ᠤᠯᠠᠮᠵᠢᠯᠠᠯᠳᠤ ᠵᠠᠩ ᠦᠢᠯᠡ —  ᠮᠠᠯ ᠬᠦᠩᠬᠡᠯᠡᠬᠦ
ᠨᠡᠶᠢᠲᠡᠯᠡᠭᠰᠡᠨ ᠴᠠᠭ᠄
2023/7/13
  ᠮᠠᠯ ᠬᠦᠩᠬᠡᠯᠡᠬᠦ ᠪᠤᠯ ᠦᠷ᠎ᠡ ᠶᠢᠨ ᠮᠠᠯ ᠤᠨ ᠬᠠᠷᠢᠴᠠᠯ ᠢ ᠲᠡᠩᠴᠡᠬᠦᠯᠬᠦ ᠮᠠᠯ ᠠᠵᠤ ᠠᠬᠤᠢ ᠶᠢᠨ ᠴᠢᠬᠤᠯᠠ ᠠᠵᠢᠯᠯᠠᠭ᠎ᠠ ᠪᠤᠯᠤᠨ᠎ᠠ᠃ ᠮᠠᠯ ᠤᠨ ᠪᠦᠬᠡᠷ᠎ᠡ ᠠᠪᠬᠤ ᠶᠢ ᠶᠡᠷᠦᠩᠬᠡᠢ ᠳᠡᠭᠡᠨ ᠬᠦᠩᠬᠡᠯᠡᠬᠦ ᠴᠠᠭᠠᠯᠠᠬᠤ ᠬᠡᠵᠦ᠂ ᠡᠬᠦᠨ ᠳᠤ ᠢᠰᠢᠭᠡ ᠬᠤᠷᠠᠭ᠎ᠠ ᠪᠢᠷᠠᠭᠤ ᠶᠢ ᠪᠤᠯ ᠢᠮᠨᠡᠬᠦ᠂ ᠴᠢᠮᠬᠢᠬᠦ ᠭᠡᠮᠡᠨ᠂ ᠠᠳᠤᠭᠤ ᠲᠡᠮᠡᠭᠡ ᠶᠢ ᠪᠤᠯ ᠠᠭᠳᠠᠯᠠᠬᠤ᠂ ᠠᠳᠠᠯᠠᠬᠤ᠂  ᠬᠠᠶᠢᠷᠠᠬᠤ᠂ ᠡᠰᠭᠡᠬᠦ᠂ ᠵᠠᠰᠠᠬᠤ ᠬᠡᠬᠦ ᠮᠡᠳᠦ ᠪᠠᠷ ᠦᠬᠦᠯᠡᠨ᠎ᠡ᠃ ᠮᠠᠯ ᠬᠦᠩᠬᠡᠯᠡᠬᠦ ᠠᠵᠢᠯ ᠢ ᠶᠡᠷᠦᠩᠬᠡᠢ ᠳᠡᠭᠡᠨ ᠵᠤᠨ ᠎ ᠤ ᠡᠬᠢᠨ ᠰᠠᠷ᠎ᠠ ᠳᠤ ᠬᠦᠢᠴᠡᠳᠭᠡᠨ᠎ᠡ᠃ ᠪᠢᠯᠢᠭ ᠤᠨ ᠤᠯᠠᠷᠢᠯ ᠤᠨ ᠲᠦᠷᠪᠡᠨ ᠰᠠᠷ᠎ᠠ ᠶᠢᠨ ᠰᠢᠨ᠎ᠡ ᠶᠢᠨ ᠨᠢᠬᠡᠨ ᠪᠤᠶᠤ ᠠᠷᠪᠠᠨ ᠨᠢᠬᠡᠨ᠂ ᠠᠷᠪᠠᠨ ᠲᠠᠪᠤᠨ᠂  ᠬᠤᠷᠢᠨ ᠨᠢᠬᠡᠨ ᠵᠢᠴᠢ ᠲᠠᠪᠤᠨ  ᠰᠠᠷ᠎ᠠ ᠶᠢᠨ ᠠᠷᠪᠠᠨ ᠨᠢᠬᠡᠨ᠂ ᠬᠤᠷᠢᠨ ᠨᠢᠬᠡᠨ  ᠎ ᠢ ᠨᠡᠶᠢᠳᠡᠮ ᠳᠡᠭᠡᠨ ᠰᠠᠶᠢᠨ ᠡᠳᠦᠷ ᠬᠡᠮᠡᠳᠡᠭ᠃ ᠭᠤᠷᠪᠠᠨ ᠰᠠᠷ᠎ᠠ ᠶᠢᠨ ᠬᠤᠷᠢᠨ ᠨᠢᠬᠡᠨ ᠢ ᠴᠢᠩᠬᠢᠰ ᠪᠤᠭᠳᠠ ᠶᠢᠨ ᠦᠷᠢᠶ᠎ᠡ ᠵᠠᠰᠠᠭᠰᠠᠨ ᠡᠳᠦᠷ ᠭᠡᠵᠦ᠂ ᠶᠠᠮᠠᠷᠴᠤ ᠴᠡᠭᠡᠷ ᠦᠬᠡᠢ ᠭᠡᠳᠡᠭ᠃ ᠡᠳᠡᠭᠡᠷ ᠡᠳᠦᠷ ᠠᠴᠠ ᠭᠠᠳᠠᠨ᠎ᠠ ᠪᠠᠰᠠ ᠦᠯᠵᠡᠢ ᠲᠠᠢ ᠰᠠᠶᠢᠨ ᠡᠳᠦᠷ ᠦᠵᠡᠬᠦᠯᠵᠦ ᠪᠠᠶᠢᠭᠠᠳ ᠬᠦᠩᠭᠡᠯᠡᠵᠦ ᠪᠤᠯᠤᠨ᠎ᠠ᠃       ᠬᠤᠨᠢ ᠢᠮᠠᠭ᠎ᠠ ᠶᠢ ᠬᠤᠷᠠᠭ᠎ᠠ ᠢᠰᠢᠭᠡ ᠳᠤᠨᠢ᠂ ᠦᠬᠡᠷ ᠢ ᠪᠢᠷᠠᠭᠤ ᠳᠤᠨᠢ᠂ ᠠᠳᠤᠭᠤ ᠶᠢ ᠬᠢᠵᠠᠯᠠᠩ ᠳᠤᠨᠢ᠂ ᠲᠡᠮᠡᠭᠡ ᠶᠢ ᠲᠤᠷᠤᠮ ᠳᠤᠨᠢ ᠲᠤᠰ ᠲᠤᠰ ᠬᠦᠩᠬᠡᠯᠡᠨ᠎ᠡ᠃ ᠬᠦᠩᠬᠡᠯᠡᠬᠦ ᠮᠠᠯ ᠢ ᠶᠡᠬᠡᠳᠡ ᠡᠩᠬᠦᠷᠡᠶᠢᠯᠵᠦ᠂ ᠮᠠᠯ ᠴᠠᠭᠠᠯᠠᠭᠴᠢ ᠶᠢ ᠬᠠᠳᠠᠭ ᠪᠠᠷᠢᠵᠤ  ᠵᠠᠯᠠᠳᠠᠭ  ᠂ ᠲᠡᠭᠡᠬᠦ ᠳᠡᠭᠡᠨ  ᠪᠠᠰᠠ ᠮᠠᠯ ᠳᠤ ᠡᠬᠡᠯᠢᠳᠡᠢ᠂  ᠬᠠᠰᠢᠷ ᠲᠤᠷᠰᠢᠯᠭ᠎ᠠ ᠎ ᠲᠠᠢ᠂  ᠭᠠᠷ ᠬᠦᠩᠬᠡᠨ ᠬᠦᠮᠦᠨ ᠢ  ᠰᠤᠩᠭᠤᠳᠠᠭ᠃ ᠮᠠᠯ ᠴᠠᠭᠠᠯᠠᠭᠴᠢ ᠶᠢ ᠢᠷᠡᠬᠦ  ᠎ ᠳᠤᠨᠢ  ᠬᠦᠨᠳᠦᠳᠭᠡᠨ ᠤᠭᠳᠤᠵᠤ᠂  ᠴᠠᠢ  ᠠᠶᠠᠭᠠᠯᠠᠨ  ᠴᠠᠭᠠᠨ ᠢᠳᠡᠭᠡ ᠲᠠᠯᠪᠢᠵᠤ ᠠᠷᠢᠬᠢ ᠬᠡᠮᠨᠡᠨ᠎ᠡ᠃      ᠬᠤᠷᠠᠭ᠎ᠠ᠂  ᠢᠰᠢᠭᠡ᠂ ᠪᠢᠷᠠᠭᠤ ᠶᠢ ᠬᠦᠩᠬᠡᠯᠡᠬᠦ ᠳᠡᠭᠡᠨ ᠭᠡᠷ ᠠᠴᠠ ᠪᠠᠷᠠᠭᠤᠨ ᠤᠷᠤᠭᠰᠢ ᠴᠠᠭᠠᠨ ᠢᠰᠡᠭᠡᠢ ᠪᠤᠶᠤ ᠭᠡᠪᠢᠰ ᠲᠡᠪᠢᠰᠦᠭᠡᠳ᠂ ᠲᠡᠭᠡᠷ᠎ᠡ ᠨᠢ ᠬᠤᠨᠤᠭ ᠪᠤᠳᠠᠭ᠎ᠠ ︵ᠰᠢᠷ᠎ᠠ ᠪᠤᠳᠠᠭ᠎ᠠ︶ ᠰᠠᠴᠤᠵᠤ ᠪᠡᠯᠡᠳᠭᠡᠨ᠂ ᠪᠤᠷᠬᠠᠨ ᠎ ᠳᠠᠭᠠᠨ ᠵᠤᠯᠠ ᠡᠷᠬᠦᠳᠡᠭ᠃ ᠬᠦᠩᠬᠡᠯᠡᠬᠦ ᠦᠶ᠎ᠡ ᠳᠤ ᠰᠦᠯᠡᠭᠰᠡᠨ ᠤᠰᠤᠨ ︵ᠴᠠᠶᠢᠳᠠᠮ︶᠎ ᠳᠤ ᠬᠤᠨᠤᠭ ᠪᠤᠳᠠᠭ᠎ᠠ  ᠬᠢᠵᠦ᠂  ᠰᠠᠭᠤᠯᠠᠭ᠎ᠠ ᠰᠠᠪᠠ ᠲᠠᠢ ᠨᠢ ᠴᠠᠭᠠᠯᠠᠭᠴᠢ ᠶᠢᠨ ᠪᠠᠷᠠᠭᠤᠨ ᠭᠠᠷ ᠲᠠᠯ᠎ᠠ ᠳᠤ ᠲᠠᠯᠪᠢᠵᠤ ᠦᠭᠬᠦᠨ᠎ᠡ᠃ ᠪᠤᠳᠠᠭ᠎ᠠ ᠬᠢᠬᠦ ᠨᠢ ᠪᠤᠳᠠᠭ᠎ᠠ ᠰᠢᠭ᠋ ᠠᠷᠪᠢᠨ ᠦᠷᠡᠵᠢᠳᠦᠬᠡᠢ ᠬᠡᠰᠡᠨ ᠪᠡᠯᠭᠡᠳᠡᠯ ᠶᠤᠮ᠃ ᠴᠢᠮᠬᠢᠵᠦ ᠠᠪᠤᠭᠰᠠᠨ ᠲᠦᠮᠦᠰᠦ ᠶᠢ ᠲᠡᠷᠡ ᠰᠠᠪᠠᠨ ᠳᠠᠭᠠᠨ ᠬᠢᠵᠦ᠂ ᠤᠬᠢᠶᠠᠵᠤ   ᠴᠡᠪᠡᠷᠯᠡᠭᠰᠡᠨ ᠤ ᠲᠠᠷᠠᠭ᠎ᠠ ᠰᠦ ᠲᠠᠢ ᠪᠤᠳᠠᠭ᠎ᠠ ᠲᠠᠢ ᠴᠢᠨᠠᠵᠤ ᠢᠳᠡᠳᠡᠭ ᠪᠠᠶᠢᠨ᠎ᠠ᠃  ᠴᠠᠭᠠᠯᠠᠭᠴᠢ ᠶᠢᠨ ᠭᠠᠷ ᠤᠬᠢᠶᠠᠭᠰᠠᠨ ᠤᠰᠤ ᠪᠠ ᠲᠦᠮᠦᠰᠦ ᠤᠬᠢᠶᠠᠭᠰᠠᠨ ᠤᠰᠤ ᠶᠢ ᠭᠠᠵᠠᠷ  ᠬᠦᠰᠡᠷ ᠰᠠᠴᠤᠬᠤ ᠦᠬᠡᠢ᠂  ᠬᠠᠷᠢᠨ ᠬᠤᠷᠤᠭ᠎ᠠ ᠬᠠᠰᠢᠶᠠᠨ ᠲᠡᠭᠡᠷ᠎ᠡ ᠪᠠᠨ ᠰᠠᠴᠤᠳᠠᠭ ᠶᠤᠮ᠃ ᠢᠰᠢᠭᠡ ᠬᠤᠷᠠᠭ᠎ᠠ ᠪᠢᠷᠠᠭᠤᠨ ᠤ ᠲᠦᠮᠦᠰᠦ ᠶᠢ ᠰᠤᠭᠤᠯᠵᠤ ᠠᠪᠤᠭᠰᠠᠨ ᠤ ᠲᠠᠷᠠᠭ᠎ᠠ ᠬᠠᠯᠢᠰᠤ ᠶᠢ ᠨᠢ ᠰᠠᠶᠢᠳᠤᠷ ᠴᠢᠮᠬᠢᠵᠦ ᠲᠠᠯᠪᠢᠪᠠᠯ ᠠᠶᠠᠨᠳᠠᠭᠠᠨ ᠡᠳᠡᠭᠡᠷᠡᠴᠢᠬᠡᠨ᠎ᠡ᠃     ᠦᠷᠢᠶ᠎ᠡ  ᠬᠠᠭᠠᠷᠢᠬᠤ ᠶᠢ ᠠᠳᠤᠭᠤ ᠲᠡᠯᠯᠡᠬᠦ᠂  ᠲᠠᠮᠠᠭᠠᠯᠠᠬᠤ ᠲᠠᠢ ᠬᠠᠮᠳᠤᠷᠠᠭᠤᠯᠵᠤ ᠬᠢᠬᠦ ᠨᠢ ᠤᠯᠠᠨ᠃  ᠦᠷᠢᠶ᠎ᠡ  ᠬᠠᠭᠠᠷᠢᠬᠤ ᠳᠤ ᠰᠠᠪᠰᠠᠯᠭ᠎ᠠ ᠬᠡᠮᠡᠬᠦ ᠬᠠᠪᠴᠢᠭᠤᠷ ᠮᠤᠳᠤ ᠶᠢ ᠭᠡᠷᠡᠭᠯᠡᠵᠦ᠂ ᠲᠦᠮᠦᠰᠦ ᠶᠢ ᠰᠠᠶᠢᠳᠤᠷ ᠰᠢᠬᠠᠨ ᠬᠠᠪᠴᠢᠵᠤ ᠪᠠᠶᠢᠭᠠᠳ ᠡᠰᠬᠡᠵᠦ ᠭᠠᠷᠭᠠᠨ᠂ ᠦᠷᠢᠶᠡᠨ ᠤ ᠬᠠᠭᠠᠷᠢᠭᠤᠯ ᠬᠡᠮᠡᠬᠦ ᠬᠠᠪᠳᠠᠭᠠᠢ ᠲᠡᠮᠦᠷ ᠢ ᠤᠯᠠᠶᠢᠰᠬᠠᠨ ᠬᠠᠭᠠᠷᠢᠵᠤ ᠲᠠᠰᠤᠯᠤᠨ᠎ᠠ᠃ ᠡᠨᠡ  ᠪᠤᠯ ᠬᠤᠤᠷ ᠢ ᠠᠷᠢᠭᠤᠳᠬᠠᠬᠤ ᠪᠠ ᠴᠢᠰᠤ ᠶᠡᠭᠡ ᠭᠠᠷᠬᠤ ᠠᠴᠠ ᠰᠡᠷᠭᠡᠶᠢᠯᠡᠬᠦ ᠦᠢᠯᠡᠳᠦᠯ ᠲᠠᠢ ᠶᠤᠮ᠃ ᠮᠠᠯ ᠴᠠᠭᠠᠯᠠᠬᠤ ᠳᠤ ᠭᠠᠷᠬᠤ ᠴᠢᠰᠤ ᠶᠢ ︽ᠰᠢᠩᠬᠤ︾  ᠬᠡᠵᠦ ᠴᠡᠭᠡᠷᠯᠡᠨ ᠨᠡᠷᠡᠯᠡᠳᠡᠭ ᠪᠠᠶᠢᠨ᠎ᠠ᠃ ᠦᠷᠢᠶ᠎ᠡ ᠬᠠᠭᠠᠷᠢᠬᠤ ᠳᠤ ᠰᠢᠩᠬᠤ ᠭᠠᠷᠭᠠᠬᠤ ᠦᠬᠡᠢ ᠶᠢᠨ ᠲᠦᠯᠦᠬᠡ᠂ ᠰᠡᠬᠦᠯ ᠤᠨ ᠬᠢᠯᠭᠠᠰᠤ ᠠᠴᠠ ᠨᠢ ᠠᠪᠴᠤ ᠬᠠᠭᠠᠯᠤᠭᠰᠠᠨ ᠰᠢᠷᠬᠠᠨ ᠲᠡᠭᠡᠷ᠎ᠡ ᠨᠢ ᠲᠠᠯᠪᠢᠵᠤ ᠬᠠᠮᠳᠤ ᠳᠤᠨᠢ ᠬᠠᠭᠠᠷᠢᠨ᠂ ᠬᠢᠷᠪᠤᠰᠤ ᠭᠠᠷᠭᠠᠨ ᠨᠡᠬᠦᠷᠡᠰᠦᠵᠢᠬᠦᠯᠵᠦ  ᠴᠢᠰᠤ ᠶᠢ ᠲᠤᠭᠳᠠᠭᠠᠳᠠᠭ᠃  ᠦᠷᠢᠶᠡᠨ ᠤ ᠬᠠᠭᠠᠷᠢᠭᠤᠯ ᠢ ᠮᠦᠨ ᠲᠠᠮᠠᠭ᠎ᠠ ᠲᠠᠢ ᠠᠳᠠᠯᠢ ᠪᠠᠷ ᠡᠷᠬᠢᠮᠯᠡᠨ ᠬᠠᠳᠠᠭᠠᠯᠠᠨ᠎ᠠ᠃      ᠲᠠᠶᠢᠯᠤᠭ ᠢ ᠪᠤᠯ ᠲᠦᠷᠪᠡ ᠠᠴᠠ ᠲᠠᠪᠤᠨ ᠨᠠᠰᠤᠨ ᠳᠤᠨᠢ ᠬᠠᠪᠤᠷ ᠤᠨ ᠴᠠᠭ ᠡᠰᠡᠬᠦᠯ᠎ᠡ ᠨᠠᠮᠤᠷ ᠤᠨ ᠬᠦᠢᠳᠡᠨ ᠤᠷᠤᠬᠤ ᠦᠶ᠎ᠡ ᠳᠤ ᠠᠳᠠᠯᠠᠨ᠎ᠠ᠃  ᠲᠠᠶᠢᠯᠤᠭ  ᠠᠳᠠᠯᠠᠬᠤ ᠳᠤ ᠪᠦᠬᠡᠷ᠎ᠡ ᠶᠢᠨ ᠰᠤᠳᠠᠰᠤ ᠶᠢ ᠨᠢ ᠤᠳᠠᠰᠤ ᠪᠠᠷ ᠴᠢᠩᠭ᠎ᠠ ᠪᠤᠭᠤᠵᠤ ᠲᠠᠯᠪᠢᠭᠠᠳ᠂ ᠠᠷᠪᠠᠭᠠᠳ ᠡᠳᠦᠷ ᠦᠩᠭᠡᠷᠡᠪᠡᠯ ᠤᠶᠠᠭᠠᠰᠤ ᠪᠠᠷ ᠢᠶᠠᠨ ᠲᠠᠰᠤᠷᠠᠨ ᠤᠨᠠᠳᠠᠭ᠃ ᠲᠠᠶᠢᠯᠤᠭ ᠢ ᠪᠠᠰᠠ ᠦᠷᠢᠶ᠎ᠡ ᠲᠠᠢ ᠠᠳᠠᠯᠢ ᠬᠠᠭᠠᠷᠢᠵᠤ ᠪᠤᠯᠤᠨ᠎ᠠ᠃ ᠠᠳᠠᠯᠠᠭᠰᠠᠨ ᠲᠠᠶᠢᠯᠤᠭ ᠢ ᠲᠠᠷᠤᠢ ︽ᠠᠳᠠ︾ ᠭᠡᠨ᠎ᠡ᠃     ᠮᠠᠯ ᠢᠶᠠᠨ ᠬᠦᠩᠬᠡᠯᠡᠵᠦ ᠲᠠᠭᠤᠰᠪᠠᠯ ︽ᠤᠯᠠᠨ ᠰᠠᠶᠢᠬᠠᠨ ᠢᠷᠭᠡ ᠰᠡᠷᠭᠡ ᠲᠠᠢ ᠪᠤᠯᠤᠯ᠎ᠠ︾ ︽ᠵᠡᠭᠡᠷ᠎ᠡ ᠶᠢ ᠬᠦᠢᠴᠡᠬᠦ ᠬᠤᠷᠳᠤᠨ ᠬᠦᠯᠦᠭ ᠪᠤᠯ︾ ᠭᠡᠬᠦᠴᠢᠯᠡᠨ ᠢᠷᠦᠬᠡᠯ ᠪᠡᠯᠬᠡ ᠲᠠᠢ ᠦᠬᠡ ᠬᠡᠯᠡᠳᠡᠭ᠃ ᠬᠦᠩᠬᠡᠯᠡᠵᠦ ᠴᠠᠭᠠᠯᠠᠬᠤ ᠦᠢᠯᠡ  ᠲᠡᠬᠦᠰᠪᠡᠯ ᠴᠢᠨᠠᠭᠰᠠᠨ ᠲᠦᠮᠦᠰᠦ ᠪᠠᠨ ᠢᠳᠡᠵᠡᠬᠡᠬᠦ ᠪᠦᠬᠡᠳ ᠢᠳᠡᠭᠡ ᠪᠤᠳᠠᠭ᠎ᠠ ᠪᠡᠯᠡᠳᠭᠡᠵᠦ ᠠᠷᠢᠬᠢ ᠬᠡᠮᠨᠡᠨ ᠴᠠᠭᠠᠯᠠᠭᠴᠢ ᠶᠢ ᠲᠠᠶᠢᠯᠠᠨ᠎ᠠ᠃ ᠵᠠᠷᠢᠮ ᠠᠶᠢᠯ ᠨᠢ ᠤᠯᠠᠭᠠᠨ ᠢᠳᠡᠭᠡ ᠶᠢ ᠴᠡᠭᠡᠷᠯᠡᠳᠡᠭ  ᠴᠤ ᠪᠤᠢ᠃ ᠴᠠᠭᠠᠯᠠᠭᠴᠢ ᠳᠤ ᠭᠠᠷ ᠴᠠᠶᠢᠯᠭᠠᠬᠤ ᠭᠡᠷᠡᠭᠳᠡᠢ ᠪᠦᠬᠡᠳ ᠤᠯᠠᠨ ᠮᠠᠯ ᠴᠠᠭᠠᠯᠠᠭᠰᠠᠨ ᠠᠶᠢᠯ ᠪᠤᠯ ᠬᠤᠨᠢ ᠪᠠᠷᠢᠬᠤ ᠴᠤ ᠪᠤᠢ᠃ ᠴᠠᠭᠠᠯᠠᠭᠴᠢ ᠎ ᠳᠤ ᠭᠠᠷ ᠲᠠᠳᠠᠪᠠᠯ ᠴᠠᠭᠠᠯᠠᠭᠰᠠᠨ ᠮᠠᠯ ᠤᠨ ᠰᠢᠷᠬ᠎ᠠ ᠬᠦᠨᠳᠦᠷᠡᠨ᠎ᠡ ᠭᠡᠬᠦ ᠬᠡᠯᠡᠯᠬᠡ ᠪᠠᠶᠢᠳᠠᠭ᠃  ᠴᠠᠭᠠᠯᠠᠭᠰᠠᠨ ᠮᠠᠯ ᠢ ᠤᠶᠢᠷ᠎ᠠ ᠲᠤᠰᠢᠶ᠎ᠠ  ᠪᠠᠶᠢᠯᠭᠠᠵᠤ᠂  ᠬᠦᠬᠡᠬᠡᠵᠦ ᠲᠠᠭᠤᠬᠤ᠂ ᠴᠤᠬᠢᠵᠤ  ᠭᠤᠶᠠᠳᠠᠬᠤ ᠶᠢ  ᠴᠡᠭᠡᠷᠯᠡᠬᠦ ᠶᠢᠨ ᠬᠠᠮᠳᠤ  ᠭᠡᠳᠦ ᠤᠳᠠᠭᠠᠨ ᠭᠡᠪᠳᠡᠬᠦᠯᠬᠦ ᠦᠬᠡᠢ ᠠᠯᠭᠤᠷ ᠪᠤᠰᠬᠠᠵᠤ ᠬᠦᠳᠡᠯᠬᠡᠨ᠎ᠡ᠃  ᠡᠬᠦᠨ ᠤ ᠲᠤᠯᠠ ᠬᠡᠦᠬᠡᠳ ᠲᠤ ᠰᠤᠷ ᠰᠢᠯᠪᠢᠬᠦᠷ ᠭᠡᠷᠡᠭᠯᠡᠬᠦᠯᠬᠦ ᠦᠬᠡᠢ᠂ ᠬᠢᠯᠭᠠᠰᠤᠨ ᠬᠤᠪᠢ ᠰᠤᠯᠢᠵᠤ ᠦᠭᠳᠡᠭ ᠪᠠᠶᠢᠨ᠎ᠠ  ᠃  ᠮᠠᠯ ᠴᠠᠭᠠᠯᠠᠭᠰᠠᠨ ᠭᠤᠷᠪᠠᠨ ᠡᠳᠦᠷ ᠤᠨ ᠲᠤᠳᠤᠷ᠎ᠠ ᠶᠠᠭᠤᠮ᠎ᠠ ᠬᠡᠦᠮ᠎ᠡ ᠭᠠᠳᠠᠭᠰᠢ ᠭᠠᠷᠭᠠᠬᠤ ᠦᠬᠡᠢ ᠬᠠᠳᠠᠭᠤ ᠴᠡᠭᠡᠷ ᠪᠠᠶᠢᠳᠠᠭ᠃ ᠮᠦᠨ ᠴᠤ ᠭᠠᠵᠠᠷ ᠯᠤᠤᠰ ᠲᠤᠭᠰᠢᠷᠠᠵᠤ ᠮᠠᠯ ᠤᠨ ᠵᠠᠰᠠᠭ᠎ᠠ ᠬᠦᠨᠳᠦᠷᠡᠨ᠎ᠡ ᠬᠡᠮᠡᠨ ᠭᠠᠵᠠᠷ ᠤᠬᠤᠵᠤ ᠮᠠᠯᠳᠠᠬᠤ ᠶᠢ ᠴᠡᠭᠡᠷᠯᠡᠨ᠎ᠡ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号