ᠤᠯᠠᠮᠵᠢᠯᠠᠯᠳᠤ ᠵᠠᠩ ᠦᠢᠯᠡ —  ᠪᠤᠯᠠᠭ ᠎ ᠤᠨ ᠲᠠᠬᠢᠯᠭ᠎ᠠ
ᠨᠡᠶᠢᠲᠡᠯᠡᠭᠰᠡᠨ ᠴᠠᠭ᠄
2023/6/13
   ᠲᠠᠶᠢᠹᠤᠰᠧ ᠤᠨ ᠵᠠᠷᠢᠮ ᠭᠠᠴᠠᠭ᠎ᠠ ᠨᠢ ᠪᠤᠯᠠᠭ ᠲᠠᠬᠢᠳᠠᠭ ᠵᠠᠩᠰᠢᠯ ᠲᠠᠢ᠃ ᠪᠤᠯᠠᠭ ᠲᠠᠬᠢᠬᠤ ᠨᠢ ᠮᠦᠨ ᠴᠤ  ᠪᠤᠷᠤᠭᠠᠨ ᠬᠤᠷ᠎ᠠ ᠬᠦᠰᠡᠵᠦ᠂ ᠨᠠᠭᠤᠷ ᠪᠤᠯᠠᠭ ᠲᠠᠭᠠᠨ ᠲᠠᠭᠠᠳᠬᠠᠵᠤ ᠪᠠᠶᠢᠭ᠎ᠠ ᠤᠬᠠᠭᠠᠨ ᠲᠠᠢ᠃ ᠪᠤᠯᠠᠭ ᠲᠠᠬᠢᠬᠤ ᠠᠵᠢᠯᠯᠠᠭ᠎ᠠ ᠶᠢ ᠮᠦᠨ ᠤᠪᠤᠭ᠎ᠠ ᠲᠠᠬᠢᠬᠤ ᠦᠶ᠎ᠡ ᠳᠤ ᠶᠠᠪᠤᠭᠳᠠᠭᠤᠯᠳᠠᠭ᠃  ᠵᠠᠷᠢᠮ ᠨᠢ ᠤᠪᠤᠭᠠᠨ ᠲᠠᠬᠢᠯᠭ᠎ᠠ ᠲᠠᠢ  ᠎ ᠪᠠᠨ ᠨᠢᠬᠡ ᠡᠳᠦᠷ ᠲᠤ ᠶᠠᠪᠤᠭᠳᠠᠭᠤᠯᠵᠤ᠂ ᠵᠠᠷᠢᠮ ᠨᠢ ᠲᠤᠰᠬᠠᠢ  ᠲᠤᠭᠳᠠᠭᠰᠠᠨ ᠡᠳᠦᠷ ᠲᠡᠭᠡᠨ ᠶᠠᠪᠤᠭᠳᠠᠭᠤᠯᠤᠨ᠎ᠠ᠃ ᠬᠦᠨᠪᠤᠯᠠᠭ ᠰᠤᠮᠤᠨ ᠤ ᠭᠡᠷᠡᠯᠳᠦ  ᠭᠠᠴᠠᠭᠠᠨ ᠳᠤ ᠨᠢᠬᠡ ᠤᠷᠭᠢᠯᠤᠭ᠎ᠠ ᠪᠤᠯᠠᠭ ᠲᠠᠢ᠃ ᠡᠷᠳᠡᠨ ᠳᠡᠭᠡᠨ ᠪᠤᠯᠠᠭ ᠤᠨ ᠤᠰᠤ ᠨᠢ ᠬᠠᠮᠤᠭ ᠦᠨᠳᠦᠷ ᠲᠡᠭᠡᠨ ᠬᠤᠶᠠᠷ ᠬᠤᠤᠰ ᠠᠯᠳᠠ ᠬᠢᠷᠢᠳᠡᠢ  ᠤᠷᠬᠢᠯᠤᠨ᠂ ᠡᠪᠦᠯ ᠪᠤᠯᠬᠤ ᠳᠤ ᠪᠤᠯᠠᠭ ᠤᠨ ᠰᠦᠪᠡ  ᠬᠦᠯᠳᠡᠭᠡᠳ ᠮᠦᠰᠦᠨ ᠤᠪᠤᠭ᠎ᠠ ᠪᠤᠯᠳᠠᠭ ᠪᠠᠶᠢᠪᠠ᠃ ᠪᠤᠯᠠᠭ ᠲᠤᠨᠢ ᠨᠢᠬᠡ ᠬᠦᠷᠵᠡᠨ ᠲᠤᠯᠤᠭᠠᠢ ᠶᠢᠨ ᠴᠢᠨᠡᠬᠡᠨ ᠲᠤᠮᠤ ᠮᠡᠯᠡᠬᠡᠢ ᠪᠠᠶᠢᠵᠤ᠂ ᠮᠠᠯᠴᠢᠳ ᠲᠡᠬᠦᠨ ᠢ ᠪᠤᠯᠠᠭ ᠤᠨ ᠡᠵᠡᠨ ᠭᠡᠳᠡᠭ᠃ ᠵᠤᠨ  ᠎ ᠤ ᠤᠷᠤᠢ ᠲᠤᠮᠤ ᠮᠡᠯᠡᠬᠡᠢ ᠬᠦᠩᠬᠢᠨᠡᠮ᠎ᠡ ᠲᠠᠭᠤᠨ ᠢᠶᠠᠷ ᠭᠤᠸᠠᠭᠯᠠᠬᠤ ᠳᠤ ᠪᠢᠴᠢᠬᠠᠨ ᠮᠡᠯᠡᠬᠡᠢ ᠤᠳ ᠨᠢ ᠬᠠᠩᠬᠢᠨᠠᠮ᠎ᠠ ᠲᠠᠭᠤᠨ ᠢᠶᠠᠷ ᠭᠤᠸᠠᠭᠯᠠᠭᠠᠳ᠂ ᠮᠡᠯᠡᠬᠡᠢ ᠶᠢᠨ ᠲᠠᠭᠤᠨ ᠤ ᠨᠠᠶᠢᠷᠠᠯ ᠪᠤᠯᠳᠠᠭ ᠭᠡᠨ᠎ᠡ᠃  ᠭᠡᠷᠡᠯᠳᠦ ᠭᠠᠴᠠᠭᠠᠨ ᠤ ᠬᠢᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠵᠢᠷᠭᠤᠭᠠᠨ ᠤ ᠡᠳᠦᠷ  ᠪᠤᠯᠠᠭ ᠢᠶᠠᠨ ᠲᠠᠬᠢᠳᠠᠭ ᠵᠠᠩᠰᠢᠯ ᠲᠠᠢ᠃      ᠪᠤᠯᠠᠭ ᠲᠠᠬᠢᠬᠤ  ᠶᠠᠪᠤᠴᠠ ᠦᠢᠯᠡ ᠨᠢ ᠤᠪᠤᠭ᠎ᠠ ᠲᠠᠬᠢᠬᠤ ᠲᠠᠢ ᠦᠨᠳᠦᠰᠦᠨ ᠳᠡᠭᠡᠨ ᠠᠳᠠᠯᠢ᠃   ᠨᠠᠷᠠᠨ ᠎ ᠠᠴᠠ ᠡᠮᠦᠨ᠎ᠡ  ᠪᠤᠯᠠᠭ ᠲᠡᠭᠡᠷ᠎ᠡ ᠪᠠᠨ  ᠬᠦᠷᠴᠦ᠂   ᠲᠠᠬᠢᠯᠭ᠎ᠠ ᠶᠢᠨ ᠵᠦᠢᠯ ᠢᠶᠠᠨ ᠡᠷᠬᠦᠭᠡᠳ᠂  ᠰᠠᠩ ᠲᠠᠯᠪᠢᠨ ᠨᠤᠮ  ᠤᠩᠰᠢᠵᠤ᠂ ᠪᠦᠬᠦᠳᠡᠭᠡᠷ ᠪᠤᠯᠠᠭ ᠲᠠᠭᠠᠨ ᠬᠠᠨᠳᠤᠵᠤ ᠬᠤᠷᠮᠤᠢ ᠲᠡᠪᠢᠰᠦᠨ ᠮᠦᠷᠬᠦᠳᠡᠭ᠃ ᠮᠦᠷᠬᠦᠯ ᠲᠡᠬᠦᠰᠦᠭᠡᠳ  ᠪᠤᠯᠠᠭ ᠢᠶᠠᠨ ᠨᠠᠷᠠᠨ ᠵᠦᠪ ᠭᠤᠷᠪᠠ ᠡᠷᠬᠢᠵᠦ᠂  ᠪᠤᠯᠠᠭ ᠲᠠᠭᠠᠨ ᠰᠠᠴᠤᠯᠢ  ᠡᠷᠬᠦᠵᠦ ᠬᠤᠷᠤᠶᠢᠯᠠᠵᠠᠭᠠᠨ᠎ᠠ᠃  ᠪᠤᠯᠠᠭ ᠢ ᠶᠡᠷᠦᠳᠡᠭᠡᠨ ᠴᠠᠭᠠᠨ ᠢᠶᠠᠷ ᠲᠠᠬᠢᠳᠠᠭ  ᠂  ᠤᠯᠠᠭᠠᠨ ᠢᠳᠡᠭᠡᠨ ᠤᠷᠤᠭᠤᠯᠬᠤ ᠦᠬᠡᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号