠲᠡᠨᠡ ᠭᠡᠲᠡᠭ ᠶᠤᠮ᠃ ᠦᠲᠡᠭᠡᠷᠢ ᠶᠢ ᠪᠤᠯ ᠲᠡᠮᠡᠭᠡᠨ ᠠᠷᠡᠰᠤ ︵ ᠰᠢᠷᠢ︶ ᠶᠢ ᠨᠠᠷᠢᠬᠠᠨ | ᠵᠦᠰᠦᠵᠦ ᠬᠢᠳᠡᠭ᠃ ᠤᠴᠢᠷ ᠨᠢ ᠲᠡᠮᠡᠭᠡᠨ ᠠᠷᠠᠰᠤ ᠪᠤᠯ ᠴᠢᠨᠠᠷᠯᠢᠭ ᠪᠦᠬᠡ ᠪᠠᠶᠢᠲᠠᠭ ᠪᠤᠯᠬᠤᠷ ᠤᠳᠠᠭᠠᠨ | ᠭᠡᠷᠡᠭᠯᠡᠵᠦ ᠲᠡᠶᠢᠯᠦᠨ᠎ᠡ ᠃ ᠲᠡᠮᠡᠭᠡᠨ ᠠᠷᠡᠰᠤᠨ ᠦᠲᠡᠭᠡᠷᠢ ᠪᠠᠷ ᠤᠨᠢ ᠬᠠᠨ᠎ᠡ᠂ ᠡᠭᠦᠲᠡ ᠲᠤᠭᠤᠨᠤ᠂ ᠠᠪᠲᠡᠷᠡ | ᠱᠦᠬᠦᠢ ᠪᠠᠨ ᠪᠦᠷ ᠬᠠᠲᠠᠵᠤ ᠦᠲᠡᠵᠤ ᠪᠤᠯᠳᠠᠭ᠃ | ᠲᠡᠪᠢᠰᠭᠡᠷ ᠰᠢᠷᠢᠳᠡᠭ — ᠲᠠᠶᠢᠹᠤᠰᠧᠴᠤᠳ ᠲᠡᠪᠢᠰᠭᠡᠷ ᠬᠤᠮ ᠢᠶᠠᠨ ᠮᠠᠰᠢ ᠴᠡᠪᠡᠷ ᠲᠡᠭᠰᠢ ᠪᠠᠶᠢᠯᠭᠠᠬᠤ | ᠪᠦᠭᠡᠳ ᠭᠤᠶᠤ ᠰᠠᠶᠢᠬᠠᠨ ᠤᠷᠡᠯᠡᠵᠤ ᠵᠤᠬᠢᠶᠠᠭᠰᠠᠨ ᠪᠠᠶᠢᠲᠠᠭ᠃ ᠢᠰᠡᠭᠡᠢ ᠰᠢᠷᠢᠳᠡᠭ ᠢ ᠮᠦᠨ ᠲᠡᠮᠡᠭᠡᠨ ᠨᠤᠤᠰᠤᠨ | ᠤᠲᠠᠰᠤ ᠢᠶᠠᠷ ᠰᠢᠷᠢᠨ᠎ᠡ᠃ ᠰᠢᠷᠢᠳᠡᠭ ᠤᠨ ᠭᠤᠤᠯ ᠳᠤ ᠲᠦᠷᠪᠡᠯᠵᠢᠨ ᠰᠦᠯᠵᠢᠶ᠎ᠡ ᠵᠢᠷᠤᠭ ᠵᠢᠷᠤᠬᠤ᠂ ᠭᠦᠪᠡᠭᠡ ᠪᠠᠷ | ᠨᠢ ᠠᠯᠤᠬᠠᠨ ᠵᠢᠷᠤᠭ ᠪᠠ ᠤᠰᠤᠨ ᠲᠠᠪᠠᠯᠭᠠᠨ ᠤ ᠵᠢᠷᠤᠭ ᠵᠢᠷᠤᠵᠤ᠂ ᠲᠦᠷᠪᠡᠨ ᠭᠦᠪᠡᠭᠡ ᠪᠠᠷ ᠮᠦᠨ ᠵᠡᠭᠡᠭ | ᠪᠠᠷᠢᠵᠤ ᠭᠦᠪᠡᠭᠡᠯᠡᠨ ᠤᠶᠤᠭᠰᠠᠨ ᠪᠠᠶᠢᠳᠠᠭ᠃ ᠪᠠᠰᠠ ᠲᠤᠩ ᠴᠠᠭᠠᠨ ᠢᠰᠡᠭᠡᠢ ᠲᠡᠪᠢᠰᠭᠡᠷ ᠵᠢᠴᠢ ᠭᠤᠶᠤ ᠭᠡ | ᠤᠭᠠᠯᠵᠨ ᠲᠠᠢ ᠤᠯᠪᠤᠭ ᠭᠡᠪᠢᠰ ᠮᠡᠲᠤ ᠶᠢᠨ ᠨᠤᠤᠰᠤᠨ ᠲᠡᠪᠢᠰᠭᠡᠷ ᠪᠠᠶᠢᠳᠠᠭ ᠢᠶᠠᠷ ᠪᠠᠷᠠᠬᠤ ᠦᠬᠡᠢ᠂ ᠠᠮᠢᠲᠡᠨ | ᠠᠷᠢᠶᠠᠳᠠᠨ ᠤ ᠠᠷᠡᠰᠤ ᠪᠠᠷ ᠤᠷᠡᠯᠡᠨ ᠬᠢᠭᠰᠡᠨ ᠠᠷᠡᠰᠤᠨ ᠲᠡᠪᠢᠰᠭᠡᠷ ᠴᠤ ᠪᠠᠶᠢᠳᠠᠭ᠃ |