ᠤᠯᠠᠮᠵᠢᠯᠠᠯᠳᠤ ᠵᠠᠩ ᠦᠢᠯᠡ —  ᠠᠳᠤᠭᠤ ᠮᠠᠯ ᠢᠮᠨᠡᠵᠦ ᠲᠠᠮᠠᠭᠠᠯᠠᠬᠤ
ᠨᠡᠶᠢᠲᠡᠯᠡᠭᠰᠡᠨ ᠴᠠᠭ᠄
2023/8/16
    ᠮᠠᠯ ᠤᠨ ᠢᠮ ᠲᠠᠮᠠᠭ᠎ᠠ ᠪᠤᠯ ᠦᠪᠡᠷ ᠤᠨ ᠮᠠᠯ ᠰᠦᠷᠦᠭ ᠢᠶᠠᠨ ᠪᠤᠰᠤᠳ ᠤᠨ ᠬᠢ ᠠᠴᠠ  ᠢᠯᠭᠠᠨ ᠲᠠᠨᠢᠬᠤ ᠭᠠᠷ ᠲᠡᠮᠳᠡᠭ ᠪᠤᠯᠤᠨ᠎ᠠ᠃ ᠦᠬᠡᠷ᠂ ᠬᠤᠨᠢ᠂ ᠢᠮᠠᠭ᠎ᠠ ᠶᠢ ᠪᠤᠯ ᠢᠮᠨᠡᠵᠦ᠂ ᠠᠳᠤᠭᠤ ᠶᠢ ᠪᠤᠯ ᠢᠮᠨᠡᠬᠦ ᠦᠬᠡᠢ ᠲᠠᠮᠠᠭᠠᠯᠠᠳᠠᠭ ᠪᠠᠶᠢᠨ᠎ᠠ᠃ ᠤᠷᠢᠳᠤ ᠲᠡᠮᠡᠭᠡ ᠶᠢ ᠪᠠᠰᠠ ᠢᠮᠨᠡᠳᠡᠭ ᠪᠠᠶᠢᠯ᠎ᠠ ᠭᠡᠰᠡᠨ᠃ ᠮᠠᠯ ᠢ ᠨᠢᠯᠬ᠎ᠠ ᠳᠤᠨᠢ ᠢᠮᠨᠡᠨ᠎ᠡ᠂ ᠤᠴᠢᠷ ᠨᠢ ᠨᠢᠯᠬ᠎ᠠ ᠦᠶ᠎ᠡ ᠳᠡᠭᠡᠨ ᠴᠢᠬᠢᠨ ᠤ ᠮᠦᠬᠡᠷᠰᠦ ᠨᠢ ᠵᠦᠬᠡᠯᠡᠨ ᠲᠤᠯᠠ ᠴᠢᠰᠤ ᠭᠠᠷᠬᠤ ᠨᠢ ᠪᠠᠭ᠎ᠠ᠂  ᠡᠪᠡᠳᠦᠯᠬᠡ ᠪᠠᠭᠠᠳᠠᠢ  ᠪᠦᠬᠡᠳ ᠡᠳᠡᠭᠡᠷᠡᠬᠦ ᠨᠢ ᠲᠦᠷᠭᠡᠨ ᠪᠠᠶᠢᠳᠠᠭ᠃ ᠠᠶᠢᠯ ᠪᠤᠯᠭᠠᠨ ᠲᠤᠰ ᠲᠤᠰ ᠲᠠᠭᠠᠨ ᠢᠮ ᠲᠠᠢ ᠪᠠᠶᠢᠳᠠᠭ ᠲᠤᠯᠠ ᠢᠮ ᠤᠨ ᠲᠦᠷᠦᠯ ᠵᠦᠢᠯ ᠮᠠᠰᠢ ᠤᠯᠠᠨ᠃       ᠲᠠᠶᠢᠹᠤᠰᠧ ᠨᠤᠳᠤᠭ ᠲᠤ ᠤᠯᠠᠨ ᠬᠠᠷᠠᠭᠳᠠᠳᠠᠭ ᠢᠮ ᠪᠤᠯ᠄       ᠭᠠᠨᠵᠤᠭ᠎ᠠ ᠢᠮ — ᠴᠢᠬᠢᠨ ᠤ ᠠᠷᠤ ᠪᠤᠶᠤ ᠦᠪᠦᠷ ᠢ ᠲᠠᠭᠠᠭᠤᠯᠵᠤ ᠨᠠᠷᠢᠨ ᠡᠰᠭᠡᠭᠰᠡᠨ ᠢᠮ᠃       ᠴᠤᠭᠤᠯᠪᠤᠷᠢ ᠢᠮ — ᠴᠢᠬᠢᠨ ᠤ ᠭᠤᠤᠯ ᠢᠶᠠᠷ ᠡᠰᠬᠡᠵᠦ ᠰᠠᠯᠭᠠᠭᠰᠠᠨ ᠢᠮ᠃       ᠤᠬᠤᠮᠠᠯ ᠢᠮ — ᠴᠢᠬᠢᠨ ᠤ ᠠᠷᠤ ᠪᠤᠶᠤ ᠡᠮᠦᠨ᠎ᠡ ᠠᠴᠠ ᠬᠤᠷᠤᠭᠤᠨ ᠦᠨᠳᠡᠭᠡᠨ ᠬᠢᠷᠢ ᠤᠬᠤᠵᠤ ᠠᠪᠤᠭᠰᠠᠨ ᠢᠮ᠃       ᠴᠤᠭᠤᠯᠭ᠎ᠠ ᠢᠮ — ᠴᠢᠬᠢᠨ ᠤ ᠲᠡᠯᠪᠢ ᠳᠤ ᠨᠦᠬᠡ ᠭᠠᠷᠭᠠᠵᠤ ᠬᠠᠶᠢᠴᠢᠯᠠᠵᠤ ᠠᠪᠤᠭᠰᠠᠨ ᠪᠤᠶᠤ ᠴᠤᠷᠬᠢᠭᠰᠠᠨ ᠢᠮ᠃       ᠬᠦᠨᠳᠡᠯᠡᠨ ᠢᠮ — ᠴᠢᠬᠢᠨ ᠤ ᠠᠷᠤ ᠪᠤᠶᠤ ᠡᠮᠦᠨ᠎ᠡ ᠠᠴᠠ ᠬᠦᠨᠳᠡᠯᠡᠨ ᠡᠰᠭᠡᠭᠰᠡᠨ ᠢᠮ᠃       ᠲᠠᠭᠠᠷᠢᠩᠬᠠᠢ ᠢᠮ — ᠴᠢᠬᠢᠨ ᠤ ᠦᠵᠦᠬᠦᠷ ᠢ ᠶᠠᠯᠢᠬᠦᠢ ᠬᠠᠶᠢᠴᠢᠯᠠᠭᠰᠠᠨ ᠢᠮ᠃       ᠲᠤᠭᠤᠯ ᠢᠮ — ᠴᠢᠬᠢᠨ ᠤ ᠦᠵᠦᠬᠦᠷ ᠤᠨ ᠬᠠᠭᠠᠰ ᠢ ᠭᠤᠷᠪᠠᠯᠵᠢᠯᠠᠨ ᠡᠰᠬᠡᠵᠦ ᠠᠪᠤᠭᠰᠠᠨ ᠢᠮ᠃       ᠤᠨᠤᠭᠤ ᠢᠮ — ᠴᠢᠬᠢᠨ ᠤ ᠦᠵᠦᠬᠦᠷ ᠠᠴᠠ ᠬᠤᠰᠢᠭᠤᠯᠵᠢᠨ ᠡᠰᠬᠡᠵᠦ ᠠᠪᠤᠭᠰᠠᠨ ᠢᠮ᠂᠂᠂᠂᠂᠂᠂       ᠡᠬᠦᠨ ᠠᠴᠠ ᠭᠠᠳᠠᠨ᠎ᠠ ᠲᠠᠪᠬᠤᠷ ᠢᠮ ᠪᠠᠰᠠ ᠤᠯᠠᠨ ᠪᠠᠶᠢᠳᠠᠭ  ᠃ ᠵᠢᠱᠢᠶᠡᠯᠡᠪᠡᠯ᠂ ᠴᠤᠭᠤᠯᠭ᠎ᠠ ᠲᠠᠢ ᠤᠬᠤᠮᠠᠯ ᠢᠮ᠂ ᠲᠠᠪᠬᠤᠷ ᠬᠦᠨᠳᠡᠯᠡᠨ ᠢᠮ᠂ ᠤᠬᠤᠮᠠᠯ ᠲᠠᠢ ᠭᠠᠨᠵᠤᠭᠠᠨ ᠢᠮ ᠬᠡᠬᠦ ᠮᠡᠳᠦ᠃ ᠨᠢᠬᠡ ᠵᠦᠢᠯ ᠤᠨ ᠢᠮ ᠨᠢ ᠬᠤᠶᠠᠷ ᠪᠤᠶᠤ ᠲᠦᠷᠪᠡᠨ ᠬᠤᠪᠢᠯᠪᠤᠷᠢ ᠲᠠᠢ ᠪᠠᠶᠢᠵᠤ ᠪᠠᠰᠠ ᠪᠤᠯᠤᠨ᠎ᠠ᠃ ᠵᠢᠱᠢᠶᠡᠯᠡᠪᠡᠯ᠂ ᠴᠤᠭᠤᠯᠪᠤᠷᠢ ᠢᠮ  ᠢ ᠵᠦᠪ ᠪᠤᠷᠤᠭᠤ ᠬᠤᠶᠠᠷ ᠴᠢᠬᠢ ᠪᠠᠷ ᠢᠯᠭᠠᠬᠤ᠂ ᠤᠬᠤᠮᠠᠯ ᠢᠮ ᠢ ᠵᠦᠪ ᠪᠤᠷᠤᠭᠤ ᠠᠷᠤ ᠡᠮᠦᠨ᠎ᠡ ᠲᠦᠷᠪᠡᠨ ᠶᠠᠩᠵᠤ ᠪᠠᠷ ᠢᠯᠭᠠᠬᠤ᠂ ᠲᠠᠭᠠᠷᠢᠮᠠᠯ ᠢᠮ ᠨᠢ ᠡᠭᠴᠡ ᠲᠠᠭᠠᠷᠢᠮᠠᠯ ᠪᠤᠶᠤ ᠵᠢᠰᠢᠬᠦᠦ ᠲᠠᠭᠠᠷᠢᠮᠠᠯ᠂ ᠵᠦᠪ ᠪᠤᠷᠤᠭᠤ ᠵᠡᠷᠭᠡ ᠶᠢᠨ ᠢᠯᠭᠠᠭ᠎ᠠ ᠲᠠᠢ᠃ ᠡᠬᠦᠨᠴᠢᠯᠡᠨ ᠤᠯᠠᠨ ᠬᠤᠪᠢᠯᠪᠤᠷᠢ ᠲᠠᠢ ᠪᠠᠨ ᠬᠡᠳᠦᠨ ᠵᠠᠭᠤᠨ ᠢᠮ ᠪᠤᠯᠵᠤ ᠪᠤᠯᠤᠨ᠎ᠠ᠃ ᠢᠮᠨᠡᠬᠦ ᠳᠡᠭᠡᠨ ᠤᠬᠤᠵᠤ ᠠᠪᠤᠭᠰᠠᠨ ᠪᠤᠶᠤ ᠲᠠᠭᠠᠷᠢᠵᠤ ᠠᠪᠤᠭᠰᠠᠨ ᠭᠡᠰᠡᠭ ᠢ ᠬᠠᠶᠠᠳᠠᠭ ᠦᠬᠡᠢ᠂ ᠤᠳᠠᠰᠤ ᠪᠠᠷ ᠬᠡᠯᠬᠢᠵᠦ ᠬᠠᠨ᠎ᠠ ᠶᠢᠨ ᠲᠤᠯᠤᠭᠠᠢ ᠠᠴᠠ ᠡᠯᠬᠦᠵᠦ ᠲᠠᠯᠪᠢᠳᠠᠭ᠃     ᠠᠳᠤᠭᠤ ᠲᠠᠮᠠᠭᠠᠯᠠᠬᠤ ᠶᠢ ᠬᠠᠪᠤᠷ ᠤᠨ ᠰᠡᠬᠦᠯ᠂ ᠵᠤᠨ ᠤ ᠡᠬᠢ ᠪᠠᠷ ᠠᠳᠤᠭᠤ ᠲᠠᠷᠯᠠᠬᠤ ᠠᠴᠠ ᠡᠮᠦᠨ᠎ᠡ ᠬᠦᠢᠴᠡᠳᠭᠡᠨ᠎ᠡ᠃ ᠠᠳᠤᠭᠤ ᠲᠠᠮᠠᠭᠠᠯᠠᠬᠤ   ᠶᠢ ᠠᠳᠤᠭᠤ ᠲᠡᠯᠯᠡᠬᠦ ᠲᠠᠢ ᠬᠠᠮᠳᠤᠷᠠᠭᠤᠯᠤᠨ ᠬᠢᠬᠦ ᠨᠢ ᠤᠯᠠᠨ᠃  ᠵᠠᠷᠢᠮ ᠴᠦᠬᠡᠪᠦᠷᠢ ᠤᠨᠤᠭᠠᠷᠢ ᠲᠠᠢ ᠠᠶᠢᠯ ᠪᠤᠯ ᠦᠷᠢᠶ᠎ᠡ ᠪᠠᠨ ᠪᠠᠷᠢᠵᠤ ᠢᠷᠡᠭᠡᠳ ᠲᠠᠮᠠᠭᠠᠯᠠᠬᠤ ᠴᠤ ᠪᠤᠢ᠃     ᠠᠳᠤᠭᠤ ᠲᠡᠯᠯᠡᠬᠦ ᠪᠤᠶᠤ ᠲᠠᠮᠠᠭᠠᠯᠠᠬᠤ ᠳᠤ ᠬᠤᠯᠠ ᠤᠶᠢᠷ᠎ᠠ ᠶᠢᠨ ᠤᠷᠭᠠᠴᠢᠨ᠂  ᠡᠮᠨᠢᠭᠴᠢᠨ ᠨᠠᠷ ᠲᠤᠭᠳᠠᠭᠰᠠᠨ ᠡᠳᠦᠷ ᠲᠤ ᠴᠤᠭᠯᠠᠷᠠᠨ ᠢᠷᠡᠵᠡᠬᠡᠵᠦ᠂ ᠤᠷᠭᠠᠯᠠᠬᠤ᠂ ᠴᠢᠬᠢᠳᠡᠬᠦ᠂ ᠰᠡᠬᠦᠯᠳᠡᠬᠦ᠂ ᠨᠤᠭᠳᠤᠯᠠᠬᠤ ᠵᠡᠷᠭᠡ ᠠᠵᠢᠯ ᠳᠤ ᠡᠷᠳᠡᠮ ᠴᠢᠳᠠᠯ ᠢᠶᠠᠨ ᠰᠢᠯᠭᠠᠨ᠂ ᠡᠪᠦᠬᠡᠳ ᠨᠠᠰᠤᠳᠠᠳ ᠴᠤ ᠬᠦᠷᠦᠯᠴᠡᠨ ᠢᠷᠡᠵᠦ ᠰᠤᠨᠢᠷᠬᠠᠨ ᠪᠠᠭ᠋ᠠᠷᠬᠠᠬᠤ ᠶᠢᠨ ᠲᠠᠭᠠᠤ ᠵᠢᠭᠠᠨ ᠵᠢᠯᠤᠭᠤᠳᠴᠤ᠂ ᠬᠦᠷ ᠬᠦᠭᠵᠢᠶᠡᠨ ᠨᠡᠮᠡᠨ᠎ᠡ᠃ ᠠᠳᠤᠭᠤ ᠲᠠᠮᠠᠭᠠᠯᠠᠬᠤ ᠳᠤ ᠠᠷᠢᠬᠢ ᠮᠢᠬ᠎ᠠ ᠲᠠᠢ ᠲᠠᠮᠠᠭᠠᠨ ᠨᠠᠶᠢᠷ ᠬᠢᠳᠡᠭ᠃ ᠲᠠᠮᠠᠭᠠᠯᠠᠬᠤ ᠭᠡᠳᠡᠭ ᠨᠢ ᠠᠷᠭᠠᠯ ᠬᠦᠷᠵᠡᠩ ᠤᠨ ᠭᠠᠯ ᠳᠤ ᠲᠠᠮᠠᠭ᠎ᠠ ᠪᠠᠨ ᠤᠯᠠᠶᠢᠰᠬᠠᠭᠠᠳ  ᠲᠠᠷᠤᠬᠤ ᠶᠢ ᠬᠡᠯᠡᠵᠦ ᠪᠤᠢ᠃  ᠠᠳᠤᠭᠤᠨ ᠤ ᠲᠠᠮᠠᠭ᠎ᠠ ᠶᠢ ᠡᠷᠭᠡᠪᠰᠢ ᠵᠦᠪ ᠲᠠᠯ᠎ᠠ ᠶᠢᠨ ᠭᠤᠶᠠᠨ ᠲᠡᠭᠡᠷ᠎ᠡ ᠨᠢ ᠬᠠᠭᠠᠷᠢᠨ᠎ᠠ᠂ ᠪᠤᠷᠤᠭᠤ ᠲᠠᠯ᠎ᠠ ᠳᠤ  ᠬᠠᠭᠠᠷᠢᠬᠤ ᠶᠢ ᠴᠡᠭᠡᠷᠯᠡᠳᠡᠭ᠃ ᠲᠠᠶᠢᠹᠤᠰᠧ ᠵᠡᠬᠦᠨ ᠭᠠᠷ ᠰᠦᠷᠦᠭ ᠤᠨ ᠬᠢᠨ ᠠᠯᠪᠠᠨ ᠤ ᠠᠳᠤᠭᠤ ᠮᠠᠯᠵᠢᠵᠤ ᠪᠠᠶᠢᠭᠰᠠᠨ ᠲᠤᠯᠠ ᠰᠦᠷᠦᠭ ᠪᠦᠷᠢ ᠲᠤᠰᠬᠠᠢ ᠲᠠᠮᠠᠭ᠎ᠠ ᠲᠠᠢ ᠪᠠᠶᠢᠭᠰᠠᠨ ᠪᠦᠬᠡᠳ ᠨᠠᠭᠠᠳᠤ ᠵᠠᠬ᠎ᠠ ᠨᠢ ᠲᠠᠯᠠᠨ ᠲᠠᠪᠤᠨ ᠶᠠᠩᠵᠤ ᠶᠢᠨ ᠲᠠᠮᠠᠭ᠎ᠠ ᠪᠠᠶᠢᠭᠰᠠᠨ ᠪᠠᠶᠢᠬᠤ ᠶᠤᠰᠤᠳᠠᠢ᠃ ᠡᠬᠦᠨ ᠠᠴᠠ ᠭᠠᠳᠠᠨ᠎ᠠ᠂ ᠤᠯᠠᠨ ᠴᠦᠬᠡᠨ ᠴᠤ ᠠᠳᠤᠭᠤ ᠲᠠᠢ ᠠᠶᠢᠯ ᠲᠤᠩ ᠠᠷᠪᠢᠨ ᠪᠠᠶᠢᠭᠰᠠᠨ ᠪᠦᠬᠡᠳ ᠮᠦᠨ ᠲᠤᠰ ᠲᠤᠰ ᠤᠨ ᠲᠠᠮᠠᠭ᠎ᠠ  ᠪᠠᠷ ᠠᠯᠪᠠᠨ ᠤ ᠬᠤᠪᠢᠨ ᠤ ᠠᠳᠤᠭᠤ ᠠᠴᠠ ᠢᠯᠭᠠᠬᠤ ᠪᠤᠯᠬᠤᠷ ᠲᠠᠮᠠᠭ᠎ᠠ ᠶᠢᠨ ᠲᠦᠷᠦᠯ ᠵᠦᠢᠯ ᠮᠠᠰᠢ ᠤᠯᠠᠨ ᠪᠠᠶᠢᠭᠰᠠᠨ ᠨᠢ ᠯᠠᠪᠳᠠᠢ᠃ ᠡᠳᠡᠭᠡᠷ ᠲᠠᠮᠠᠭ᠎ᠠ ᠪᠠᠷ ᠠᠯᠢ ᠰᠦᠷᠦᠭ ᠤᠨ ᠬᠡᠨ ᠤ ᠠᠳᠤᠭᠤ ᠬᠡᠵᠦ ᠲᠠᠨᠢᠳᠠᠭ ᠪᠠᠶᠢᠪᠠ᠃      ᠠᠳᠤᠭᠤᠨ ᠤ ᠲᠠᠮᠠᠭ᠎ᠠ ᠶᠢ ᠵᠠᠪᠠᠯ ᠲᠡᠭᠰᠢ ᠰᠠᠶᠢᠬᠠᠨ ᠲᠠᠷᠤᠬᠤ ᠶᠢ ᠡᠷᠬᠢᠮᠯᠡᠬᠦ ᠪᠦᠬᠡᠳ ᠲᠤᠯᠤᠭᠠᠢ ᠶᠢ ᠨᠢ ᠲᠤᠷᠤᠭᠰᠢ ᠬᠠᠷᠠᠭᠤᠯᠬᠤ ᠪᠤᠶᠤ ᠠᠮᠠ   ᠶᠢ ᠨᠢ ᠭᠠᠳᠠᠭᠰᠢ ᠬᠠᠷᠠᠭᠤᠯᠵᠤ ᠲᠠᠷᠤᠬᠤ ᠠᠴᠠ ᠴᠡᠭᠡᠷᠯᠡᠨ᠎ᠡ᠃ ᠲᠠᠶᠢᠹᠤᠰᠧ ᠨᠤᠳᠤᠭ ᠲᠤ ᠤᠯᠠᠨ ᠬᠠᠷᠠᠭᠳᠠᠳᠠᠭ ᠲᠠᠮᠠᠭ᠎ᠠ ᠨᠤᠭᠤᠳ ᠪᠤᠯ᠄  ᠨᠠᠷᠠᠨ ᠲᠠᠮᠠᠭ᠎ᠠ — ᠲᠤᠮᠤ ᠲᠤᠭᠤᠷᠢᠭ ᠭᠠᠷᠠᠬᠠᠨ ᠬᠡᠯᠪᠡᠷᠢ ᠲᠠᠢ ᠲᠠᠮᠠᠭ᠎ᠠ᠂  ᠪᠠᠰᠠ ᠭᠠᠷᠠᠬᠠᠨ ᠲᠠᠮᠠᠭ᠎ᠠ ᠭᠡᠳᠡᠭ᠂  ᠰᠠᠷᠠᠨ ᠲᠠᠮᠠᠭ᠎ᠠ — ᠬᠠᠪᠢᠷᠭᠠᠨ ᠰᠠᠷᠠᠨ ᠤ ᠬᠡᠯᠪᠡᠷᠢ  ᠲᠠᠢ ᠲᠠᠮᠠᠭ᠎ᠠ᠂  ᠨᠠᠷᠠᠨ ᠰᠠᠷᠠᠨ ᠲᠠᠮᠠᠭ᠎ᠠ  — ᠬᠠᠪᠢᠷᠭᠠᠨ ᠰᠠᠷᠠᠨ ᠤ ᠲᠡᠪᠢᠰᠭᠡᠷ ᠲᠠᠢ ᠭᠠᠷᠠᠬᠠᠨ ᠲᠠᠮᠠᠭ᠎ᠠ᠂ ᠴᠢᠨᠳᠠᠮᠤᠨᠢ ᠲᠠᠮᠠᠭ᠎ᠠ — ᠭᠤᠷᠪᠠᠯᠵᠢᠯᠠᠭᠰᠠᠨ ᠭᠤᠷᠪᠠᠨ ᠵᠢᠵᠢᠭ ᠭᠠᠷᠠᠬᠠᠨ ᠲᠠᠮᠠᠭ᠎ᠠ᠂  ᠵᠢᠭᠠᠰᠤᠨ ᠲᠠᠮᠠᠭ᠎ᠠ — ᠬᠤᠶᠠᠷ ᠵᠢᠭᠠᠰᠤ ᠲᠤᠯᠤᠭᠠᠢ ᠪᠠᠨ ᠵᠦᠷᠢᠬᠦᠯᠦᠭᠰᠡᠨ ᠬᠡᠯᠪᠡᠷᠢ ᠲᠠᠢ ᠲᠤᠭᠤᠷᠢᠭ ᠲᠠᠮᠠᠭ᠎ᠠ᠂  ᠴᠤᠶᠢᠨᠵᠢᠨ ᠲᠠᠮᠠᠭ᠎ᠠ — ᠭᠠᠭᠴᠠ ᠭᠤᠷᠪᠠᠯᠵᠢᠨ ᠲᠠᠮᠠᠭ᠎ᠠ᠂ ᠰᠠᠷᠠ ᠲᠠᠢ ᠴᠢᠨᠳᠠᠮᠤᠨᠢ ᠲᠠᠮᠠᠭ᠎ᠠ — ᠬᠠᠪᠢᠷᠭᠠᠨ ᠰᠠᠷᠠᠨ ᠤ ᠲᠡᠭᠡᠷ᠎ᠡ ᠭᠤᠷᠪᠠᠨ ᠲᠤᠭᠤᠷᠢᠭ  ᠲᠠᠢ ᠲᠠᠮᠠᠭ᠎ᠠ᠂ ᠰᠠᠷᠠ   ᠲᠠᠢ ᠵᠢᠭᠠᠰᠤᠨ ᠲᠠᠮᠠᠭ᠎ᠠ — ᠬᠠᠪᠢᠷᠭᠠᠨ ᠰᠠᠷᠠᠨ ᠤ ᠲᠡᠭᠡᠷ᠎ᠡ ᠵᠢᠭᠠᠰᠤ ᠲᠠᠢ ᠲᠠᠮᠠᠭ᠎ᠠ᠂ ᠤᠩᠬᠢᠨ ᠲᠠᠮᠠᠭ᠎ᠠ — ᠭᠤᠷᠪᠠᠯᠵᠢᠨ ᠤ ᠲᠤᠤᠷ᠎ᠠ ᠵᠢᠵᠢᠭ ᠲᠤᠭᠤᠷᠢᠭ ᠲᠠᠢ ᠲᠠᠮᠠᠭ᠎ᠠ᠂ ᠠᠭᠤᠯᠠ  ᠲᠠᠮᠠᠭ᠎ᠠ — ᠭᠤᠷᠪᠠᠨ ᠭᠤᠬ᠎ᠠ ᠨᠡᠶᠢᠯᠡᠭᠰᠡᠨ ᠮᠡᠳᠦ ᠬᠡᠯᠪᠡᠷᠢ ᠲᠠᠢ ᠲᠠᠮᠠᠭ᠎ᠠ᠂  ᠰᠢᠷᠡᠭᠡ ᠲᠠᠢ ᠴᠤᠶᠢᠨᠵᠢᠨ ᠲᠠᠮᠠᠭ᠎ᠠ — ᠭᠤᠷᠪᠠᠯᠵᠢᠨ  ᠤ ᠲᠤᠤᠷ᠎ᠠ ᠵᠢᠷᠤᠭᠠᠰᠤ ᠲᠠᠢ ᠲᠠᠮᠠᠭ᠎ᠠ  ᠵᠡᠷᠭᠡ ᠪᠠᠶᠢᠳᠠᠭ ᠪᠠ ᠲᠦᠷᠪᠡᠯᠵᠢᠨ ᠲᠠᠮᠠᠭ᠎ᠠ᠂ ᠵᠦᠪ ᠪᠤᠷᠤᠭᠤ ᠡᠷᠬᠢᠯᠬᠡ ᠲᠠᠢ ᠬᠠᠰ ᠲᠠᠮᠠᠭ᠎ᠠ᠂  ᠬᠦᠷᠢᠶ᠎ᠡ ᠲᠠᠢ ᠭᠤᠷᠪᠠᠯᠵᠢᠨ᠂ ᠲᠠᠪᠬᠤᠷ ᠲᠤᠭᠤᠷᠢᠭ᠂  ᠨᠢᠳᠦ ᠲᠠᠢ ᠵᠢᠭᠠᠰᠤ᠂ ᠬᠤᠯᠪᠤᠭ᠎ᠠ ᠭᠠᠷᠠᠬ᠎ᠠ᠂ ᠰᠢᠷᠡᠭᠡ ᠲᠠᠢ ᠴᠢᠨᠳᠠᠮᠤᠨᠢ᠂ ᠦᠯᠵᠡᠢ ᠵᠠᠩᠬᠢᠶ᠎ᠠ᠂ ᠭᠠᠯ᠂ ᠭᠠᠯ ᠲᠠᠢ ᠰᠠᠷᠠ  ᠂ ᠵᠤᠭᠤᠰᠤᠨ ᠲᠠᠮᠠᠭ᠎ᠠ᠂  ᠵᠤᠤᠵᠠᠢ ᠲᠠᠮᠠᠭ᠎ᠠ᠂ ᠸᠴᠢᠷ ᠲᠠᠮᠠᠭ᠎ᠠ᠂  ᠲᠤᠭᠤᠷ ᠲᠠᠮᠠᠭ᠎ᠠ᠂ ᠬᠠᠶᠢᠴᠢᠨ ᠲᠠᠮᠠᠭ᠎ᠠ  ᠬᠢᠭᠡᠳ ᠲᠦᠪᠡᠳ ᠦᠰᠦᠭ ᠤᠨ ᠴᠠ᠂ ᠮᠠ᠂ ᠳ᠋ᠠ ᠦᠰᠦᠭ ᠲᠠᠢ ᠲᠠᠮᠠᠭ᠎ᠠ ᠵᠡᠷᠭᠡ ᠪᠠᠶᠢᠳᠠᠭ᠃ ᠲᠠᠮᠠᠭ᠎ᠠ ᠶᠢ ᠠᠳᠡ ᠲᠡᠨᠳᠡ ᠲᠤᠷ᠎ᠠ ᠪᠠᠷ ᠬᠠᠶᠠᠬᠤ ᠦᠬᠡᠢ᠂ ᠭᠡᠷ ᠤᠨ ᠪᠠᠷᠠᠭᠤᠨ ᠲᠠᠯ᠎ᠠ ᠳᠠᠬᠢ ᠠᠪᠳᠠᠷ᠎ᠠ ᠳᠤ ᠡᠷ᠎ᠡ ᠬᠦᠮᠦᠨ ᠤ ᠡᠳ᠋ᠯᠡᠯ ᠤᠨ ᠬᠠᠮᠳᠤ  ᠬᠤᠷᠢᠶᠠᠨ᠎ᠠ᠃ ᠲᠠᠮᠠᠭ᠎ᠠ ᠪᠠᠷ ᠭᠠᠵᠠᠷ ᠲᠠᠮᠠᠭᠠᠯᠠᠬᠤ ᠶᠢ ᠶᠡᠬᠡᠳᠡ ᠴᠡᠭᠡᠷᠯᠡᠳᠡᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号