ᠤᠯᠠᠮᠵᠢᠯᠠᠯᠳᠤ ᠵᠢᠷᠤᠭ ᠣᠷᠠᠯᠠᠯ —  ᠴᠠᠭᠠᠰᠤᠨ ᠬᠠᠶᠢᠴᠢᠯᠠᠮᠠᠯ
ᠨᠡᠶᠢᠲᠡᠯᠡᠭᠰᠡᠨ ᠴᠠᠭ᠄
2024/1/4
   ᠴᠠᠭᠠᠰᠤᠨ ᠬᠠᠶᠢᠴᠢᠯᠠᠮᠠᠯ ᠢ ᠪᠠᠰᠠ ᠴᠠᠭᠠᠰᠤᠨ ᠰᠡᠶᠢᠯᠦᠮᠡᠯ ᠬᠡᠳᠡᠭ᠃  ᠴᠦᠨ ᠴᠢᠦ ᠪᠠᠶᠢᠯᠳᠤᠭᠠᠨᠳᠤ ᠤᠯᠤᠰ ᠤᠨ ᠦᠶ᠎ᠡ ᠳᠤ ᠡᠬᠦᠰᠴᠦ᠂  ᠲᠤᠮᠳᠠᠳᠤ ᠤᠯᠤᠰ ᠤᠨ ᠬᠢᠳᠠᠳ ᠦᠨᠳᠦᠰᠦᠳᠡᠨ ᠤ ᠲᠤᠮᠳᠠ ᠬᠤᠶᠠᠷ ᠮᠢᠩᠭᠠᠭᠠᠳ ᠵᠢᠯ ᠤᠯᠠᠮᠵᠢᠯᠠᠭᠳᠠᠭᠰᠠᠨ ᠨᠢᠬᠡ ᠵᠦᠢᠯ ᠤᠨ ᠠᠷᠠᠳ ᠤᠨ ᠤᠷᠠᠯᠢᠭ ᠪᠤᠯᠤᠨ᠎ᠠ᠃  ᠭᠠᠵᠠᠷ ᠤᠷᠤᠨ ᠢᠶᠠᠷ ᠨᠢ  ᠡᠮᠦᠨᠡᠳᠦ ᠤᠷᠤᠨ ᠤ  ᠬᠠᠶᠢᠴᠢᠯᠠᠮᠠᠯ ᠪᠠ ᠤᠮᠠᠷᠠᠳᠤ ᠤᠷᠤᠨ ᠤ ᠬᠠᠶᠢᠴᠢᠯᠠᠮᠠᠯ ᠬᠡᠵᠦ ᠬᠤᠶᠠᠷ ᠬᠤᠪᠢᠶᠠᠨ᠂ ᠡᠮᠦᠨᠡᠳᠦ ᠤᠷᠤᠨ ᠤ ᠬᠢᠨᠢ ᠬᠤᠪᠸᠢ᠂ ᠭᠤᠸᠠᠩᠳᠦ᠋ᠩ᠂ ᠹᠦᠵᠢᠶᠠᠨ ᠤ ᠴᠠᠭᠠᠰᠤᠨ ᠬᠠᠶᠢᠴᠢᠯᠠᠮᠠᠯ ᠢᠶᠠᠷ ᠭᠤᠤᠯ ᠪᠤᠯᠭᠠᠵᠤ᠂  ᠤᠮᠠᠷᠠᠳᠤ ᠤᠷᠤᠨ ᠤ ᠬᠢᠨᠢ ᠱᠠᠨ ᠰᠢ᠂  ᠱᠠᠨᠰᠢ᠂ ᠾᠧᠪᠸᠢ᠂ ᠱᠠᠨᠳᠦ᠋ᠩ ᠤᠨ ᠴᠠᠭᠠᠰᠤᠨ ᠬᠠᠶᠢᠴᠢᠯᠠᠮᠠᠯ ᠢᠶᠠᠷ ᠲᠦᠯᠦᠭᠡᠯᠡᠭᠴᠢ ᠪᠤᠯᠭᠠᠳᠠᠭ᠃      ᠲᠠᠶᠢᠹᠤᠰᠧ ᠬᠤᠰᠢᠭᠤᠨ ᠤ ᠴᠠᠭᠠᠰᠤᠨ ᠬᠠᠶᠢᠴᠢᠯᠠᠮᠠᠯ ᠤᠨ ᠤᠷᠠᠯᠢᠭ ᠨᠢ ᠠᠳᠡ ᠰᠠᠭᠤᠷᠢᠰᠢᠭᠰᠠᠨ ᠬᠢᠳᠠᠳ ᠠᠷᠠᠳ ᠤᠨ ᠲᠤᠮᠳᠠ ᠠᠴᠠ ᠢᠷᠡᠯ ᠲᠠᠢ ᠪᠠᠶᠢᠵᠤ᠂  ᠤᠷᠤᠨ ᠨᠤᠳᠤᠭ ᠤᠨ ᠰᠤᠶᠤᠯ ᠤᠨ ᠤᠨᠴᠠᠯᠢᠭ ᠪᠠ ᠬᠦᠴᠦᠨ ᠵᠦᠢᠯ ᠢ ᠠᠭᠤᠰᠬᠠᠭᠰᠠᠨ ᠪᠠᠶᠢᠳᠠᠭ᠃ ᠲᠤᠬᠠᠶᠢᠯᠠᠪᠠᠯ᠂ ᠭᠡᠳᠦᠨ ᠵᠠᠭᠤᠨ ᠵᠢᠯ ᠤᠨ ᠡᠮᠦᠨ᠎ᠡ ᠱᠠᠨ ᠰᠢ᠂ ᠱᠠᠨᠰᠢ᠂ ᠾᠧᠪᠸᠢ᠂ ᠱᠠᠨᠳᠦ᠋ᠩ ᠵᠡᠷᠭᠡ ᠭᠠᠵᠠᠷ ᠤᠷᠤᠨ ᠠᠴᠠ ᠶᠡᠭᠡ ᠬᠡᠮᠵᠢᠶᠡᠨ ᠤ ᠨᠡᠬᠦᠳᠡᠯ ᠢᠷᠭᠡᠳ ᠠᠳᠡ ᠢᠷᠡᠵᠦ  ᠨᠤᠳᠤᠭᠰᠢᠨ ᠲᠠᠷᠢᠶᠠᠯᠠᠬᠤ ᠳᠤ ᠬᠢᠳᠠᠳ ᠤᠷᠤᠨ ᠤ ᠰᠤᠶᠤᠯ  ᠤᠷᠠᠯᠢᠭ  ᠎ ᠤᠨ ᠵᠠᠷᠢᠮ ᠵᠦᠢᠯᠡᠰ ᠴᠤ ᠲᠠᠶᠢᠹᠤᠰᠧ ᠨᠤᠳᠤᠭ ᠲᠤ  ᠲᠠᠭᠠᠯᠳᠤᠨ ᠤᠷᠤᠵᠤ ᠢᠷᠡᠵᠡᠢ᠃ ᠴᠠᠭᠠᠰᠤᠨ ᠬᠠᠶᠢᠴᠢᠯᠠᠮᠠᠯ  ᠪᠤᠯ ᠲᠡᠬᠦᠨ ᠤ ᠲᠤᠳᠤᠷᠠᠬᠢ ᠨᠢᠬᠡ ᠨᠢ  ᠪᠠᠶᠢᠵᠤ᠂ ᠬᠢᠳᠠᠳ ᠢᠷᠭᠡᠳ ᠤᠨ ᠲᠤᠮᠳᠠ ᠦᠶ᠎ᠡ  ᠲᠠᠮᠵᠢᠨ ᠤᠯᠠᠮᠵᠢᠯᠠᠭᠳᠠᠵᠤ ᠦᠨᠦᠳᠦᠷ ᠲᠤ ᠬᠦᠷᠦᠭᠰᠡᠨ ᠪᠠᠶᠢᠨ᠎ᠠ᠃      ᠴᠠᠭᠠᠰᠤᠨ ᠬᠠᠶᠢᠴᠢᠯᠠᠮᠠᠯ ᠪᠤᠯ ᠬᠢᠳᠠᠳ ᠢᠷᠭᠡᠳ ᠤᠨ ᠡᠩᠬᠡ ᠵᠢᠷᠭᠠᠯᠳᠤ ᠠᠮᠢᠳᠤᠷᠠᠯ  ᠂ ᠰᠠᠶᠢᠨ ᠰᠠᠶᠢᠬᠠᠨ ᠢᠷᠡᠭᠡᠳᠦᠢ ᠪᠠᠨ  ᠪᠡᠯᠭᠡᠳᠡᠵᠦ᠂ ᠤᠷᠠᠨ ᠭᠠᠷ ᠤᠷ᠎ᠠ ᠤᠬᠠᠭᠠᠨ ᠢᠶᠠᠷ ᠢᠶᠠᠨ  ᠪᠦᠳᠦᠭᠡᠭᠰᠡᠨ ᠦᠨᠢ  ᠤᠷᠳᠤ ᠶᠢᠨ ᠤᠯᠠᠮᠵᠢᠯᠠᠯ ᠲᠠᠢ ᠠᠷᠠᠳ ᠤᠨ ᠤᠷᠠᠯᠢᠭ ᠤᠨ ᠨᠢᠬᠡ  ᠪᠤᠯᠤᠨ᠎ᠠ᠃ ᠴᠠᠭᠠᠰᠤᠨ ᠬᠠᠶᠢᠴᠢᠯᠠᠮᠠᠯ ᠤᠨ ᠦᠨᠳᠦᠰᠦᠨ ᠬᠠᠶᠢᠴᠢᠯᠠᠬᠤ ᠠᠷᠭ᠎ᠠ  ᠎ ᠳᠤ ᠴᠠᠭᠠᠰᠤ ᠪᠠᠨ ᠨᠤᠭᠤᠯᠵᠤ ᠬᠠᠶᠢᠴᠢᠯᠠᠬᠤ᠂  ᠬᠠᠪᠳᠠᠭᠠᠢ ᠪᠠᠷ ᠬᠠᠶᠢᠴᠢᠯᠠᠵᠤ ᠰᠡᠶᠢᠯᠬᠦ ᠵᠡᠷᠭᠡ ᠮᠠᠰᠢ ᠠᠷᠪᠢᠨ ᠠᠷᠭ᠎ᠠ ᠮᠡᠷᠭᠡᠵᠢᠯ ᠪᠠᠶᠢᠳᠠᠭ  ᠃  ᠲᠦᠬᠦᠮᠬᠡᠨ ᠵᠢᠷᠤᠭ ᠲᠦᠷᠰᠦ ᠶᠢ ᠪᠤᠯ ᠰᠢᠭᠤᠳ ᠬᠠᠶᠢᠴᠢ ᠎ ᠪᠠᠷ ᠬᠠᠶᠢᠴᠢᠯᠠᠪᠠᠯ ᠪᠤᠯᠴᠢᠬᠠᠨ᠎ᠠ᠂  ᠪᠤᠳᠤᠯᠢᠶᠠᠨᠳᠠᠢ  ᠵᠢᠷᠤᠭ ᠲᠦᠷᠰᠦ ᠶᠢ ᠬᠠᠶᠢᠴᠢᠯᠠᠬᠤ ᠳᠤ ᠶᠡᠷᠦ ᠳᠡᠭᠡᠨ ᠰᠡᠶᠢᠯᠦᠬᠦᠷ ᠬᠢᠳᠤᠭ᠎ᠠ ᠭᠡᠷᠡᠭᠯᠡᠨ᠎ᠡ᠃ ᠰᠡᠶᠢᠯᠬᠦ ᠠᠴᠠ ᠪᠠᠨ ᠡᠮᠦᠨ᠎ᠡ ᠡᠷᠭᠡᠪᠰᠢ ᠵᠢᠷᠤᠭᠰᠠᠨ ᠡᠭᠡ ᠵᠢᠷᠤᠭ ᠢᠶᠠᠨ ᠪᠡᠯᠡᠳᠭᠡᠭᠰᠡᠨ ᠴᠠᠭᠠᠰᠤᠨ ᠲᠡᠭᠡᠷ᠎ᠡ ᠲᠠᠯᠪᠢᠵᠤ᠂  ᠲᠦᠷᠪᠡᠨ ᠦᠨᠴᠦᠭ ᠢ ᠨᠢ ᠰᠠᠶᠢᠳᠤᠷ ᠪᠠᠬᠢᠯᠡᠨ ᠲᠤᠭᠳᠠᠭᠠᠵᠤ  ᠵᠢᠷᠤᠭᠠᠳ᠂  ᠵᠢᠷᠤᠭ ᠤᠨ ᠨᠢᠭᠤᠷ ᠤᠨ ᠪᠠᠶᠢᠷᠢᠰᠢᠯ ᠢᠶᠠᠨ ᠲᠤᠭᠳᠠᠭᠠᠵᠤ᠂  ᠰᠡᠶᠢᠯᠬᠦ ᠦᠶ᠎ᠡ ᠳᠡᠭᠡᠨ ᠵᠢᠷᠤᠭ ᠤᠨ ᠲᠤᠮᠳᠠ ᠭᠡᠰᠡᠭ ᠠᠴᠠ  ᠡᠬᠢᠯᠡᠨ᠂  ᠤᠷᠢᠳᠠᠪᠠᠷ  ᠨᠠᠷᠢᠯᠢᠭ ᠭᠡᠰᠡᠭ ᠢ ᠰᠡᠶᠢᠯᠵᠦ᠂  ᠬᠠᠮᠤᠭ ᠰᠡᠬᠦᠯ ᠳᠤᠨᠢ ᠵᠠᠬ᠎ᠠ ᠶᠢ ᠎ ᠨᠢ ᠬᠠᠶᠢᠴᠢᠯᠠᠳᠠᠭ᠃           ᠴᠠᠭᠠᠰᠤᠨ ᠬᠠᠶᠢᠴᠢᠯᠠᠮᠠᠯ ᠨᠢ ᠠᠷᠠᠳ ᠤᠨ ᠰᠤᠶᠤᠯ ᠤᠷᠠᠯᠢᠭ ᠤᠨ ᠬᠦᠭᠵᠢᠯᠳᠡ ᠶᠢᠨ ᠲᠡᠦᠬᠡᠨ ᠳᠠᠬᠢ ᠴᠢᠬᠤᠯᠠ  ᠪᠦᠷᠢᠯᠳᠦᠬᠦᠨ ᠭᠡᠰᠡᠭ ᠪᠤᠯᠤᠨ᠎ᠠ᠃ ᠲᠡᠷᠡ  ᠎ ᠨᠢ ᠬᠦᠳᠡᠯᠮᠦᠷᠢᠴᠢᠨ ᠠᠷᠠᠳ ᠲᠦᠮᠡᠨ ᠤ ᠬᠦᠨ ᠵᠤᠵᠠᠭᠠᠨ ᠠᠮᠢᠳᠤᠷᠠᠯ ᠤᠨ ᠬᠦᠷᠦᠰᠦ ᠰᠢᠷᠤᠢ ᠳᠤ ᠦᠨᠳᠦᠰᠦᠯᠡᠵᠦ᠂  ᠬᠦᠮᠦᠰ ᠤᠨ ᠭᠤᠸ᠎ᠠ ᠰᠠᠶᠢᠬᠠᠨ ᠤ ᠦᠵᠡᠯᠳᠡ ᠪᠠ ᠤᠶᠤᠨ ᠰᠠᠨᠠᠭᠠᠨ ᠤ ᠲᠦᠷᠰᠦ ᠪᠠᠶᠢᠳᠠᠯ ᠢ ᠬᠠᠷᠠᠭᠤᠯᠳᠠᠭ ᠢᠶᠠᠷ ᠢᠯᠡ  ᠲᠤᠳᠤ ᠤᠷᠠᠯᠢᠭ ᠤᠨ ᠤᠨᠴᠠᠯᠢᠭ ᠪᠠ ᠠᠮᠢᠳᠤᠷᠠᠯ ᠤᠨ ᠦᠨᠦᠷ ᠠᠮᠳᠠᠳᠠᠢ᠂ ᠲᠡᠦᠬᠡ ᠰᠤᠶᠤᠯ ᠪᠠ ᠭᠤᠸ᠎ᠠ ᠲᠠᠭᠠᠰᠢᠶᠠᠯ ᠤᠨ ᠦᠨ᠎ᠡ ᠦᠷᠳᠡᠭ ᠲᠠᠢ ᠪᠠᠶᠢᠳᠠᠭ᠃ ᠴᠠᠭᠠᠰᠤᠨ ᠬᠠᠶᠢᠴᠢᠯᠠᠮᠠᠯ ᠨᠢ ᠦᠩᠬᠡ ᠪᠦᠷᠢ ᠶᠢᠨ ᠴᠠᠭᠠᠰᠤ ᠬᠢᠭᠡᠳ ᠬᠠᠶᠢᠴᠢ᠂ ᠰᠡᠶᠢᠯᠦᠬᠦᠷ ᠬᠢᠳᠤᠭ᠎ᠠ᠂ ᠰᠡᠶᠢᠯᠬᠦ ᠲᠡᠪᠢᠰᠬᠡᠷ ᠵᠡᠷᠭᠡ ᠮᠠᠲ᠋ᠧᠷᠢᠶᠠᠯ ᠪᠠ ᠪᠠᠭᠠᠵᠢ ᠭᠡᠷᠡᠭᠰᠡᠯ ᠳᠤ ᠲᠦᠰᠢᠭᠯᠡᠨ᠂ ᠲᠦᠷᠰᠦ ᠪᠦᠳᠦᠭᠡᠬᠦ ᠲᠠᠯᠠᠪᠠᠷ ᠴᠢᠯᠦᠬᠡᠳᠡᠢ ᠪᠠᠶᠢᠵᠤ᠂ ᠲᠠᠪᠠᠭᠤᠯᠤᠯ᠂ ᠬᠡᠶᠢᠰᠪᠦᠷᠢᠯᠡᠯ᠂ ᠲᠦᠬᠦᠮᠴᠢᠯᠡᠯ ᠵᠡᠷᠭᠡ ᠤᠯᠠᠨ ᠵᠦᠢᠯ ᠤᠨ ᠠᠷᠭ᠎ᠠ  ᠪᠠᠷᠢᠯ ᠢ ᠭᠡᠷᠡᠭᠯᠡᠵᠦ ᠪᠤᠯᠳᠠᠭ᠃  ᠤᠯᠠᠮᠵᠢᠯᠠᠯᠳᠤ ᠴᠠᠭᠠᠰᠤᠨ ᠬᠠᠶᠢᠴᠢᠯᠠᠮᠠᠯ ᠤᠨ ᠢᠯᠡᠷᠡᠬᠦᠯᠬᠦ ᠠᠷᠭ᠎ᠠ ᠭᠡᠯᠪᠡᠷᠢ ᠮᠠᠰᠢ ᠠᠷᠪᠢᠨ᠂ ᠦᠷᠬᠦᠯᠵᠢ ᠲᠤᠬᠢᠶᠠᠯᠳᠤᠬᠤ ᠦᠨᠳᠦᠰᠦᠨ ᠬᠡᠯᠪᠡᠷᠢ ᠨᠢ ᠰᠡᠬᠦᠳᠡᠷᠯᠡᠨ ᠬᠠᠶᠢᠴᠢᠯᠠᠬᠤ᠂ ᠬᠦᠳᠦᠬᠦᠷ ᠰᠡᠶᠢᠯᠦᠮᠡᠯ᠂ ᠬᠤᠳᠤᠭᠤᠷ ᠰᠡᠶᠢᠯᠦᠮᠡᠯ᠂  ᠬᠦᠳᠦᠬᠦᠷ ᠬᠤᠳᠤᠭᠤᠷ ᠰᠡᠶᠢᠯᠦᠮᠡᠯ  ᠎ ᠢ ᠤᠶᠠᠯᠳᠤᠭᠤᠯᠬᠤ ᠵᠡᠷᠭᠡ ᠲᠦᠷᠰᠦ  ᠪᠦᠳᠦᠭᠡᠬᠦ ᠢᠯᠡᠳᠭᠡᠬᠦ  ᠠᠷᠭ᠎ᠠ ᠭᠡᠯᠪᠡᠷᠢ  ᠎ ᠨᠦᠭᠦᠳ ᠪᠠᠶᠢᠳᠠᠭ᠃   2015 ᠤᠨ ᠳᠤ ᠲᠠᠶᠢᠹᠤᠰᠧ ᠬᠤᠰᠢᠭᠤ ᠴᠠᠭᠠᠰᠤᠨ ᠰᠡᠶᠢᠯᠦᠮᠡᠯ ᠤᠷᠠᠯᠠᠬᠤ ᠮᠡᠷᠭᠡᠵᠢᠯ ᠢ ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ ᠪᠦᠷᠢᠳᠭᠡᠬᠦᠯᠵᠦ᠂  ᠯᠢ ᠵᠢᠦ᠋ᠨ ᠯᠠᠨ ᠤᠷᠤᠨ ᠤ ᠲᠡᠰ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃   ᠤᠯᠠᠮᠵᠢᠯᠠᠭᠴᠢ  ᠎ ᠶᠢᠨ ᠲᠤᠪᠴᠢ ᠲᠠᠨᠢᠯᠴᠠᠭᠤᠯᠭ᠎ᠠ᠄  ᠯᠢ ᠵᠢᠦ᠋ᠨ ᠯᠠᠨ᠂  ᠡᠮᠡᠭᠳᠡᠢ᠂  ᠬᠢᠳᠠᠳ ᠦᠨᠳᠦᠰᠦᠳᠡᠨ᠂ 1963 ᠤᠨ ᠳᠤ ᠲᠦᠷᠦᠪᠡ᠃  ᠲᠦᠪ ᠤᠨ ᠷᠠᠳᠢᠤ᠋ ᠲᠧᠯᠸᠢᠰ ᠶᠡᠭᠡ ᠰᠤᠷᠭᠠᠭᠤᠯᠢ ᠠᠴᠠ ᠲᠡᠬᠦᠰᠴᠦ᠂ 1984 ᠤᠨ ᠳᠤ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠳᠤ ᠨᠢᠬᠡ ᠵᠢᠯ ᠤᠨ ᠬᠤᠭᠤᠴᠠᠭ᠎ᠠ ᠲᠠᠢ ᠲᠠᠪᠳᠠᠨ ᠪᠤᠯᠪᠠᠰᠤᠷᠠᠵᠤ᠂ ᠤᠳᠤ ᠲᠠᠶᠢᠹᠤᠰᠧ ᠬᠤᠰᠢᠭᠤᠨ ᠤ ᠰᠤᠶᠤᠯ ᠤᠨ ᠤᠷᠳᠤᠨ ᠳᠤ ᠠᠵᠢᠯᠯᠠᠵᠤ ᠪᠤᠢ᠃  ᠪᠠᠯᠴᠢᠷ ᠪᠠᠭ᠎ᠠ ᠎ ᠠᠴᠠ ᠪᠠᠨ ᠵᠢᠷᠤᠭ ᠤᠷᠠᠯᠢᠭ  ᠎ ᠲᠤ  ᠪᠠᠭ᠋ᠠᠳᠠᠢ ᠪᠠᠶᠢᠵᠤ᠂ ᠤᠷᠠᠨ ᠪᠦᠳᠦᠭᠡᠯ ᠨᠢ ᠤᠷᠤᠨ ᠤ ᠲᠤᠳᠤᠷ᠎ᠠ ᠭᠠᠳᠠᠨᠠᠬᠢ ᠱᠠᠩᠨᠠᠯ ᠢ ᠤᠯᠠᠨ ᠤᠳᠠᠭ᠎ᠠ ᠲᠤᠰᠴᠤ ᠦᠩᠬᠡᠷᠡᠵᠡᠢ᠃ 14 ᠰᠠᠷ᠎ᠠ ᠭᠡᠷᠡᠭᠰᠡᠵᠦ ᠤᠷᠠᠯᠠᠨ  ᠪᠦᠳᠦᠭᠡᠭᠰᠡᠨ ᠲᠦᠯᠦᠬᠡᠯᠡᠬᠦ ᠴᠢᠨᠠᠷᠳᠠᠢ  ᠪᠦᠳᠦᠭᠡᠯ ︽ᠬᠠᠩᠰᠢ ᠶᠢᠨ ᠡᠳᠦᠷ ᠭᠤᠤᠯ  ᠎ ᠳᠤᠷ  ᠵᠤᠭᠠᠴᠠᠭᠰᠠᠨ ᠵᠢᠷᠤᠭ︾  ᠎ ᠨᠢ ᠤᠷᠳᠤ  ᠎ ᠪᠠᠷ ᠢᠶᠠᠨ 6 ᠮᠧᠲᠷ  ᠂ ᠦᠷᠭᠡᠨ ᠨᠢ 0.5 ᠮᠧᠲᠷ ᠪᠠᠶᠢᠵᠤ᠂  ᠤᠯᠠᠨ ᠤᠳᠠᠭ᠎ᠠ ᠶᠢᠨ ᠲᠤᠮᠤ ᠤᠷᠤᠯᠳᠤᠭᠠᠨ ᠳᠤ ᠱᠠᠩᠨᠠᠯ ᠬᠦᠷᠳᠡᠭᠰᠡᠨ ᠪᠦᠬᠡᠳ ᠵᠤᠬᠢᠶᠠᠭᠴᠢ ᠨᠢ  ︽ᠲᠠᠶᠢᠹᠤᠰᠧ ᠬᠤᠰᠢᠭᠤᠨ ᠤ ᠰᠤᠶᠤᠯ ᠤᠨ ᠨᠡᠷᠡᠳᠦ ᠬᠦᠮᠦᠰ︾  ᠎ ᠲᠤ ᠨᠡᠷ᠎ᠡ ᠲᠡᠮᠳᠡᠭᠯᠡᠭᠳᠡᠵᠦ᠂  ᠤᠷᠠᠯᠠᠭᠰᠠᠨ ᠪᠦᠳᠦᠭᠡᠯ ᠨᠢ ︽ᠲᠠᠶᠢᠹᠤᠰᠧ ᠤᠨ ᠦᠪ ᠰᠤᠶᠤᠯ︾ ᠰᠡᠳᠬᠦᠯ ᠳᠤ ᠲᠡᠬᠦᠪᠦᠷᠢᠯᠡᠭᠳᠡᠨ ᠤᠷᠤᠭᠰᠠᠨ ᠪᠠᠶᠢᠨ᠎ᠠ᠃  ᠡᠬᠦᠨ ᠤ ᠬᠠᠮᠳᠤ᠂ ᠬᠢᠳᠠᠳ ᠵᠢᠷᠤᠭ ︽ᠵᠡᠬᠦᠳᠦ︾᠎ ᠨᠢ ︽ᠲᠤᠮᠳᠠᠳᠤ ᠎ ᠶᠢᠨ ᠤᠷᠠᠯᠢᠭ ᠤᠨ ᠬᠦᠷᠢᠶᠡᠯᠡᠩ︾ ᠬᠡᠮᠡᠬᠦ ᠰᠤᠳᠤᠨ ᠪᠦᠳᠦᠭᠡᠯ ᠤᠨ ᠲᠡᠬᠦᠪᠦᠷᠢ ᠳᠤ ᠰᠤᠩᠭᠤᠭᠳᠠᠨ ᠤᠷᠤᠵᠤ᠂ ᠴᠠᠭᠠᠰᠤᠨ ᠬᠠᠶᠢᠴᠢᠯᠠᠮᠠᠯ  ︽ᠮᠠᠤ ᠽᠧ ᠳ᠋ᠦᠩ ᠬᠢᠭᠡᠳ ᠠᠷᠪᠠᠨ ᠶᠡᠭᠡ ᠮᠠᠷᠱᠠᠯ ᠤᠨ ᠬᠦᠷᠦᠭ︾  ᠎ ᠨᠢ  ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠬᠤᠶᠠᠳᠤᠭᠠᠷ ᠬᠤᠭᠤᠴᠠᠭᠠᠨ ᠤ ᠠᠷᠠᠳ ᠤᠨ ᠰᠤᠶᠤᠯ ᠤᠷᠠᠯᠢᠭ ᠤᠨ  ᠴᠢᠭᠤᠯᠭᠠᠨ ᠳᠤ ᠰᠢᠯᠢᠳᠡᠭ ᠪᠦᠳᠦᠭᠡᠯ ᠤᠨ ᠱᠠᠩᠨᠠᠯ ᠬᠦᠷᠳᠡᠭᠰᠡᠨ ᠪᠠᠶᠢᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号