ᠲᠠᠶᠢᠹᠤᠰᠧᠴᠤᠳ ᠤᠨ ᠤᠯᠠᠮᠵᠢᠯᠠᠯᠳᠤ ᠤᠷᠤᠨ ᠰᠠᠭᠤᠴᠠ ᠨᠢ ᠮᠤᠩᠭᠤᠯ ᠭᠡᠷ ᠪᠠᠶᠢᠪᠠ᠃ ᠭᠡᠷ ᠤᠨ ᠪᠦᠬᠦ | ᠴᠤᠭᠴᠠ ᠨᠢ ᠭᠡᠷ ᠤᠨ ᠮᠤᠳᠤ᠂ ᠭᠡᠷ ᠤᠨ ᠪᠦᠷᠢᠶᠡᠰᠦ᠂ ᠤᠭᠤᠰᠤᠷ ᠪᠦᠰᠡᠯᠡᠬᠦᠷ ᠢᠶᠠᠷ ᠪᠦᠷᠢᠳᠦᠨ᠎ᠡ᠃ ᠭᠡᠷ ᠪᠠᠷᠢᠬᠤ᠂ | ᠭᠡᠷ ᠢ ᠡᠵᠡᠩᠨᠡᠬᠦ᠂ ᠭᠡᠷ ᠲᠤ ᠬᠤᠯᠪᠤᠭᠳᠠᠬᠤ ᠭᠡᠪ ᠵᠠᠩᠰᠢᠯ ᠨᠢ ᠲᠠᠶᠠᠭᠠᠷ ᠮᠤᠩᠭᠤᠯᠴᠤᠳ ᠤᠨ ᠤᠯᠠᠮᠵᠢᠯᠠᠯ ᠵᠠᠩᠰᠢᠯ | ᠯᠤᠭ᠎ᠠ ᠦᠨᠳᠦᠰᠦᠨ ᠳᠡᠭᠡᠨ ᠠᠳᠠᠯᠢ᠃ ᠭᠡᠷ ᠤᠨ ᠶᠡᠭᠡ ᠪᠠᠭ᠎ᠠ ᠶᠢ ᠬᠠᠨ᠎ᠠ ᠶᠢᠨ ᠲᠤᠭ᠎ᠠ ᠪᠠᠷ ᠬᠡᠯᠡᠯᠴᠡᠨ᠎ᠡ᠃ | ᠬᠠᠮᠤᠭ ᠤᠨ ᠪᠠᠭ᠎ᠠ ᠨᠢ ᠲᠦᠷᠪᠡᠨ ᠬᠠᠨ᠎ᠠ ᠲᠠᠢ ᠭᠡᠷ ᠪᠤᠯᠤᠨ᠎ᠠ ᠃ ᠦᠩᠭᠡᠷᠡᠭᠰᠡᠨ ᠳᠤ ᠡᠬᠡᠯ ᠮᠠᠯᠴᠢᠳ ᠤᠨ ᠤᠯᠠᠩᠬᠢ | ᠨᠢ ᠲᠠᠪᠤᠨ ᠬᠠᠨ᠎ᠠ ᠲᠠᠢ ᠭᠡᠷ ᠲᠤ ᠰᠠᠭᠤᠵᠤ᠂ ᠨᠤᠶᠠᠳ ᠪᠠᠶᠠᠳ ᠪᠤᠯ ᠵᠢᠷᠭᠤᠭᠠᠨ ᠬᠠᠨ᠎ᠠ ᠲᠠᠢ᠂ ᠬᠤᠶᠠᠷ | ᠲᠤᠯᠭᠠᠭᠤᠷᠢ ᠲᠠᠢ ᠪᠤᠶᠤ ᠠᠷᠪᠠᠨ ᠬᠠᠨ᠎ᠠ ᠲᠠᠢ᠂ ᠲᠦᠷᠪᠡᠨ ᠲᠤᠯᠭᠠᠭᠤᠷᠢ ᠲᠠᠢ ᠭᠡᠷ ᠲᠤ ᠰᠠᠭᠤᠵᠤ ᠪᠠᠶᠢᠵᠠᠢ᠃ | ᠤᠳᠤ ᠪᠤᠯ ᠲᠠᠪᠤ ᠵᠢᠷᠭᠤᠭᠠᠨ ᠬᠠᠨ᠎ᠠ ᠲᠠᠢ ᠭᠡᠷ ᠨᠡᠯᠢᠶᠡᠳ ᠨᠡᠶᠢᠳᠡᠮ ᠬᠡᠷᠡᠭᠯᠡᠭᠳᠡᠵᠤ ᠪᠠᠶᠢᠬᠤ ᠪᠠᠷ ᠪᠠᠷᠠᠬᠤ ᠦᠬᠡᠢ᠂ | ᠨᠠᠢᠮᠠ ᠠᠴᠠ ᠠᠷᠪᠠᠨ ᠬᠤᠶᠠᠷ ᠬᠠᠨ᠎ᠠ ᠲᠠᠢ ᠮᠤᠩᠭᠤᠯ ᠭᠡᠷ ᠪᠠᠰᠠ ᠤᠯᠠᠰᠢᠷᠠᠵᠠᠢ ᠃ | ᠮᠤᠩᠭᠤᠯ ᠭᠡᠷ ᠪᠠᠷᠢᠬᠤ ᠠᠯᠬᠤᠮ ᠶᠠᠪᠤᠴᠠ — ᠮᠤᠩᠭᠤᠯ ᠭᠡᠷ ᠪᠤᠯ ᠭᠠᠵᠡᠷ ᠤᠨ ᠭᠦᠷᠤᠰᠤ ᠶᠢ ᠡᠪᠳᠡᠬᠦ | ᠦᠭᠡᠢ᠂ ᠪᠠᠶᠢᠭᠠᠯᠢ ᠤᠷᠴᠢᠨ ᠢ ᠪᠤᠬᠢᠷᠲᠤᠭᠤᠯᠬᠤ ᠦᠭᠡᠢ᠂ ᠪᠠᠷᠢᠵᠤ ᠪᠠᠶᠢᠭᠤᠯᠬᠤ ᠪᠠ ᠪᠠᠭᠤᠯᠠᠭᠠᠵᠤ ᠡᠪᠬᠡᠭᠦ ᠳᠤ | ᠲᠦᠭᠦᠮ᠂ ᠲᠡᠭᠡᠭᠡᠵᠦ ᠠᠴᠢᠬᠤ ᠳᠤ ᠭᠦᠩᠭᠡᠨ ᠠᠪᠰᠠᠷᠬᠠᠨ ᠪᠠᠶᠢᠲᠠᠭ ᠂ ᠨᠡᠬᠦᠳᠡᠯ ᠮᠠᠯᠵᠢᠯ ᠳᠤ ᠮᠠᠰᠢ | ᠵᠤᠬᠢᠴᠠᠭᠰᠠᠨ ᠤᠷᠤᠨ ᠰᠠᠭᠤᠴᠨ ᠮᠦᠨ᠃ ᠮᠤᠩᠭᠤᠯᠴᠤᠳ ᠨᠤᠳᠤᠭ ᠪᠠᠭᠤᠬᠤ ᠳᠠᠭᠠᠨ ᠲᠦᠷᠪᠡᠨ ᠤᠯᠠᠷᠢᠯ ᠤᠨ | ᠪᠠᠶᠢᠳᠠᠯ ᠳᠤ ᠵᠤᠬᠢᠴᠠᠭᠤᠯᠵᠤ᠂ ᠪᠡᠯᠴᠢᠭᠡᠷ ᠤᠰᠤᠨ ᠤ ᠬᠦᠷᠦᠯᠴᠡᠭᠡ ᠶᠢ ᠬᠠᠷᠠᠵᠤ ᠪᠠᠭᠤᠳᠠᠭ᠃ ᠵᠤᠨ ᠨᠠᠮᠤᠷ ᠪᠤᠯ | ᠲᠡᠨᠵᠢᠯᠢᠭ ᠰᠡᠷᠢᠬᠦᠨ ᠭᠠᠵᠠᠷ᠂ ᠡᠪᠦᠯ ᠬᠠᠪᠤᠷ ᠪᠤᠯ ᠨᠦᠮᠦᠷᠯᠢᠭ ᠲᠤᠯᠠᠭᠠᠨ ᠭᠠᠵᠠᠷ ᠢ ᠰᠤᠩᠭᠤᠨ᠎ᠠ᠃ ᠲᠡᠭᠡᠬᠦ ᠳᠡᠭᠡᠨ | ᠲᠦᠰᠢᠯᠬᠡ ᠵᠢᠬᠢᠯᠭᠡ ᠶᠢ ᠪᠡᠯᠬᠡᠰᠢᠶᠡᠨ ᠰᠢᠨᠵᠢᠬᠦ ᠪᠦᠬᠡᠳ ᠦᠯᠵᠡᠢ ᠪᠤᠰᠤ ᠶᠠᠪᠤᠳᠠᠯ ᠭᠠᠷᠤᠭᠰᠠᠨ ᠭᠠᠵᠠᠷ ᠲᠤ | ᠪᠠᠭᠤᠳᠠᠭ ᠦᠬᠡᠢ᠃ ᠪᠠᠭᠤᠴᠠ ᠪᠠᠨ ᠰᠤᠩᠭᠤᠬᠤ ᠳᠠᠭᠠᠨ ᠲᠡᠭᠰᠢ ᠰᠠᠶᠢᠬᠠᠨ ᠭᠠᠵᠠᠷ ᠢ ᠰᠤᠩᠭᠤᠨ᠎ᠠ᠃ ᠪᠠᠭᠤᠶ᠎ᠠ | ᠭᠡᠵᠦ ᠰᠢᠢᠳᠦᠭᠰᠡᠨ ᠭᠠᠵᠠᠷ ᠨᠢ ᠦ ᠰᠡᠪ ᠲᠠᠢ ᠰᠢᠭ ᠪᠠᠶᠢᠪᠠᠯ ᠦ ᠰᠡᠪ ᠢ ᠨᠢ ᠲᠡᠭᠰᠢᠯᠡᠵᠦ ᠭᠡᠷ ᠢᠶᠠᠨ ᠪᠠᠷᠢᠨ᠎ᠠ᠃ | ᠡᠪᠦᠯ ᠬᠠᠪᠤᠷ ᠤᠨ ᠤᠯᠠᠷᠢᠯ ᠳᠤ ᠭᠡᠷ ᠢ ᠭᠡᠪᠳᠡᠭᠡ ᠰᠢᠭ ᠪᠠᠷᠢᠪᠠᠯ ᠰᠠᠯᠬᠢ ᠰᠢᠭᠤᠷᠭᠠᠨ ᠳᠤ ᠲᠡᠯᠡᠰᠦᠭᠳᠡᠬᠦ ᠨᠢ ᠪᠠᠭ᠎ᠠ | ᠪᠠᠶᠢᠳᠠᠭ᠃ ᠵᠤᠨ ᠨᠠᠮᠤᠷ ᠤᠨ ᠤᠯᠠᠷᠢᠯ ᠳᠤ ᠪᠤᠰᠤᠭ᠎ᠠ ᠪᠠᠷᠢᠪᠠᠯ ᠪᠤᠷᠤᠭᠠᠨ ᠬᠤᠷ᠎ᠠ ᠳᠤ ᠭᠤᠭᠤᠵᠢᠬᠤ ᠦᠬᠡᠢ ᠃ | ᠭᠡᠷ ᠢ ᠠᠯᠢ ᠬᠢᠷᠢ ᠵᠠᠶᠢᠳᠠᠢ ᠪᠠᠷᠢᠬᠤ ᠪᠠᠨ ᠵᠢᠱᠢᠵᠦ ᠲᠤᠭᠳᠠᠭᠠᠭᠰᠠᠨ ᠤ ᠲᠠᠷᠠᠭ᠎ᠠ᠂ ᠲᠤᠯᠭ᠎ᠠ ᠲᠠᠯᠪᠢᠬᠤ ᠤᠷᠤᠨ ᠳᠤ | ᠮᠤᠳᠤ ᠪᠤᠰᠬᠠᠨ ᠪᠠᠷᠢᠵᠤ᠂ ᠲᠡᠬᠦᠨ ᠳᠡᠭᠡᠨ ᠲᠡᠭᠡᠰᠦ ᠶᠢ ᠭᠤᠭᠴᠤᠭᠠᠯᠠᠨ ᠤᠶᠠᠵᠤ᠂ ᠭᠤᠯᠤᠮᠳᠠ ᠬᠠᠨ᠎ᠠ ᠶᠢᠨ ᠵᠠᠢ ᠶᠢᠨ | ᠬᠡᠮᠵᠢᠶ᠎ᠡ ᠪᠠᠷ ᠲᠡᠭᠡᠰᠦᠨ ᠳᠡᠭᠡᠨ ᠭᠠᠳᠠᠰᠤ ᠤᠶᠠᠭᠠᠳ᠂ ᠲᠡᠬᠦᠪᠡᠷ ᠢᠶᠠᠨ ᠭᠤᠷᠳᠢᠭᠯᠠᠨ ᠵᠢᠷᠤᠵᠤ ᠤᠷᠤᠮ | ᠭᠠᠷᠭᠠᠭᠠᠳ ᠂ ᠡᠨᠡ ᠤᠷᠤᠮ ᠢᠶᠠᠨ ᠲᠠᠭᠠᠵᠤ ᠬᠠᠨ᠎ᠠ ᠪᠠᠨ ᠪᠤᠰᠬᠠᠪᠠᠯ ᠮᠤᠩᠭᠤᠯ ᠭᠡᠷ ᠨᠢ ᠲᠦᠬᠦᠷᠢᠭ ᠰᠠᠶᠢᠬᠠᠨ | ᠪᠤᠯᠳᠠᠭ᠃ | ᠲᠠᠶᠢᠹᠤᠰᠧ ᠨᠤᠳᠤᠭ ᠤᠨ ᠭᠡᠷ ᠨᠢ ᠠᠰ ᠡᠮᠦᠨ᠎ᠡ ᠵᠦᠭ ᠲᠤ ᠬᠠᠷᠠᠭᠰᠠᠨ ᠪᠢᠰᠢ᠂ ᠬᠠᠷᠢᠨ ᠵᠡᠬᠦᠨ ᠡᠮᠦᠨᠡᠰᠢ | ᠯᠤᠤ ᠵᠦᠭ ᠢ ᠬᠠᠷᠠᠭᠰᠠᠨ ᠪᠠᠶᠢᠳᠠᠭ᠃ ᠡᠬᠦᠨ ᠢᠶᠠᠨ ᠮᠦᠨ ᠡᠮᠦᠨ᠎ᠡ ᠵᠦᠭ ᠪᠤᠶᠤ ᠨᠠᠷᠠᠨ ᠵᠦᠭ ᠭᠡᠨ᠎ᠡ᠃ ᠡᠬᠦᠳᠡ | ᠪᠤᠰᠬᠠᠬᠤ ᠵᠦᠭ ᠢᠶᠠᠨ ᠲᠤᠭᠳᠠᠭᠰᠠᠨ ᠤ ᠲᠠᠷᠠᠭ᠎ᠠ᠂ ᠡᠬᠦᠳᠡ ᠪᠠᠨ ᠲᠡᠷᠡ ᠤᠷᠤᠨ ᠳᠤᠨᠢ ᠡᠮᠦᠨᠡᠰᠢ ᠬᠠᠨᠳᠤᠭᠤᠯᠤᠨ | ᠭᠡᠪᠳᠡᠬᠦᠯᠵᠦ ᠡᠬᠦᠳᠡᠨ ᠤ ᠵᠠᠢ ᠶᠢ ᠦᠯᠡᠳᠡᠭᠡᠭᠡᠳ᠂ ᠡᠬᠦᠳᠡᠨ ᠤ ᠪᠠᠷᠠᠭᠤᠨ ᠲᠠᠯ᠎ᠠ ᠠᠴᠠ ᠡᠬᠢᠯᠡᠵᠦ ᠬᠠᠨ᠎ᠠ ᠪᠠᠨ | ᠪᠤᠰᠬᠠᠨ᠂ ᠬᠠᠨ᠎ᠠ ᠶᠢᠨ ᠠᠮᠠ ᠶᠢ ᠠᠮᠠᠳᠠᠭᠤᠯᠤᠨ ᠲᠤᠬᠢᠷᠠᠭᠤᠯᠵᠤ᠂ ᠲᠤᠯᠤᠭᠠᠢ ᠲᠠᠯ᠎ᠠ ᠠᠴᠠ ᠡᠬᠢᠯᠡᠨ ᠪᠤᠭᠤᠨ᠎ᠠ᠃ | ᠡᠨᠡ ᠮᠡᠳᠦ ᠪᠠᠷ ᠵᠦᠪ ᠲᠤᠭᠤᠷᠢᠭᠤᠯᠵᠤ ᠬᠠᠨ᠎ᠠ ᠪᠠᠨ ᠪᠤᠭᠤᠭᠠᠳ᠂ ᠡᠬᠦᠳᠡᠨ ᠤ ᠵᠡᠬᠦᠨ ᠲᠠᠯ᠎ᠠ ᠶᠢᠨ ᠬᠠᠨ᠎ᠠ ᠶᠢ | ᠪᠤᠰᠬᠠᠭᠰᠠᠨ ᠤ ᠲᠠᠷᠠᠭ᠎ᠠ ᠡᠬᠦᠳᠡ ᠪᠠᠨ ᠪᠤᠰᠬᠠᠨ ᠬᠤᠶᠠᠷ ᠲᠠᠯ᠎ᠠ ᠶᠢᠨ ᠬᠠᠨ᠎ᠠ ᠶᠢ ᠡᠬᠦᠳᠡ ᠲᠠᠢ ᠬᠤᠯᠪᠤᠵᠤ | ᠪᠤᠭᠤᠨ᠎ᠠ᠃ ᠬᠠᠨ᠎ᠠ ᠪᠠᠨ ᠪᠤᠰᠬᠠᠬᠤ ᠠᠴᠠ ᠡᠮᠦᠨ᠎ᠡ ᠱᠠᠯᠠ ᠮᠤᠳᠤ ᠬᠢᠭᠡᠳ ᠲᠤᠭᠤᠨᠤ ᠶᠢ ᠭᠤᠯᠤᠮᠳᠠ ᠶᠢᠨ ᠤᠷᠤ | ᠳᠤ ᠤᠷᠤᠭᠤᠯᠵᠤ ᠲᠠᠯᠪᠢᠳᠠᠭ᠃ ᠬᠠᠨ᠎ᠠ ᠪᠠᠨ ᠬᠦᠷᠢᠶᠡᠯᠡᠭᠰᠡᠨ ᠤ ᠲᠠᠷᠠᠭ᠎ᠠ᠂ ᠲᠤᠳᠤᠭᠤ ᠶᠢᠨ ᠭᠤᠤᠯ ᠢ ᠬᠤᠶᠢᠳᠤ | ᠲᠠᠯ᠎ᠠ ᠶᠢᠨ ᠬᠠᠨ᠎ᠠ ᠶᠢᠨ ᠭᠤᠤᠯ ᠲᠠᠢ ᠡᠭᠴᠡᠯᠡᠬᠦᠯᠵᠦ᠂ ᠲᠤᠳᠤᠭᠤ ᠶᠢᠨ ᠦᠨᠳᠦᠷ ᠢ ᠬᠠᠨ᠎ᠠ ᠶᠢᠨ ᠦᠨᠳᠦᠷ ᠲᠠᠢ | ᠲᠡᠩᠴᠡᠬᠦᠯᠦᠨ᠂ ᠲᠠᠯ᠎ᠠ ᠲᠠᠯ᠎ᠠ ᠠᠴᠠ ᠨᠢ ᠰᠢᠨᠵᠢᠵᠦ ᠪᠠᠶᠢᠭᠠᠳ ᠬᠠᠨ᠎ᠠ ᠶᠢᠨ ᠲᠤᠯᠤᠭᠠᠢ ᠶᠢᠨ ᠦ ᠶᠢ ᠭᠠᠷᠭᠠᠵᠤ | ᠲᠡᠩ ᠰᠠᠴᠠᠭᠤ ᠪᠦᠬᠡᠳ ᠲᠦᠪ ᠲᠦᠬᠦᠷᠢᠭ ᠪᠤᠯᠭᠠᠨ ᠲᠡᠭᠰᠢᠯᠡᠭᠡᠳ᠂ ᠡᠬᠦᠳᠡᠨ ᠤ ᠪᠠᠷᠠᠭᠤᠨ ᠬᠠᠴᠠᠪᠴᠢ ᠶᠢᠨ ᠨᠦᠬᠡᠨ | ︵ᠪᠤᠶᠤ ᠭᠠᠷᠠᠬ᠎ᠠ︶ ᠠᠴᠠ ᠬᠠᠨ᠎ᠠ ᠶᠢᠨ ᠪᠦᠰᠡᠯᠡᠬᠦᠷ ︵ᠲᠤᠳᠤᠷ ᠪᠦᠰᠡᠯᠡᠬᠦᠷ︶ ᠢᠶᠠᠨ ᠵᠠᠩᠬᠢᠳᠴᠤ ᠠᠪᠤᠭᠠᠳ | ᠬᠠᠨ᠎ᠠ ᠶᠢᠨ ᠴᠡᠭᠡᠵᠢ ᠪᠠᠷ ᠤᠷᠢᠶᠠᠯᠭᠠᠨ ᠠᠪᠠᠴᠢᠵᠤ᠂ ᠡᠬᠦᠳᠡᠨ ᠤ ᠵᠡᠬᠦᠨ ᠬᠠᠴᠠᠪᠴᠢ ᠶᠢᠨ ᠨᠦᠬᠡᠨ ᠳᠤ ᠰᠤᠯᠠᠬᠠᠨ | ᠵᠠᠩᠬᠢᠳᠤᠨ᠎ᠠ᠃ ᠲᠠᠷᠠᠭ᠎ᠠ ᠨᠢ ᠲᠤᠭᠤᠨᠤ ᠪᠠᠨ ᠪᠤᠰᠠᠬᠠᠨ᠎ᠠ᠃ ᠲᠠᠶᠢᠹᠤᠰᠧ ᠨᠤᠳᠤᠭ ᠲᠤ ᠭᠤᠤᠯᠳᠠᠭᠤ ᠬᠡᠯᠬᠢᠶ᠎ᠡ | ᠲᠤᠭᠤᠨᠤ ᠪᠠ ᠬᠠᠳᠬᠤᠭᠤᠷ ᠲᠤᠭᠤᠨᠤ ᠶᠢ ᠭᠡᠷᠡᠭᠯᠡᠵᠦ ᠪᠠᠶᠢᠪᠠ᠃ ᠬᠡᠯᠬᠢᠶ᠎ᠡ ᠲᠤᠭᠤᠨᠤ ᠶᠢ ᠪᠤᠰᠬᠠᠬᠤ ᠳᠤ᠂ ᠤᠨᠢ ᠶᠢ | ᠪᠠᠭᠯᠠᠵᠤ ᠲᠡᠭᠡᠭᠰᠢ ᠡᠷᠬᠦᠭᠡᠳ᠂ ᠲᠦᠷᠪᠡᠨ ᠲᠠᠯ᠎ᠠ ᠶᠢ ᠭᠤᠤᠯᠯᠠᠭᠰᠠᠨ ᠲᠦᠷᠪᠡᠨ ᠤᠨᠢ ᠶᠢᠨ ᠭᠤᠷᠪᠠ ᠶᠢ ᠨᠢ | ᠰᠡᠭᠡᠯᠳᠦᠷᠭᠡ ᠪᠠᠷ ᠪᠠᠷᠠᠭᠤᠨ᠂ ᠬᠤᠶᠢᠨ᠎ᠠ᠂ ᠵᠡᠬᠦᠨ ᠬᠠᠨ᠎ᠠ ᠶᠢᠨ ᠲᠤᠯᠤᠭᠠᠢ ᠶᠢᠨ ᠲᠤᠮᠳᠠ᠂ ᠡᠮᠦᠨ᠎ᠡ ᠲᠠᠯ᠎ᠠ ᠶᠢᠨ ᠬᠢᠨᠢ | ᠲᠤᠳᠤᠭᠤ ᠶᠢᠨ ᠬᠤᠨᠳᠤᠭ ᠲᠤ ᠡᠯᠬᠦᠭᠡᠳ᠂ ᠲᠤᠭᠤᠨᠤ ᠶᠢᠨ ᠬᠡᠴᠡ ᠶᠢ ᠡᠬᠦᠳᠡᠨ ᠤ ᠭᠤᠤᠯ ᠲᠠᠢ ᠰᠠᠶᠢᠳᠤᠷ | ᠡᠭᠴᠡᠯᠡᠵᠦ ᠲᠠᠭᠠᠷᠠᠭᠤᠯᠤᠭᠠᠳ ᠪᠤᠰᠤᠳ ᠤᠨᠢ ᠨᠤᠭᠤᠳ ᠢ ᠡᠯᠬᠦᠨ᠎ᠡ᠃ ᠤᠨᠢ ᠶᠢ ᠬᠠᠨ᠎ᠠ ᠶᠢᠨ ᠲᠤᠳᠤᠷ᠎ᠠ ᠲᠠᠯ᠎ᠠ | ᠶᠢᠨ ᠲᠤᠯᠤᠭᠠᠢ ᠳᠤ ᠡᠯᠬᠦᠪᠡᠯ᠂ ᠬᠠᠨ᠎ᠠ ᠶᠢᠨ ᠦᠳᠡᠭᠡᠷᠢ ᠰᠤᠨᠤᠵᠤ ᠲᠠᠰᠤᠷᠠᠬᠤ ᠦᠬᠡᠢ ᠪᠦᠬᠡᠳ ᠰᠠᠭᠤᠳᠠᠯ ᠰᠠᠶᠢᠳᠠᠢ | ᠪᠤᠯᠳᠠᠭ᠃ ᠬᠠᠳᠬᠤᠭᠤᠷ ᠲᠤᠭᠤᠨᠤ ᠶᠢ ᠪᠤᠯ ᠲᠡᠭᠡᠭᠰᠢ ᠡᠷᠬᠦᠵᠦ ᠪᠠᠶᠢᠭᠠᠳ᠂ ᠲᠦᠷᠪᠡᠨ ᠲᠠᠯ᠎ᠠ ᠠᠴᠠ ᠨᠢ ᠲᠦᠷᠪᠡᠨ | ᠤᠨᠢ ᠬᠠᠳᠬᠤᠵᠤ ᠪᠠᠶᠢᠭᠠᠳ ᠮᠦᠨ ᠲᠡᠭᠡᠷᠡᠬᠢ ᠶᠤᠰᠤ ᠪᠠᠷ ᠪᠤᠰᠠᠬᠠᠨ᠎ᠠ ᠃ ᠰᠢᠨᠵᠢᠵᠦ ᠦᠵᠡᠭᠡᠳ ᠦ ᠦᠬᠡᠢ | ᠪᠠᠶᠢᠪᠠᠯ᠂ ᠬᠠᠨ᠎ᠠ ᠶᠢᠨ ᠪᠦᠰᠡᠯᠡᠬᠦᠷ ᠢᠶᠠᠨ ᠴᠢᠩᠭᠠᠯᠠᠵᠤ᠂ ᠲᠤᠳᠤᠷ᠎ᠠ ᠲᠠᠯ᠎ᠠ ᠶᠢᠨ ᠲᠦᠷᠪᠡᠨ ᠲᠠᠷᠤᠭᠤᠯᠭ᠎ᠠ ᠶᠢ | ᠲᠠᠳᠠᠵᠤ ᠲᠠᠷᠤᠭᠠᠳ ᠭᠡᠷ ᠢᠶᠠᠨ ᠪᠦᠷᠢᠨ᠎ᠡ᠃ ᠤᠷᠢᠳᠠᠪᠠᠷ ᠲᠤᠭᠤᠷᠭ᠎ᠠ ᠶᠢ ᠡᠬᠦᠳᠡᠨ ᠤ ᠬᠤᠶᠠᠷ ᠲᠠᠯ᠎ᠠ ᠠᠴᠠ | ᠡᠬᠢᠯᠡᠨ ᠨᠦᠮᠦᠷᠭᠡᠵᠦ᠂ ᠬᠠᠮᠤᠭ ᠰᠡᠬᠦᠯ ᠳᠤᠨᠢ ᠪᠠᠷᠠᠭᠤᠨ ᠬᠤᠶᠢᠳᠤ ᠲᠠᠯ᠎ᠠ ᠶᠢᠨ ᠲᠤᠭᠤᠷᠭ᠎ᠠ ᠶᠢ ᠨᠦᠮᠦᠷᠭᠡᠨ᠎ᠡ᠃ | ᠢᠩᠬᠢᠪᠡᠯ ᠲᠤᠭᠤᠷᠭ᠎ᠠ ᠶᠢᠨ ᠠᠮᠠ ᠨᠢ ᠰᠠᠯᠬᠢᠨ ᠤᠷᠤᠭᠤ ᠲᠠᠯ᠎ᠠ ᠵᠦᠭ ᠲᠡᠭᠡᠨ ᠲᠠᠷᠤᠭᠳᠠᠵᠤ ᠰᠠᠯᠬᠢ ᠰᠡᠶᠢᠬᠡᠬᠦ | ᠦᠬᠡᠢ ᠪᠤᠯᠤᠨ᠎ᠠ᠃ ᠲᠤᠭᠤᠷᠭ᠎ᠠ ᠪᠠᠨ ᠨᠦᠮᠦᠷᠭᠡᠭᠡᠳ ᠲᠤᠭᠤᠷᠭ᠎ᠠ ᠶᠢᠨ ᠭᠤᠳᠤᠷᠤᠤᠯ ᠨᠤᠭᠤᠳ ᠢ ᠰᠤᠯᠪᠢᠴᠢᠨ | ᠤᠶᠠᠵᠤ᠂ ᠰᠡᠶ᠋ᠢᠭ ᠨᠦᠭᠦᠳ ᠢ ᠬᠠᠨ᠎ᠠ ᠶᠢᠨ ᠰᠢᠬᠢᠷ᠎ᠠ ᠠᠴᠠ ᠪᠠᠬᠢᠯᠡᠵᠦ ᠤᠶᠠᠨ᠎ᠠ᠃ ᠲᠤᠭᠤᠷᠭ᠎ᠠ ᠶᠢ ᠡᠪᠦᠯ ᠴᠠᠭ ᠪᠤᠯ | ᠭᠠᠵᠠᠷ ᠰᠢᠬᠦᠷᠡᠬᠦᠯᠦᠨ ᠪᠦᠷᠢᠵᠦ ᠰᠠᠯᠬᠢ ᠵᠢᠪᠠᠷ ᠢ ᠬᠠᠯᠬᠠᠯᠠᠨ᠂ ᠵᠤᠨ ᠤ ᠴᠠᠭ ᠲᠤ ᠪᠤᠯ ᠭᠠᠵᠠᠷ ᠠᠴᠠ ᠵᠠᠶᠢᠳᠠᠢ | ᠲᠡᠭᠡᠷ᠎ᠡ ᠰᠢᠭ ᠨᠦᠮᠦᠷᠭᠡᠳᠡᠭ᠃ ᠲᠤᠭᠤᠷᠭ᠎ᠠ ᠶᠢ ᠨᠦᠮᠦᠷᠭᠡᠬᠦ ᠲᠠᠢ ᠪᠠᠨ ᠵᠡᠷᠭᠡ ᠲᠡᠭᠡᠳᠦ ᠲᠠᠯ᠎ᠠ ᠶᠢᠨ ᠪᠦᠰᠡᠯᠡᠬᠦᠷ ᠢ | ᠮᠦᠨ ᠬᠦ᠋ ᠡᠬᠦᠳᠡᠨ ᠤ ᠪᠠᠷᠠᠭᠤᠨ ᠲᠠᠯ᠎ᠠ ᠠᠴᠠ ᠤᠷᠢᠶᠠᠨ ᠲᠠᠳᠠᠵᠤ ᠲᠤᠭᠤᠷᠭ᠎ᠠ ᠪᠠᠨ ᠲᠤᠭᠳᠠᠭᠠᠨ᠎ᠠ᠃ ᠲᠤᠭᠤᠷᠭ᠎ᠠ | ᠶᠢᠨ ᠬᠡᠮ ᠰᠠᠶᠢᠬᠠᠨ ᠵᠤᠬᠢᠴᠠᠪᠠᠯ ᠲᠤᠮᠳᠠ ᠲᠤᠤᠷᠠᠳᠤ ᠪᠦᠰᠡᠯᠡᠬᠦᠷ ᠢ ᠪᠠᠰᠠ ᠲᠠᠳᠠᠨ᠎ᠠ᠃ ᠲᠡᠭᠡᠭᠰᠡᠨ ᠤ ᠲᠠᠷᠠᠭ᠎ᠠ ᠨᠢ | ᠭᠡᠷ ᠢᠶᠠᠨ ᠲᠡᠭᠡᠪᠦᠷᠯᠡᠨᠡ᠃ ᠤᠷᠢᠳᠠᠪᠠᠷ ᠡᠮᠦᠨ᠎ᠡ ᠲᠠᠯ᠎ᠠ ᠶᠢᠨ ᠲᠡᠭᠡᠪᠦᠷ ᠢ ᠨᠦᠮᠦᠷᠭᠡᠵᠦ᠂ ᠬᠤᠶᠢᠳᠤ ᠲᠠᠯ᠎ᠠ ᠶᠢᠨ | ᠲᠡᠭᠡᠪᠦᠷ ᠢ ᠡᠮᠦᠨ᠎ᠡ ᠲᠠᠯ᠎ᠠ ᠶᠢᠨ ᠲᠡᠭᠡᠪᠦᠷ ᠤᠨ ᠠᠮᠠ ᠶᠢ ᠲᠠᠷᠤᠭᠤᠯᠵᠤ ᠨᠦᠮᠦᠷᠭᠡᠨ᠎ᠡ᠃ ᠲᠡᠭᠡᠪᠦᠷ ᠲᠠᠯᠪᠢᠬᠤ ᠳᠠᠭᠠᠨ | ᠲᠡᠭᠡᠪᠦᠷ ᠤᠨ ᠬᠤᠭᠤᠯᠠᠢ ᠶᠢ ᠲᠤᠭᠤᠨᠤ ᠶᠢᠨ ᠢᠷᠮᠡᠭ ᠲᠠᠢ ᠶᠠᠪ ᠴᠠᠪ ᠲᠠᠭᠠᠷᠠᠭᠤᠯᠵᠤ᠂ ᠲᠡᠭᠡᠭᠰᠢ ᠪᠠᠨ ᠲᠤᠭᠤᠨᠤ ᠶᠢ | ᠦᠩᠬᠡᠶᠢᠯᠬᠡᠬᠦ ᠦᠬᠡᠢ ᠪᠦᠬᠡᠳ ᠲᠤᠷᠤᠭᠰᠢ ᠰᠢᠪᠳᠤᠷᠴᠤ ᠲᠤᠭᠤᠨᠤ ᠶᠢᠨ ᠬᠤᠷᠤᠭᠤ ᠢᠯᠡ ᠭᠠᠷᠬᠤ ᠦᠬᠡᠢ ᠪᠠᠶᠢᠬᠤ | ᠶᠢ ᠬᠢᠴᠢᠶᠡᠨ᠎ᠡ᠃ ᠡᠪᠦᠯ ᠴᠠᠭ ᠲᠤ ᠲᠠᠪᠬᠤᠷ ᠪᠦᠷᠢᠶᠡᠰᠦ ᠲᠠᠢ ᠪᠠᠶᠢᠳᠠᠭ ᠪᠦᠭᠡᠳ ᠲᠡᠭᠡᠪᠦᠷ ᠤᠨ ᠵᠠᠪᠰᠠᠷ ᠪᠠᠰᠠ | ᠴᠠᠪᠤᠭ ᠬᠠᠪᠴᠢᠭᠤᠯᠵᠤ ᠲᠤᠯᠠᠭᠠᠯᠠᠳᠠᠭ ᠲᠤᠯᠠ ᠲᠤᠳᠤᠷ᠎ᠠ ᠲᠡᠭᠡᠪᠦᠷ ᠢ ᠲᠤᠭᠤᠷᠭ᠎ᠠ ᠠᠴᠠ ᠤᠷᠢᠳ ᠨᠦᠮᠦᠷᠭᠡᠳᠡᠭ | ᠪᠠᠶᠢᠨ᠎ᠠ᠃ ᠲᠡᠭᠡᠪᠦᠷ ᠢᠶᠠᠨ ᠲᠠᠯᠪᠢᠵᠤ ᠪᠠᠷᠠᠪᠠᠯ ᠲᠤᠳᠤᠭᠤᠪᠴᠢ ᠪᠠᠨ ᠬᠠᠪᠴᠢᠭᠤᠯᠤᠭᠠᠳ ᠤᠭᠤᠰᠤᠷ ᠪᠦᠴᠡ ᠪᠠᠨ | ᠴᠢᠩᠭᠠᠯᠠᠨ᠎ᠠ᠃ ᠲᠤᠭᠤᠷᠭᠠᠨ ᠤ ᠭᠤᠷᠪᠠᠨ ᠪᠦᠰᠡᠯᠡᠬᠦᠷ ᠢᠶᠠᠨ ᠴᠢᠩᠭᠠᠯᠠᠵᠤ᠂ ᠲᠡᠬᠡᠪᠦᠷ ᠤᠨ ᠤᠭᠤᠰᠤᠷ ᠢ ᠲᠠᠷᠤᠨ᠎ᠠ᠃ | ᠬᠤᠶᠢᠳᠤ ᠲᠡᠭᠡᠪᠦᠷ ᠤᠨ ᠬᠦᠯ ᠤᠨ ᠬᠤᠶᠠᠷ ᠲᠠᠷᠤᠭᠤᠯᠭ᠎ᠠ ᠶᠢ ᠰᠢᠭᠤᠳ ᠵᠢᠰᠢᠬᠦᠦ ᠲᠠᠳᠠᠵᠤ᠂ ᠬᠠᠨ᠎ᠠ ᠶᠢᠨ | ᠰᠢᠬᠢᠷ᠎ᠡ ᠠᠴᠠ ᠪᠠᠬᠢᠯᠡᠭᠡᠳ᠂ ᠬᠤᠭᠤᠯᠠᠢ ᠶᠢᠨ ᠨᠢᠬᠡ ᠤᠭᠤᠰᠤᠷ᠂ ᠰᠤᠮᠤ ᠶᠢᠨ ᠬᠤᠶᠠᠷ ᠤᠭᠤᠰᠤᠷ ᠢ ᠵᠡᠬᠦᠨ ᠲᠠᠯ᠎ᠠ | ᠶᠢᠨ ᠬᠢ ᠶᠢ ᠪᠠᠷᠠᠭᠤᠨ ᠡᠮᠦᠨᠡᠰᠢ᠂ ᠪᠠᠷᠠᠭᠤᠨ ᠲᠠᠯ᠎ᠠ ᠶᠢᠨ ᠬᠢ ᠶᠢ ᠵᠡᠬᠦᠨ ᠡᠮᠦᠨᠡᠰᠢ ᠵᠦᠷᠢᠬᠦᠯᠡᠨ ᠲᠠᠳᠠᠵᠤ ᠬᠠᠨ᠎ᠠ | ᠶᠢᠨ ᠰᠢᠬᠢᠷ᠎ᠡ ᠳᠤ ᠤᠶᠠᠭᠠᠳ᠂ ᠦᠵᠦᠬᠦᠷ ᠢ ᠨᠢ ᠲᠡᠭᠡᠭᠰᠢ ᠠᠪᠴᠢᠷᠠᠵᠤ ᠲᠤᠤᠷᠠᠳᠤ ᠪᠦᠰᠡᠯᠡᠬᠦᠷ ᠲᠤ ᠵᠠᠩᠬᠢᠳᠤᠨ᠎ᠠ᠃ | ᠢᠩᠬᠢᠬᠦ ᠳᠤ ᠲᠤᠭᠤᠨᠤ ᠲᠤᠳᠤᠭᠤ ᠶᠢᠨ ᠲᠤᠮᠳᠠ ᠦᠯᠵᠡᠢ ᠵᠠᠩᠬᠢᠶ᠎ᠠ ᠬᠡᠯᠪᠡᠷᠢ ᠭᠠᠷᠳᠠᠭ ᠪᠠᠶᠢᠨ᠎ᠠ᠃ ᠠᠷᠤ ᠶᠢᠨ | ᠲᠠᠷᠤᠭᠤᠯᠭ᠎ᠠ ᠴᠤ ᠮᠦᠨ ᠡᠨᠡ ᠠᠳᠠᠯᠢ ᠲᠠᠷᠤᠭᠳᠠᠨᠠ᠃ ᠬᠠᠮᠤᠭ ᠰᠡᠬᠦᠯ ᠳᠤᠨᠢ ᠡᠷᠦᠬᠡ ᠪᠠᠨ ᠲᠠᠯᠪᠢᠨ᠎ᠠ᠃ ᠡᠷᠦᠬᠡ | ᠪᠤᠯ ᠲᠤᠭᠤᠨᠤ ᠶᠢ ᠪᠦᠳᠡᠭᠡᠬᠦ ᠠᠮᠠ ᠲᠦᠷᠪᠡᠯᠵᠢᠨ ᠢᠰᠡᠭᠡᠢ ᠶᠤᠮ᠃ ᠡᠷᠦᠬᠡ ᠶᠢᠨ ᠲᠦᠷᠪᠡᠨ ᠲᠠᠯ᠎ᠠ ᠶᠢ ᠬᠢᠯᠭᠠᠰᠤᠨ | ᠲᠡᠭᠡᠰᠦ ᠪᠠᠷ ᠵᠡᠭᠡᠭᠯᠡᠵᠦ ᠬᠤᠮᠤᠶᠢᠯᠭᠠᠨ ᠤᠶᠤᠭᠰᠠᠨ ᠪᠠᠶᠢᠳᠠᠭ ᠲᠤᠯᠠ ᠪᠦᠳᠡᠭᠡᠬᠦ ᠳᠤ ᠬᠦᠮᠦᠷᠭᠡᠨ ᠪᠤᠯᠤᠨ᠎ᠠ᠃ | ᠡᠷᠦᠬᠡ ᠶᠢ ᠭᠡᠷ ᠤᠨ ᠮᠠᠩᠯᠠᠢ ᠬᠡᠮᠡᠨ ᠶᠡᠬᠡᠳᠡ ᠬᠦᠨᠳᠦᠳᠭᠡᠵᠦ᠂ ᠪᠠᠭᠤᠯᠭᠠᠬᠤ ᠳᠠᠭᠠᠨ ᠬᠦᠮᠦᠨ ᠤ ᠬᠦᠯ ᠠᠴᠠ ᠵᠠᠶᠢᠰ | ᠲᠠᠯᠪᠢᠵᠤ᠂ ᠨᠡᠬᠦᠬᠦ ᠳᠡᠭᠡᠨ ᠬᠤᠰᠢᠭᠤᠯᠵᠢᠨ ᠬᠡᠯᠪᠡᠷᠢ ᠲᠠᠢ ᠡᠪᠭᠡᠭᠡᠳ᠂ ᠲᠦᠷᠦᠬᠦᠦ ᠲᠡᠷᠭᠡᠨ ᠤ ᠪᠠᠨ ᠲᠡᠭᠡᠷ᠎ᠡ ᠲᠠᠯ᠎ᠠ | ᠳᠤ ᠲᠡᠭᠡᠭᠡᠵᠦ ᠶᠠᠪᠤᠨ᠎ᠠ᠃ ᠲᠡᠭᠡᠬᠦᠷ ᠨᠢ ᠠᠯᠬᠤᠵᠤ ᠬᠢᠰᠬᠢᠳᠡᠭ ᠦᠬᠡᠢ᠃ ᠡᠷᠦᠬᠡ ᠶᠢ ᠲᠠᠯᠪᠢᠬᠤ ᠳᠠᠭᠠᠨ ᠡᠷᠦᠬᠡ | ᠶᠢᠨ ᠨᠤᠭᠤᠯᠤᠭᠠᠰᠤ ᠶᠢ ᠲᠤᠭᠤᠨᠤ ᠶᠢᠨ ᠭᠡᠴᠡ ᠲᠠᠢ ᠵᠡᠷᠭᠡᠴᠡᠬᠦᠯᠵᠦ᠂ ᠲᠦᠷᠪᠡᠨ ᠦᠨᠴᠦᠭ ᠢ ᠨᠢ ᠲᠦᠷᠪᠡᠨ ᠵᠦᠭ | ᠲᠤ ᠠᠰᠯᠠᠭᠤᠯᠤᠨ᠂ ᠵᠡᠬᠦᠨ᠂ ᠪᠠᠷᠠᠭᠤᠨ᠂ ᠬᠤᠶᠢᠨᠠᠬᠢ ᠭᠤᠷᠪᠠᠨ ᠦᠨᠴᠦᠭ ᠤᠨ ᠤᠭᠤᠰᠤᠷ ᠢ ᠮᠦᠨ ᠲᠡᠷᠡ ᠴᠢᠭ | ᠲᠤᠨᠢ ᠲᠠᠳᠠᠵᠤ᠂ ᠪᠦᠰᠡᠯᠡᠬᠦᠷ ᠲᠤ ᠰᠤᠯᠪᠢᠴᠠᠭᠤᠯᠤᠨ ᠬᠠᠪᠴᠢᠭᠤᠯᠤᠭᠠᠳ᠂ ᠬᠠᠨ᠎ᠠ ᠶᠢᠨ ᠰᠢᠬᠢᠷ᠎ᠡ ᠠᠴᠠ ᠪᠠᠬᠢᠯᠡᠨ | ᠤᠶᠠᠭᠰᠠᠨ ᠤ ᠲᠠᠷᠠᠭ᠎ᠠ ᠦᠵᠦᠬᠦᠷ ᠢ ᠨᠢ ᠪᠤᠴᠠᠭᠠᠨ ᠠᠪᠴᠢᠷᠠᠵᠤ᠂ ᠲᠤᠮᠳᠠ ᠪᠦᠰᠡᠯᠡᠬᠦᠷ ᠲᠤ ᠡᠷᠪᠡᠬᠡᠢ ᠬᠡᠯᠪᠡᠷᠢ | ᠭᠠᠷᠭᠠᠨ ᠵᠠᠩᠬᠢᠳᠤᠨ᠎ᠠ᠃ ᠡᠮᠦᠨ᠎ᠡ ᠲᠠᠯ᠎ᠠ ᠶᠢᠨ ᠤᠭᠤᠰᠤᠷ ᠢ ᠡᠷᠦᠬᠡ ᠰᠡᠬᠦᠭᠡᠰᠦᠳᠡᠢ ᠦᠶᠡᠰ ᠬᠤᠶᠢᠰᠢ ᠲᠠᠳᠠᠵᠤ᠂ | ᠲᠤᠮᠳᠠ ᠪᠦᠰᠡᠯᠡᠬᠦᠷ ᠠᠴᠠ ᠬᠦᠪᠦᠷᠭᠡᠢ ᠵᠠᠩᠬᠢᠳᠴᠤ ᠲᠠᠯᠪᠢᠬᠤ ᠪᠠ ᠡᠷᠦᠬᠡ ᠪᠦᠳᠡᠭᠡᠬᠦ ᠦᠶ᠎ᠡ ᠳᠤ ᠡᠬᠦᠳᠡᠨ ᠤ ᠵᠡᠬᠦᠨ | ᠲᠠᠯ᠎ᠠ ᠳᠤ ᠲᠤᠮᠳᠠ ᠪᠦᠰᠡᠯᠡᠬᠦᠷ ᠠᠴᠠ ᠬᠦᠪᠦᠷᠭᠡᠢ ᠵᠠᠩᠬᠢᠳᠤᠨ᠎ᠠ᠃ ᠡᠷᠦᠬᠡ ᠲᠠᠳᠠᠬᠤ ᠪᠠ ᠪᠦᠳᠡᠬᠡᠬᠦ ᠳᠤ ᠨᠠᠷᠠᠨ ᠵᠦᠭ | ᠢᠶᠠᠷ ᠶᠠᠭ ᠨᠢᠬᠡ ᠪᠦᠳᠦᠨ ᠡᠷᠬᠢᠬᠦᠯᠵᠦ ᠲᠠᠳᠠᠨ᠎ᠠ᠃ ᠭᠡᠷ ᠢᠶᠠᠨ ᠪᠠᠷᠢᠵᠤ ᠪᠠᠷᠠᠪᠠᠯ ᠲᠤᠯᠭ᠎ᠠ ᠪᠠᠨ ᠲᠤᠯᠤᠨ᠎ᠠ᠃ | ᠴᠢᠬᠳᠠᠭ᠎ᠠ ᠶᠢ ᠲᠤᠷᠤᠭᠰᠢ ᠡᠭᠴᠡ ᠤᠨᠵᠢᠭᠤᠯᠤᠨ᠂ ᠲᠤᠭᠤᠨᠤ ᠶᠢᠨ ᠭᠤᠤᠯ ᠴᠡᠭ ᠢᠶᠠᠷ ᠭᠤᠯᠤᠮᠳᠠ ᠶᠢᠨ ᠴᠡᠭ ᠢ | ᠲᠤᠭᠳᠠᠭᠠᠵᠤ ᠪᠤᠯᠳᠠᠭ᠃ ᠲᠠᠶᠢᠹᠤᠰᠧᠴᠤᠳ ᠤᠨ ᠤᠯᠠᠩᠬᠢ ᠨᠢ ᠲᠦᠷᠪᠡᠨ ᠬᠦᠯ ᠲᠦᠷᠪᠡᠨ ᠬᠠᠰᠠᠭ ᠲᠠᠢ ᠰᠢᠷᠡᠮᠦᠨ | ᠲᠤᠯᠭ᠎ᠠ ᠭᠡᠷᠡᠭᠯᠡᠵᠦ ᠪᠠᠶᠢᠭᠰᠠᠨ ᠶᠤᠮ᠃ ᠲᠤᠯᠭ᠎ᠠ ᠶᠢᠨ ᠲᠦᠷᠪᠡᠨ ᠬᠦᠯ ᠨᠢ ᠪᠠᠷᠠᠭᠤᠨ ᠡᠮᠦᠨ᠎ᠡ᠂ ᠪᠠᠷᠠᠭᠤᠨ | ᠬᠤᠶᠢᠨ᠎ᠠ᠂ ᠵᠡᠬᠦᠨ ᠬᠤᠶᠢᠨ᠎ᠠ᠂ ᠵᠡᠬᠦᠨ ᠡᠮᠦᠨ᠎ᠡ ᠵᠦᠭ ᠲᠤ ᠬᠠᠨᠳᠤᠵᠤ᠂ ᠤᠴᠤᠭ ᠢ ᠡᠷᠭᠡᠪᠰᠢ ᠲᠡᠭᠰᠢ ᠪᠠᠶᠢᠯᠭᠠᠨ᠎ᠠ᠃ | ᠲᠤᠯᠭ᠎ᠠ ᠬᠠᠵᠠᠶᠢᠪᠠᠯ ᠭᠤᠯᠤᠮᠳᠠ ᠬᠠᠵᠠᠶᠢᠭᠰᠠᠨ ᠶᠠᠪᠤᠳᠠᠯ ᠬᠡᠮᠡᠨ ᠬᠠᠵᠠᠶᠢᠬᠤ ᠶᠢ ᠴᠡᠭᠡᠷᠯᠡᠨ᠎ᠡ ᠂ ᠢᠯᠠᠩᠭᠤᠶ᠎ᠠ | ᠡᠬᠦᠳᠡᠨ ᠵᠦᠭ ᠬᠠᠵᠠᠶᠢᠬᠤ ᠶᠢ ᠤᠨᠴᠠ ᠴᠡᠭᠡᠷᠯᠡᠨ᠎ᠡ ᠃ ᠲᠤᠯᠭ᠎ᠠ ᠪᠠᠨ ᠲᠠᠯᠪᠢᠪᠠᠯ ᠲᠤᠯᠭ᠎ᠠ ᠶᠢᠨ ᠬᠦᠷᠢᠶ᠎ᠡ ᠶᠢ | ᠰᠠᠭᠤᠯᠭᠠᠭᠠᠳ ᠲᠡᠪᠢᠰᠭᠡᠷ ᠰᠢᠷᠢᠳᠡᠭ ᠢᠶᠠᠨ ᠲᠡᠪᠢᠰᠦᠨ᠎ᠡ᠃ ᠡᠪᠤᠯ ᠤᠨ ᠴᠠᠭ ᠲᠤ ᠭᠡᠷ ᠲᠤᠳᠤᠷ᠎ᠠ ᠪᠠᠰᠠ ᠲᠠᠯᠲᠠ | ᠬᠠᠩᠵᠤ ᠪᠠᠷᠢᠵᠤ ᠲᠤᠯᠠᠭᠠᠯᠠᠵᠤ ᠪᠤᠯᠳᠠᠭ᠃ ᠰᠢᠷᠢᠳᠡᠭ ᠢ ᠮᠦᠨ ᠬᠦ᠋ ᠡᠬᠦᠳᠡ ᠠᠳᠠᠯᠢ ᠭᠤᠶᠤ ᠰᠠᠶᠢᠬᠠᠨ ᠬᠡ | ᠭᠠᠷᠭᠠᠵᠤ ᠰᠢᠷᠢᠵᠦ ᠬᠢᠨ᠎ᠡ᠃ ᠲᠤᠮᠤ ᠭᠡᠷ ᠲᠤ ᠨᠠᠢᠮᠠᠨ ᠰᠢᠷᠳᠡᠭ ᠲᠡᠪᠢᠰᠳᠡᠭ᠃ ᠡᠨᠡ ᠨᠢ ᠲᠦᠷᠪᠡᠨ ᠲᠦᠷᠪᠡᠯᠵᠢᠨ᠂ | ᠲᠦᠷᠪᠡᠨ ᠬᠤᠰᠢᠭᠤᠯᠵᠢᠨ ᠰᠢᠷᠢᠳᠡᠭ ᠪᠤᠯᠤᠨ᠎ᠠ᠃ ᠤᠷᠢᠳᠠᠪᠠᠷ ᠭᠤᠤᠯ ᠤᠨ ᠰᠢᠷᠢᠳᠡᠭ ᠢᠶᠠᠨ ᠲᠡᠪᠢᠰᠴᠦ᠂ ᠲᠠᠷᠠᠭ᠎ᠠ | ᠨᠢ ᠵᠡᠬᠦᠨ ᠪᠠᠷᠠᠭᠤᠨ ᠲᠠᠯ᠎ᠠ ᠶᠢᠨ ᠬᠢᠭᠡᠳ ᠱᠠᠯᠠ ᠶᠢᠨ ᠰᠢᠷᠢᠳᠡᠭ ᠢᠶᠠᠨ ᠲᠡᠪᠢᠰᠦᠭᠡᠳ᠂ ᠲᠡᠳᠡᠭᠡᠷ ᠤᠨ ᠵᠠᠪᠰᠠᠷ ᠲᠤ | ᠬᠤᠰᠢᠭᠤᠯᠵᠢᠨ ᠰᠢᠷᠢᠳᠡᠭ ᠢᠶᠠᠨ ᠰᠢᠭᠰᠢᠭᠯᠡᠵᠦ ᠲᠡᠪᠢᠰᠦᠨ᠎ᠡ᠃ ᠱᠠᠯᠠ ᠶᠢᠨ ᠮᠤᠳᠤ ᠲᠠᠢ ᠭᠡᠷ ᠲᠤ ᠱᠠᠯᠠ ᠶᠢᠨ | ᠰᠢᠷᠢᠳᠡᠭ ᠲᠡᠪᠢᠰᠬᠦ ᠦᠬᠡᠢ᠃ ᠪᠠᠭ᠎ᠠ ᠭᠡᠷ ᠲᠤ ᠪᠤᠯ ᠲᠤᠭᠤᠷᠢᠭᠤᠯᠭ᠎ᠠ ᠭᠡᠮᠡᠬᠦ ᠲᠦᠷᠪᠡᠨ ᠰᠢᠷᠢᠳᠡᠭ ᠲᠡᠪᠢᠰᠦᠨ᠎ᠡ᠃ | ᠲᠤᠭᠤᠷᠢᠭᠤᠯᠭ᠎ᠠ ᠪᠤᠯ ᠲᠤᠭᠤᠷᠢᠭ ᠢ ᠲᠦᠷᠪᠡ ᠬᠤᠪᠢᠶᠠᠵᠤ ᠭᠤᠯᠤᠮᠳᠠ ᠶᠢᠨ ᠭᠡᠰᠡᠭ ᠢ ᠡᠰᠬᠡᠵᠦ ᠠᠪᠤᠭᠰᠠᠨ ᠮᠠᠶ᠋ᠢᠭ | ᠤᠨ ᠲᠡᠪᠢᠰᠭᠡᠷ ᠶᠤᠮ᠃ ᠲᠦᠷᠪᠡᠨ ᠲᠠᠯ᠎ᠠ ᠳᠤ ᠲᠤᠰ ᠪᠦᠷᠢ ᠨᠢᠬᠡ ᠶᠢ ᠲᠡᠪᠢᠰᠬᠦ ᠳᠤ ᠠᠮᠠ ᠨᠢ ᠶᠠᠭ ᠲᠦᠷᠪᠡᠨ | ᠦᠨᠴᠦᠭ ᠲᠡᠭᠡᠨ ᠨᠡᠶᠢᠯᠡᠨ᠎ᠡ᠃ ᠱᠠᠯᠠ ᠲᠠᠢ ᠭᠡᠷ ᠲᠤ ᠡᠬᠦᠳᠡᠨ ᠲᠠᠯ᠎ᠠ ᠶᠢᠨ ᠲᠡᠪᠢᠰᠭᠡᠷ ᠲᠡᠪᠢᠰᠬᠦ ᠦᠬᠡᠢ᠃ | ᠰᠢᠷᠢᠳᠡᠭ ᠢ ᠡᠷᠭᠡᠪᠰᠢ ᠵᠦᠪ ᠲᠠᠯ᠎ᠠ ᠪᠠᠷ ᠨᠢ ᠲᠡᠪᠢᠰᠦᠨ᠎ᠡ᠃ ᠴᠢᠨᠡᠭᠡᠯᠢᠭ ᠠᠶᠢᠯ ᠪᠤᠯ ᠰᠢᠷᠢᠳᠡᠭ ᠲᠡᠭᠡᠷ᠎ᠡ ᠪᠠᠨ | ᠤᠯᠪᠤᠭ ᠪᠤᠶᠤ ᠭᠡᠪᠢᠰ ᠵᠤᠵᠠᠭᠠᠯᠠᠵᠤ ᠭᠤᠶᠤᠯᠠᠭᠰᠠᠨ ᠪᠠᠶᠢᠳᠠᠭ᠃ ᠰᠡᠬᠦᠯᠳᠡᠵᠦ ᠢᠷᠡᠭᠡᠳ ᠠᠵᠤ ᠠᠮᠢᠳᠤᠷᠠᠯ ᠤᠨ | ᠰᠢᠯᠳᠠᠭᠠᠨ ᠠᠴᠠ ᠪᠤᠯᠤᠭᠠᠳ᠂ ᠰᠢᠷᠢᠳᠡᠭ ᠤᠨ ᠤᠷᠤᠨ ᠳᠤ ᠢᠰᠡᠭᠡᠢ ᠲᠡᠪᠢᠰᠬᠦ ᠪᠤᠯᠤᠭᠰᠠᠨ ᠪᠠ ᠶᠠᠳᠠᠭᠤ ᠠᠶᠢᠯ ᠨᠢ | ᠰᠢᠷ᠎ᠠ ᠢᠰᠡᠭᠡᠢ᠂ ᠲᠤᠷᠤᠰᠬ᠎ᠠ ᠲᠡᠪᠢᠰᠦᠭᠰᠡᠨ ᠴᠤ ᠪᠠᠶᠢᠵᠤ᠂ ᠡᠰᠡᠬᠦᠯ᠎ᠡ ᠱᠠᠯᠠ ᠶᠢ ᠪᠦᠷ ᠲᠡᠪᠢᠰᠭᠡᠷᠯᠡᠬᠦ ᠦᠬᠡᠢ | ᠬᠠᠯᠴᠠᠭᠠᠢ ᠤᠷᠬᠢᠳᠠᠭ ᠪᠤᠯᠵᠠᠢ᠃ ᠭᠡᠷ ᠲᠤ ᠬᠤᠶᠢᠮᠤᠷ ᠠᠴᠠ ᠪᠠᠷᠠᠭᠤᠨ ᠲᠠᠯ᠎ᠠ ᠲᠡᠰᠢ ᠡᠷᠡᠭᠳᠡᠢ ᠬᠦᠮᠦᠨ ᠤ ᠭᠡᠷᠡᠭᠰᠡᠯ | ᠂ ᠵᠡᠬᠦᠨ ᠲᠠᠯ᠎ᠠ ᠲᠡᠰᠢ ᠡᠮᠡᠭᠳᠡᠢ ᠬᠦᠮᠦᠨ ᠤ ᠭᠡᠷᠡᠭᠰᠡᠯ ᠢ ᠲᠠᠯᠪᠢᠨ᠎ᠠ᠃ ᠡᠨᠡ ᠨᠢ ᠬᠡᠷ ᠪᠦᠯᠢ ᠶᠢᠨ ᠠᠵᠢᠯ ᠤᠨ | ᠬᠤᠪᠢᠶᠠᠷᠢ ᠠᠴᠠ ᠪᠤᠯᠤᠭᠰᠠᠨ ᠭᠡᠳᠡᠭ᠃ ᠮᠦᠨ ᠡᠨᠡ ᠵᠢᠷᠤᠮ ᠢ ᠮᠦᠷᠳᠡᠵᠦ᠂ ᠬᠤᠶᠢᠮᠤᠷ ᠲᠤ ᠤᠷᠤ ᠶᠢᠨ ᠰᠢᠷᠡᠭᠡ | ᠪᠠᠨ ᠲᠠᠯᠪᠢᠭᠠᠳ ᠲᠡᠭᠡᠷ᠎ᠡ ᠨᠢ ᠤᠷᠤ ᠲᠡᠪᠢᠰᠭᠡᠷ᠂ ᠬᠤᠪᠴᠠᠰᠤ ᠬᠤᠨᠠᠷ ᠢᠶᠠᠨ ᠬᠤᠷᠢᠶᠠᠳᠠᠭ᠃ ᠬᠡᠬᠦ ᠳᠡᠭᠡᠨ ᠵᠠᠭᠠᠮ᠎ᠠ | ᠵᠠᠬ᠎ᠠ ᠶᠢ ᠪᠠᠷᠠᠭᠤᠨᠰᠢ ᠬᠠᠨᠳᠤᠭᠤᠯᠵᠤ ᠬᠤᠷᠢᠶᠠᠨ᠎ᠠ᠃ ᠲᠠᠶᠢᠹᠤᠰᠧᠴᠤᠳ ᠰᠠᠭᠤᠷᠢᠰᠢᠨ ᠨᠤᠳᠤᠭᠯᠠᠭᠰᠠᠨ ᠠᠴᠠ | ᠬᠤᠶᠢᠰᠢ ᠤᠷᠤ ᠶᠢᠨ ᠰᠢᠷᠡᠭᠡ ᠪᠤᠶᠤ ᠶᠡᠭᠡ ᠤᠷᠤᠨ ᠲᠠᠢ ᠠᠶᠢᠯ ᠤᠯᠠᠨ ᠪᠤᠯᠵᠠᠢ᠃ ᠪᠠᠷᠠᠭᠤᠨ ᠬᠤᠶᠢᠳᠤ ᠲᠠᠯ᠎ᠠ ᠪᠤᠯ | ᠪᠤᠷᠬᠠᠨ ᠤ ᠤᠷᠤ ᠪᠤᠯᠤᠨ᠎ᠠ᠃ ᠠᠳᠡ ᠪᠤᠷᠬᠠᠨ ᠤ ᠠᠪᠳᠠᠷ᠎ᠠ ᠪᠤᠶᠤ ᠰᠢᠷᠡᠭᠡ᠂ ᠲᠡᠬᠦᠨ ᠤ ᠲᠡᠭᠡᠷ᠎ᠡ ᠬᠦᠩᠭᠠᠷᠸ᠎ᠠ᠂ | ᠲᠠᠯᠠᠯᠭ᠎ᠠ ᠶᠢᠨ ᠰᠠᠭᠤᠯᠠᠭ᠎ᠠ᠂ ᠨᠤᠮ ᠰᠤᠳᠤᠷ ᠵᠡᠷᠭᠡ ᠶᠢ ᠲᠠᠯᠪᠢᠨ᠎ᠠ᠃ ᠭᠡᠷ ᠤᠨ ᠪᠠᠷᠠᠭᠤᠨ ᠲᠠᠯ᠎ᠠ ᠶᠢᠨ ᠠᠪᠳᠠᠷ᠎ᠠ ᠳᠤ | ᠭᠡᠷ ᠤᠨ ᠡᠵᠡᠨ ᠤ ᠭᠡᠷᠡᠭᠯᠡᠬᠦ ᠵᠤᠳᠤᠭ ᠱᠤᠳᠠᠭ᠂ ᠱᠠᠭ᠎ᠠ ᠰᠢᠳᠠᠷ᠎ᠠ᠂ ᠪᠢᠴᠢᠭ ᠤᠨ ᠭᠡᠷᠡᠭᠰᠡᠯ ᠢ ᠬᠢᠬᠦ ᠪᠦᠬᠡᠳ ᠫᠤᠤ | ᠰᠤᠮᠤ᠂ ᠢᠯᠳᠦ ᠰᠡᠯᠡᠮ᠎ᠡ ᠮᠡᠳᠦ ᠶᠢᠨ ᠵᠡᠷ ᠵᠡᠪᠰᠡᠭ ᠤᠨ ᠵᠦᠢᠯ ᠪᠠᠶᠢᠪᠠᠯ ᠲᠡᠬᠦᠨ ᠤ ᠲᠡᠭᠡᠷ᠎ᠡ ᠢᠷ ᠦᠵᠦᠬᠦᠷ ᠢ ᠨᠢ | ᠭᠠᠳᠠᠭᠰᠢ ᠬᠠᠨᠳᠤᠭᠤᠯᠤᠨ ᠬᠠᠨ᠎ᠠ ᠶᠢᠨ ᠲᠤᠯᠤᠭᠠᠢ ᠠᠴᠠ ᠡᠯᠬᠦᠨ᠎ᠡ᠃ ᠲᠡᠬᠦᠨ ᠠᠴᠠ ᠲᠤᠷᠤᠭᠰᠢ ᠠᠶᠢᠷᠠᠭ ᠤᠨ ᠭᠠᠩ | ᠢ ᠲᠠᠯᠪᠢᠵᠤ᠂ ᠪᠠᠷᠠᠭᠤᠨ ᠡᠮᠦᠨ᠎ᠡ ᠦᠨᠴᠦᠭ ᠲᠤ ᠡᠮᠡᠬᠡᠯ ᠬᠠᠵᠠᠭᠠᠷ ᠨᠤᠭᠳᠤ ᠴᠢᠳᠦᠷ ᠵᠡᠷᠭᠡ ᠮᠤᠷᠢᠨ ᠤ ᠡᠳ᠋ᠯᠡᠯ ᠢ | ᠲᠠᠯᠪᠢᠨ᠎ᠠ᠃ ᠵᠠᠷᠢᠮ ᠠᠶᠢᠯ ᠠᠴᠠ ᠱᠤᠩ ᠪᠤᠰᠬᠠᠵᠤ᠂ ᠡᠮᠡᠬᠡᠯ ᠢ ᠤᠨᠤᠭᠤᠯᠵᠤ ᠲᠠᠯᠪᠢᠬᠤ ᠪᠠ ᠵᠠᠷᠢᠮ ᠠᠶᠢᠯ ᠨᠢ | ᠬᠠᠨ᠎ᠠ ᠶᠢᠨ ᠲᠤᠯᠤᠭᠠᠢ ᠠᠴᠠ ᠭᠤᠬ᠎ᠠ ᠲᠠᠢ ᠰᠤᠷ ᠲᠠᠳᠠᠵᠤ᠂ ᠲᠡᠬᠦᠨ ᠳᠡᠭᠡᠨ ᠤᠨᠤᠭᠤᠯᠵᠤ ᠡᠯᠬᠦᠬᠦ ᠴᠤ ᠪᠤᠢ᠃ | ᠭᠡᠬᠦ ᠳᠡᠭᠡᠨ ᠵᠠᠪᠠᠯ ᠡᠮᠦᠨ᠎ᠡ ᠪᠦᠬᠦᠷᠭᠡ ᠶᠢ ᠡᠮᠦᠨᠡᠰᠢ ᠬᠠᠨᠳᠤᠭᠤᠯᠵᠤ ᠲᠠᠯᠪᠢᠬᠤ ᠪᠦᠬᠡᠳ ᠬᠦᠰᠡᠷ ᠲᠠᠯᠪᠢᠪᠠᠯ ᠡᠮᠦᠨ᠎ᠡ | ᠪᠦᠬᠦᠷᠭᠡ ᠶᠢ ᠲᠡᠭᠡᠭᠰᠢ ᠨᠢ᠂ ᠰᠠᠭᠤᠳᠠᠯ ᠢ ᠬᠤᠶᠢᠳᠤ ᠵᠦᠭ ᠲᠤ ᠬᠠᠨᠳᠤᠭᠤᠯᠵᠤ ᠲᠠᠯᠪᠢᠨ᠎ᠠ᠃ ᠬᠠᠵᠠᠭᠠᠷ ᠨᠤᠭᠳᠤ᠂ | ᠴᠢᠳᠤᠷ ᠲᠤᠱᠠ᠂ ᠮᠤᠷᠢᠨ ᠤ ᠬᠤᠰᠤᠭᠤᠷ ᠵᠡᠷᠭᠡ ᠶᠢ ᠪᠠᠷᠠᠭᠤᠨ ᠬᠠᠭᠠᠯᠭᠠᠨ ᠤ ᠠᠷᠤ ᠶᠢᠨ ᠬᠠᠨ᠎ᠠ ᠶᠢᠨ ᠲᠤᠯᠤᠭᠠᠢ | ᠳᠤ ᠪᠤᠶᠤ ᠬᠠᠨ᠎ᠠ ᠶᠢᠨ ᠲᠤᠯᠤᠭᠠᠢ ᠠᠴᠠ ᠲᠡᠬᠦᠵᠢᠯᠡᠭᠰᠡᠨ ᠮᠠᠬᠢᠷ ᠮᠤᠳᠤᠨ ᠡᠯᠬᠦᠬᠦᠷ ᠲᠤ ᠲᠤᠯᠤᠭᠠᠢ ᠶᠢ ᠨᠢ ᠲᠡᠭᠡᠭᠰᠢ᠂ | ᠬᠠᠮᠠᠷ ᠢ ᠨᠢ ᠭᠤᠯᠤᠮᠳᠠ ᠵᠦᠭ ᠬᠠᠨᠳᠤᠭᠤᠯᠤᠨ ᠡᠯᠬᠦᠨ᠎ᠡ᠃ ᠵᠡᠬᠦᠨ ᠬᠤᠶᠢᠨᠠᠬᠢ ᠠᠪᠳᠠᠷ᠎ᠠ ᠳᠤ ᠡᠵᠡᠭᠳᠡᠢ ᠶᠢᠨ | ᠲᠦᠷᠪᠡᠨ ᠴᠠᠭ ᠤᠨ ᠬᠤᠪᠴᠠᠰᠤ ᠭᠤᠶᠤᠯ᠂ ᠵᠠᠰᠠᠯ ᠵᠢᠮᠰᠡᠭ᠂ ᠦᠢᠯᠡ ᠤᠳᠠᠰᠤᠨ ᠤ ᠵᠦᠢᠯ ᠢ ᠬᠢᠨ᠎ᠡ᠃ ᠲᠡᠬᠦᠨ | ᠠᠴᠠ ᠲᠤᠷᠤᠭᠰᠢ᠂ ᠵᠡᠬᠦᠨ ᠡᠮᠦᠨ᠎ᠡ ᠵᠦᠭ ᠤᠨ ᠬᠠᠭᠠᠰ ᠢ ᠡᠵᠡᠯᠡᠬᠦᠯᠵᠦ ᠡᠷᠬᠢᠬᠦᠯ ︵ᠡᠷᠬᠢᠨᠡᠭ︶ ᠲᠠᠯᠪᠢᠳᠠᠭ᠃ | ᠡᠷᠬᠢᠬᠦᠯ ᠤᠨ ᠲᠤᠤᠷᠠᠳᠤ ᠲᠠᠰᠤᠯᠪᠤᠷᠢ ᠳᠤ ᠲᠤᠭᠤᠭ᠎ᠠ᠂ ᠰᠠᠭᠤᠯᠠᠭ᠎ᠠ᠂ ᠬᠦᠨᠦᠭ᠂ ᠤᠭᠤᠷ ᠰᠦᠭᠡ ᠵᠡᠷᠭᠡ ᠶᠢ | ᠲᠠᠯᠪᠢᠵᠤ᠂ ᠲᠤᠮᠳᠠ ᠲᠠᠰᠤᠯᠪᠤᠷᠢ ᠳᠤ ᠸᠠᠭᠠᠷ ᠫᠧᠩᠰᠡ᠂ ᠰᠦ ᠰᠠᠭᠠᠯᠢ᠂ ᠲᠠᠪᠤᠷᠡ ᠲᠤᠮᠪᠤ ᠵᠡᠷᠭᠡ ᠶᠢ ᠲᠠᠯᠪᠢᠬᠤ | ᠪᠦᠬᠡᠳ ᠲᠡᠭᠡᠷ᠎ᠡ ᠲᠡᠭᠳᠡᠷ ᠲᠤ ᠠᠶᠠᠭ᠎ᠠ ᠰᠢᠨᠠᠭ᠎ᠠ᠂ ᠲᠡᠪᠰᠢ ᠲᠠᠪᠠᠭ᠂ ᠬᠤᠰᠤᠭᠤᠷ ᠱᠦᠬᠦᠷ᠂ ᠵᠤᠤᠯᠢ ᠱᠦᠬᠦᠯᠳᠡ | ᠵᠡᠷᠭᠡ ᠭᠡᠷᠡᠭᠰᠡᠯ ᠢ ᠲᠠᠯᠪᠢᠳᠠᠭ᠃ ᠭᠡᠷᠪᠡ ᠰᠢᠨᠠᠭ᠎ᠠ᠂ ᠬᠤᠰᠤᠭᠤᠷ᠂ ᠵᠤᠤᠯᠢ ᠵᠡᠷᠭᠡ ᠶᠢ ᠡᠯᠬᠦᠬᠦ ᠳᠤ ᠬᠦᠷᠪᠡᠯ᠂ ᠨᠢᠭᠤᠷ | ᠢ ᠨᠢ ᠭᠤᠯᠤᠮᠳᠠ ᠵᠦᠭ ᠬᠠᠨᠳᠤᠭᠤᠯᠵᠤ ᠡᠯᠬᠦᠨ᠎ᠡ᠃ ᠰᠠᠪᠬ᠎ᠠ ᠶᠢ ᠬᠤᠪᠳᠤ ᠭᠡᠮᠡᠬᠦ ᠵᠢᠭᠠᠬᠠᠨ ᠮᠤᠳᠤᠨ ᠰᠠᠪᠠᠨ ᠳᠤ | ᠬᠢᠵᠦ ᠬᠠᠨ᠎ᠠ ᠶᠢᠨ ᠲᠤᠯᠤᠭᠠᠢ ᠠᠴᠠ ᠡᠯᠬᠦᠳᠡᠭ᠃ ᠵᠡᠬᠦᠨ ᠡᠮᠦᠨ᠎ᠡ ᠬᠤᠷᠮᠤᠢ ᠳᠤ ᠤᠰᠤᠨ ᠤ ᠰᠠᠭᠤᠯᠠᠭ᠎ᠠ᠂ ᠠᠷᠭᠠᠯ | ᠤᠨ ᠬᠠᠶᠢᠷᠴᠠᠭ᠂ ᠭᠠᠯ ᠤᠨ ᠬᠠᠶᠢᠴᠢ ᠰᠢᠯᠡᠭᠡᠪᠦᠷ᠂ ᠦᠨᠡᠰᠦᠨ ᠤ ᠤᠳᠬᠤᠭᠤᠷ᠂ ᠨᠤᠬᠠᠷ ᠶᠢᠨ ᠴᠠᠷ᠎ᠠ ᠵᠡᠷᠭᠡ | ᠵᠦᠢᠯᠡᠰ ᠢ ᠲᠠᠯᠪᠢᠬᠤ ᠪᠦᠭᠡᠳ ᠵᠤᠨ ᠤ ᠴᠠᠭ ᠲᠤ ᠪᠠᠰᠠ ᠰᠢᠪᠠᠷ ᠵᠤᠤᠬ᠎ᠠ ᠪᠠᠷᠢᠵᠤ ᠲᠤᠭᠤᠭᠠᠯᠠᠳᠠᠭ ᠶᠤᠮ᠃ ᠲᠦᠯ | ᠤᠨ ᠦᠶ᠎ᠡ ᠳᠤ ᠭᠡᠷ ᠤᠨ ᠵᠡᠬᠦᠨ ᠡᠮᠦᠨ᠎ᠡ᠂ ᠪᠠᠷᠠᠭᠤᠨ ᠡᠮᠦᠨ᠎ᠡ ᠬᠤᠶᠠᠷ ᠬᠤᠷᠮᠤᠢ ᠶᠢ ᠵᠠᠶᠢᠴᠢᠯᠠᠵᠤ᠂ ᠨᠢᠯᠬ᠎ᠠ ᠲᠤᠭᠤᠯ | ᠬᠤᠷᠠᠭ᠎ᠠ ᠪᠠᠨ ᠤᠶᠠᠵᠤ ᠬᠠᠰᠢᠳᠠᠭ ᠪᠠᠶᠢᠪᠠ᠃ ᠲᠠᠶᠢᠹᠤᠰᠧ ᠨᠤᠳᠤᠭ ᠲᠤ ᠲᠦᠬᠦᠷᠡᠩ ᠪᠠᠷᠠᠭ᠎ᠠ ᠲᠠᠢ ᠭᠡᠷ ᠭᠡᠳᠡᠭ ᠨᠢ | ᠲᠦᠷᠪᠡᠨ ᠱᠦᠬᠦᠢ ︵ᠬᠤᠷᠭᠤ︶ ᠪᠠ ᠬᠤᠶᠠᠷ ᠭᠤᠯᠳᠤ ᠲᠠᠯᠪᠢᠭᠰᠠᠨ ᠭᠡᠷ ᠢ ᠬᠡᠯᠡᠨ᠎ᠡ᠃ ᠡᠰᠡᠬᠦᠯ᠎ᠡ ᠲᠦᠷᠪᠡᠨ | ᠱᠦᠬᠦᠢ ᠶᠢ ᠪᠠᠷᠠᠭᠤᠨ ᠡᠮᠦᠨ᠎ᠡ᠂ ᠪᠠᠷᠠᠭᠤᠨ ᠬᠤᠶᠢᠨ᠎ᠠ᠂ ᠵᠡᠬᠦᠨ ᠬᠤᠶᠢᠨ᠎ᠠ᠂ ᠵᠡᠬᠦᠨ ᠡᠮᠦᠨ᠎ᠡ ᠪᠠᠨ ᠨᠢᠭᠤᠷᠯᠠᠭᠤᠯᠤᠨ | ᠲᠠᠯᠪᠢᠭᠰᠠᠨ ᠪᠤᠯ ᠮᠦᠨ ᠪᠠᠷᠠᠭ᠎ᠠ ᠰᠠᠶᠢᠳᠠᠢ ᠳᠤ ᠲᠤᠭᠠᠴᠠᠭᠳᠠᠨ᠎ᠠ᠃ |