ᠤᠯᠠᠮᠵᠢᠯᠠᠯᠳᠤ ᠵᠠᠩ ᠦᠢᠯᠡ —  ᠮᠠᠯ ᠮᠢᠯᠢᠶᠠᠬᠤ
ᠨᠡᠶᠢᠲᠡᠯᠡᠭᠰᠡᠨ ᠴᠠᠭ᠄
2023/7/13
    ᠪᠠᠰᠠ ᠮᠠᠯ ᠰᠢᠨᠡᠯᠡᠬᠦᠯᠬᠦ ᠭᠡᠳᠡᠭ᠃  ᠮᠤᠩᠭᠤᠯᠴᠤᠳ ᠤᠨ ᠡᠷᠳᠡᠨ   ᠠᠴᠠ ᠤᠯᠠᠮᠵᠢᠯᠠᠵᠤ ᠢᠷᠡᠭᠰᠡᠨ ᠶᠤᠰᠤ ᠵᠠᠩᠰᠢᠯ ᠪᠤᠯᠤᠨ᠎ᠠ᠃ ᠵᠠᠷᠢᠮ ᠮᠠᠯᠴᠢᠨ ᠡᠷᠦᠬᠡ ᠰᠢᠨ᠎ᠡ ᠶᠢᠨ ᠨᠢᠭᠡᠨ ᠳᠤ ᠮᠠᠯ ᠢᠶᠠᠨ ᠮᠢᠯᠢᠶᠠᠳᠠᠭ ᠴᠤ ᠪᠤᠢ᠃  ᠲᠠᠶᠢᠹᠤᠰᠧ ᠶᠢᠨ ᠮᠤᠩᠭᠤᠯᠴᠤᠳ ᠴᠠᠭᠠᠨ ᠰᠠᠷᠠᠶᠢᠨ ᠠᠷᠪᠠᠨ ᠲᠠᠪᠤᠨ ᠳᠤ ᠮᠠᠯ ᠮᠢᠯᠢᠶᠠᠨ᠎ᠠ᠃   ᠠᠷᠪᠠᠨ ᠲᠠᠪᠤᠨ ᠢ ᠪᠠᠰᠠ ᠮᠠᠯ   ᠤᠨ ᠴᠠᠭᠠᠨ ᠰᠠᠷ᠎ᠠ ᠭᠡᠳᠡᠭ᠃  ᠡᠨᠡ ᠡᠳᠦᠷ ᠬᠤᠳᠠ ᠬᠤᠷᠤᠭ᠎ᠠ ᠪᠠᠨ  ᠰᠠᠶᠢᠬᠠᠨ ᠴᠡᠪᠡᠷᠯᠡᠬᠦ ᠪᠦᠭᠡᠳ ᠠᠷᠴᠠ᠂  ᠰᠠᠩ ᠤᠨ ᠢᠳᠡᠭᠡ᠂ ᠬᠦᠵᠢ ᠵᠡᠷᠭᠡ ᠶᠢ ᠪᠤᠶᠢᠪᠤᠷ ᠲᠤ ᠰᠢᠳᠠᠭᠠᠵᠤ ᠮᠠᠯ ᠤᠨ ᠬᠤᠷᠤᠭ᠎ᠠ ᠬᠠᠰᠢᠶ᠎ᠠ ᠶᠢ ᠠᠷᠢᠭᠤᠯᠠᠨ᠎ᠠ᠃ ᠮᠠᠯ ᠤᠨ ᠮᠢᠯᠢᠶᠠᠳᠠᠰᠤ  ᠬᠡᠮᠡᠨ ᠰᠢᠷ᠎ᠠ ᠴᠠᠭᠠᠨ ᠪᠤᠳᠠᠭ᠎ᠠ ᠠᠭᠰᠢᠭᠠᠵᠤ ᠲᠠᠪᠠᠭᠯᠠᠭᠰᠠᠨ ᠤ ᠲᠠᠷᠠᠭ᠎ᠠ᠂  ᠦᠷᠦᠮ᠎ᠡ  ᠬᠤᠷᠤᠳ ᠪᠠ ᠦᠵᠦᠮ ᠴᠢᠪᠠᠭ᠎ᠠ  ᠵᠡᠷᠭᠡ ᠶᠢ ᠪᠤᠳᠠᠭᠠᠨ ᠲᠡᠭᠡᠷ᠎ᠡ ᠪᠠᠨ ᠬᠠᠳᠬᠤᠵᠤ᠂ ᠪᠠᠰᠠ ᠭᠤᠤᠯ  ᠳᠤᠨᠢ  ᠬᠤᠩᠬᠤᠶᠢᠯᠠᠭᠠᠳ  ᠰᠢᠷ᠎ᠠ ᠲᠤᠰᠤ᠂ ᠪᠤᠷᠠᠮ ᠬᠢᠵᠦ ᠲᠠᠯᠪᠢᠳᠠᠭ᠂ ᠡᠨᠡ ᠪᠤᠯ ᠲᠠᠪᠤᠨ ᠬᠤᠰᠢᠭᠤ ᠮᠠᠯ ᠢᠶᠠᠨ ᠠᠮᠤ ᠪᠤᠳᠠᠭ᠎ᠠ ᠰᠢᠭ᠋ ᠠᠷᠪᠢᠵᠢᠵᠤ᠂ ᠦᠷ᠎ᠡ ᠵᠢᠮᠢᠰ  ᠰᠢᠭ  ᠦᠷᠡᠵᠢᠭ ᠬᠡᠰᠡᠨ ᠪᠡᠯᠭᠡᠳᠡᠯ ᠤᠨ ᠤᠬᠠᠭᠠᠨ ᠲᠠᠢ ᠶᠤᠮ᠃     ᠮᠠᠯ ᠮᠢᠯᠢᠶᠠᠬᠤ ᠡᠳᠦᠷ ᠠᠳᠤᠭᠤ  ᠲᠡᠮᠡᠭᠡ ᠶᠢ ᠪᠤᠯ ᠡᠳᠦᠷ ᠨᠢ ᠬᠤᠷᠢᠶᠠᠨ ᠴᠤᠭᠯᠠᠭᠤᠯᠵᠤ  ᠂ ᠠᠵᠢᠷᠭ᠎ᠠ ᠬᠡᠬᠦᠦ ᠂  ᠪᠤᠤᠷ᠎ᠠ ᠢᠩᠬᠡ ᠠᠴᠠ ᠲᠦᠯᠦᠭᠡᠴᠢᠯᠡᠨ ᠮᠢᠯᠢᠶᠠᠨ᠎ᠠ᠃ ᠦᠬᠡᠷ ᠬᠤᠨᠢ ᠢᠮᠠᠭ᠎ᠠ ᠶᠢ ᠪᠤᠯ  ᠤᠷᠤᠢ ᠬᠤᠳᠠᠯᠠᠭᠰᠠᠨ ᠤ ᠲᠠᠷᠠᠭ᠎ᠠ  ᠮᠢᠯᠢᠶᠠᠵᠤ᠂  ᠮᠦᠨ ᠴᠤ ᠦᠷ᠎ᠡ ᠶᠢᠨ ᠮᠠᠯ ᠪᠠ ᠰᠠᠳᠡᠷ ᠲᠠᠢ ᠮᠠᠯ ᠠᠴᠠ ᠡᠬᠢᠯᠡᠵᠦ᠂ ᠮᠠᠩᠨᠠᠢ ᠲᠡᠭᠡᠷ᠎ᠡ ᠨᠢ ᠪᠤᠶᠤ ᠡᠪᠡᠷ ᠲᠡᠭᠡᠷ᠎ᠡ ᠨᠢ ᠲᠦᠷᠬᠢᠵᠦ ᠮᠢᠯᠢᠶᠠᠳᠠᠭ᠃ ᠮᠠᠯ ᠮᠢᠯᠢᠶᠠᠬᠤ ᠳᠤ ᠪᠠᠰᠠ ︽ᠮᠢᠩᠭᠠᠨ ᠤ  ᠮᠠᠩᠯᠠᠢ ᠳᠤ ᠶᠠᠪᠤ᠂ ᠲᠦᠮᠡᠨ ᠤ  ᠲᠦᠷᠦᠬᠦᠨ ᠳᠤ ᠶᠠᠪᠤ  ︾ ︽ᠲᠠᠪᠤᠨ ᠬᠤᠰᠢᠭᠤ ᠮᠠᠯ ᠮᠢᠨᠢ ᠲᠠᠯ᠎ᠠ  ᠲᠦᠬᠦᠷᠡᠩ ᠪᠤᠯᠳᠤᠭᠠᠢ  ︾ ︽ᠪᠠᠭᠤᠷᠠᠯ ᠦᠬᠡᠢ ᠪᠤᠮᠠ ᠬᠦᠷ᠂ ᠲᠦᠳᠡᠯ  ᠦᠬᠡᠢ ᠲᠦᠮᠡ ᠬᠦᠷ︾ ︽ ᠡᠪᠡᠰᠦᠨ ᠤ  ᠰᠤᠷᠭᠤᠭ ᠢ ᠨᠢ ᠢᠳᠡ᠂ ᠤᠰᠤᠨ ᠤ ᠲᠤᠩᠭᠠᠯᠠᠭ ᠢ ᠨᠢ ᠤᠤᠭᠤ  ︾ ᠬᠡᠬᠦ ᠮᠡᠳᠦ ᠪᠡᠯᠭᠡᠰᠢᠶᠡᠯᠳᠦ ᠦᠬᠡ ᠬᠡᠯᠡᠬᠦ ᠪᠡ ᠢᠷᠦᠬᠡᠯ ᠤᠩᠰᠢᠳᠠᠭ᠃ ᠮᠠᠯ ᠤᠨ ᠮᠢᠯᠢᠶᠠᠯᠠᠭ᠎ᠠ ᠳᠤ ᠫᠤᠤᠵᠢᠩ ᠲᠠᠯᠪᠢᠵᠤ ᠬᠡᠶᠢᠮᠦᠷᠢ ᠰᠡᠷᠬᠦᠭᠡᠬᠦ ᠪᠠ ᠬᠤᠳᠠ ᠤᠰᠤᠨ ᠤ ᠭᠡᠦᠭᠡᠳ ᠢ ᠪᠤᠳᠠᠭᠠᠯᠠᠵᠤ ᠪᠠᠶᠠᠰᠬᠠᠨ᠂ ᠨᠠᠭᠠᠳᠴᠤ  ᠲᠤᠭᠯᠠᠨ ᠬᠦᠷ ᠬᠦᠭᠵᠢᠶᠡᠨ ᠨᠡᠮᠡᠷᠢᠯᠡᠬᠦ ᠶᠢ ᠡᠷᠬᠢᠮᠯᠡᠨ᠎ᠡ᠃ ᠮᠠᠯ ᠢᠶᠠᠨ ᠮᠢᠯᠢᠶᠠᠵᠤ ᠪᠠᠷᠠᠭᠰᠠᠨ ᠤ ᠲᠠᠷᠠᠭ᠎ᠠ᠂  ᠭᠡᠷ ᠬᠤᠳᠠᠯᠠᠭᠠᠷ ᠢᠶᠠᠨ ᠮᠢᠯᠢᠶᠠᠳᠠᠰᠤᠨ ᠤ ᠢᠳᠡᠭᠡᠨ ᠠᠴᠠ ᠠᠮᠰᠠᠵᠤ᠂ ᠰᠢᠷᠡᠭᠡ ᠵᠠᠰᠠᠵᠤ ᠨᠠᠶᠢᠷᠯᠠᠨ᠎ᠠ᠃  ᠡᠨᠡ ᠡᠳᠦᠷ ᠮᠠᠯ ᠠᠳᠤᠭᠤᠯᠤᠭᠴᠢ ᠶᠢ ᠴᠤ ᠵᠤᠴᠢᠯᠠᠨ ᠪᠤᠳᠠᠭᠠᠯᠠᠬᠤ ᠵᠠᠩᠰᠢᠯ ᠲᠠᠢ᠃        ᠲᠠᠶᠢᠹᠤᠰᠧ ᠬᠤᠰᠢᠭᠤ ᠨᠢ ᠮᠠᠯ ᠮᠢᠯᠢᠶᠠᠬᠤ  ᠶᠤᠰᠤ ᠵᠠᠩᠰᠢᠯ ᠢ ᠠᠶᠢᠮᠠᠭ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ ᠪᠦᠷᠢᠳᠭᠡᠬᠦᠯᠵᠡᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号