ᠤᠯᠠᠮᠵᠢᠯᠠᠯᠳᠤ ᠵᠠᠩ ᠦᠢᠯᠡ —  ᠮᠠᠯ ᠬᠦᠩᠬᠡᠯᠡᠬᠦ
ᠨᠡᠶᠢᠲᠡᠯᠡᠭᠰᠡᠨ ᠴᠠᠭ᠄
2023/7/13
  ᠮᠠᠯ ᠬᠦᠩᠬᠡᠯᠡᠬᠦ ᠪᠤᠯ ᠦᠷ᠎ᠡ ᠶᠢᠨ ᠮᠠᠯ ᠤᠨ ᠬᠠᠷᠢᠴᠠᠯ ᠢ ᠲᠡᠩᠴᠡᠬᠦᠯᠬᠦ ᠮᠠᠯ ᠠᠵᠤ ᠠᠬᠤᠢ ᠶᠢᠨ ᠴᠢᠬᠤᠯᠠ ᠠᠵᠢᠯᠯᠠᠭ᠎ᠠ ᠪᠤᠯᠤᠨ᠎ᠠ᠃ ᠮᠠᠯ ᠤᠨ ᠪᠦᠬᠡᠷ᠎ᠡ ᠠᠪᠬᠤ ᠶᠢ ᠶᠡᠷᠦᠩᠬᠡᠢ ᠳᠡᠭᠡᠨ ᠬᠦᠩᠬᠡᠯᠡᠬᠦ ᠴᠠᠭᠠᠯᠠᠬᠤ ᠬᠡᠵᠦ᠂ ᠡᠬᠦᠨ ᠳᠤ ᠢᠰᠢᠭᠡ ᠬᠤᠷᠠᠭ᠎ᠠ ᠪᠢᠷᠠᠭᠤ ᠶᠢ ᠪᠤᠯ ᠢᠮᠨᠡᠬᠦ᠂ ᠴᠢᠮᠬᠢᠬᠦ ᠭᠡᠮᠡᠨ᠂ ᠠᠳᠤᠭᠤ ᠲᠡᠮᠡᠭᠡ ᠶᠢ ᠪᠤᠯ ᠠᠭᠳᠠᠯᠠᠬᠤ᠂ ᠠᠳᠠᠯᠠᠬᠤ᠂  ᠬᠠᠶᠢᠷᠠᠬᠤ᠂ ᠡᠰᠭᠡᠬᠦ᠂ ᠵᠠᠰᠠᠬᠤ ᠬᠡᠬᠦ ᠮᠡᠳᠦ ᠪᠠᠷ ᠦᠬᠦᠯᠡᠨ᠎ᠡ᠃ ᠮᠠᠯ ᠬᠦᠩᠬᠡᠯᠡᠬᠦ ᠠᠵᠢᠯ ᠢ ᠶᠡᠷᠦᠩᠬᠡᠢ ᠳᠡᠭᠡᠨ ᠵᠤᠨ  ᠤ ᠡᠬᠢᠨ ᠰᠠᠷ᠎ᠠ ᠳᠤ ᠬᠦᠢᠴᠡᠳᠭᠡᠨ᠎ᠡ᠃ ᠪᠢᠯᠢᠭ ᠤᠨ ᠤᠯᠠᠷᠢᠯ ᠤᠨ ᠲᠦᠷᠪᠡᠨ ᠰᠠᠷ᠎ᠠ ᠶᠢᠨ ᠰᠢᠨ᠎ᠡ ᠶᠢᠨ ᠨᠢᠬᠡᠨ ᠪᠤᠶᠤ ᠠᠷᠪᠠᠨ ᠨᠢᠬᠡᠨ᠂ ᠠᠷᠪᠠᠨ ᠲᠠᠪᠤᠨ᠂  ᠬᠤᠷᠢᠨ ᠨᠢᠬᠡᠨ ᠵᠢᠴᠢ ᠲᠠᠪᠤᠨ  ᠰᠠᠷ᠎ᠠ ᠶᠢᠨ ᠠᠷᠪᠠᠨ ᠨᠢᠬᠡᠨ᠂ ᠬᠤᠷᠢᠨ ᠨᠢᠬᠡᠨ   ᠢ ᠨᠡᠶᠢᠳᠡᠮ ᠳᠡᠭᠡᠨ ᠰᠠᠶᠢᠨ ᠡᠳᠦᠷ ᠬᠡᠮᠡᠳᠡᠭ᠃ ᠭᠤᠷᠪᠠᠨ ᠰᠠᠷ᠎ᠠ ᠶᠢᠨ ᠬᠤᠷᠢᠨ ᠨᠢᠬᠡᠨ ᠢ ᠴᠢᠩᠬᠢᠰ ᠪᠤᠭᠳᠠ ᠶᠢᠨ ᠦᠷᠢᠶ᠎ᠡ ᠵᠠᠰᠠᠭᠰᠠᠨ ᠡᠳᠦᠷ ᠭᠡᠵᠦ᠂ ᠶᠠᠮᠠᠷᠴᠤ ᠴᠡᠭᠡᠷ ᠦᠬᠡᠢ ᠭᠡᠳᠡᠭ᠃ ᠡᠳᠡᠭᠡᠷ ᠡᠳᠦᠷ ᠠᠴᠠ ᠭᠠᠳᠠᠨ᠎ᠠ ᠪᠠᠰᠠ ᠦᠯᠵᠡᠢ ᠲᠠᠢ ᠰᠠᠶᠢᠨ ᠡᠳᠦᠷ ᠦᠵᠡᠬᠦᠯᠵᠦ ᠪᠠᠶᠢᠭᠠᠳ ᠬᠦᠩᠭᠡᠯᠡᠵᠦ ᠪᠤᠯᠤᠨ᠎ᠠ᠃       ᠬᠤᠨᠢ ᠢᠮᠠᠭ᠎ᠠ ᠶᠢ ᠬᠤᠷᠠᠭ᠎ᠠ ᠢᠰᠢᠭᠡ ᠳᠤᠨᠢ᠂ ᠦᠬᠡᠷ ᠢ ᠪᠢᠷᠠᠭᠤ ᠳᠤᠨᠢ᠂ ᠠᠳᠤᠭᠤ ᠶᠢ ᠬᠢᠵᠠᠯᠠᠩ ᠳᠤᠨᠢ᠂ ᠲᠡᠮᠡᠭᠡ ᠶᠢ ᠲᠤᠷᠤᠮ ᠳᠤᠨᠢ ᠲᠤᠰ ᠲᠤᠰ ᠬᠦᠩᠬᠡᠯᠡᠨ᠎ᠡ᠃ ᠬᠦᠩᠬᠡᠯᠡᠬᠦ ᠮᠠᠯ ᠢ ᠶᠡᠬᠡᠳᠡ ᠡᠩᠬᠦᠷᠡᠶᠢᠯᠵᠦ᠂ ᠮᠠᠯ ᠴᠠᠭᠠᠯᠠᠭᠴᠢ ᠶᠢ ᠬᠠᠳᠠᠭ ᠪᠠᠷᠢᠵᠤ  ᠵᠠᠯᠠᠳᠠᠭ  ᠂ ᠲᠡᠭᠡᠬᠦ ᠳᠡᠭᠡᠨ  ᠪᠠᠰᠠ ᠮᠠᠯ ᠳᠤ ᠡᠬᠡᠯᠢᠳᠡᠢ᠂  ᠬᠠᠰᠢᠷ ᠲᠤᠷᠰᠢᠯᠭ᠎ᠠ  ᠲᠠᠢ᠂  ᠭᠠᠷ ᠬᠦᠩᠬᠡᠨ ᠬᠦᠮᠦᠨ ᠢ  ᠰᠤᠩᠭᠤᠳᠠᠭ᠃ ᠮᠠᠯ ᠴᠠᠭᠠᠯᠠᠭᠴᠢ ᠶᠢ ᠢᠷᠡᠬᠦ   ᠳᠤᠨᠢ  ᠬᠦᠨᠳᠦᠳᠭᠡᠨ ᠤᠭᠳᠤᠵᠤ᠂  ᠴᠠᠢ  ᠠᠶᠠᠭᠠᠯᠠᠨ  ᠴᠠᠭᠠᠨ ᠢᠳᠡᠭᠡ ᠲᠠᠯᠪᠢᠵᠤ ᠠᠷᠢᠬᠢ ᠬᠡᠮᠨᠡᠨ᠎ᠡ᠃      ᠬᠤᠷᠠᠭ᠎ᠠ᠂  ᠢᠰᠢᠭᠡ᠂ ᠪᠢᠷᠠᠭᠤ ᠶᠢ ᠬᠦᠩᠬᠡᠯᠡᠬᠦ ᠳᠡᠭᠡᠨ ᠭᠡᠷ ᠠᠴᠠ ᠪᠠᠷᠠᠭᠤᠨ ᠤᠷᠤᠭᠰᠢ ᠴᠠᠭᠠᠨ ᠢᠰᠡᠭᠡᠢ ᠪᠤᠶᠤ ᠭᠡᠪᠢᠰ ᠲᠡᠪᠢᠰᠦᠭᠡᠳ᠂ ᠲᠡᠭᠡᠷ᠎ᠡ ᠨᠢ ᠬᠤᠨᠤᠭ ᠪᠤᠳᠠᠭ᠎ᠠ ︵ᠰᠢᠷ᠎ᠠ ᠪᠤᠳᠠᠭ᠎ᠠ︶ ᠰᠠᠴᠤᠵᠤ ᠪᠡᠯᠡᠳᠭᠡᠨ᠂ ᠪᠤᠷᠬᠠᠨ  ᠳᠠᠭᠠᠨ ᠵᠤᠯᠠ ᠡᠷᠬᠦᠳᠡᠭ᠃ ᠬᠦᠩᠬᠡᠯᠡᠬᠦ ᠦᠶ᠎ᠡ ᠳᠤ ᠰᠦᠯᠡᠭᠰᠡᠨ ᠤᠰᠤᠨ ︵ᠴᠠᠶᠢᠳᠠᠮ︶ ᠳᠤ ᠬᠤᠨᠤᠭ ᠪᠤᠳᠠᠭ᠎ᠠ  ᠬᠢᠵᠦ᠂  ᠰᠠᠭᠤᠯᠠᠭ᠎ᠠ ᠰᠠᠪᠠ ᠲᠠᠢ ᠨᠢ ᠴᠠᠭᠠᠯᠠᠭᠴᠢ ᠶᠢᠨ ᠪᠠᠷᠠᠭᠤᠨ ᠭᠠᠷ ᠲᠠᠯ᠎ᠠ ᠳᠤ ᠲᠠᠯᠪᠢᠵᠤ ᠦᠭᠬᠦᠨ᠎ᠡ᠃ ᠪᠤᠳᠠᠭ᠎ᠠ ᠬᠢᠬᠦ ᠨᠢ ᠪᠤᠳᠠᠭ᠎ᠠ ᠰᠢᠭ᠋ ᠠᠷᠪᠢᠨ ᠦᠷᠡᠵᠢᠳᠦᠬᠡᠢ ᠬᠡᠰᠡᠨ ᠪᠡᠯᠭᠡᠳᠡᠯ ᠶᠤᠮ᠃ ᠴᠢᠮᠬᠢᠵᠦ ᠠᠪᠤᠭᠰᠠᠨ ᠲᠦᠮᠦᠰᠦ ᠶᠢ ᠲᠡᠷᠡ ᠰᠠᠪᠠᠨ ᠳᠠᠭᠠᠨ ᠬᠢᠵᠦ᠂ ᠤᠬᠢᠶᠠᠵᠤ   ᠴᠡᠪᠡᠷᠯᠡᠭᠰᠡᠨ ᠤ ᠲᠠᠷᠠᠭ᠎ᠠ ᠰᠦ ᠲᠠᠢ ᠪᠤᠳᠠᠭ᠎ᠠ ᠲᠠᠢ ᠴᠢᠨᠠᠵᠤ ᠢᠳᠡᠳᠡᠭ ᠪᠠᠶᠢᠨ᠎ᠠ᠃  ᠴᠠᠭᠠᠯᠠᠭᠴᠢ ᠶᠢᠨ ᠭᠠᠷ ᠤᠬᠢᠶᠠᠭᠰᠠᠨ ᠤᠰᠤ ᠪᠠ ᠲᠦᠮᠦᠰᠦ ᠤᠬᠢᠶᠠᠭᠰᠠᠨ ᠤᠰᠤ ᠶᠢ ᠭᠠᠵᠠᠷ  ᠬᠦᠰᠡᠷ ᠰᠠᠴᠤᠬᠤ ᠦᠬᠡᠢ᠂  ᠬᠠᠷᠢᠨ ᠬᠤᠷᠤᠭ᠎ᠠ ᠬᠠᠰᠢᠶᠠᠨ ᠲᠡᠭᠡᠷ᠎ᠡ ᠪᠠᠨ ᠰᠠᠴᠤᠳᠠᠭ ᠶᠤᠮ᠃ ᠢᠰᠢᠭᠡ ᠬᠤᠷᠠᠭ᠎ᠠ ᠪᠢᠷᠠᠭᠤᠨ ᠤ ᠲᠦᠮᠦᠰᠦ ᠶᠢ ᠰᠤᠭᠤᠯᠵᠤ ᠠᠪᠤᠭᠰᠠᠨ ᠤ ᠲᠠᠷᠠᠭ᠎ᠠ ᠬᠠᠯᠢᠰᠤ ᠶᠢ ᠨᠢ ᠰᠠᠶᠢᠳᠤᠷ ᠴᠢᠮᠬᠢᠵᠦ ᠲᠠᠯᠪᠢᠪᠠᠯ ᠠᠶᠠᠨᠳᠠᠭᠠᠨ ᠡᠳᠡᠭᠡᠷᠡᠴᠢᠬᠡᠨ᠎ᠡ᠃     ᠦᠷᠢᠶ᠎ᠡ  ᠬᠠᠭᠠᠷᠢᠬᠤ ᠶᠢ ᠠᠳᠤᠭᠤ ᠲᠡᠯᠯᠡᠬᠦ᠂  ᠲᠠᠮᠠᠭᠠᠯᠠᠬᠤ ᠲᠠᠢ ᠬᠠᠮᠳᠤᠷᠠᠭᠤᠯᠵᠤ ᠬᠢᠬᠦ ᠨᠢ ᠤᠯᠠᠨ᠃  ᠦᠷᠢᠶ᠎ᠡ  ᠬᠠᠭᠠᠷᠢᠬᠤ ᠳᠤ ᠰᠠᠪᠰᠠᠯᠭ᠎ᠠ ᠬᠡᠮᠡᠬᠦ ᠬᠠᠪᠴᠢᠭᠤᠷ ᠮᠤᠳᠤ ᠶᠢ ᠭᠡᠷᠡᠭᠯᠡᠵᠦ᠂ ᠲᠦᠮᠦᠰᠦ ᠶᠢ ᠰᠠᠶᠢᠳᠤᠷ ᠰᠢᠬᠠᠨ ᠬᠠᠪᠴᠢᠵᠤ ᠪᠠᠶᠢᠭᠠᠳ ᠡᠰᠬᠡᠵᠦ ᠭᠠᠷᠭᠠᠨ᠂ ᠦᠷᠢᠶᠡᠨ ᠤ ᠬᠠᠭᠠᠷᠢᠭᠤᠯ ᠬᠡᠮᠡᠬᠦ ᠬᠠᠪᠳᠠᠭᠠᠢ ᠲᠡᠮᠦᠷ ᠢ ᠤᠯᠠᠶᠢᠰᠬᠠᠨ ᠬᠠᠭᠠᠷᠢᠵᠤ ᠲᠠᠰᠤᠯᠤᠨ᠎ᠠ᠃ ᠡᠨᠡ  ᠪᠤᠯ ᠬᠤᠤᠷ ᠢ ᠠᠷᠢᠭᠤᠳᠬᠠᠬᠤ ᠪᠠ ᠴᠢᠰᠤ ᠶᠡᠭᠡ ᠭᠠᠷᠬᠤ ᠠᠴᠠ ᠰᠡᠷᠭᠡᠶᠢᠯᠡᠬᠦ ᠦᠢᠯᠡᠳᠦᠯ ᠲᠠᠢ ᠶᠤᠮ᠃ ᠮᠠᠯ ᠴᠠᠭᠠᠯᠠᠬᠤ ᠳᠤ ᠭᠠᠷᠬᠤ ᠴᠢᠰᠤ ᠶᠢ ︽ᠰᠢᠩᠬᠤ︾  ᠬᠡᠵᠦ ᠴᠡᠭᠡᠷᠯᠡᠨ ᠨᠡᠷᠡᠯᠡᠳᠡᠭ ᠪᠠᠶᠢᠨ᠎ᠠ᠃ ᠦᠷᠢᠶ᠎ᠡ ᠬᠠᠭᠠᠷᠢᠬᠤ ᠳᠤ ᠰᠢᠩᠬᠤ ᠭᠠᠷᠭᠠᠬᠤ ᠦᠬᠡᠢ ᠶᠢᠨ ᠲᠦᠯᠦᠬᠡ᠂ ᠰᠡᠬᠦᠯ ᠤᠨ ᠬᠢᠯᠭᠠᠰᠤ ᠠᠴᠠ ᠨᠢ ᠠᠪᠴᠤ ᠬᠠᠭᠠᠯᠤᠭᠰᠠᠨ ᠰᠢᠷᠬᠠᠨ ᠲᠡᠭᠡᠷ᠎ᠡ ᠨᠢ ᠲᠠᠯᠪᠢᠵᠤ ᠬᠠᠮᠳᠤ ᠳᠤᠨᠢ ᠬᠠᠭᠠᠷᠢᠨ᠂ ᠬᠢᠷᠪᠤᠰᠤ ᠭᠠᠷᠭᠠᠨ ᠨᠡᠬᠦᠷᠡᠰᠦᠵᠢᠬᠦᠯᠵᠦ  ᠴᠢᠰᠤ ᠶᠢ ᠲᠤᠭᠳᠠᠭᠠᠳᠠᠭ᠃  ᠦᠷᠢᠶᠡᠨ ᠤ ᠬᠠᠭᠠᠷᠢᠭᠤᠯ ᠢ ᠮᠦᠨ ᠲᠠᠮᠠᠭ᠎ᠠ ᠲᠠᠢ ᠠᠳᠠᠯᠢ ᠪᠠᠷ ᠡᠷᠬᠢᠮᠯᠡᠨ ᠬᠠᠳᠠᠭᠠᠯᠠᠨ᠎ᠠ᠃      ᠲᠠᠶᠢᠯᠤᠭ ᠢ ᠪᠤᠯ ᠲᠦᠷᠪᠡ ᠠᠴᠠ ᠲᠠᠪᠤᠨ ᠨᠠᠰᠤᠨ ᠳᠤᠨᠢ ᠬᠠᠪᠤᠷ ᠤᠨ ᠴᠠᠭ ᠡᠰᠡᠬᠦᠯ᠎ᠡ ᠨᠠᠮᠤᠷ ᠤᠨ ᠬᠦᠢᠳᠡᠨ ᠤᠷᠤᠬᠤ ᠦᠶ᠎ᠡ ᠳᠤ ᠠᠳᠠᠯᠠᠨ᠎ᠠ᠃  ᠲᠠᠶᠢᠯᠤᠭ  ᠠᠳᠠᠯᠠᠬᠤ ᠳᠤ ᠪᠦᠬᠡᠷ᠎ᠡ ᠶᠢᠨ ᠰᠤᠳᠠᠰᠤ ᠶᠢ ᠨᠢ ᠤᠳᠠᠰᠤ ᠪᠠᠷ ᠴᠢᠩᠭ᠎ᠠ ᠪᠤᠭᠤᠵᠤ ᠲᠠᠯᠪᠢᠭᠠᠳ᠂ ᠠᠷᠪᠠᠭᠠᠳ ᠡᠳᠦᠷ ᠦᠩᠭᠡᠷᠡᠪᠡᠯ ᠤᠶᠠᠭᠠᠰᠤ ᠪᠠᠷ ᠢᠶᠠᠨ ᠲᠠᠰᠤᠷᠠᠨ ᠤᠨᠠᠳᠠᠭ᠃ ᠲᠠᠶᠢᠯᠤᠭ ᠢ ᠪᠠᠰᠠ ᠦᠷᠢᠶ᠎ᠡ ᠲᠠᠢ ᠠᠳᠠᠯᠢ ᠬᠠᠭᠠᠷᠢᠵᠤ ᠪᠤᠯᠤᠨ᠎ᠠ᠃ ᠠᠳᠠᠯᠠᠭᠰᠠᠨ ᠲᠠᠶᠢᠯᠤᠭ ᠢ ᠲᠠᠷᠤᠢ ︽ᠠᠳᠠ︾ ᠭᠡᠨ᠎ᠡ᠃     ᠮᠠᠯ ᠢᠶᠠᠨ ᠬᠦᠩᠬᠡᠯᠡᠵᠦ ᠲᠠᠭᠤᠰᠪᠠᠯ ︽ᠤᠯᠠᠨ ᠰᠠᠶᠢᠬᠠᠨ ᠢᠷᠭᠡ ᠰᠡᠷᠭᠡ ᠲᠠᠢ ᠪᠤᠯᠤᠯ᠎ᠠ︾ ︽ᠵᠡᠭᠡᠷ᠎ᠡ ᠶᠢ ᠬᠦᠢᠴᠡᠬᠦ ᠬᠤᠷᠳᠤᠨ ᠬᠦᠯᠦᠭ ᠪᠤᠯ︾ ᠭᠡᠬᠦᠴᠢᠯᠡᠨ ᠢᠷᠦᠬᠡᠯ ᠪᠡᠯᠬᠡ ᠲᠠᠢ ᠦᠬᠡ ᠬᠡᠯᠡᠳᠡᠭ᠃ ᠬᠦᠩᠬᠡᠯᠡᠵᠦ ᠴᠠᠭᠠᠯᠠᠬᠤ ᠦᠢᠯᠡ  ᠲᠡᠬᠦᠰᠪᠡᠯ ᠴᠢᠨᠠᠭᠰᠠᠨ ᠲᠦᠮᠦᠰᠦ ᠪᠠᠨ ᠢᠳᠡᠵᠡᠬᠡᠬᠦ ᠪᠦᠬᠡᠳ ᠢᠳᠡᠭᠡ ᠪᠤᠳᠠᠭ᠎ᠠ ᠪᠡᠯᠡᠳᠭᠡᠵᠦ ᠠᠷᠢᠬᠢ ᠬᠡᠮᠨᠡᠨ ᠴᠠᠭᠠᠯᠠᠭᠴᠢ ᠶᠢ ᠲᠠᠶᠢᠯᠠᠨ᠎ᠠ᠃ ᠵᠠᠷᠢᠮ ᠠᠶᠢᠯ ᠨᠢ ᠤᠯᠠᠭᠠᠨ ᠢᠳᠡᠭᠡ ᠶᠢ ᠴᠡᠭᠡᠷᠯᠡᠳᠡᠭ  ᠴᠤ ᠪᠤᠢ᠃ ᠴᠠᠭᠠᠯᠠᠭᠴᠢ ᠳᠤ ᠭᠠᠷ ᠴᠠᠶᠢᠯᠭᠠᠬᠤ ᠭᠡᠷᠡᠭᠳᠡᠢ ᠪᠦᠬᠡᠳ ᠤᠯᠠᠨ ᠮᠠᠯ ᠴᠠᠭᠠᠯᠠᠭᠰᠠᠨ ᠠᠶᠢᠯ ᠪᠤᠯ ᠬᠤᠨᠢ ᠪᠠᠷᠢᠬᠤ ᠴᠤ ᠪᠤᠢ᠃ ᠴᠠᠭᠠᠯᠠᠭᠴᠢ  ᠳᠤ ᠭᠠᠷ ᠲᠠᠳᠠᠪᠠᠯ ᠴᠠᠭᠠᠯᠠᠭᠰᠠᠨ ᠮᠠᠯ ᠤᠨ ᠰᠢᠷᠬ᠎ᠠ ᠬᠦᠨᠳᠦᠷᠡᠨ᠎ᠡ ᠭᠡᠬᠦ ᠬᠡᠯᠡᠯᠬᠡ ᠪᠠᠶᠢᠳᠠᠭ᠃  ᠴᠠᠭᠠᠯᠠᠭᠰᠠᠨ ᠮᠠᠯ ᠢ ᠤᠶᠢᠷ᠎ᠠ ᠲᠤᠰᠢᠶ᠎ᠠ  ᠪᠠᠶᠢᠯᠭᠠᠵᠤ᠂  ᠬᠦᠬᠡᠬᠡᠵᠦ ᠲᠠᠭᠤᠬᠤ᠂ ᠴᠤᠬᠢᠵᠤ  ᠭᠤᠶᠠᠳᠠᠬᠤ ᠶᠢ  ᠴᠡᠭᠡᠷᠯᠡᠬᠦ ᠶᠢᠨ ᠬᠠᠮᠳᠤ  ᠭᠡᠳᠦ ᠤᠳᠠᠭᠠᠨ ᠭᠡᠪᠳᠡᠬᠦᠯᠬᠦ ᠦᠬᠡᠢ ᠠᠯᠭᠤᠷ ᠪᠤᠰᠬᠠᠵᠤ ᠬᠦᠳᠡᠯᠬᠡᠨ᠎ᠡ᠃  ᠡᠬᠦᠨ ᠤ ᠲᠤᠯᠠ ᠬᠡᠦᠬᠡᠳ ᠲᠤ ᠰᠤᠷ ᠰᠢᠯᠪᠢᠬᠦᠷ ᠭᠡᠷᠡᠭᠯᠡᠬᠦᠯᠬᠦ ᠦᠬᠡᠢ᠂ ᠬᠢᠯᠭᠠᠰᠤᠨ ᠬᠤᠪᠢ ᠰᠤᠯᠢᠵᠤ ᠦᠭᠳᠡᠭ ᠪᠠᠶᠢᠨ᠎ᠠ  ᠃  ᠮᠠᠯ ᠴᠠᠭᠠᠯᠠᠭᠰᠠᠨ ᠭᠤᠷᠪᠠᠨ ᠡᠳᠦᠷ ᠤᠨ ᠲᠤᠳᠤᠷ᠎ᠠ ᠶᠠᠭᠤᠮ᠎ᠠ ᠬᠡᠦᠮ᠎ᠡ ᠭᠠᠳᠠᠭᠰᠢ ᠭᠠᠷᠭᠠᠬᠤ ᠦᠬᠡᠢ ᠬᠠᠳᠠᠭᠤ ᠴᠡᠭᠡᠷ ᠪᠠᠶᠢᠳᠠᠭ᠃ ᠮᠦᠨ ᠴᠤ ᠭᠠᠵᠠᠷ ᠯᠤᠤᠰ ᠲᠤᠭᠰᠢᠷᠠᠵᠤ ᠮᠠᠯ ᠤᠨ ᠵᠠᠰᠠᠭ᠎ᠠ ᠬᠦᠨᠳᠦᠷᠡᠨ᠎ᠡ ᠬᠡᠮᠡᠨ ᠭᠠᠵᠠᠷ ᠤᠬᠤᠵᠤ ᠮᠠᠯᠳᠠᠬᠤ ᠶᠢ ᠴᠡᠭᠡᠷᠯᠡᠨ᠎ᠡ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号