ᠤᠯᠠᠮᠵᠢᠯᠠᠯᠳᠤ ᠵᠠᠩ ᠦᠢᠯᠡ —  ᠲᠠᠯᠠᠯᠭ᠎ᠠ ᠠᠪᠬᠤ  ᠶᠤᠰᠤᠨ
ᠨᠡᠶᠢᠲᠡᠯᠡᠭᠰᠡᠨ ᠴᠠᠭ᠄
2023/6/13
  ᠲᠠᠶᠢᠹᠤᠰᠧ ᠮᠤᠩᠭᠤᠯᠴᠤᠳ ᠪᠢᠯᠢᠭ ᠤᠨ ᠤᠯᠠᠷᠢᠯ ᠤᠨ ᠦᠶᠦᠭ ᠲᠠᠩᠰᠤᠭ ᠨᠠᠢᠮᠠ  ᠶᠢᠰᠦᠨ ᠰᠠᠷ᠎ᠠ ᠳᠤ᠂ ᠡᠳᠦᠷ  ᠤᠨ ᠰᠠᠶᠢᠨ ᠢ ᠦᠵᠡᠨ ᠰᠤᠩᠭᠤᠵᠤ ᠲᠠᠯᠠᠯᠭ᠎ᠠ ᠠᠪᠳᠠᠭ᠃ ᠡᠨᠡ ᠨᠢ ᠠᠶᠢᠯ ᠭᠡᠷ ᠤᠨ ᠢᠶᠠᠨ ᠦᠬᠡᠳᠡ ᠡᠰᠡᠷᠡᠭ᠂ ᠠᠵᠤ ᠠᠮᠢᠳᠤᠷᠠᠯ ᠤᠨ ᠢᠶᠠᠨ ᠡᠯᠪᠡᠭ ᠲᠡᠩᠴᠡᠬᠦᠬᠡᠨ ᠪᠠᠶᠢᠬᠤ ᠶᠢ ᠪᠤᠷᠬᠠᠨ ᠰᠢᠳᠦᠭᠡᠨ ᠳᠡᠭᠡᠨ ᠨᠠᠮᠠᠨᠴᠢᠯᠠᠨ ᠲᠠᠭᠠᠳᠬᠠᠵᠤ᠂  ᠬᠡᠶᠢᠮᠤᠷᠢ ᠰᠦᠯᠳᠡ ᠪᠠᠨ ᠮᠠᠨᠳᠤᠭᠤᠯᠤᠨ᠂ ᠭᠡᠰᠢᠭ ᠪᠤᠶᠠᠨ ᠬᠤᠷᠤᠶᠢᠯᠠᠵᠤ᠂ ᠲᠠᠪᠤᠨ ᠬᠤᠰᠢᠭᠤ ᠮᠠᠯ  ᠤᠨ ᠢᠶᠠᠨ ᠦᠨᠢᠷ ᠦᠰᠦᠯᠳᠡ ᠶᠢ  ᠪᠡᠯᠭᠡᠳᠡᠵᠦ  ᠪᠦᠬᠦᠢ ᠵᠠᠩ ᠦᠢᠯᠡ ᠪᠤᠯᠤᠨ᠎ᠠ᠃  ᠡᠨᠡᠬᠦ ᠤᠯᠠᠮᠵᠢᠯᠠᠯᠳᠤ ᠵᠠᠩᠰᠢᠯ  ᠨᠢ  ᠦᠨᠳᠦᠰᠦᠳᠡᠨ ᠤ ᠤᠤᠷ ᠰᠤᠶᠤᠯ ᠤᠨ ᠮᠦᠩᠬᠡ ᠨᠤᠭᠤᠭᠠᠨ ᠬᠠᠶᠢᠯᠠᠰᠤᠨ ᠳᠤ ᠦᠩᠬᠡ ᠨᠡᠮᠡᠭᠰᠡᠨ ᠨᠢᠬᠡᠨ ᠨᠠᠮᠠᠭ᠎ᠠ ᠪᠤᠯᠵᠤ᠂  ᠬᠤᠯᠠᠴᠢ ᠪᠤᠳᠤᠯ ᠢᠶᠠᠷ ᠲᠤᠩᠭᠠᠬᠤ ᠳᠤ ᠬᠤᠪᠢ ᠶᠢᠨ ᠵᠢᠩ ᠨᠢ ᠤᠴᠢᠷᠳᠠᠢ ᠬᠦᠨᠳᠦ ᠰᠠᠨᠠᠭᠳᠠᠨᠠᠮ᠃    ᠲᠠᠯᠠᠯᠭ᠎ᠠ ᠠᠪᠬᠤ ᠳᠤ ᠪᠠᠶᠠᠨ ᠶᠠᠳᠠᠭᠤ ᠶᠢᠨ ᠢᠯᠭᠠᠭ᠎ᠠ ᠪᠠᠶᠢᠳᠠᠭ ᠦᠬᠡᠢ᠂ ᠵᠦᠪᠬᠡᠨ ᠠᠶᠢᠯ ᠡᠷᠦᠬᠡ ᠶᠢᠨ ᠲᠡᠭᠡᠳᠦ ᠠᠴᠠ ᠤᠯᠠᠮᠵᠢᠯᠠᠭᠰᠠᠨ ᠵᠠᠩ ᠲᠠᠳᠬᠠᠯ ᠢᠶᠠᠷ ᠰᠢᠯᠳᠠᠭᠠᠯᠠᠭᠳᠠᠵᠤ᠂ ᠤᠯᠠᠭᠠᠨ ᠴᠠᠭᠠᠨ ᠢᠳᠡᠭᠡᠨ ᠢᠶᠠᠷ ᠲᠠᠯᠠᠯᠭ᠎ᠠ ᠠᠪᠬᠤ ᠨᠢ ᠠᠳᠠᠯᠢ ᠦᠬᠡᠢ ᠪᠠᠶᠢᠳᠠᠭ᠃ ᠵᠠᠷᠢᠮ ᠠᠶᠢᠯ ᠨᠢ ᠪᠤᠷᠬᠠᠨ ᠢᠶᠠᠨ ᠪᠦᠬᠦᠯᠢ ᠰᠢᠬᠦᠰᠦ ᠪᠠᠷ ᠲᠠᠬᠢᠵᠤ ᠂ ᠬᠡᠳᠦ ᠬᠡᠳᠦᠨ ᠯᠠᠮᠠ  ᠵᠠᠯᠠᠵᠤ᠂ 3 —5 ᠡᠳᠦᠷ ᠨᠤᠮ ᠬᠤᠷᠠᠭᠤᠯᠤᠨ᠂  ᠮᠢᠬ᠎ᠠ ᠲᠠᠢ ᠴᠠᠪ ᠬᠢᠵᠦ᠂ ᠤᠯᠠᠭᠠᠨ  ᠢᠶᠠᠷ ᠲᠠᠯᠠᠯᠭ᠎ᠠ ᠠᠪᠤᠨ᠎ᠠ  ᠃ ᠵᠠᠷᠢᠮ ᠠᠶᠢᠯ ᠨᠢ ᠨᠢᠬᠡ ᠯᠡ ᠡᠳᠦᠷ ᠨᠤᠮ ᠬᠤᠷᠠᠭᠤᠯᠬᠤ ᠴᠤ ᠪᠤᠢ᠃ ᠪᠠᠰᠠ ᠵᠠᠷᠢᠮ ᠨᠢ ᠵᠦᠪᠬᠡᠨ ᠴᠠᠭᠠᠨ ᠢᠳᠡᠭᠡ᠂ ᠪᠤᠤᠪᠤ ᠪᠤᠭᠤᠷᠰᠤᠭ ᠲᠠᠪᠠᠭᠯᠠᠨ ᠪᠤᠷᠬᠠᠨ ᠢᠶᠠᠨ ᠲᠠᠬᠢᠵᠤ᠂ ᠵᠢᠰᠢᠶ᠎ᠡ ᠯᠠᠮᠠ ᠨᠤᠮ ᠤᠩᠰᠢᠨ ᠴᠠᠭᠠᠨ ᠢᠶᠠᠷ ᠲᠠᠯᠠᠯᠭ᠎ᠠ ᠠᠪᠤᠨ᠎ᠠ᠃      ᠲᠠᠯᠠᠯᠭ᠎ᠠ ᠠᠪᠬᠤ   ᠳᠤ ᠠᠶᠢᠯ ᠪᠦᠷᠢ ᠲᠠᠬᠢᠵᠤ ᠪᠠᠶᠢᠭᠰᠠᠨ ᠪᠤᠷᠬᠠᠨ ᠰᠢᠳᠦᠬᠡᠨ᠂  ᠲᠤᠬᠠᠶᠢᠯᠠᠪᠠᠯ ᠶᠠᠮᠠᠨᠳᠠᠭ  ᠪᠤᠷᠬᠠᠨ᠂  ᠠᠷᠢᠶᠠᠪᠠᠯᠤ᠂  ᠴᠠᠭᠠᠨ ᠡᠪᠦᠬᠡᠨ᠂ ᠲᠠᠪᠤᠨ ᠲᠤᠭᠰᠢᠳ ︵ᠭᠤᠮᠪᠤ᠂ ᠴᠤᠶᠢᠷᠤᠯᠵᠢᠩ᠂ ᠯᠾᠠᠮᠤ᠂ ᠨᠠᠮᠰᠠᠷᠠᠢ ᠂ ᠵᠠᠮᠰᠦ᠋ᠷᠦᠩ︶ ᠵᠡᠷᠭᠡ ᠪᠠᠨ ᠵᠠᠪᠠᠯ ᠲᠠᠬᠢᠵᠤ᠂  ᠬᠡᠶᠢᠮᠤᠷᠢ ᠰᠦᠯᠳᠡ ᠲᠠᠢ ᠪᠠᠶᠢᠬᠤ᠂  ᠠᠮᠤᠷ ᠠᠮᠤᠭᠤᠯᠠᠩ ᠠᠮᠢᠳᠤᠷᠠᠬᠤ᠂ ᠪᠤᠶᠠᠨ ᠭᠡᠰᠢᠭ ᠬᠦᠷᠳᠡᠬᠦ ᠶᠢ ᠬᠦᠰᠡᠳᠡᠭ ᠪᠠᠶᠢᠨ᠎ᠠ᠃  ᠲᠡᠭᠡᠬᠦ   ᠳᠡᠭᠡᠨ ᠰᠠᠩ ᠲᠠᠯᠪᠢᠵᠤ᠂ ᠮᠠᠯ ᠤᠨ ᠬᠠᠰᠢᠶ᠎ᠠ ᠰᠠᠷᠠᠪᠴᠢ᠂ ᠤᠶᠠᠭ᠎ᠠ  ᠵᠡᠯ᠎ᠡ ᠶᠢ ᠠᠷᠢᠭᠤᠯᠠᠬᠤ ᠶᠢᠨ ᠬᠠᠮᠳᠤ᠂ ᠪᠤᠷᠬᠠᠨ ᠳᠠᠭᠠᠨ ᠬᠦᠯᠦᠭ ᠬᠦᠰᠭᠡ ᠪᠤᠯᠭᠠᠵᠤ ᠪᠠᠶᠢᠨ᠎ᠠ ᠬᠡᠮᠡᠨ ᠠᠳᠤᠭᠤ ᠮᠠᠯ ᠤᠨ ᠰᠦᠷᠦᠭ ᠠᠴᠠ ᠪᠠᠨ ᠦᠷ᠎ᠡ ᠲᠦᠯ ᠢᠶᠠᠷ ᠰᠠᠶᠢᠨ᠂ ᠪᠡᠶ᠎ᠡ ᠪᠢᠯᠳᠠᠷ ᠢᠶᠠᠷ ᠲᠤᠮᠤ ᠤᠳᠤᠮ ᠰᠠᠶᠢᠳᠠᠢ ᠮᠠᠯ ᠢ ᠰᠤᠩᠭᠤᠵᠤ  ᠰᠡᠳᠡᠷᠯᠡᠳᠡᠭ᠃ ᠡᠨᠡ   ᠨᠢ ᠮᠦᠨᠴᠤ ᠮᠠᠯ ᠰᠦᠷᠦᠭ ᠤᠨ ᠢᠶᠠᠨ ᠦᠷᠡᠵᠢᠯ ᠦᠰᠦᠯᠳᠡ ᠶᠢ ᠪᠤᠷᠬᠠᠨ ᠲᠡᠭᠷᠢ ᠳᠡᠭᠡᠨ ᠲᠠᠭᠠᠳᠬᠠᠵᠤ ᠪᠠᠶᠢᠭ᠎ᠠ ᠪᠡᠯᠭᠡᠳᠡᠯ ᠤᠨ ᠤᠳᠬ᠎ᠠ ᠲᠠᠢ᠃  ᠶᠠᠮᠠᠨᠳᠠᠭ ᠪᠤᠷᠬᠠᠨ  ᠳᠤ ᠪᠤᠯ ᠢᠮᠠᠭ᠎ᠠ ᠪᠤᠶᠤ ᠠᠳᠤᠭᠤ ᠰᠡᠳᠡᠷᠯᠡᠵᠦ᠂  ᠪᠤᠰᠤᠳ ᠪᠤᠷᠬᠠᠨ ᠳᠤ ᠦᠬᠡᠷ᠂ ᠬᠤᠨᠢ᠂ ᠢᠮᠠᠭ᠎ᠠ ᠶᠢᠨ ᠠᠯᠢᠨ ᠢ ᠴᠤ ᠰᠡᠳᠡᠷᠯᠡᠵᠦ ᠪᠤᠯᠳᠠᠭ᠃ ᠬᠡᠬᠦᠦ ᠶᠢ ᠡᠳᠦᠷ ᠰᠡᠳᠡᠷᠯᠡᠵᠦ᠂ ᠦᠬᠡᠷ ᠬᠤᠨᠢ ᠶᠢ ᠪᠤᠯ ᠮᠠᠯ ᠬᠤᠳᠠᠯᠠᠭᠰᠠᠨ ᠬᠤᠶᠢᠨ᠎ᠠ ᠰᠡᠳᠡᠷᠯᠡᠨ᠎ᠡ᠃ ᠰᠡᠳᠡᠷᠯᠡᠭᠰᠡᠨ ᠮᠠᠯ ᠢ ᠤᠯᠠᠩᠬᠢ ᠳᠠᠭᠠᠨ ᠬᠤᠳᠠᠯᠳᠤᠵᠤ ᠵᠠᠷᠤᠬᠤ ᠦᠬᠡᠢ᠃ ᠭᠡᠷᠪᠡ ᠬᠤᠳᠠᠯᠳᠤᠵᠤ ᠵᠠᠷᠤᠬᠤ ᠴᠢᠬᠤᠯᠠᠳᠠᠢ ᠪᠤᠯ᠂ ᠦᠬᠡᠷ᠎ᠡ ᠮᠠᠯ ᠳᠤ  ᠠᠮᠢᠰᠬᠤᠯ ᠢ ᠨᠢ ᠬᠠᠯᠠᠵᠤ ᠪᠠᠶᠢᠨ᠎ᠠ ᠬᠡᠮᠡᠨ ᠬᠤᠩᠰᠢᠶᠠᠷ ᠢ ᠨᠢ  ᠨᠡᠶᠢᠯᠡᠬᠦᠯᠦᠨ ᠰᠤᠯᠢᠵᠤ ᠰᠡᠳᠡᠷᠯᠡᠨ᠎ᠡ᠃ ᠰᠡᠳᠡᠷ ᠢ  ᠬᠤᠨᠢᠨ ᠤ ᠨᠤᠤᠰᠤ ᠪᠠᠷ ᠲᠠᠮᠤᠵᠤ᠂ ᠲᠠᠪᠤᠨ ᠦᠩᠬᠡ   ᠶᠢᠨ ᠲᠤᠷᠭ᠎ᠠ ᠪᠦᠰ ᠢᠶᠠᠷ ᠠᠯᠠᠭᠯᠠᠭᠤᠯᠤᠨ ᠴᠢᠮᠡᠭᠡᠳ᠂  ᠴᠡᠪᠡᠷᠭᠡᠨ ᠰᠠᠪᠠᠨ ᠳᠤ ᠰᠦ ᠷᠠᠰᠢᠶᠠᠨ ᠬᠢᠵᠦ ᠠᠷᠢᠭᠤᠯᠠᠨ ᠷᠠᠰᠢᠶᠠᠯᠠᠭᠠᠳ ᠭᠡᠷᠡᠭᠯᠡᠨ᠎ᠡ᠃      ᠲᠠᠯᠠᠯᠭ᠎ᠠ ᠠᠪᠬᠤ ᠳᠠᠭᠠᠨ ᠪᠤᠷᠬᠠᠨ ᠨᠢᠬᠡᠪᠦᠷᠢ ᠳᠤ ᠠᠳᠠᠯᠢ ᠪᠤᠰᠤ ᠶᠠᠩᠵᠤ ᠬᠡᠯᠪᠡᠷᠢ ᠶᠢᠨ ᠪᠠᠯᠢᠩ ᠪᠠᠷᠢᠵᠤ᠂ ᠪᠦᠬᠦᠯᠢ  ᠰᠢᠬᠦᠰᠦ᠂ ᠬᠤᠨᠢᠨ ᠤ ᠬᠠ᠂ ᠡᠪᠴᠢᠬᠦᠦ᠂ ᠬᠤᠰᠬᠢᠨᠠᠭ᠂ ᠭᠤᠤᠯ ᠮᠢᠬ᠎ᠠ᠂ ᠴᠠᠭᠠᠨ ᠢᠳᠡᠭᠡ᠂ ᠠᠶᠢᠷᠠᠭ ᠰᠦ᠂  ᠨᠠᠩᠵᠢᠳ ︵ᠰᠠᠭᠠᠯᠢ ᠶᠢᠨ ᠠᠷᠢᠬᠢ︶᠂  ᠪᠤᠤᠪᠤ ᠪᠤᠭᠤᠷᠰᠤᠭ  ᠲᠡᠷᠢᠬᠦᠳᠡᠨ ᠢ  ᠴᠤᠩᠬᠤᠷᠯᠠᠨ ᠲᠠᠬᠢᠨ᠎ᠠ᠃      ᠪᠤᠷᠬᠠᠨ ᠢᠶᠠᠨ ᠲᠠᠬᠢᠵᠤ ᠪᠠᠷᠠᠭᠠᠳ ᠲᠠᠯᠠᠯᠭ᠎ᠠ ᠠᠪᠤᠨ᠎ᠠ᠃ ᠠᠳᠡ ᠨᠠᠮᠰᠠᠷᠠᠢ ᠪᠤᠷᠬᠠᠨ ᠤ ᠲᠠᠬᠢᠯᠭ᠎ᠠ ᠪᠠᠷ ᠲᠠᠯᠠᠯᠭ᠎ᠠ  ᠠᠪᠬᠤ ᠵᠠᠩ ᠦᠢᠯᠡ ᠶᠢ  ᠲᠤᠭᠠᠴᠠᠪᠠᠯ᠄     ᠲᠠᠯᠠᠯᠭ᠎ᠠ ᠶᠢ ᠪᠢᠯᠢᠭ ᠤᠨ ᠤᠯᠠᠷᠢᠯ ᠤᠨ ᠨᠠᠢᠮᠠᠨ ᠰᠠᠷ᠎ᠠ ᠶᠢᠨ ᠰᠢᠨᠡᠳ ᠠᠴᠠ ᠠᠷᠪᠠᠨ ᠰᠠᠷ᠎ᠠ ᠶᠢᠨ ᠬᠤᠷᠢᠨ ᠲᠠᠪᠤᠨ ᠤ ᠬᠤᠭᠤᠷᠤᠨᠳᠤ ᠠᠪᠳᠠᠭ᠃ ᠲᠠᠯᠠᠯᠭ᠎ᠠ ᠶᠢᠨ ᠡᠳᠦᠷ ᠬᠦᠷᠴᠦ ᠢᠷᠡᠬᠦ ᠳᠤ᠂  ᠭᠡᠷ ᠤᠨ ᠡᠵᠡᠨ ᠴᠡᠪᠡᠷ ᠴᠡᠮᠴᠡᠭᠡᠷ ᠬᠤᠪᠴᠠᠰᠤᠯᠠᠵᠤ᠂ ᠡᠵᠡᠭᠳᠡᠢ ᠴᠤ ᠵᠠᠰᠠᠯ ᠵᠢᠮᠰᠡᠭ ᠢᠶᠠᠨ ᠵᠡᠬᠦᠵᠦ ᠮᠠᠯᠠᠭᠠᠢ ᠪᠠᠨ ᠡᠮᠦᠰᠦᠭᠡᠳ᠂ ᠵᠠᠯᠠᠭᠰᠠᠨ ᠯᠠᠮᠠ ᠠᠴᠠ ᠪᠤᠷᠬᠠᠨ ᠤ ᠡᠮᠦᠨ᠎ᠡ ᠬᠦᠵᠢ ᠠᠰᠠᠭᠠᠨ ᠵᠤᠯᠠ  ᠪᠠᠷᠢᠵᠤ᠂ ᠭᠡᠷ ᠤᠨ ᠡᠵᠡᠨ ᠰᠢᠬᠦᠰᠦ ᠪᠠᠨ ᠲᠠᠪᠠᠭᠯᠠᠨ ᠲᠠᠬᠢᠨ᠎ᠠ᠃  ᠪᠤᠷᠬᠠᠨ ᠰᠠᠬᠢᠭᠤᠰᠤ ᠳᠠᠭᠠᠨ ᠮᠠᠯ ᠰᠦᠷᠦᠭ ᠤᠨ ᠢᠶᠠᠨ ᠤᠬᠢ ᠰᠤᠳᠤ ᠶᠢ ᠡᠷᠬᠦᠨ  ᠲᠡᠭᠡᠵᠢᠯᠡᠬᠦ ᠤᠴᠢᠷ  ᠠᠴᠠ ᠰᠢᠬᠦᠰᠦ ᠨᠢ ᠡᠷᠭᠡᠪᠰᠢ ᠲᠤᠰ ᠵᠢᠯ ᠤᠨ ᠠᠯᠢ ᠰᠠᠶᠢᠨ ᠲᠠᠷᠭᠤ ᠬᠦᠴᠦ ᠲᠠᠢ ᠡᠷ᠎ᠡ ᠬᠤᠷᠠᠭ᠎ᠠ  ᠪᠠᠶᠢᠬᠤ ᠶᠤᠰᠤᠳᠠᠢ᠃ ᠪᠦᠬᠦᠯᠢ ᠵᠠᠰᠠᠬᠤ ᠶᠤᠰᠤ ᠨᠢ ᠤᠳᠤ ᠶᠢᠨ ᠬᠤᠷᠢᠮ ᠨᠠᠶᠢᠷ ᠤᠨ ᠪᠦᠬᠦᠯᠢ ᠤᠷᠤᠭᠤᠯᠬᠤ ᠶᠤᠰᠤ ᠲᠠᠢ ᠠᠳᠠᠯᠢᠬᠠᠨ᠃      ᠰᠢᠬᠦᠰᠦᠨ ᠤ ᠡᠮᠦᠨ᠎ᠡ  ᠭᠤᠷᠪᠠᠨ ᠪᠠᠯᠢᠩ ᠦᠷᠦᠵᠦ ᠲᠠᠯᠪᠢᠭᠠᠳ᠂ ᠰᠢᠬᠦᠰᠦᠨ ᠤ ᠵᠡᠬᠦᠨ ᠪᠠᠷᠠᠭᠤᠨ ᠬᠤᠶᠠᠷ ᠲᠠᠯ᠎ᠠ ᠳᠤ ᠲᠤᠰᠪᠤᠷᠢ ᠲᠠᠪᠠᠭ ᠲᠠᠢ ᠪᠤᠤᠪᠤ ᠪᠤᠭᠤᠷᠰᠤᠭ᠂ ᠴᠠᠭᠠᠨ ᠢᠳᠡᠭᠡ ᠵᠢᠴᠢ ᠪᠠᠭᠪᠤᠷ ᠲᠠᠢ ᠰᠢᠷ᠎ᠠ ᠲᠤᠰᠤ ᠲᠠᠯᠪᠢᠨ᠎ᠠ᠃ ᠪᠠᠰᠠ ᠰᠢᠬᠦᠰᠦᠨ ᠤ ᠭᠤᠷᠪᠠᠨ ᠲᠠᠯ᠎ᠠ ᠳᠤ ︵ᠪᠤᠷᠬᠠᠨ ᠤ ᠶᠠᠭ ᠡᠮᠦᠨ᠎ᠡ ᠲᠠᠯᠪᠢᠬᠤ ᠦᠬᠡᠢ︶ ᠲᠤᠰᠪᠤᠷᠢ 3 —6 ᠲᠠᠬᠢᠯ ᠲᠠᠯᠪᠢᠨ᠎ᠠ᠃  ᠵᠢᠷᠭᠤᠭᠠᠨ ᠲᠠᠬᠢᠯ ᠢᠶᠠᠷ ᠶᠠᠷᠢᠪᠠᠯ᠂ ᠭᠤᠷᠪᠠ ᠳᠤᠨᠢ ᠷᠠᠰᠢᠶᠠᠨ ᠬᠢᠵᠦ᠂ ᠬᠤᠶᠠᠷ ᠢ ᠡᠮᠦᠨ᠎ᠡ ᠨᠢ ᠲᠠᠯᠪᠢᠵᠤ᠂ ᠨᠢᠬᠡ ᠶᠢ ᠨᠢ ᠠᠷᠤ ᠳᠤᠨᠢ ᠲᠠᠯᠪᠢᠨ᠎ᠠ᠃ ᠨᠦᠬᠦᠬᠡ ᠭᠤᠷᠪᠠᠨ ᠲᠠᠬᠢᠯ ᠤᠨ ᠬᠤᠶᠠᠷ ᠲᠤᠨᠢ ᠬᠤᠨᠤᠭ ᠪᠤᠳᠠᠭ᠎ᠠ ᠬᠢᠵᠦ᠂ ᠬᠦᠵᠢ ᠪᠠᠨ ᠠᠰᠠᠭᠠᠬᠤ ᠦᠬᠡᠢ ᠪᠠᠷ ᠬᠠᠳᠬᠤᠵᠤ ᠲᠠᠯᠪᠢᠭᠠᠳ᠂   ᠨᠦᠬᠦᠬᠡ ᠨᠢᠬᠡ ᠲᠠᠬᠢᠯ ᠳᠤᠨᠢ ᠵᠠᠭᠤᠷᠠᠭᠰᠠᠨ ᠶᠢᠦᠮᠠᠢ ᠶᠢᠨ ᠭᠤᠯᠢᠷ ᠢᠶᠠᠷ ᠬᠤᠶᠠᠷ ᠴᠢᠬᠢ ᠲᠠᠢ ᠰᠤᠪᠤᠷᠭ᠎ᠠ ᠭᠡᠯᠪᠡᠷᠢᠳᠦ ᠪᠠᠯᠢᠩ ᠪᠠᠷᠢᠵᠤ ᠲᠠᠯᠪᠢᠳᠠᠭ᠃ ᠲᠠᠬᠢᠯ ᠤᠨ ᠪᠠᠷᠠᠭᠤᠨ ᠲᠠᠯ᠎ᠠ ᠳᠤ ᠴᠢᠮᠠᠷ ᠤᠨ ᠭᠤᠯᠢᠷ ᠢ ᠲᠠᠯᠪᠢᠨ᠎ᠠ  ᠃ ᠴᠢᠮᠠᠷ ᠤᠨ ᠭᠤᠯᠢᠷ ᠭᠡᠳᠡᠭ  ᠨᠢ ᠬᠠᠭᠤᠷᠠᠢ ᠶᠢᠤᠮᠠᠢ ᠶᠢᠨ ᠭᠤᠯᠢᠷ ᠲᠠᠭᠠᠨ ᠰᠢᠷ᠎ᠠ ᠲᠤᠰᠤ ᠪᠤᠷᠠᠮ ᠬᠤᠯᠢᠵᠤ᠂ ᠭᠡᠪ ᠢᠶᠠᠷ ᠲᠠᠷᠤᠵᠤ  ᠭᠠᠷᠭᠠᠭᠳ᠂ ᠲᠡᠭᠡᠷ᠎ᠡ ᠨᠢ ᠰᠢᠷ᠎ᠠ ᠲᠤᠰᠤ ᠴᠢᠳᠬᠤᠭᠰᠠᠨ ᠪᠦᠷᠢᠶ᠎ᠡ ᠬᠡᠯᠪᠡᠷᠢ ᠲᠠᠢ ᠭᠤᠯᠢᠷ ᠪᠤᠯᠤᠨ᠎ᠠ᠃ ᠲᠠᠬᠢᠯ ᠤᠨ ᠵᠡᠬᠦᠨ ᠲᠠᠯ᠎ᠠ  ᠳᠤ ᠲᠦᠮᠪᠦ ᠶᠢᠨ ᠤᠶᠢᠷᠤᠪ ᠪᠠᠷᠢᠵᠤ ᠲᠠᠯᠪᠢᠨ᠎ᠠ᠃ ᠲᠦᠮᠪᠦ ᠶᠢᠨ ᠤᠶᠢᠷᠤᠪ   ᠢ ᠪᠠᠷᠢᠬᠤ ᠳᠤ ᠮᠦᠨ ᠬᠠᠭᠤᠷᠠᠢ ᠶᠢᠦᠮᠠᠢ  ᠶᠢᠨ ᠭᠤᠯᠢᠷ ᠢᠶᠠᠨ ᠪᠦᠮᠪᠦᠷᠭᠡᠨ ᠬᠡᠯᠪᠡᠷᠢ ᠲᠠᠢ ᠪᠤᠯᠭᠠᠵᠤ᠂ ᠪᠠᠭ᠎ᠠ ᠮᠤᠳᠤᠨ ᠫᠢᠯᠠ ᠳᠤ ᠲᠠᠪᠠᠭᠯᠠᠭᠠᠳ᠂ ᠲᠦᠷᠪᠡᠨ ᠲᠠᠯ᠎ᠠ ᠳᠤᠨᠢ ᠬᠤᠷᠤᠭᠤ ᠵᠦᠰᠦᠮ ᠦᠷᠦᠮ᠎ᠡ ᠪᠤᠰᠬᠠᠨ ᠲᠠᠯᠪᠢᠵᠤ᠂ ᠲᠡᠭᠡᠷ᠎ᠡ ᠨᠢ ᠨᠢᠬᠡ ᠵᠦᠰᠦᠮ ᠦᠷᠦᠮ᠎ᠡ ᠶᠢ ᠬᠦᠨᠳᠡᠯᠡᠨ ᠲᠠᠯᠪᠢᠳᠠᠭ᠃     ᠴᠢᠨᠠᠵᠤ ᠪᠤᠯᠭᠤᠭᠰᠠᠨ ᠡᠪᠴᠢᠬᠦᠦ ᠬᠤᠰᠬᠢᠨᠠᠭ ᠢᠶᠠᠨ ᠲᠠᠯᠠᠯᠭᠠᠨ ᠰᠠᠭᠤᠯᠠᠭᠠᠨ ᠳᠤ ᠬᠢᠵᠦ᠂ ᠲᠦᠬᠦᠭᠡᠢ ᠬᠠ  ᠪᠠᠨ ᠨᠤᠭᠤᠯᠤᠨ ᠴᠠᠭᠠᠨ ᠪᠦᠰᠡ ᠪᠠᠷ ᠤᠶᠠᠵᠤ ᠫᠢᠯᠠ ᠳᠤ ᠲᠠᠪᠠᠭᠯᠠᠨ᠎ᠠ᠃ ᠴᠠᠭᠠᠨ ᠪᠦᠰ ᠢᠶᠠᠷ ᠲᠠᠭᠠᠷᠴᠤᠭ ᠬᠦᠰᠢᠵᠦ  ᠂ ᠲᠤᠳᠤᠷ᠎ᠠ ᠨᠢ ᠲᠡᠮᠦᠷᠯᠢᠭ ᠵᠤᠭᠤᠰ᠂ ᠲᠠᠪᠤᠨ ᠲᠠᠷᠢᠶᠠᠨ ᠤ ᠦᠷ᠎ᠡ᠂ ᠬᠤᠨᠤᠭ ᠪᠤᠳᠠᠭ᠎ᠠ ᠵᠡᠷᠭᠡ ᠶᠢ ᠬᠢᠭᠰᠡᠨ ᠤ ᠲᠠᠷᠠᠭ᠎ᠠ᠂ ᠭᠡ ᠤᠭᠠᠯᠵᠠ ᠪᠤᠶᠤ ᠲᠤᠯᠤᠭᠠᠨ ᠡᠷᠳᠡᠨᠢ ᠨᠠᠢᠮᠠᠨ ᠲᠠᠬᠢᠯ ᠵᠢᠷᠤᠵᠤ ᠰᠢᠷ᠎ᠠ ᠪᠠᠷ ᠪᠤᠳᠤᠭᠰᠠᠨ ᠲᠠᠯᠠᠯᠭᠠᠨ ᠳ᠋ᠸᠦ   ᠳᠡᠭᠡᠨ ᠬᠢᠵᠦ᠂  ᠲᠡᠭᠡᠷ᠎ᠡ ᠨᠢ ᠲᠠᠯᠠᠯᠭᠠᠨ ᠰᠤᠮᠤ ᠪᠠᠨ ᠬᠠᠳᠬᠤᠨ᠎ᠠ᠃ ᠲᠠᠯᠠᠯᠭᠠᠨ ᠰᠤᠮᠤᠨ ᠳᠠᠭᠠᠨ  ᠡᠮᠡᠬᠡᠯ  ᠤᠨ ᠲᠠᠷᠤᠭᠤᠯᠭ᠎ᠠ ᠠᠴᠠ ᠲᠤᠮᠤ ᠰᠢᠭ᠋ ᠲᠤᠯᠢ ᠪᠡᠯᠡᠳᠭᠡᠵᠦ ᠤᠷᠤᠭᠰᠢ ᠬᠠᠨᠳᠤᠭᠤᠯᠤᠨ  ᠤᠶᠠᠭᠠᠳ᠂  ᠬᠠᠵᠠᠭᠤ ᠪᠠᠷ  ᠨᠢ ᠬᠠᠳᠠᠭ᠂ ᠲᠠᠪᠤᠨ ᠦᠩᠬᠡ ᠶᠢᠨ ᠪᠦᠰ ᠢ ᠲᠤᠯᠢ ᠪᠠᠨ ᠪᠦᠳᠡᠭᠡᠯ ᠦᠬᠡᠢ ᠤᠨᠵᠢᠭᠤᠯᠵᠤ ᠤᠶᠠᠨ᠎ᠠ᠃ ᠲᠠᠯᠠᠯᠭᠠᠨ ᠰᠤᠮᠤ ᠪᠠᠨ ᠪᠦᠬᠦᠳᠡ ᠶᠢ ᠨᠢᠬᠡ ᠬᠠᠳᠠᠭ ᠢᠶᠠᠷ ᠤᠷᠢᠶᠠᠵᠤ᠂ ᠬᠠᠳᠠᠭ ᠤᠨ ᠬᠤᠶᠠᠷ ᠦᠵᠦᠬᠦᠷ ᠢ ᠵᠠᠩᠬᠢᠳᠴᠤ ᠤᠶᠠᠬᠤ ᠦᠬᠡᠢ᠃ ᠲᠠᠯᠠᠯᠭ᠎ᠠ  ᠠᠪᠤᠭᠰᠠᠨ ᠤ ᠲᠠᠷᠠᠭ᠎ᠠ ᠲᠠᠯᠠᠯᠭᠠᠨ ᠰᠤᠮᠤ ᠪᠠᠨ ᠬᠠᠳᠠᠭ᠂ ᠲᠠᠪᠤᠨ ᠦᠩᠬᠡ ᠶᠢᠨ ᠪᠦᠰ ᠢᠶᠠᠷ ᠪᠤᠭᠤᠵᠤ᠂ ᠱᠤᠤᠬᠢᠯ ︵ᠲᠠᠯᠠᠯᠭᠠᠨ ᠰᠤᠮᠤ ᠬᠢᠳᠡᠭ ᠤᠷᠳᠤ ᠲᠦᠷᠪᠡᠯᠵᠢᠨ ᠮᠤᠳᠤᠨ ᠬᠠᠶᠢᠷᠴᠠᠭ︶ ᠳᠠᠭᠠᠨ ᠬᠢᠵᠦ᠂ ᠪᠤᠷᠬᠠᠨ ᠤ ᠠᠪᠳᠠᠷ᠎ᠠ ᠳᠠᠭᠠᠨ ᠬᠠᠳᠠᠭᠠᠯᠠᠨ᠎ᠠ᠃      ᠲᠠᠯᠠᠯᠭ᠎ᠠ ᠶᠢ ᠠᠯᠳᠠᠨ ᠲᠠᠯᠠᠯᠭ᠎ᠠ ︵ᠶᠢᠰᠦᠨ ᠰᠤᠮᠤ ᠲᠠᠢ︶᠂ ᠰᠡᠩᠴᠢᠭ ᠲᠠᠯᠠᠯᠭ᠎ᠠ ︵ᠨᠢᠬᠡ ᠰᠤᠮᠤ ᠲᠠᠢ︶ ᠬᠡᠵᠦ ᠬᠤᠪᠢᠶᠠᠳᠠᠭ᠃ ᠰᠡᠩᠴᠢᠭ ᠭᠡᠳᠡᠭ ᠨᠢ ᠲᠦᠪᠡᠳ ᠭᠠᠷᠤᠯ ᠲᠠᠢ ᠦᠬᠡ᠃ ᠠᠯᠳᠠᠨ ᠲᠠᠯᠠᠯᠭ᠎ᠠ  ᠪᠠ ᠰᠡᠩᠴᠢᠭ ᠲᠠᠯᠠᠯᠭ᠎ᠠ   ᠶᠢᠨ ᠤᠩᠰᠢᠬᠤ ᠨᠤᠮ ᠨᠢ ᠠᠳᠠᠯᠢ ᠦᠬᠡᠢ ᠪᠠᠶᠢᠳᠠᠭ᠃ ᠦᠩᠭᠡᠷᠡᠭᠰᠡᠨ ᠳᠤ᠂ ᠠᠮᠪᠠᠨ ᠬᠤᠰᠠᠢ᠂ ᠪᠠᠶᠠᠳ ᠨᠤᠶᠠᠳ ᠤᠨ ᠬᠢᠨ ᠠᠯᠳᠠᠨ ᠲᠠᠯᠠᠯᠭ᠎ᠠ ᠠᠪᠴᠤ᠂ ᠡᠩ ᠤᠨ ᠠᠷᠠᠳ ᠰᠡᠩᠴᠢᠭ ᠲᠠᠯᠠᠯᠭ᠎ᠠ ᠠᠪᠬᠤ ᠨᠢ ᠤᠯᠠᠨ ᠪᠠᠶᠢᠵᠠᠢ       ᠲᠠᠯᠠᠯᠭ᠎ᠠ ᠶᠢ ᠮᠠᠯ ᠤᠨ ᠲᠤᠯᠤᠭᠠᠢ ᠭᠡᠷ  ᠵᠦᠭ ᠢᠶᠠᠨ ᠡᠷᠬᠢᠬᠦ ᠴᠠᠭ ᠲᠤ ᠠᠪᠤᠨ᠎ᠠ᠃ ᠲᠠᠯᠠᠯᠭ᠎ᠠ ᠠᠪᠬᠤ ᠳᠤ ᠤᠯᠠᠩᠬᠢ ᠳᠠᠭᠠᠨ ᠲᠠᠪᠤᠨ ᠭᠠᠩᠰᠤ ︵ᠲᠤᠭᠰᠢ︶᠂ ᠶᠠᠮᠠᠨᠳᠠᠭ ᠢ ᠤᠩᠰᠢᠵᠤ᠂ ᠰᠠᠶᠢᠨ ᠰᠠᠶᠢᠬᠠᠨ ᠢ ᠲᠠᠯᠠᠯᠤᠨ᠂  ᠪᠤᠵᠠᠷ  ᠪᠤᠷᠳᠠᠭ ᠢ ᠦᠯᠳᠡᠬᠦ ᠶᠢ ᠪᠤᠳᠤᠵᠤ᠂ ᠵᠢᠰᠢᠶᠡᠨ ᠤ ᠯᠠᠮᠠ ᠠᠴᠠ ᠨᠤᠮ ᠢᠶᠠᠨ ᠤᠩᠰᠢᠬᠤ ᠶᠢᠨ ᠲᠠᠭᠠᠤ ᠪᠤᠮᠪᠠ  ᠲᠠᠢ ᠷᠠᠰᠢᠶᠠᠨ ᠢᠶᠠᠷ ᠷᠠᠰᠢᠶᠠᠯᠠᠳᠠᠭ᠃ ᠨᠤᠮ ᠤᠩᠰᠢᠵᠤ ᠪᠠᠷᠠᠭᠰᠠᠨ ᠤ ᠲᠠᠷᠠᠭ᠎ᠠ᠂  ᠵᠢᠰᠢᠶᠡᠨ ᠤ ᠯᠠᠮᠠ ᠲᠠᠯᠠᠯᠭᠠᠨ ᠰᠤᠮᠤ ᠪᠠᠨ ᠪᠠᠷᠢᠵᠤ᠂ ᠬᠤᠩᠬᠤ ᠲᠠᠮᠠᠷᠤ ᠪᠠᠨ ᠲᠤᠤᠭᠠᠷᠭᠠᠨ᠂ ᠱᠠᠪᠢᠨᠠᠷ ᠨᠢ ᠭᠡᠩᠬᠡᠷᠭᠡ ᠴᠠᠩ ᠢᠶᠠᠨ ᠴᠤᠬᠢᠨ᠎ᠠ᠃ ᠡᠨᠡ  ᠦᠶ᠎ᠡ ᠪᠠᠷ᠂ ᠭᠡᠷ ᠤᠨ ᠡᠵᠡᠨ ᠲᠠᠯᠠᠯᠭᠠᠨ ᠰᠤᠮᠤ ᠪᠠ  ᠫᠢᠯᠠ ᠲᠠᠢ ᠬᠠ ᠪᠠᠨ ᠠᠪᠴᠤ᠂ ᠡᠵᠡᠭᠳᠡᠢ ᠨᠢ ᠲᠠᠯᠠᠯᠭᠠᠨ ᠰᠠᠭᠤᠯᠠᠭ᠎ᠠ ᠪᠠᠨ  ᠠᠪᠴᠤ ᠬᠤᠷᠤᠶᠢᠯᠠᠨ᠂ ᠢᠷᠦᠬᠡᠯ ᠤᠩᠰᠢᠵᠤ ᠲᠠᠯᠠᠯᠭ᠎ᠠ ᠠᠪᠤᠨ᠎ᠠ᠃ ᠬᠤᠷᠠᠵᠤ ᠴᠤᠭᠯᠠᠷᠠᠭᠰᠠᠳ  ᠠᠴᠠ ᠠᠬᠠᠮᠠᠳ ᠲᠤᠮᠤᠭᠠᠳᠠᠨ ᠪᠠ ᠲᠤᠰ ᠠᠶᠢᠯ ᠤᠨ ᠬᠡᠦᠭᠡᠳ ᠨᠢ ᠬᠠᠳᠠᠭ ᠡᠷᠬᠦᠵᠦ᠂ ᠪᠤᠰᠤᠳ ᠬᠦᠮᠦᠰ ᠴᠠᠭᠠᠨ ᠢᠳᠡᠭᠡ᠂ ᠪᠤᠤᠪᠤ ᠪᠤᠭᠤᠷᠰᠤᠭ ᠢᠶᠠᠷ ᠲᠠᠯᠠᠯᠭ᠎ᠠ ᠠᠪᠴᠤ ᠬᠤᠷᠤᠶᠢᠯᠠᠨ᠎ᠠ᠃                ᠲᠠᠯᠠᠯᠭ᠎ᠠ ᠠᠪᠬᠤ ᠢᠷᠦᠭᠡᠯ        ᠰᠢᠷ᠎ᠠ ᠲᠦᠷᠦᠬᠦᠦ ᠲᠠᠢ ᠬᠤᠨᠢ ᠪᠠᠨ ᠪᠠᠵᠠᠭᠠᠵᠤ        ᠰᠢᠳᠦᠬᠡᠨ ᠪᠤᠷᠬᠠᠨ ᠳᠠᠭᠠᠨ ᠲᠡᠭᠡᠵᠢ ᠪᠠᠨ ᠡᠷᠬᠦᠭᠡᠳ       ᠰᠠᠴᠤᠷᠠᠵᠤ ᠢᠷᠡᠬᠦ ᠪᠤᠶᠠᠨ ᠭᠡᠰᠢᠭ       ᠮᠠᠨ ᠤ ᠨᠤᠳᠤᠭ ᠲᠤ ᠬᠤᠷᠤᠢ ᠬᠤᠷᠤᠢ︕       ᠲᠠᠪᠤᠨ ᠲᠠᠷᠢᠶ᠎ᠠ ᠪᠠᠨ ᠳ᠋ᠸᠦ ᠲᠦᠬᠦᠷᠭᠡᠭᠡᠳ       ᠲᠡᠭᠷᠢ ᠭᠠᠵᠠᠷ ᠲᠠᠭᠠᠨ ᠲᠡᠭᠡᠵᠢ ᠡᠷᠬᠦᠭᠡᠳ       ᠲᠡᠳᠬᠦᠵᠦ ᠢᠷᠡᠬᠦ ᠪᠤᠶᠠᠨ ᠬᠡᠰᠢᠭ       ᠲᠦᠷᠦᠭᠰᠡᠨ ᠨᠤᠳᠤᠭ ᠲᠤ ᠮᠢᠨᠢ ᠬᠤᠷᠤᠢ ᠬᠤᠷᠤᠢ︕       ᠰᠦ ᠰᠠᠶᠢᠳᠠᠢ ᠦᠬᠡᠷ ᠤᠨ ᠭᠡᠰᠢᠭ       ᠰᠦᠷᠦᠭᠯᠡᠭᠡᠳ ᠨᠠᠰᠢ ᠪᠠᠨ ᠬᠤᠷᠤᠢ ᠬᠤᠷᠤᠢ︕       ᠰᠦᠮᠪᠦᠷ ᠶᠡᠭᠡ ᠪᠤᠶᠠᠨ ᠬᠡᠰᠢᠭ       ᠭᠡᠷ ᠤᠨ ᠡᠵᠡᠨ ᠳᠡᠭᠡᠨ ᠬᠤᠷᠤᠢ ᠬᠤᠷᠤᠢ︕       ᠲᠡᠯ ᠰᠠᠶᠢᠳᠠᠢ ᠠᠳᠤᠭᠤᠨ ᠤ ᠭᠡᠰᠢᠭ       ᠲᠡᠯᠬᠡᠵᠦ ᠨᠠᠰᠢ ᠪᠠᠨ ᠬᠤᠷᠤᠢ ᠬᠤᠷᠤᠢ︕       ᠲᠦᠷᠪᠡᠨ ᠵᠦᠭ ᠤᠨ ᠪᠤᠶᠠᠨ ᠭᠡᠰᠢᠭ       ᠭᠡᠷ ᠤᠨ ᠡᠵᠡᠨ ᠳᠡᠭᠡᠨ ᠬᠤᠷᠤᠢ ᠬᠤᠷᠤᠢ︕       ᠲᠠᠷᠭᠤ ᠰᠠᠶᠢᠳᠠᠢ ᠬᠤᠨᠢᠨ ᠤ ᠭᠡᠰᠢᠭ       ᠲᠠᠷᠬᠠᠵᠤ ᠨᠠᠰᠢ ᠪᠠᠨ ᠬᠤᠷᠤᠢ ᠬᠤᠷᠤᠢ︕       ᠲᠠᠩᠰᠤᠭ ᠶᠡᠭᠡ  ᠪᠤᠶᠠᠨ ᠬᠡᠰᠢᠭ       ᠭᠡᠷ ᠤᠨ ᠡᠵᠡᠨ ᠳᠡᠭᠡᠨ ᠬᠤᠷᠤᠢ ᠬᠤᠷᠤᠢ︕       ᠬᠦᠴᠦ ᠲᠠᠷ ᠲᠠᠢ ᠮᠠᠯ ᠰᠦᠷᠦᠭ ᠮᠢᠨᠢ       ᠬᠦᠳᠡᠭᠡ ᠲᠦᠬᠦᠷᠡᠩ ᠬᠤᠷᠤᠢ ᠬᠤᠷᠤᠢ︕       ᠬᠦᠭᠵᠢᠯ ᠵᠢᠷᠭᠠᠯ ᠲᠠᠢ ᠰᠠᠶᠢᠬᠠᠨ ᠠᠮᠢᠳᠤᠷᠠᠯ             ᠮᠠᠨ ᠤ ᠵᠦᠭ ᠬᠤᠷᠤᠢ ᠬᠤᠷᠤᠢ︕      ᠲᠠᠯᠠᠯᠭ᠎ᠠ ᠠᠪᠤᠭᠰᠠᠨ ᠤ ᠲᠠᠷᠠᠭ᠎ᠠ ᠪᠤᠷᠬᠠᠨ ᠤ ᠡᠮᠦᠨᠡᠬᠢ ᠰᠢᠬᠦᠰᠦ ᠪᠠᠨ ᠬᠦᠨᠳᠡᠵᠦ ᠪᠠᠭᠤᠯᠭᠠᠨ᠎ᠠ᠃ ᠮᠤᠳᠤᠨ ᠲᠠᠪᠠᠭ ᠲᠤ ᠱᠠᠭᠠᠨᠳᠤ᠂ ᠤᠭᠤᠷᠠᠭ ᠰᠡᠬᠦᠯ ᠢ ᠤᠭᠳᠤᠯᠤᠨ ᠲᠠᠯᠪᠢᠵᠤ᠂ ᠪᠤᠷᠬᠠᠨ ᠳᠠᠭᠠᠨ ᠲᠠᠬᠢᠨ᠎ᠠ᠃ ᠤᠭᠤᠴᠠ ᠪᠠᠭᠤᠯᠭᠠᠬᠤ ᠳᠠᠭᠠᠨ ᠤᠷᠢᠳᠠᠪᠠᠷ ᠵᠦᠪ ᠲᠠᠯ᠎ᠠ ︵ᠪᠠᠷᠠᠭᠤᠨ ᠲᠠᠯ᠎ᠠ︶ ᠠᠴᠠ  ᠲᠦᠷᠪᠡᠨ ᠬᠤᠷᠤᠭᠤ ᠵᠤᠵᠠᠭᠠᠨ ᠵᠦᠰᠦᠵᠦ᠂ ᠲᠠᠷᠠᠭ᠎ᠠ ᠨᠢ ᠪᠤᠷᠤᠭᠤ ᠲᠠᠯ᠎ᠠ ᠠᠴᠠ ᠠᠳᠠᠯᠢᠬᠠᠨ ᠬᠡᠮᠵᠢᠶ᠎ᠡ ᠲᠠᠢ ᠵᠦᠰᠦᠵᠦ᠂ ᠲᠠᠷᠠᠮ ᠢ ᠰᠠᠯᠭᠠᠨ ᠤᠭᠤᠴᠠ ᠪᠠᠨ ᠲᠡᠷᠡᠯᠡᠬᠦᠯᠵᠦ ᠲᠠᠯᠪᠢᠨ᠎ᠠ᠃ ᠲᠠᠷᠠᠭ᠎ᠠ ᠨᠢ ᠬᠤᠨᠢᠨ ᠤ ᠲᠤᠯᠤᠭᠠᠢ ᠶᠢ ᠬᠦᠨᠳᠡᠵᠦ᠂ ᠴᠤᠭᠯᠠᠷᠠᠭᠰᠠᠨ ᠤᠯᠠᠨ ᠳᠤ ᠲᠦᠬᠡᠨ᠎ᠡ ᠠᠮᠰᠠᠭᠤᠯᠤᠨ᠎ᠠ᠃ ᠲᠡᠬᠡᠬᠦ ᠳᠤ ᠯᠠᠮᠠ  ᠪᠤᠯᠤᠨ ᠡᠮᠡᠭᠳᠡᠶᠢᠴᠤᠳ ᠠᠮᠰᠠᠳᠠᠭ ᠦᠬᠡᠢ᠃ ᠲᠦᠭᠡᠨ᠎ᠡ   ᠶᠢ ᠠᠮᠰᠠᠭᠰᠠᠨ ᠤ ᠲᠠᠷᠠᠭ᠎ᠠ᠂  ᠪᠤᠷᠬᠠᠨ ᠤ  ᠡᠮᠦᠨ᠎ᠡ ᠲᠠᠬᠢᠭᠰᠠᠨ ᠱᠠᠭᠠᠨᠳᠤ ᠪᠠ ᠤᠭᠤᠷᠠᠭ ᠰᠡᠬᠦᠯ ᠤᠨ  ᠲᠡᠭᠡᠷ᠎ᠡ ᠲᠠᠯᠪᠢᠭᠠᠳ᠂ ᠲᠠᠷᠠᠭ᠎ᠠ ᠡᠳᠦᠷ ᠨᠢ ᠬᠦᠳᠡᠯᠭᠡᠳᠡᠭ ᠶᠤᠰᠤ ᠲᠠᠢ᠃  ᠵᠢᠰᠢᠶᠡᠨ ᠤ ᠯᠠᠮᠠ  ᠲᠦᠷᠦᠬᠦᠯᠡᠨ᠂ ᠠᠬᠠᠮᠠᠳ ᠲᠤᠮᠤᠭᠠᠳᠠᠨ᠂ ᠭᠡᠷ ᠤᠨ ᠡᠵᠡᠨ ᠡᠷᠡᠮᠪᠠ ᠲᠠᠷᠠᠭ᠎ᠠ ᠲᠠᠢ ᠤᠭᠤᠴᠠᠨ ᠠᠴᠠ ᠠᠮᠰᠠᠨ᠎ᠠ᠃ ᠡᠨᠡ  ᠦᠶ᠎ᠡ ᠳᠤ ᠱᠠᠪᠢ ᠯᠠᠮᠠ ᠲᠦᠮᠪᠦ ᠶᠢᠨ ᠤᠶᠢᠷᠤᠪ ᠢ ᠲᠦᠰᠢᠵᠦ ᠲᠠᠯᠪᠢᠭᠰᠠᠨ ᠲᠦᠷᠪᠡᠨ ᠲᠠᠯ᠎ᠠ ᠶᠢᠨ ᠦᠷᠦᠮ᠎ᠡ ᠠᠴᠠ ᠠᠪᠴᠤ᠂ ᠵᠢᠬᠡ ᠬᠡᠦᠭᠡᠳ ᠪᠤᠶᠤ ᠴᠤᠭᠯᠠᠷᠠᠭᠰᠠᠨ ᠬᠡᠦᠭᠡᠳ ᠤᠨ ᠠᠮᠠᠨ ᠳᠤ ᠡᠮᠬᠦᠬᠦᠯᠵᠦ᠂ ᠲᠠᠷᠠᠭ᠎ᠠ ᠨᠢ  ᠲᠦᠮᠪᠦ   ᠶᠢᠨ ᠤᠶᠢᠷᠤᠪ ᠤᠨ ᠭᠤᠯᠢᠷ ᠢ ᠮᠦᠨ ᠠᠮᠠᠨ ᠳᠤᠨᠢ  ᠡᠮᠬᠦᠬᠦᠯᠦᠨ᠎ᠡ᠃  ᠰᠦᠬᠦᠳᠦᠭᠰᠡᠨ ᠬᠡᠦᠭᠡᠳ ᠪᠤᠰᠬᠤ ᠦᠶᠡᠰ᠂  ᠲᠦᠮᠪᠦ   ᠶᠢᠨ ᠤᠶᠢᠷᠤᠪ ᠤᠨ ᠭᠤᠯᠢᠷ ᠢᠶᠠᠷ ᠮᠠᠩᠨᠠᠢ ᠲᠡᠭᠡᠷ᠎ᠡ ᠨᠢ ᠲᠤᠮᠨᠤᠨ ᠮᠢᠯᠢᠶᠠᠵᠤ᠂  ᠵᠢᠰᠢᠶᠡᠨ ᠤ ᠯᠠᠮᠠ ᠨᠢ ︽ᠪᠤᠶᠠᠨ ᠬᠡᠰᠢᠭ ᠢᠷᠡᠪᠡᠦ︾ ᠬᠡᠵᠦ ᠠᠰᠠᠭᠤᠳᠠᠭ᠃ ᠬᠡᠦᠭᠡᠳ ︽ᠢᠷᠡᠭᠰᠡᠨ︾ ᠬᠡᠵᠦ ᠬᠠᠰᠬᠢᠷᠬᠤ ᠲᠠᠢ ᠵᠡᠷᠭᠡ ᠠᠮᠠᠨ  ᠳᠠᠭᠠᠨ ᠴᠢᠬᠢᠭᠰᠡᠨ ᠬᠠᠭᠤᠷᠠᠢ ᠭᠤᠯᠢᠷ ᠢᠶᠠᠨ ᠦᠯᠢᠶᠡᠨ ᠪᠤᠳᠠᠷᠠᠭᠠᠵᠤ᠂ ᠬᠤᠷᠠᠭᠰᠠᠨ ᠤᠯᠠᠨ ᠢᠶᠠᠷ ᠢᠶᠠᠨ ᠢᠨᠢᠶᠡᠯᠴᠡᠨ ᠪᠠᠶᠠᠰᠳᠠᠭ᠃     ᠤᠯᠠᠮᠵᠢᠯᠠᠯ ᠶᠠᠷᠢᠶᠠᠨ ᠳᠤ ᠨᠠᠮᠰᠠᠷᠠᠢ ᠪᠤᠷᠬᠠᠨ ᠤ ᠵᠢᠬᠡ ᠨᠢ ᠰᠦᠯᠳᠡ ᠪᠤᠷᠬᠠᠨ ᠶᠤᠮ ᠬᠡᠨ᠎ᠡ᠃ ᠨᠢᠬᠡ ᠵᠢᠯ ᠨᠠᠮᠰᠠᠷᠠᠢ ᠪᠤᠷᠬᠠᠨ ᠲᠠᠯᠠᠯᠭ᠎ᠠ ᠠᠪᠬᠤ ᠳᠠᠭᠠᠨ ᠰᠦᠯᠳᠡ ᠪᠤᠷᠬᠠᠨ ᠢ ᠲᠠᠭᠤᠳᠠᠭᠰᠠᠨ ᠦᠬᠡᠢ ᠪᠠᠶᠢᠵᠠᠢ᠃  ᠲᠠᠯᠠᠯᠭ᠎ᠠ ᠠᠪᠬᠤ ᠡᠳᠦᠷ ᠨᠢ ᠰᠦᠯᠳᠡ ᠪᠤᠷᠬᠠᠨ ᠨᠠᠭᠠᠴᠤ ᠶᠢᠨ ᠳᠠᠭᠠᠨ ᠢᠷᠡᠬᠦ ᠲᠠᠭᠠᠷᠠᠭᠠᠳ᠂ ᠤᠷᠢᠯᠭ᠎ᠠ ᠲᠠᠭᠤᠳᠠᠯᠭ᠎ᠠ ᠦᠬᠡᠢ  ᠳᠤᠨᠢ ᠤᠴᠠᠭᠠᠷᠳᠠᠨ ᠠᠭᠤᠷᠯᠠᠬᠤ ᠳᠠᠭᠠᠨ᠂ ᠪᠦᠬᠦᠯᠢ ᠭᠠᠷᠭᠠᠬᠤ ᠪᠠᠷ ᠭᠠᠳᠠᠨ᠎ᠠ ᠪᠠᠨ ᠠᠪᠴᠢᠷᠠᠭᠠᠳ ᠨᠢᠳᠤᠯᠵᠤ ᠵᠠᠪᠳᠤᠭᠠᠳᠤᠢ ᠪᠠᠶᠢᠭᠰᠠᠨ ᠬᠤᠨᠢᠨ ᠤ ᠬᠠ ᠶᠢ ᠬᠡᠦ ᠲᠠᠳᠠᠨ ᠰᠠᠯᠭᠠᠵᠤ᠂ ᠲᠠᠯᠠᠯᠭᠠᠨ ᠰᠤᠮᠤ ᠶᠢ ᠡᠮᠦᠨᠡᠰᠢ ᠪᠠᠨ ᠮᠤᠷᠤᠶᠢᠳᠠᠯ᠎ᠠ ᠲᠠᠯᠠᠯᠭ᠎ᠠ ᠠᠪᠴᠠᠢ᠃ ᠡᠬᠦᠨ ᠠᠴᠠ ᠬᠤᠶᠢᠰᠢ᠂ ᠲᠠᠯᠠᠯᠭᠠᠨ ᠫᠢᠯᠠᠨ ᠳᠤ ᠰᠢᠬᠦᠰᠦᠨ ᠤ ᠨᠢᠬᠡ ᠬᠠ ᠶᠢ ᠲᠦᠬᠦᠭᠡᠢ ᠪᠠᠷ ᠲᠠᠪᠠᠭᠯᠠᠵᠤ᠂ ᠰᠦᠯᠳᠡ ᠪᠤᠷᠬᠠᠨ ᠳᠤ ᠡᠷᠬᠦᠳᠡᠭ ᠪᠦᠬᠡᠳ ᠲᠠᠯᠠᠯᠭᠠᠨ ᠰᠤᠮᠤ ᠪᠠᠨ ᠡᠮᠦᠨᠡᠰᠢ ᠬᠠᠵᠠᠶᠢᠯᠭᠠᠨ ᠲᠠᠯᠪᠢᠳᠠᠭ ᠪᠤᠯᠵᠠᠢ ᠬᠡᠨ᠎ᠡ᠃ ᠲᠦᠮᠪᠦ ᠶᠢᠨ ᠤᠶᠢᠷᠤᠪ ᠢᠶᠠᠷ ᠵᠢᠬᠡ ᠬᠡᠦᠭᠡᠳ ᠢ ᠠᠮᠠᠳᠠᠳᠠᠭ ᠨᠢ ᠴᠤ ᠡᠬᠦᠨ ᠠᠴᠠ ᠢᠷᠡᠯ ᠲᠠᠢ ᠭᠡᠳᠡᠭ᠃    ᠲᠠᠷᠠᠭ᠎ᠠ ᠨᠢ ᠰᠢᠬᠦᠰᠦ ᠪᠠᠨ ᠲᠤᠶᠠᠴᠢᠨ ᠤᠷᠤᠭᠤᠯᠵᠤ᠂  ᠤᠯᠠᠨ ᠢᠶᠠᠷ ᠢᠶᠠᠨ ᠵᠤᠭᠤᠭ ᠪᠠᠷᠢᠵᠤ ᠲᠠᠯᠠᠯᠭᠠᠨ ᠨᠠᠶᠢᠷ ᠡᠬᠢᠯᠡᠨ᠎ᠡ᠃ ᠬᠡᠦᠬᠡᠳ ᠤᠳ ᠪᠤᠤᠪᠤ ᠪᠤᠭᠤᠷᠰᠤᠭ ᠢᠳᠡᠵᠦ ᠪᠠᠶᠠᠰᠤᠨ  ᠨᠠᠭᠠᠳᠤᠭᠠᠳ᠂ ᠤᠷᠤᠢ ᠪᠤᠯᠬᠤ ᠪᠠᠷ ᠤᠭᠤᠴᠠᠨ ᠬᠠᠵᠠᠭᠤ ᠪᠠ ᠭᠡᠳᠡᠰᠦ ᠲᠤᠳᠤᠷ ᠤᠯᠵᠤ ᠢᠳᠡᠭᠡᠳ ᠰᠠᠶ᠋ᠢ ᠭᠡᠷ ᠲᠡᠭᠡᠨ ᠬᠠᠷᠢᠵᠠᠭᠠᠳᠠᠭ ᠪᠠᠶᠢᠪᠠ᠃ ᠲᠠᠯᠠᠯᠭ᠎ᠠ ᠠᠪᠤᠭᠰᠠᠨ ᠠᠶᠢᠯ ᠨᠢ ᠪᠤᠷᠬᠠᠨ ᠳᠤ ᠲᠠᠬᠢᠭᠰᠠᠨ ᠰᠢᠬᠦᠰᠦ ᠪᠠᠨ ᠦᠶᠡᠯᠡᠨ ᠰᠠᠯᠭᠠᠵᠤ᠂ ᠲᠠᠯᠠᠯᠭᠠᠨ ᠬᠡᠰᠢᠭ ᠬᠡᠮᠡᠨ ᠠᠶᠢᠯ ᠰᠠᠭᠠᠬᠠᠯᠳᠠ ᠶᠢᠨ   ᠬᠢᠨ ᠪᠠ ᠠᠬ᠎ᠠ ᠲᠡᠬᠦᠦ ᠰᠠᠳᠤᠨ ᠳᠠᠭᠠᠨ ᠬᠦᠷᠭᠡᠨ᠎ᠡ᠃ ᠬᠠᠷᠢᠨ ᠰᠡᠬᠦᠵᠢ ᠶᠢ ᠪᠤᠯ ᠪᠡᠯᠪᠡᠰᠦᠨ ᠠᠶᠢᠯ ᠳᠤ ᠦᠭᠳᠡᠭ ᠭᠡᠨ᠎ᠡ᠃ ᠲᠠᠯᠠᠯᠭᠠᠨ ᠰᠠᠭᠤᠯᠠᠭ᠎ᠠ ᠲᠠᠢ ᠢᠳᠡᠭᠡᠨ ᠢ ᠪᠤᠷᠬᠠᠨ ᠤ ᠰᠢᠷᠡᠭᠡᠨ ᠤ ᠬᠠᠵᠠᠭᠤ  ᠳᠤ ᠲᠠᠯᠪᠢᠵᠤ᠂ ᠭᠤᠷᠪᠠᠨ ᠡᠳᠦᠷ ᠤᠨ ᠲᠠᠷᠠᠭ᠎ᠠ ᠬᠦᠨᠳᠡᠨ᠎ᠡ᠃ ᠲᠠᠯᠠᠯᠭᠠᠨ ᠳ᠋ᠸᠦ ᠪᠠᠨ ᠪᠦᠳᠡᠭᠡᠵᠦ᠂ ᠬᠦᠩᠭᠠᠷᠸ᠎ᠠ  ᠳᠠᠭᠠᠨ ᠬᠤᠷᠢᠶᠠᠵᠤ ᠬᠠᠳᠠᠭᠠᠯᠠᠨ᠎ᠠ᠃ ᠡᠳᠡᠭᠡᠷ ᠵᠦᠢᠯ ᠢ ᠡᠩ ᠤᠨ ᠴᠠᠭ ᠲᠤ ᠭᠡᠷᠡᠭᠯᠡᠬᠦ ᠦᠬᠡᠢ᠃      ᠡᠶᠢᠨ ᠬᠦ᠋᠂  ᠬᠤᠷᠠᠭᠰᠠᠨ ᠤᠯᠠᠨ ᠢᠶᠠᠷ ᠢᠶᠠᠨ ᠬᠡᠰᠢᠭ ᠬᠦᠷᠳᠡᠨ ᠬᠠᠮᠳᠤᠪᠠᠷ ᠪᠠᠶᠠᠰᠴᠤ᠂ ᠬᠠᠮᠤᠭ ᠰᠠᠶᠢᠬᠠᠨ  ᠢᠶᠠᠨ ᠬᠦᠰᠡᠨ  ᠲᠠᠭᠠᠳᠬᠠᠭᠠᠳ᠂  ᠲᠠᠯᠠᠯᠭ᠎ᠠ ᠶᠢᠨ  ᠨᠠᠶᠢᠷ ᠨᠢ ᠲᠠᠭᠤᠤ ᠬᠦᠭᠵᠢᠮ   ᠤᠨ ᠲᠤᠮᠳᠠ ᠦᠨᠳᠦᠷᠯᠡᠳᠡᠭ᠃      ᠲᠠᠶᠢᠹᠤᠰᠧ ᠨᠤᠳᠤᠭ ᠲᠤ ᠲᠠᠯᠠᠯᠭ᠎ᠠ ᠠᠪᠬᠤ ᠠᠴᠠ ᠭᠠᠳᠠᠨ᠎ᠠ ᠪᠠᠰᠠ ᠳ᠋ᠤᠶᠢᠪᠽᠤᠨ ᠬᠤᠷᠠᠵᠤ ᠰᠤᠭᠴᠢᠳ ᠡᠷᠬᠦᠳᠡᠭ ᠠᠶᠢᠯ ᠪᠠᠰᠠ ᠴᠦᠬᠡᠨ ᠪᠤᠰᠤ ᠪᠠᠶᠢᠵᠠᠢ᠃ ᠡᠪᠦᠭᠡ ᠲᠡᠭᠡᠳᠦ ᠶᠢᠨ ᠡᠳᠡᠭᠡᠷ ᠵᠠᠩ ᠦᠢᠯᠡ   ᠨᠢ ᠨᠡᠶᠢᠬᠡᠮ ᠲᠦᠷᠦ ᠶᠢᠨ ᠰᠢᠯᠳᠠᠭᠠᠨ ᠠᠴᠠ ᠪᠤᠯᠵᠤ᠂ ᠲᠡᠦᠬᠡᠨ ᠡᠷᠬᠢᠯᠳᠡ ᠳᠤ ᠭᠡᠭᠡᠭᠳᠡᠨ ᠤᠷᠬᠢᠭᠳᠠᠭᠰᠠᠭᠠᠷ ᠵᠠᠷᠢᠮ ᠵᠠᠷᠢᠮ ᠨᠢ ᠪᠦᠷᠢᠮᠦᠰᠦᠨ ᠤᠯᠠᠮᠵᠢᠯᠠᠯ ᠲᠠᠰᠤᠷᠠᠭᠠᠳ᠂ ᠡᠳᠦᠬᠡ ᠪᠤᠯᠬᠤ ᠳᠤ ᠬᠦᠮᠦᠨ ᠠᠷᠠᠳ ᠤᠨ ᠤᠢ ᠪᠢᠯᠢᠭ   ᠲᠤ ᠦᠨᠳᠦᠰᠦᠨ ᠳᠡᠭᠡᠨ ᠪᠠᠯᠠᠷᠠᠬᠤ ᠰᠢᠬᠠᠭᠰᠠᠨ ᠪᠠᠶᠢᠨ᠎ᠠ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号