ᠪᠠᠰᠠ ᠮᠠᠯ ᠰᠢᠨᠡᠯᠡᠬᠦᠯᠬᠦ ᠭᠡᠳᠡᠭ᠃ ᠮᠤᠩᠭᠤᠯᠴᠤᠳ ᠤᠨ ᠡᠷᠳᠡᠨ ᠠᠴᠠ ᠤᠯᠠᠮᠵᠢᠯᠠᠵᠤ ᠢᠷᠡᠭᠰᠡᠨ ᠶᠤᠰᠤ | ᠵᠠᠩᠰᠢᠯ ᠪᠤᠯᠤᠨ᠎ᠠ᠃ ᠵᠠᠷᠢᠮ ᠮᠠᠯᠴᠢᠨ ᠡᠷᠦᠬᠡ ᠰᠢᠨ᠎ᠡ ᠶᠢᠨ ᠨᠢᠭᠡᠨ ᠳᠤ ᠮᠠᠯ ᠢᠶᠠᠨ ᠮᠢᠯᠢᠶᠠᠳᠠᠭ ᠴᠤ ᠪᠤᠢ᠃ | ᠲᠠᠶᠢᠹᠤᠰᠧ ᠶᠢᠨ ᠮᠤᠩᠭᠤᠯᠴᠤᠳ ᠴᠠᠭᠠᠨ ᠰᠠᠷᠠᠶᠢᠨ ᠠᠷᠪᠠᠨ ᠲᠠᠪᠤᠨ ᠳᠤ ᠮᠠᠯ ᠮᠢᠯᠢᠶᠠᠨ᠎ᠠ᠃ ᠠᠷᠪᠠᠨ ᠲᠠᠪᠤᠨ ᠢ | ᠪᠠᠰᠠ ᠮᠠᠯ ᠤᠨ ᠴᠠᠭᠠᠨ ᠰᠠᠷ᠎ᠠ ᠭᠡᠳᠡᠭ᠃ ᠡᠨᠡ ᠡᠳᠦᠷ ᠬᠤᠳᠠ ᠬᠤᠷᠤᠭ᠎ᠠ ᠪᠠᠨ ᠰᠠᠶᠢᠬᠠᠨ ᠴᠡᠪᠡᠷᠯᠡᠬᠦ ᠪᠦᠭᠡᠳ | ᠠᠷᠴᠠ᠂ ᠰᠠᠩ ᠤᠨ ᠢᠳᠡᠭᠡ᠂ ᠬᠦᠵᠢ ᠵᠡᠷᠭᠡ ᠶᠢ ᠪᠤᠶᠢᠪᠤᠷ ᠲᠤ ᠰᠢᠳᠠᠭᠠᠵᠤ ᠮᠠᠯ ᠤᠨ ᠬᠤᠷᠤᠭ᠎ᠠ ᠬᠠᠰᠢᠶ᠎ᠠ ᠶᠢ | ᠠᠷᠢᠭᠤᠯᠠᠨ᠎ᠠ᠃ ᠮᠠᠯ ᠤᠨ ᠮᠢᠯᠢᠶᠠᠳᠠᠰᠤ ᠬᠡᠮᠡᠨ ᠰᠢᠷ᠎ᠠ ᠴᠠᠭᠠᠨ ᠪᠤᠳᠠᠭ᠎ᠠ ᠠᠭᠰᠢᠭᠠᠵᠤ ᠲᠠᠪᠠᠭᠯᠠᠭᠰᠠᠨ ᠤ ᠲᠠᠷᠠᠭ᠎ᠠ᠂ | ᠦᠷᠦᠮ᠎ᠡ ᠬᠤᠷᠤᠳ ᠪᠠ ᠦᠵᠦᠮ ᠴᠢᠪᠠᠭ᠎ᠠ ᠵᠡᠷᠭᠡ ᠶᠢ ᠪᠤᠳᠠᠭᠠᠨ ᠲᠡᠭᠡᠷ᠎ᠡ ᠪᠠᠨ ᠬᠠᠳᠬᠤᠵᠤ᠂ ᠪᠠᠰᠠ ᠭᠤᠤᠯ | ᠳᠤᠨᠢ ᠬᠤᠩᠬᠤᠶᠢᠯᠠᠭᠠᠳ ᠰᠢᠷ᠎ᠠ ᠲᠤᠰᠤ᠂ ᠪᠤᠷᠠᠮ ᠬᠢᠵᠦ ᠲᠠᠯᠪᠢᠳᠠᠭ᠂ ᠡᠨᠡ ᠪᠤᠯ ᠲᠠᠪᠤᠨ ᠬᠤᠰᠢᠭᠤ ᠮᠠᠯ ᠢᠶᠠᠨ | ᠠᠮᠤ ᠪᠤᠳᠠᠭ᠎ᠠ ᠰᠢᠭ᠋ ᠠᠷᠪᠢᠵᠢᠵᠤ᠂ ᠦᠷ᠎ᠡ ᠵᠢᠮᠢᠰ ᠰᠢᠭ ᠦᠷᠡᠵᠢᠭ ᠬᠡᠰᠡᠨ ᠪᠡᠯᠭᠡᠳᠡᠯ ᠤᠨ ᠤᠬᠠᠭᠠᠨ ᠲᠠᠢ ᠶᠤᠮ᠃ | | ᠮᠠᠯ ᠮᠢᠯᠢᠶᠠᠬᠤ ᠡᠳᠦᠷ ᠠᠳᠤᠭᠤ ᠲᠡᠮᠡᠭᠡ ᠶᠢ ᠪᠤᠯ ᠡᠳᠦᠷ ᠨᠢ ᠬᠤᠷᠢᠶᠠᠨ ᠴᠤᠭᠯᠠᠭᠤᠯᠵᠤ ᠂ ᠠᠵᠢᠷᠭ᠎ᠠ ᠬᠡᠬᠦᠦ | ᠂ ᠪᠤᠤᠷ᠎ᠠ ᠢᠩᠬᠡ ᠠᠴᠠ ᠲᠦᠯᠦᠭᠡᠴᠢᠯᠡᠨ ᠮᠢᠯᠢᠶᠠᠨ᠎ᠠ᠃ ᠦᠬᠡᠷ ᠬᠤᠨᠢ ᠢᠮᠠᠭ᠎ᠠ ᠶᠢ ᠪᠤᠯ ᠤᠷᠤᠢ ᠬᠤᠳᠠᠯᠠᠭᠰᠠᠨ ᠤ | ᠲᠠᠷᠠᠭ᠎ᠠ ᠮᠢᠯᠢᠶᠠᠵᠤ᠂ ᠮᠦᠨ ᠴᠤ ᠦᠷ᠎ᠡ ᠶᠢᠨ ᠮᠠᠯ ᠪᠠ ᠰᠠᠳᠡᠷ ᠲᠠᠢ ᠮᠠᠯ ᠠᠴᠠ ᠡᠬᠢᠯᠡᠵᠦ᠂ ᠮᠠᠩᠨᠠᠢ ᠲᠡᠭᠡᠷ᠎ᠡ ᠨᠢ | ᠪᠤᠶᠤ ᠡᠪᠡᠷ ᠲᠡᠭᠡᠷ᠎ᠡ ᠨᠢ ᠲᠦᠷᠬᠢᠵᠦ ᠮᠢᠯᠢᠶᠠᠳᠠᠭ᠃ ᠮᠠᠯ ᠮᠢᠯᠢᠶᠠᠬᠤ ᠳᠤ ᠪᠠᠰᠠ ︽ᠮᠢᠩᠭᠠᠨ ᠤ ᠮᠠᠩᠯᠠᠢ ᠳᠤ ᠶᠠᠪᠤ᠂ | ᠲᠦᠮᠡᠨ ᠤ ᠲᠦᠷᠦᠬᠦᠨ ᠳᠤ ᠶᠠᠪᠤ ︾ ︽ᠲᠠᠪᠤᠨ ᠬᠤᠰᠢᠭᠤ ᠮᠠᠯ ᠮᠢᠨᠢ ᠲᠠᠯ᠎ᠠ ᠲᠦᠬᠦᠷᠡᠩ ᠪᠤᠯᠳᠤᠭᠠᠢ ︾ ︽ | ᠪᠠᠭᠤᠷᠠᠯ ᠦᠬᠡᠢ ᠪᠤᠮᠠ ᠬᠦᠷ᠂ ᠲᠦᠳᠡᠯ ᠦᠬᠡᠢ ᠲᠦᠮᠡ ᠬᠦᠷ︾ ︽ ᠡᠪᠡᠰᠦᠨ ᠤ ᠰᠤᠷᠭᠤᠭ ᠢ ᠨᠢ ᠢᠳᠡ᠂ | ᠤᠰᠤᠨ ᠤ ᠲᠤᠩᠭᠠᠯᠠᠭ ᠢ ᠨᠢ ᠤᠤᠭᠤ ︾ ᠬᠡᠬᠦ ᠮᠡᠳᠦ ᠪᠡᠯᠭᠡᠰᠢᠶᠡᠯᠳᠦ ᠦᠬᠡ ᠬᠡᠯᠡᠬᠦ ᠪᠡ ᠢᠷᠦᠬᠡᠯ ᠤᠩᠰᠢᠳᠠᠭ᠃ | ᠮᠠᠯ ᠤᠨ ᠮᠢᠯᠢᠶᠠᠯᠠᠭᠠ ᠳᠤ ᠫᠤᠤᠵᠢᠩ ᠲᠠᠯᠪᠢᠵᠤ ᠬᠡᠶᠢᠮᠦᠷᠢ ᠰᠡᠷᠬᠦᠭᠡᠬᠦ ᠪᠠ ᠬᠤᠳᠠ ᠤᠰᠤᠨ ᠤ ᠭᠡᠦᠭᠡᠳ ᠢ | ᠪᠤᠳᠠᠭᠠᠯᠠᠵᠤ ᠪᠠᠶᠠᠰᠬᠠᠨ᠂ ᠨᠠᠭᠠᠳᠴᠤ ᠲᠤᠭᠯᠠᠨ ᠬᠦᠷ ᠬᠦᠭᠵᠢᠶᠡᠨ ᠨᠡᠮᠡᠷᠢᠯᠡᠬᠦ ᠶᠢ ᠡᠷᠬᠢᠮᠯᠡᠨ᠎ᠡ᠃ ᠮᠠᠯ ᠢᠶᠠᠨ | ᠮᠢᠯᠢᠶᠠᠵᠤ ᠪᠠᠷᠠᠭᠰᠠᠨ ᠤ ᠲᠠᠷᠠᠭ᠎ᠠ᠂ ᠭᠡᠷ ᠬᠤᠳᠠᠯᠠᠭᠠᠷ ᠢᠶᠠᠨ ᠮᠢᠯᠢᠶᠠᠳᠠᠰᠤᠨ ᠤ ᠢᠳᠡᠭᠡᠨ ᠠᠴᠠ ᠠᠮᠰᠠᠵᠤ᠂ ᠰᠢᠷᠡᠭᠡ | ᠵᠠᠰᠠᠵᠤ ᠨᠠᠶᠢᠷᠯᠠᠨᠠ᠃ ᠡᠨᠡ ᠡᠳᠦᠷ ᠮᠠᠯ ᠠᠳᠤᠭᠤᠯᠤᠭᠴᠢ ᠶᠢ ᠴᠤ ᠵᠤᠴᠢᠯᠠᠨ ᠪᠤᠳᠠᠭᠠᠯᠠᠬᠤ ᠵᠠᠩᠰᠢᠯ ᠲᠠᠢ᠃ | ᠲᠠᠶᠢᠹᠤᠰᠧ ᠬᠤᠰᠢᠭᠤ ᠨᠢ ᠮᠠᠯ ᠮᠢᠯᠢᠶᠠᠬᠤ ᠶᠤᠰᠤ ᠵᠠᠩᠰᠢᠯ ᠢ ᠠᠶᠢᠮᠠᠭ ᠤᠨ ᠲᠡᠰ ᠤᠨ ᠪᠤᠳᠠᠰ ᠤᠨ ᠪᠤᠰᠤ | ᠰᠤᠶᠤᠯ ᠤᠨ ᠦᠪ ᠲᠤ ᠪᠦᠷᠢᠳᠭᠡᠬᠦᠯᠵᠡᠢ᠃ |