ᠤᠯᠠᠮᠵᠢᠯᠠᠯᠳᠤ ᠵᠠᠩ ᠦᠢᠯᠡ —  ᠭᠤᠯᠤᠩᠬᠠᠢ ᠠᠪᠤᠭᠤᠯᠬᠤ
ᠨᠡᠶᠢᠲᠡᠯᠡᠭᠰᠡᠨ ᠴᠠᠭ᠄
2023/9/26
   ᠬᠠᠪᠤᠷ ᠮᠠᠯ ᠲᠦᠯᠯᠡᠬᠦ ᠦᠶ᠎ᠡ ᠳᠤ ᠲᠠᠷᠭᠤ ᠬᠦᠴᠦ ᠪᠠᠷ ᠪᠠᠷᠤᠭᠳᠠᠢ ᠡᠬᠡ ᠮᠠᠯ ᠨᠢ ᠦᠷ᠎ᠡ ᠲᠦᠯ ᠢᠶᠠᠨ ᠭᠤᠯᠤᠬᠤ ᠶᠠᠪᠤᠳᠠᠯ ᠵᠦᠩᠳᠡᠭᠡᠨ ᠭᠠᠷᠳᠠᠭ᠃ ᠭᠤᠯᠤᠭᠰᠠᠨ ᠮᠠᠯ   ᠨᠢ  ᠦᠷ᠎ᠡ ᠪᠠᠨ ᠬᠦᠬᠦᠬᠦᠯᠬᠦ ᠦᠬᠡᠢ ᠪᠦᠬᠡᠳ ᠮᠦᠷᠬᠦᠬᠦ᠂ ᠲᠡᠶᠢᠷᠦᠬᠦ ᠵᠡᠷᠭᠡ ᠪᠠᠷ  ᠠᠭᠠᠰᠢᠯᠠᠨ᠎ᠠ᠃  ᠲᠠᠶᠢᠹᠤᠰᠧ ᠮᠤᠩᠭᠤᠯᠴᠤᠳ ᠲᠦᠯ ᠶᠢᠨ ᠭᠤᠯᠤᠭᠰᠠᠨ ᠮᠠᠯ ᠳᠤ ᠭᠤᠤᠯᠳᠠᠭᠤ ᠰᠡᠳᠬᠢᠯ ᠢ ᠨᠢ ᠤᠶᠠᠷᠠᠭᠤᠯᠬᠤ ᠠᠷᠭ᠎ᠠ ᠪᠠᠷ ᠲᠦᠯ ᠢ ᠨᠢ ᠠᠪᠤᠭᠤᠯᠳᠠᠭ᠃  ᠵᠢᠱᠢᠶᠡᠯᠡᠪᠡᠯ᠂ ᠲᠠᠭᠤᠤ ᠲᠠᠭᠤᠯᠠᠬᠤ᠂  ᠬᠤᠭᠤᠷ ᠬᠤᠭᠤᠷᠳᠠᠬᠤ᠂ ᠶᠠᠳᠤᠭ᠎ᠠ ᠴᠢᠪᠬᠠᠳᠠᠬᠤ ᠮᠡᠳᠦ ᠠᠷᠭ᠎ᠠ ᠶᠢ ᠭᠡᠷᠡᠭᠯᠡᠨ᠎ᠡ᠃      ᠬᠤᠨᠢᠨ ᠤ ᠭᠤᠯᠤᠩᠬᠠᠢ ᠶᠢ ᠠᠪᠤᠭᠤᠯᠬᠤ ᠳᠤ ᠭᠤᠯᠤᠭᠰᠠᠨ ᠬᠤᠷᠠᠭ᠎ᠠ ᠲᠠᠢ ᠨᠢ ᠬᠠᠮᠳᠤ ᠬᠤᠷᠢᠵᠤ᠂ ᠤᠶᠠᠨ ᠨᠠᠮᠤᠭᠤᠨ ᠲᠠᠭᠤ ᠪᠠᠷ ︽ᠲᠤᠶᠢᠭ ᠲᠤᠶᠢᠭ ᠲᠤᠶᠢᠭ᠂᠂᠂᠂᠂᠂︾ ᠬᠡᠵᠦ ᠲᠤᠶᠢᠭ ᠤᠨ ᠲᠠᠭᠤᠤ ᠲᠠᠭᠤᠯᠠᠨ᠂ ︽ ᠲᠦᠦᠷ ᠲᠦᠦᠷ ᠲᠦᠦᠷ᠂᠂᠂᠂᠂᠂︾ ᠭᠡᠵᠦ ᠲᠠᠭᠤᠳᠠᠨ ᠠᠪᠤᠭᠤᠯᠳᠠᠭ᠂ ᠵᠠᠷᠢᠮ ᠳᠠᠭᠠᠨ ᠪᠠᠰᠠ ᠰᠢᠷᠦᠬᠦᠨ ᠠᠷᠭ᠎ᠠ ᠭᠡᠷᠡᠭᠯᠡᠵᠦ᠂ ᠨᠤᠬᠠᠢ ᠮᠤᠤᠷ ᠢᠶᠠᠷ ᠠᠶᠤᠯᠭᠠᠬᠤ ᠪᠤᠶᠤ ᠬᠦᠯ ᠢ ᠨᠢ ᠲᠤᠱᠠᠭᠠᠳ ᠮᠤᠳᠤ ᠲᠠᠰᠢᠭᠤᠷ ᠢᠶᠠᠷ ᠠᠶᠤᠯᠭᠠᠬᠤ ᠠᠷᠭ᠎ᠠ ᠠᠪᠤᠨ᠎ᠠ᠃  ᠵᠠᠷᠢᠮ ᠳᠠᠭᠠᠨ ᠬᠤᠷᠠᠭ᠎ᠠ ᠨᠢ ᠦᠬᠦᠭᠰᠡᠨ ᠬᠤᠨᠢᠨ ᠳᠤ ᠦᠭᠡᠷ᠎ᠡ  ᠬᠤᠷᠠᠭ᠎ᠠ ᠶᠢ ᠠᠪᠤᠭᠤᠯᠬᠤ ᠶᠠᠪᠤᠳᠠᠯ ᠲᠤᠬᠢᠶᠠᠯᠳᠤᠨ᠎ᠠ᠃  ᠡᠨᠡ  ᠦᠶᠡᠰ   ᠳᠤ ᠠᠪᠤᠭᠤᠯᠬᠤ ᠬᠤᠷᠠᠭᠠᠨ ᠤ ᠪᠡᠶ᠎ᠡ ᠲᠡᠭᠡᠷ᠎ᠡ ᠦᠬᠦᠭᠰᠡᠨ ᠬᠤᠷᠠᠭᠠᠨ  ᠤ ᠠᠷᠠᠰᠤ ᠶᠢ ᠨᠦᠮᠦᠷᠭᠡᠬᠦ ᠪᠤᠶᠤ  ᠰᠦ᠂ ᠲᠠᠪᠤᠰᠤ ᠲᠠᠢ ᠤᠰᠤ᠂ ᠬᠤᠵᠢᠷ ᠱᠤᠤ ᠲᠦᠷᠬᠢᠵᠦ ᠲᠤᠯᠢᠶᠠᠯᠭᠠᠬᠤ ᠪᠤᠶᠤ ᠵᠤᠩᠭᠠᠭ ᠢ ᠨᠢ  ᠲᠦᠷᠬᠢᠨ  ᠦᠨᠦᠷᠳᠦᠬᠦᠯᠵᠦ᠂ ᠦᠪᠡᠷ ᠠᠴᠠ ᠨᠢ ᠲᠦᠷᠦᠭᠰᠨᠨ ᠲᠦᠷᠦᠭᠳᠡᠯ ᠤᠷᠤᠭᠤᠯᠵᠤ ᠠᠪᠤᠭᠤᠯᠳᠠᠭ᠃      ᠢᠮᠠᠭ᠎ᠠ ᠶᠢ  ᠮᠦᠨ ᠬᠦ᠋ ᠵᠦᠬᠡᠯᠡᠨ ᠨᠠᠮᠤᠭᠤᠨ ᠲᠠᠭᠤ ᠪᠠᠷ ︽ᠴᠡᠭᠡᠭ ᠴᠡᠭᠡᠭ ᠴᠡᠭᠡᠭ᠂᠂᠂᠂᠂᠂᠂︾ ᠭᠡᠵᠦ ᠴᠡᠭᠡᠭ ᠤᠨ ᠲᠠᠭᠤᠤ ᠲᠠᠭᠤᠯᠠᠨ ᠠᠪᠤᠭᠤᠯᠤᠨ᠎ᠠ᠃       ᠦᠨᠢᠶ᠎ᠡ ᠶᠢ ᠪᠤᠯ ᠲᠤᠭᠤᠯ ᠲᠠᠢ ᠨᠢ ᠬᠠᠮᠳᠤ ᠬᠤᠷᠢᠵᠤ ᠪᠠᠶᠢᠭᠠᠳ  ︽ ᠦ ᠦ ᠦ᠂᠂᠂᠂᠂᠂︾ ᠬᠡᠵᠦ ᠦᠦᠪᠯᠡᠨ ᠲᠠᠭᠤᠯᠠᠵᠤ ᠠᠪᠤᠭᠤᠯᠬᠤ ᠪᠤᠶᠤ  ᠨᠤᠬᠠᠢ ᠶᠢ ᠭᠠᠰᠠᠯᠤᠭᠤᠯᠤᠨ ᠲᠠᠭᠤ ᠭᠠᠷᠭᠠᠵᠤ ᠠᠶᠤᠯᠭᠠᠨ  ᠠᠪᠤᠭᠤᠯᠤᠨ᠎ᠠ᠃ ᠪᠠᠰᠠ ᠦᠨᠢᠶᠡᠨ ᠤ ᠰᠠᠪᠠᠨ ᠳᠤ ᠲᠠᠪᠤᠰᠠᠩ ᠴᠢᠬᠢᠵᠦ ᠦᠯᠢᠶᠡᠨ  ᠲᠤᠮᠤᠷᠠᠭᠤᠯᠤᠭᠠᠳ᠂  ᠲᠤᠭᠤᠯ  ᠢ ᠨᠢ  ᠲᠠᠳᠠᠵᠤ ᠪᠠᠶᠢᠬᠤ  ᠮᠠᠶ᠋ᠢᠭᠳᠠᠢ  ᠭᠠᠷ ᠢᠶᠠᠨ ᠤᠷᠤᠭᠤᠯᠤᠨ ᠠᠭᠠᠵᠢᠮ ᠢᠶᠠᠷ  ᠲᠠᠳᠠᠵᠤ  ᠭᠠᠷᠭᠠᠮᠠᠭᠴᠠ ᠲᠤᠭᠤᠯ  ᠢ ᠨᠢ ᠦᠨᠦᠷᠳᠦᠬᠦᠯᠵᠦ  ᠠᠪᠤᠭᠤᠯᠳᠠᠭ᠃ ᠡᠨᠡ  ᠠᠷᠭ᠎ᠠ ᠨᠢ ᠡᠪ  ᠬᠠᠪᠤ ᠪᠠᠷ ᠪᠠᠷᠤᠭᠳᠠᠢ ᠪᠤᠯᠪᠠᠴᠤ ᠦᠷ᠎ᠡ ᠪᠦᠳᠦᠮᠵᠢ ᠪᠠᠷ ᠲᠤᠩ ᠰᠠᠶᠢᠨ ᠪᠠᠶᠢᠵᠤ᠂  ᠭᠤᠯᠤᠭᠰᠠᠨ ᠦᠨᠢᠶ᠎ᠡ  ᠪᠤᠰᠴᠤ ᠢᠷᠡᠮᠡᠭᠴᠡ ᠲᠤᠭᠤᠯ ᠢᠶᠠᠨ ᠡᠷᠢᠵᠦ ᠦᠨᠦᠷᠯᠡᠨ ᠲᠤᠯᠢᠶᠠᠭᠠᠳ ᠡᠬᠢᠯᠡᠳᠡᠭ᠃  ᠬᠠᠵᠠᠭᠤ ᠬᠠᠪᠢ ᠳᠤᠨᠢ ᠮᠤᠤᠷ ᠨᠤᠬᠠᠢ ᠪᠠᠶᠢᠯᠭᠠᠪᠠᠯ  ᠲᠤᠭᠤᠯ ᠢᠶᠠᠨ ᠬᠠᠷᠠᠮᠨᠠᠵᠤ ᠬᠠᠮᠠᠭᠠᠯᠠᠭᠠᠳ ᠠᠪᠬᠤ ᠨᠢ ᠤᠯᠠᠮ ᠲᠦᠷᠭᠡᠨ ᠪᠤᠯᠳᠠᠭ᠃     ᠠᠳᠤᠭᠤ ᠪᠤᠯ ᠶᠡᠷᠦᠳᠡᠭᠡᠨ ᠠᠶᠢᠯ ᠬᠤᠳᠠ ᠶᠢᠨ ᠲᠡᠷᠭᠡᠳᠡ ᠪᠠᠶᠢᠳᠠᠭ ᠦᠬᠡᠢ᠂ ᠬᠦᠳᠡᠭᠡ ᠭᠡᠭᠡᠷ᠎ᠡ ᠪᠡᠯᠴᠢᠭᠡᠷᠯᠡᠳᠡᠭ ᠪᠤᠯᠬᠤᠷ ᠭᠤᠯᠤᠬᠤ ᠨᠢ ᠴᠦᠬᠡᠨ᠃  ᠬᠠᠶᠠ  ᠨᠢᠬᠡ ᠭᠤᠯᠤᠭᠰᠠᠨ ᠭᠡᠬᠦᠦ ᠶᠢ ᠮᠦᠨ ᠬᠦ᠋ ᠲᠠᠭᠤᠤ  ᠬᠦᠭᠵᠢᠮ ᠰᠤᠨᠤᠰᠬᠠᠬᠤ ᠪᠤᠶᠤ ᠤᠶᠠᠵᠤ ᠴᠢᠳᠦᠷᠯᠡᠨ ᠬᠦᠬᠦᠬᠦᠯᠬᠦ᠂   ᠡᠰᠡᠬᠦᠯ᠎ᠡ  ᠡᠬᠡ ᠶᠢ ᠨᠢ ᠤᠨᠤᠵᠤ ᠲᠠᠪᠬᠢᠭᠠᠳ ᠰᠠᠶᠢᠨ ᠬᠦᠯᠦᠷᠡᠬᠦᠯᠪᠡᠯ ᠤᠨᠠᠭ᠎ᠠ ᠪᠠᠨ ᠠᠪᠴᠢᠬᠠᠳᠠᠭ᠃           ᠢᠩᠬᠡ ᠭᠤᠯᠤᠬᠤ ᠳᠤ ᠮᠤᠷᠢᠨ ᠬᠤᠭᠤᠷ᠂ ᠶᠠᠳᠤᠭ᠎ᠠ ᠶᠢᠨ ᠡᠭᠡᠰᠢᠭ ᠢ ᠰᠤᠨᠤᠰᠬᠠᠪᠠᠯ᠂ ᠤᠶᠠᠷᠠᠨ ᠬᠠᠶᠢᠯᠠᠵᠤ ᠨᠢᠯᠪᠤᠰᠤ ᠪᠠᠨ ᠠᠰᠠᠬᠠᠷᠠᠭᠤᠯᠤᠨ᠂ ᠭᠤᠯᠤᠭᠰᠠᠨ ᠪᠤᠳᠤᠭᠤ ᠪᠠᠨ ᠬᠦᠬᠦᠬᠦᠯᠵᠦ ᠠᠪᠳᠠᠭ᠃ ᠡᠨᠡ  ᠪᠤᠯ ᠰᠦ ᠬᠠᠶᠢᠷ᠎ᠠ  ᠪᠠᠷ ᠢᠪᠢᠯᠳᠡᠭ ᠶᠤᠰᠤᠨ ᠢ ᠬᠠᠷᠠᠭᠤᠯᠵᠤ ᠪᠠᠶᠢᠭ᠎ᠠ ᠶᠤᠮ᠃      ᠲᠠᠶᠢᠹᠤᠰᠧ ᠨᠤᠳᠤᠭ ᠲᠤ ᠤᠶᠠᠷᠠᠭᠤᠨ ᠡᠭᠡᠰᠢᠭᠯᠡᠩᠳᠦ  ᠲᠠᠭᠤᠤ  ᠬᠤᠭᠤᠷ ᠢᠶᠠᠷ ᠢᠶᠠᠨ ᠭᠤᠯᠤᠩᠬᠠᠢ  ᠮᠠᠯ ᠢ  ᠤᠶᠠᠰᠬᠠᠨ ᠠᠪᠤᠭᠤᠯᠳᠠᠭ  ᠠᠷᠠᠳ ᠤᠨ ᠲᠠᠭᠤᠴᠢᠨ ᠰᠤᠨᠤᠮᠨᠢᠮ᠎ᠠ᠂ ᠶᠠᠳᠤᠭᠠᠴᠢᠨ ᠷᠠᠰᠢᠯᠾᠦ᠋ᠩᠷᠤᠪ᠂ ᠯᠢᠮᠪᠤᠴᠢᠨ ᠴᠤᠶᠢᠷᠤᠭ᠂ ᠱᠠᠨᠵᠠᠴᠢᠨ ᠪᠠᠨᠽᠠᠷᠠᠭᠴᠠ ᠵᠡᠷᠭᠡ ᠰᠠᠶᠢᠨ ᠬᠦᠭᠵᠢᠮᠴᠢᠨ ᠲᠠᠭᠤᠴᠢᠨ ᠤᠯᠠᠨ ᠪᠠᠶᠢᠵᠠᠢ᠃  ᠲᠡᠳᠡ ᠭᠤᠯᠤᠭᠰᠠᠨ  ᠮᠠᠯ ᠢ ᠵᠠᠷᠢᠮ ᠳᠠᠭᠠᠨ ᠨᠢᠬᠡᠯᠡ ᠲᠠᠭᠤᠤ  ᠲᠠᠭᠤᠯᠠᠬᠤ ᠪᠤᠶᠤ ᠨᠢᠬᠡᠯᠡ ᠠᠶ᠎ᠠ ᠬᠦᠭᠵᠢᠮᠳᠡᠭᠡᠳ ᠲᠤᠤᠷ᠎ᠠ  ᠨᠢ ᠠᠪᠤᠭᠤᠯᠵᠤ᠂  ᠬᠠᠶᠠ  ᠨᠢᠬᠡ  ︽ᠬᠠᠳᠠᠭᠤ ᠰᠡᠳᠬᠢᠯ ᠲᠠᠢ︾ ᠵᠦᠷᠢᠬᠦᠳᠡ  ᠮᠠᠯ  ᠲᠤᠬᠢᠶᠠᠯᠳᠤᠬᠤ ᠳᠤ ᠲᠠᠭᠤᠤ ᠬᠤᠭᠤᠷ ᠨᠡᠶᠢᠯᠡᠬᠦᠯᠵᠦ ᠪᠠᠶᠢᠭᠠᠳ ᠲᠦᠳᠡᠯ ᠦᠬᠡᠢ ᠠᠪᠤᠭᠤᠯᠴᠢᠬᠠᠳᠠᠭ  ᠪᠠᠶᠢᠪᠠ᠃  ᠤᠳᠤ ᠴᠤ  ᠭᠡᠳ ᠬᠦᠨᠪᠤᠯᠠᠭ ᠰᠤᠮᠤᠨ ᠳᠤ ᠭᠤᠯᠤᠩᠬᠠᠢ ᠮᠠᠯ ᠢ ᠲᠠᠭᠤᠤ ᠲᠠᠭᠤᠯᠠᠵᠤ ᠠᠪᠤᠭᠤᠯᠳᠠᠭ ᠮᠠᠯᠴᠢᠳ ᠵᠦᠩᠳᠡᠭᠡᠨ ᠪᠤᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号