ᠤᠯᠠᠮᠵᠢᠯᠠᠯᠳᠤ ᠤᠷ᠎ᠠ ᠮᠡᠷᠭᠡᠵᠢᠯ —  ᠳ᠋ᠧᠩᠯᠤ ᠬᠦᠷᠦᠬᠦ
ᠨᠡᠶᠢᠲᠡᠯᠡᠭᠰᠡᠨ ᠴᠠᠭ᠄
2023/9/26
    ᠦᠩᠭᠡᠳᠦ ᠳ᠋ᠧᠩᠯᠤ ᠪᠤᠯ ᠬᠢᠳᠠᠳ ᠤᠨ ᠤᠯᠠᠮᠵᠢᠯᠠᠯᠳᠤ ᠭᠠᠷ ᠤᠷᠠᠯᠠᠯ ᠤᠨ ᠪᠦᠳᠦᠭᠡᠭᠳᠡᠬᠦᠨ ᠪᠠᠶᠢᠵᠤ᠂ 1800 ᠭᠠᠷᠤᠢ ᠵᠢᠯ ᠤᠨ ᠡᠮᠦᠨᠡᠬᠢ ᠪᠠᠷᠠᠭᠤᠨ ᠬᠠᠨ ᠤᠯᠤᠰ ᠤᠨ ᠦᠶ᠎ᠡ ᠠᠴᠠ ᠡᠬᠢᠯᠡᠯ᠎ᠡ ᠭᠡᠳᠡᠭ᠃   ᠤᠷᠢᠳᠤ ᠳᠠᠭᠠᠨ ᠵᠦᠪᠬᠡᠨ  ᠭᠡᠷᠡᠯᠳᠦᠬᠦᠯᠬᠡ ᠶᠢᠨ ᠦᠢᠯᠡᠳᠦᠯ ᠲᠠᠢ ᠪᠠᠶᠢᠭᠰᠠᠨ ᠢᠶᠠᠨ ᠠᠯᠭᠤᠷ ᠠᠭᠠᠵᠢᠮ ᠳᠠᠭᠠᠨ ᠬᠦᠮᠦᠰ ᠤᠨ  ᠪᠠᠭ᠋ᠠᠳᠤᠨ  ᠰᠤᠨᠢᠷᠬᠠᠬᠤ᠂  ᠴᠢᠨᠠᠭᠰᠢᠯᠠᠭᠠᠳ ᠡᠷᠬᠢᠮᠨᠡᠨ ᠬᠠᠳᠠᠭᠠᠯᠠᠬᠤ ᠦᠨ᠎ᠡ ᠦᠷᠳᠡᠭ ᠲᠠᠢ ᠤᠯᠠᠮᠵᠢᠯᠠᠯᠳᠤ ᠤᠷᠠᠯᠢᠭ ᠤᠨ ᠪᠦᠳᠦᠭᠡᠭᠳᠡᠬᠦᠨ ᠪᠦᠬᠡᠳ ᠪᠠᠶᠠᠷ ᠨᠠᠶᠢᠷ ᠤᠨ ᠪᠡᠯᠭᠡᠳᠡᠯ ᠤᠨ  ᠪᠤᠳᠠᠰ ᠪᠤᠯᠤᠭᠰᠠᠨ ᠪᠠᠶᠢᠨ᠎ᠠ᠃  ᠵᠢᠯ ᠪᠦᠷᠢ ᠶᠢᠨ ᠴᠠᠭᠠᠨ ᠰᠠᠷ᠎ᠠ ᠪᠤᠯᠬᠤ ᠪᠠᠷ ᠬᠦᠮᠦᠰ ᠡᠯᠳᠡᠪ ᠵᠦᠢᠯ ᠤᠨ ᠦᠩᠭᠡᠳᠦ ᠳ᠋ᠧᠩᠯᠤ ᠡᠯᠬᠦᠵᠦ᠂  ᠪᠠᠶᠠᠷ ᠤᠨ ᠡᠳᠦᠷ ᠢᠶᠠᠨ  ᠪᠡᠯᠭᠡᠰᠢᠶᠡᠨ᠂  ᠰᠠᠶᠢᠨ ᠰᠠᠶᠢᠬᠠᠨ ᠢᠶᠠᠨ ᠵᠦᠩᠨᠡᠳᠡᠭ᠃  ᠵᠦᠢᠯ ᠪᠦᠷᠢ ᠶᠢᠨ ᠦᠩᠬᠡᠳᠦ ᠳ᠋ᠧᠩᠯᠤ ᠶᠢᠨ ᠲᠤᠳᠤᠷ᠎ᠠ ᠲᠡᠮᠦᠷ  ᠤᠳᠠᠰᠤᠨ ᠳ᠋ᠧᠩᠯᠤ ᠨᠢ ᠪᠠᠷᠤᠭ 300 ᠭᠠᠷᠤᠢ ᠵᠢᠯ ᠤᠨ ᠲᠡᠦᠬᠡ ᠲᠠᠢ ᠪᠠᠶᠢᠵᠤ᠂ ᠬᠡᠯᠪᠡᠷᠢ ᠤᠯᠠᠨ ᠂ ᠪᠦᠳᠦᠴᠡ ᠪᠠᠬᠢᠯᠢᠭ᠌᠂ ᠦᠵᠡᠮᠦᠷᠢ ᠰᠠᠶᠢᠳᠠᠢ ᠪᠠᠷ ᠢᠶᠠᠨ ᠪᠤᠰᠤᠳ ᠠᠴᠠ ᠤᠨᠴᠠᠯᠢᠭᠳᠠᠨ᠎ᠠ᠃   ᠲᠡᠮᠦᠷ ᠤᠳᠠᠰᠤ ᠪᠠᠷ ᠳ᠋ᠧᠩᠯᠤ ᠬᠦᠷᠦᠬᠦ ᠨᠢ ᠨᠢᠬᠡ ᠵᠦᠢᠯ ᠤᠨ ᠮᠠᠰᠢ ᠬᠦᠴᠢᠷᠳᠡᠢ ᠰᠦᠯᠵᠢᠨ ᠬᠦᠷᠦᠬᠦ ᠮᠡᠷᠭᠡᠵᠢᠯ ᠪᠠᠶᠢᠵᠤ᠂  ᠵᠢᠷᠤᠬᠤ᠂ ᠬᠠᠶᠢᠴᠢᠯᠠᠬᠤ᠂ ᠬᠠᠳᠬᠤᠬᠤ᠂ ᠤᠶᠤᠬᠤ ᠵᠡᠷᠭᠡ ᠤᠯᠠᠨ ᠲᠠᠯ᠎ᠠ ᠶᠢᠨ ᠤᠷ᠎ᠠ ᠮᠡᠷᠭᠡᠵᠢᠯ ᠱᠠᠭᠠᠷᠳᠠᠭᠳᠠᠨ᠎ᠠ᠃ ᠲᠡᠮᠦᠷ ᠤᠳᠠᠰᠤᠨ ᠳ᠋ᠧᠩᠯᠤ ᠬᠢᠬᠦ ᠳᠤ ᠦᠷᠭᠡᠨ ᠨᠠᠷᠢᠨ ᠨᠢ ᠠᠳᠠᠯᠢ ᠪᠤᠰᠤ ᠲᠡᠮᠦᠷ ᠤᠳᠠᠰᠤ ︵ᠬᠤᠶᠠᠷ᠂ ᠭᠤᠷᠪᠠ᠂ ᠲᠠᠪᠤ᠂ ᠵᠢᠷᠭᠤᠭ᠎ᠠ᠂ ᠨᠠᠢᠮᠠ ᠨᠤᠮᠧᠷᠳᠤ  ︶ ᠬᠢᠭᠡᠳ ᠠᠳᠠᠯᠢ ᠪᠤᠰᠤ ᠦᠩᠬᠡ ᠲᠠᠢ ᠡᠯ᠎ᠡ ᠵᠦᠢᠯ ᠤᠨ  ᠤᠯᠤᠰᠤᠨ ᠪᠦᠰ᠂ ᠡᠷᠢᠶᠡᠨ ᠲᠠᠪᠤᠤ ᠵᠡᠷᠭᠡ ᠮᠠᠲ᠋ᠧᠷᠢᠶᠠᠯ ᠭᠡᠷᠡᠭᠰᠡᠨ᠎ᠡ  ᠃  ᠭᠡᠬᠦ ᠳᠡᠭᠡᠨ᠂ ᠳ᠋ᠧᠩᠯᠤ ᠶᠢᠨ ᠶᠡᠭᠡ ᠪᠠᠭ᠎ᠠ ᠪᠠ ᠬᠡᠯᠪᠡᠷᠢ ᠲᠦᠷᠰᠦ ᠨᠢ ᠠᠳᠠᠯᠢ  ᠦᠬᠡᠢ ᠠᠴᠠ ᠪᠤᠯᠵᠤ᠂  ᠭᠡᠷᠡᠭᠰᠡᠬᠦ ᠮᠠᠲ᠋ᠧᠷᠢᠶᠠᠯ ᠨᠢ ᠴᠤ ᠠᠳᠠᠯᠢ ᠦᠬᠡᠢ᠃ ᠲᠡᠮᠦᠷ ᠤᠳᠠᠰᠤᠨ ᠳ᠋ᠧᠩᠯᠤ ᠨᠢ ᠵᠢᠷᠭᠤᠭᠠᠨ ᠲᠠᠯᠠᠳᠤ᠂ ᠨᠠᠢᠮᠠᠨ ᠲᠠᠯᠠᠳᠤ᠂  ᠲᠦᠷᠪᠡᠯᠵᠢᠨ ᠬᠡᠯᠪᠡᠷᠢᠳᠦ᠂᠂᠂᠂᠂ ᠬᠡᠬᠦ ᠮᠡᠳᠦ ᠵᠦᠢᠯ ᠪᠦᠷᠢ ᠶᠢᠨ ᠲᠦᠷᠰᠦ ᠬᠡᠯᠪᠡᠷᠢ ᠲᠠᠢ ᠪᠠᠶᠢᠳᠠᠭ  ᠪᠦᠬᠡᠳ ᠬᠦᠮᠦᠨ ᠠᠮᠢᠳᠠᠨ᠂ ᠠᠭᠤᠯᠠ  ᠤᠰᠤ᠂ ᠴᠡᠴᠡᠭ ᠵᠢᠮᠢᠰ᠂ ᠵᠢᠭᠠᠰᠤ ᠵᠢᠷᠠᠭᠠᠬᠠᠢ᠂  ᠯᠤᠤ ᠭᠠᠷᠤᠳᠢ᠂᠂᠂᠂ ᠬᠡᠬᠦ ᠮᠡᠳᠦᠴᠢᠯᠡᠨ ᠶᠠᠩᠵᠤ ᠪᠦᠷᠢ ᠶᠢᠨ ᠵᠢᠷᠤᠭ ᠲᠦᠷᠰᠦ   ᠶᠢ ᠤᠷᠠᠯᠠᠨ ᠪᠦᠳᠦᠭᠡᠵᠦ ᠪᠤᠯᠳᠠᠭ᠃ 2015 ᠤᠨ ᠲᠠᠶᠢᠹᠤᠰᠧ ᠬᠤᠰᠢᠭᠤ ᠲᠡᠮᠦᠷ ᠤᠳᠠᠰᠤᠨ ᠳ᠋ᠧᠩᠯᠤ ᠬᠦᠷᠦᠬᠦ ᠮᠡᠷᠭᠡᠵᠢᠯ ᠢ  ᠠᠶᠢᠮᠠᠭ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ  ᠪᠦᠷᠢᠳᠭᠡᠬᠦᠯᠵᠦ᠂  2018 ᠤᠨ ᠳᠤ ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠷ  ᠪᠦᠷᠢᠳᠭᠡᠬᠦᠯᠪᠡ᠃       ᠤᠯᠠᠮᠵᠢᠯᠠᠭᠴᠢ   ᠶᠢᠨ ᠲᠤᠪᠴᠢ ᠲᠠᠨᠢᠯᠴᠠᠭᠤᠯᠭ᠎ᠠ᠄  ᠳ᠋ᠦ᠋ ᠰᠢᠤᠸᠠᠢ ᠯᠦᠩ  ᠂ ᠡᠷᠡᠭᠳᠡᠢ᠂   ᠬᠢᠳᠠᠳ ᠦᠨᠳᠦᠰᠦᠳᠡᠨ᠂ 1975 ᠤᠨ ᠳᠤ ᠲᠦᠷᠦᠪᠡ᠃  ᠲᠠᠶᠢᠹᠤᠰᠧ ᠬᠤᠰᠢᠭᠤᠨ ᠤ  ᠬᠦᠮᠦᠨ᠃   ᠲᠤᠯᠤᠭᠠᠨ ᠨᠠᠰᠤᠨ  ᠠᠴᠠ ᠪᠠᠨ ᠡᠪᠦᠭᠡ ᠪᠠᠨ ᠲᠠᠭᠠᠵᠤ  ᠳ᠋ᠧᠩᠯᠤ ᠬᠦᠷᠦᠬᠦ  ᠠᠵᠢᠯ ᠳᠤᠨᠢ ᠬᠠᠮᠵᠢᠯᠴᠠᠵᠤ ᠪᠠᠶᠢᠭᠰᠠᠨ ᠢᠶᠠᠨ ᠠᠷᠪᠠᠨ ᠲᠠᠪᠤᠳᠠᠢ ᠳᠠᠭᠠᠨ ᠰᠤᠷᠤᠯᠭ᠎ᠠ  ᠵᠤᠭᠰᠤᠭᠠᠳ ᠭᠡᠷ ᠲᠡᠭᠡᠨ ᠬᠠᠷᠢᠵᠤ  ᠳ᠋ᠧᠩᠯᠤ ᠬᠦᠷᠦᠬᠦ  ᠮᠡᠷᠭᠡᠵᠢᠯ ᠢ ᠵᠢᠩᠬᠢᠨᠢ ᠪᠠᠷ ᠰᠤᠷᠤᠭᠰᠠᠨ ᠪᠠᠶᠢᠨ᠎ᠠ᠃  ᠲᠠᠶᠢᠹᠤᠰᠧ ᠬᠤᠰᠢᠭᠤᠨ ᠤ ᠳ᠋ᠧᠩᠯᠤ ᠬᠦᠷᠦᠬᠦ ᠮᠡᠷᠭᠡᠵᠢᠯ  ᠤᠷᠬᠢᠭᠳᠠᠮᠠᠷ ᠪᠤᠯᠤᠭᠰᠠᠨ ᠪᠠᠶᠢᠳᠠᠯ ᠢ ᠬᠠᠷᠠᠭᠠᠳ ᠲᠡᠷᠡᠪᠡᠷ  ᠵᠤᠷᠢᠭ ᠰᠢᠭᠤᠳᠴᠤ ᠬᠦᠴᠦ ᠤᠷᠤᠭᠤᠯᠤᠨ᠂ ᠲᠡᠮᠦᠷ ᠤᠳᠠᠰᠤᠨ ᠳ᠋ᠧᠩᠯᠤ ᠬᠦᠷᠦᠬᠦ  ᠮᠡᠷᠭᠡᠵᠢᠯ ᠢᠶᠠᠷ ᠢᠶᠠᠨ ᠦᠢᠯᠡᠰ ᠪᠦᠳᠦᠬᠡᠵᠦ  ᠡᠬᠢᠯᠡᠵᠡᠢ᠃  ᠡᠶᠢᠨᠬᠦ 1997 ᠤᠨ ᠳᠤ  ᠪᠡᠭᠡᠵᠢᠩ ᠳᠤ ᠳ᠋ᠧᠩᠯᠤ   ᠶᠢᠨ ᠦᠢᠯᠡᠳᠪᠦᠷᠢ ᠪᠠᠨ  ᠡᠷᠬᠢᠯᠡᠵᠦ᠂  ᠰᠦᠮ᠎ᠡ ᠶᠢᠨ ᠬᠤᠷᠠᠯ  ᠲᠡᠭᠡᠷ᠎ᠡ ᠳ᠋ᠧᠩᠯᠤ ᠪᠠᠨ ᠪᠤᠷᠤᠯᠠᠭᠤᠯᠤᠨ᠂ ᠠᠰᠢᠭ ᠤᠷᠤᠯᠭ᠎ᠠ ᠡᠬᠦᠳᠬᠦ ᠶᠢᠨ ᠬᠠᠮᠳᠤ ᠡᠨᠡᠬᠦ ᠤᠯᠠᠮᠵᠢᠯᠠᠯᠳᠤ ᠰᠤᠶᠤᠯ ᠤᠨ ᠪᠦᠳᠦᠭᠡᠭᠳᠡᠬᠦᠨ ᠢ ᠤᠯᠠᠨ ᠳᠤ ᠲᠠᠨᠢᠯᠴᠠᠭᠤᠯᠵᠤ ᠪᠠᠶᠢᠭᠰᠠᠨ ᠢᠶᠠᠨ 2003 ᠤᠨ ᠠᠴᠠ ᠪᠡᠭᠡᠵᠢᠩ ᠤᠨ  ᠰᠠᠭᠤᠭᠠᠯᠢ ᠠᠷᠠᠳ ᠤᠨ ᠵᠦᠪᠯᠡᠯ ᠢᠶᠠᠷ ᠲᠤᠭᠤᠷᠢᠵᠤ᠂ ᠵᠡᠮᠳᠡᠭᠴᠤᠳ ᠲᠤ ᠳ᠋ᠧᠩᠯᠤ ᠬᠢᠬᠦ ᠮᠡᠷᠭᠡᠵᠢᠯ ᠢᠶᠠᠨ ᠤᠯᠠᠮᠵᠢᠯᠠᠨ᠂ ᠲᠡᠳᠡᠨ ᠤ ᠠᠵᠢᠯ ᠤᠯᠵᠤ ᠦᠢᠯᠡᠰ ᠪᠦᠳᠦᠬᠡᠬᠦ ᠳᠤ ᠲᠤᠰᠠ ᠨᠡᠮᠡᠵᠦ ᠶᠠᠪᠤᠵᠠᠢ᠃ ᠤᠳᠤ ᠲᠠᠶᠢᠹᠤᠰᠧ ᠬᠤᠰᠢᠭᠤᠨ ᠤ ᠪᠠᠨ ᠦᠢᠯᠡᠰ ᠪᠦᠳᠦᠭᠡᠭᠰᠡᠨ ᠴᠢᠳᠠᠪᠤᠷᠢᠳᠠᠨ ᠤ ᠡᠩᠨᠡᠬᠡᠨ ᠳᠤ  ᠵᠢᠬᠰᠠᠵᠤ᠂  ᠪᠤᠤᠴᠠᠩ ᠪᠠᠯᠭᠠᠰᠤᠨ ᠳᠤ ᠳ᠋ᠧᠩᠯᠤ ᠶᠢᠨ ᠦᠢᠯᠡᠳᠪᠦᠷᠢ ᠪᠠᠶᠢᠭᠤᠯᠤᠭᠰᠠᠨ ᠪᠦᠬᠡᠳ ᠬᠤᠰᠢᠭᠤ ᠨᠤᠳᠤᠭ ᠤᠨ ᠢᠶᠠᠨ ᠦᠢᠯᠡᠰ ᠪᠦᠳᠦᠬᠡᠬᠦ ᠰᠠᠨᠠᠭ᠎ᠠ ᠲᠠᠢ  ᠬᠦᠮᠦᠰ ᠲᠤ  ᠠᠷᠭ᠎ᠠ ᠮᠡᠷᠭᠡᠵᠢᠯ ᠢᠶᠠᠨ ᠤᠯᠠᠮᠵᠢᠯᠠᠵᠤ ᠪᠠᠶᠢᠨ᠎ᠠ᠃    2013 ᠤᠨ ᠳᠤ ᠤᠨ ᠳᠤ  ᠬᠤᠰᠢᠭᠤᠨ ᠤ ᠲᠡᠰ ᠤᠨ ᠲᠦᠯᠦᠭᠡᠯᠡᠭᠴᠢ ᠴᠢᠨᠠᠷᠳᠠᠢ  ᠦᠪᠯᠡᠨ ᠤᠯᠠᠮᠵᠢᠯᠠᠭᠴᠢ  ᠪᠤᠯᠵᠤ᠂  2015 ᠤᠨ ᠳᠤ ᠠᠶᠢᠮᠠᠭ ᠤᠨ ᠲᠡᠰ ᠤᠨ ᠦᠪᠯᠡᠨ ᠤᠯᠠᠮᠵᠢᠯᠠᠭᠴᠢ ᠪᠤᠯᠪᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号