ᠲᠠᠶᠢᠹᠤᠰᠧ ᠮᠤᠩᠭᠤᠯᠴᠤᠳ ᠪᠢᠯᠢᠭ ᠤᠨ ᠤᠯᠠᠷᠢᠯ ᠤᠨ ᠦᠶᠦᠭ ᠲᠠᠩᠰᠤᠭ ᠨᠠᠢᠮᠠ ᠶᠢᠰᠦᠨ ᠰᠠᠷ᠎ᠠ ᠳᠤ᠂ ᠡᠳᠦᠷ | ᠤᠨ ᠰᠠᠶᠢᠨ ᠢ ᠦᠵᠡᠨ ᠰᠤᠩᠭᠤᠵᠤ ᠲᠠᠯᠠᠯᠭ᠎ᠠ ᠠᠪᠳᠠᠭ᠃ ᠡᠨᠡ ᠨᠢ ᠠᠶᠢᠯ ᠭᠡᠷ ᠤᠨ ᠢᠶᠠᠨ ᠦᠬᠡᠳᠡ ᠡᠰᠡᠷᠡᠭ᠂ | ᠠᠵᠤ ᠠᠮᠢᠳᠤᠷᠠᠯ ᠤᠨ ᠢᠶᠠᠨ ᠡᠯᠪᠡᠭ ᠲᠡᠩᠴᠡᠬᠦᠬᠡᠨ ᠪᠠᠶᠢᠬᠤ ᠶᠢ ᠪᠤᠷᠬᠠᠨ ᠰᠢᠳᠦᠭᠡᠨ ᠳᠡᠭᠡᠨ ᠨᠠᠮᠠᠨᠴᠢᠯᠠᠨ | ᠲᠠᠭᠠᠳᠬᠠᠵᠤ᠂ ᠬᠡᠶᠢᠮᠤᠷᠢ ᠰᠦᠯᠳᠡ ᠪᠠᠨ ᠮᠠᠨᠳᠤᠭᠤᠯᠤᠨ᠂ ᠭᠡᠰᠢᠭ ᠪᠤᠶᠠᠨ ᠬᠤᠷᠤᠶᠢᠯᠠᠵᠤ᠂ ᠲᠠᠪᠤᠨ ᠬᠤᠰᠢᠭᠤ ᠮᠠᠯ | ᠤᠨ ᠢᠶᠠᠨ ᠦᠨᠢᠷ ᠦᠰᠦᠯᠳᠡ ᠶᠢ ᠪᠡᠯᠭᠡᠳᠡᠵᠦ ᠪᠦᠬᠦᠢ ᠵᠠᠩ ᠦᠢᠯᠡ ᠪᠤᠯᠤᠨ᠎ᠠ᠃ ᠡᠨᠡᠬᠦ ᠤᠯᠠᠮᠵᠢᠯᠠᠯᠳᠤ ᠵᠠᠩᠰᠢᠯ | ᠨᠢ ᠦᠨᠳᠦᠰᠦᠳᠡᠨ ᠤ ᠤᠤᠷ ᠰᠤᠶᠤᠯ ᠤᠨ ᠮᠦᠩᠬᠡ ᠨᠤᠭᠤᠭᠠᠨ ᠬᠠᠶᠢᠯᠠᠰᠤᠨ ᠳᠤ ᠦᠩᠬᠡ ᠨᠡᠮᠡᠭᠰᠡᠨ ᠨᠢᠬᠡᠨ ᠨᠠᠮᠠᠭ᠎ᠠ | ᠪᠤᠯᠵᠤ᠂ ᠬᠤᠯᠠᠴᠢ ᠪᠤᠳᠤᠯ ᠢᠶᠠᠷ ᠲᠤᠩᠭᠠᠬᠤ ᠳᠤ ᠬᠤᠪᠢ ᠶᠢᠨ ᠵᠢᠩ ᠨᠢ ᠤᠴᠢᠷᠳᠠᠢ ᠬᠦᠨᠳᠦ ᠰᠠᠨᠠᠭᠳᠠᠨᠠᠮ᠃ | ᠲᠠᠯᠠᠯᠭ᠎ᠠ ᠠᠪᠬᠤ ᠳᠤ ᠪᠠᠶᠠᠨ ᠶᠠᠳᠠᠭᠤ ᠶᠢᠨ ᠢᠯᠭᠠᠭ᠎ᠠ ᠪᠠᠶᠢᠳᠠᠭ ᠦᠬᠡᠢ᠂ ᠵᠦᠪᠬᠡᠨ ᠠᠶᠢᠯ ᠡᠷᠦᠬᠡ ᠶᠢᠨ | ᠲᠡᠭᠡᠳᠦ ᠠᠴᠠ ᠤᠯᠠᠮᠵᠢᠯᠠᠭᠰᠠᠨ ᠵᠠᠩ ᠲᠠᠳᠬᠠᠯ ᠢᠶᠠᠷ ᠰᠢᠯᠳᠠᠭᠠᠯᠠᠭᠳᠠᠵᠤ᠂ ᠤᠯᠠᠭᠠᠨ ᠴᠠᠭᠠᠨ ᠢᠳᠡᠭᠡᠨ ᠢᠶᠠᠷ | ᠲᠠᠯᠠᠯᠭ᠎ᠠ ᠠᠪᠬᠤ ᠨᠢ ᠠᠳᠠᠯᠢ ᠦᠬᠡᠢ ᠪᠠᠶᠢᠳᠠᠭ᠃ ᠵᠠᠷᠢᠮ ᠠᠶᠢᠯ ᠨᠢ ᠪᠤᠷᠬᠠᠨ ᠢᠶᠠᠨ ᠪᠦᠬᠦᠯᠢ ᠰᠢᠬᠦᠰᠦ ᠪᠠᠷ ᠲᠠᠬᠢᠵᠤ | ᠂ ᠬᠡᠳᠦ ᠬᠡᠳᠦᠨ ᠯᠠᠮᠠ ᠵᠠᠯᠠᠵᠤ᠂ 3 —5 ᠡᠳᠦᠷ ᠨᠤᠮ ᠬᠤᠷᠠᠭᠤᠯᠤᠨ᠂ ᠮᠢᠬ᠎ᠠ ᠲᠠᠢ ᠴᠠᠪ ᠬᠢᠵᠦ᠂ ᠤᠯᠠᠭᠠᠨ | ᠢᠶᠠᠷ ᠲᠠᠯᠠᠯᠭ᠎ᠠ ᠠᠪᠤᠨ᠎ᠠ ᠃ ᠵᠠᠷᠢᠮ ᠠᠶᠢᠯ ᠨᠢ ᠨᠢᠬᠡ ᠯᠡ ᠡᠳᠦᠷ ᠨᠤᠮ ᠬᠤᠷᠠᠭᠤᠯᠬᠤ ᠴᠤ ᠪᠤᠢ᠃ ᠪᠠᠰᠠ ᠵᠠᠷᠢᠮ ᠨᠢ | ᠵᠦᠪᠬᠡᠨ ᠴᠠᠭᠠᠨ ᠢᠳᠡᠭᠡ᠂ ᠪᠤᠤᠪᠤ ᠪᠤᠭᠤᠷᠰᠤᠭ ᠲᠠᠪᠠᠭᠯᠠᠨ ᠪᠤᠷᠬᠠᠨ ᠢᠶᠠᠨ ᠲᠠᠬᠢᠵᠤ᠂ ᠵᠢᠰᠢᠶ᠎ᠡ ᠯᠠᠮᠠ ᠨᠤᠮ ᠤᠩᠰᠢᠨ | ᠴᠠᠭᠠᠨ ᠢᠶᠠᠷ ᠲᠠᠯᠠᠯᠭ᠎ᠠ ᠠᠪᠤᠨ᠎ᠠ᠃ | ᠲᠠᠯᠠᠯᠭ᠎ᠠ ᠠᠪᠬᠤ ᠳᠤ ᠠᠶᠢᠯ ᠪᠦᠷᠢ ᠲᠠᠬᠢᠵᠤ ᠪᠠᠶᠢᠭᠰᠠᠨ ᠪᠤᠷᠬᠠᠨ ᠰᠢᠳᠦᠬᠡᠨ᠂ ᠲᠤᠬᠠᠶᠢᠯᠠᠪᠠᠯ ᠶᠠᠮᠠᠨᠳᠠᠭ | ᠪᠤᠷᠬᠠᠨ᠂ ᠠᠷᠢᠶᠠᠪᠠᠯᠤ᠂ ᠴᠠᠭᠠᠨ ᠡᠪᠦᠬᠡᠨ᠂ ᠲᠠᠪᠤᠨ ᠲᠤᠭᠰᠢᠳ ︵ᠭᠤᠮᠪᠤ᠂ ᠴᠤᠶᠢᠷᠤᠯᠵᠢᠩ᠂ ᠯᠾᠠᠮᠤ᠂ ᠨᠠᠮᠰᠠᠷᠠᠢ | ᠂ ᠵᠠᠮᠰᠦ᠋ᠷᠦᠩ︶ ᠵᠡᠷᠭᠡ ᠪᠠᠨ ᠵᠠᠪᠠᠯ ᠲᠠᠬᠢᠵᠤ᠂ ᠬᠡᠶᠢᠮᠤᠷᠢ ᠰᠦᠯᠳᠡ ᠲᠠᠢ ᠪᠠᠶᠢᠬᠤ᠂ ᠠᠮᠤᠷ ᠠᠮᠤᠭᠤᠯᠠᠩ | ᠠᠮᠢᠳᠤᠷᠠᠬᠤ᠂ ᠪᠤᠶᠠᠨ ᠭᠡᠰᠢᠭ ᠬᠦᠷᠳᠡᠬᠦ ᠶᠢ ᠬᠦᠰᠡᠳᠡᠭ ᠪᠠᠶᠢᠨ᠎ᠠ᠃ ᠲᠡᠭᠡᠬᠦ ᠳᠡᠭᠡᠨ ᠰᠠᠩ ᠲᠠᠯᠪᠢᠵᠤ᠂ ᠮᠠᠯ ᠤᠨ | ᠬᠠᠰᠢᠶ᠎ᠠ ᠰᠠᠷᠠᠪᠴᠢ᠂ ᠤᠶᠠᠭ᠎ᠠ ᠵᠡᠯ᠎ᠡ ᠶᠢ ᠠᠷᠢᠭᠤᠯᠠᠬᠤ ᠶᠢᠨ ᠬᠠᠮᠳᠤ᠂ ᠪᠤᠷᠬᠠᠨ ᠳᠠᠭᠠᠨ ᠬᠦᠯᠦᠭ ᠬᠦᠰᠭᠡ ᠪᠤᠯᠭᠠᠵᠤ | ᠪᠠᠶᠢᠨ᠎ᠠ ᠬᠡᠮᠡᠨ ᠠᠳᠤᠭᠤ ᠮᠠᠯ ᠤᠨ ᠰᠦᠷᠦᠭ ᠠᠴᠠ ᠪᠠᠨ ᠦᠷ᠎ᠡ ᠲᠦᠯ ᠢᠶᠠᠷ ᠰᠠᠶᠢᠨ᠂ ᠪᠡᠶ᠎ᠡ ᠪᠢᠯᠳᠠᠷ ᠢᠶᠠᠷ ᠲᠤᠮᠤ | ᠤᠳᠤᠮ ᠰᠠᠶᠢᠳᠠᠢ ᠮᠠᠯ ᠢ ᠰᠤᠩᠭᠤᠵᠤ ᠰᠡᠳᠡᠷᠯᠡᠳᠡᠭ᠃ ᠡᠨᠡ ᠨᠢ ᠮᠦᠨᠴᠤ ᠮᠠᠯ ᠰᠦᠷᠦᠭ ᠤᠨ ᠢᠶᠠᠨ ᠦᠷᠡᠵᠢᠯ | ᠦᠰᠦᠯᠳᠡ ᠶᠢ ᠪᠤᠷᠬᠠᠨ ᠲᠡᠭᠷᠢ ᠳᠡᠭᠡᠨ ᠲᠠᠭᠠᠳᠬᠠᠵᠤ ᠪᠠᠶᠢᠭ᠎ᠠ ᠪᠡᠯᠭᠡᠳᠡᠯ ᠤᠨ ᠤᠳᠬ᠎ᠠ ᠲᠠᠢ᠃ ᠶᠠᠮᠠᠨᠳᠠᠭ ᠪᠤᠷᠬᠠᠨ | ᠳᠤ ᠪᠤᠯ ᠢᠮᠠᠭ᠎ᠠ ᠪᠤᠶᠤ ᠠᠳᠤᠭᠤ ᠰᠡᠳᠡᠷᠯᠡᠵᠦ᠂ ᠪᠤᠰᠤᠳ ᠪᠤᠷᠬᠠᠨ ᠳᠤ ᠦᠬᠡᠷ᠂ ᠬᠤᠨᠢ᠂ ᠢᠮᠠᠭ᠎ᠠ ᠶᠢᠨ ᠠᠯᠢᠨ ᠢ | ᠴᠤ ᠰᠡᠳᠡᠷᠯᠡᠵᠦ ᠪᠤᠯᠳᠠᠭ᠃ ᠬᠡᠬᠦᠦ ᠶᠢ ᠡᠳᠦᠷ ᠰᠡᠳᠡᠷᠯᠡᠵᠦ᠂ ᠦᠬᠡᠷ ᠬᠤᠨᠢ ᠶᠢ ᠪᠤᠯ ᠮᠠᠯ ᠬᠤᠳᠠᠯᠠᠭᠰᠠᠨ ᠬᠤᠶᠢᠨ᠎ᠠ | ᠰᠡᠳᠡᠷᠯᠡᠨ᠎ᠡ᠃ ᠰᠡᠳᠡᠷᠯᠡᠭᠰᠡᠨ ᠮᠠᠯ ᠢ ᠤᠯᠠᠩᠬᠢ ᠳᠠᠭᠠᠨ ᠬᠤᠳᠠᠯᠳᠤᠵᠤ ᠵᠠᠷᠤᠬᠤ ᠦᠬᠡᠢ᠃ ᠭᠡᠷᠪᠡ ᠬᠤᠳᠠᠯᠳᠤᠵᠤ | ᠵᠠᠷᠤᠬᠤ ᠴᠢᠬᠤᠯᠠᠳᠠᠢ ᠪᠤᠯ᠂ ᠦᠬᠡᠷ᠎ᠡ ᠮᠠᠯ ᠳᠤ ᠠᠮᠢᠰᠬᠤᠯ ᠢ ᠨᠢ ᠬᠠᠯᠠᠵᠤ ᠪᠠᠶᠢᠨ᠎ᠠ ᠬᠡᠮᠡᠨ ᠬᠤᠩᠰᠢᠶᠠᠷ ᠢ ᠨᠢ | ᠨᠡᠶᠢᠯᠡᠬᠦᠯᠦᠨ ᠰᠤᠯᠢᠵᠤ ᠰᠡᠳᠡᠷᠯᠡᠨ᠎ᠡ᠃ ᠰᠡᠳᠡᠷ ᠢ ᠬᠤᠨᠢᠨ ᠤ ᠨᠤᠤᠰᠤ ᠪᠠᠷ ᠲᠠᠮᠤᠵᠤ᠂ ᠲᠠᠪᠤᠨ ᠦᠩᠬᠡ ᠶᠢᠨ | ᠲᠤᠷᠭ᠎ᠠ ᠪᠦᠰ ᠢᠶᠠᠷ ᠠᠯᠠᠭᠯᠠᠭᠤᠯᠤᠨ ᠴᠢᠮᠡᠭᠡᠳ᠂ ᠴᠡᠪᠡᠷᠭᠡᠨ ᠰᠠᠪᠠᠨ ᠳᠤ ᠰᠦ ᠷᠠᠰᠢᠶᠠᠨ ᠬᠢᠵᠦ ᠠᠷᠢᠭᠤᠯᠠᠨ | ᠷᠠᠰᠢᠶᠠᠯᠠᠭᠠᠳ ᠭᠡᠷᠡᠭᠯᠡᠨ᠎ᠡ᠃ | ᠲᠠᠯᠠᠯᠭ᠎ᠠ ᠠᠪᠬᠤ ᠳᠠᠭᠠᠨ ᠪᠤᠷᠬᠠᠨ ᠨᠢᠬᠡᠪᠦᠷᠢ ᠳᠤ ᠠᠳᠠᠯᠢ ᠪᠤᠰᠤ ᠶᠠᠩᠵᠤ ᠬᠡᠯᠪᠡᠷᠢ ᠶᠢᠨ ᠪᠠᠯᠢᠩ ᠪᠠᠷᠢᠵᠤ᠂ | ᠪᠦᠬᠦᠯᠢ ᠰᠢᠬᠦᠰᠦ᠂ ᠬᠤᠨᠢᠨ ᠤ ᠬᠠ᠂ ᠡᠪᠴᠢᠬᠦᠦ᠂ ᠬᠤᠰᠬᠢᠨᠠᠭ᠂ ᠭᠤᠤᠯ ᠮᠢᠬ᠎ᠠ᠂ ᠴᠠᠭᠠᠨ ᠢᠳᠡᠭᠡ᠂ ᠠᠶᠢᠷᠠᠭ | ᠰᠦ᠂ ᠨᠠᠩᠵᠢᠳ ︵ᠰᠠᠭᠠᠯᠢ ᠶᠢᠨ ᠠᠷᠢᠬᠢ︶᠂ ᠪᠤᠤᠪᠤ ᠪᠤᠭᠤᠷᠰᠤᠭ ᠲᠡᠷᠢᠬᠦᠳᠡᠨ ᠢ ᠴᠤᠩᠬᠤᠷᠯᠠᠨ ᠲᠠᠬᠢᠨ᠎ᠠ᠃ | ᠪᠤᠷᠬᠠᠨ ᠢᠶᠠᠨ ᠲᠠᠬᠢᠵᠤ ᠪᠠᠷᠠᠭᠠᠳ ᠲᠠᠯᠠᠯᠭ᠎ᠠ ᠠᠪᠤᠨ᠎ᠠ᠃ ᠠᠳᠡ ᠨᠠᠮᠰᠠᠷᠠᠢ ᠪᠤᠷᠬᠠᠨ ᠤ ᠲᠠᠬᠢᠯᠭ᠎ᠠ ᠪᠠᠷ | ᠲᠠᠯᠠᠯᠭ᠎ᠠ ᠠᠪᠬᠤ ᠵᠠᠩ ᠦᠢᠯᠡ ᠶᠢ ᠲᠤᠭᠠᠴᠠᠪᠠᠯ᠄ | ᠲᠠᠯᠠᠯᠭ᠎ᠠ ᠶᠢ ᠪᠢᠯᠢᠭ ᠤᠨ ᠤᠯᠠᠷᠢᠯ ᠤᠨ ᠨᠠᠢᠮᠠᠨ ᠰᠠᠷ᠎ᠠ ᠶᠢᠨ ᠰᠢᠨᠡᠳ ᠠᠴᠠ ᠠᠷᠪᠠᠨ ᠰᠠᠷ᠎ᠠ ᠶᠢᠨ ᠬᠤᠷᠢᠨ | ᠲᠠᠪᠤᠨ ᠤ ᠬᠤᠭᠤᠷᠤᠨᠳᠤ ᠠᠪᠳᠠᠭ᠃ ᠲᠠᠯᠠᠯᠭ᠎ᠠ ᠶᠢᠨ ᠡᠳᠦᠷ ᠬᠦᠷᠴᠦ ᠢᠷᠡᠬᠦ ᠳᠤ᠂ ᠭᠡᠷ ᠤᠨ ᠡᠵᠡᠨ ᠴᠡᠪᠡᠷ | ᠴᠡᠮᠴᠡᠭᠡᠷ ᠬᠤᠪᠴᠠᠰᠤᠯᠠᠵᠤ᠂ ᠡᠵᠡᠭᠳᠡᠢ ᠴᠤ ᠵᠠᠰᠠᠯ ᠵᠢᠮᠰᠡᠭ ᠢᠶᠠᠨ ᠵᠡᠬᠦᠵᠦ ᠮᠠᠯᠠᠭᠠᠢ ᠪᠠᠨ ᠡᠮᠦᠰᠦᠭᠡᠳ᠂ ᠵᠠᠯᠠᠭᠰᠠᠨ | ᠯᠠᠮᠠ ᠠᠴᠠ ᠪᠤᠷᠬᠠᠨ ᠤ ᠡᠮᠦᠨ᠎ᠡ ᠬᠦᠵᠢ ᠠᠰᠠᠭᠠᠨ ᠵᠤᠯᠠ ᠪᠠᠷᠢᠵᠤ᠂ ᠭᠡᠷ ᠤᠨ ᠡᠵᠡᠨ ᠰᠢᠬᠦᠰᠦ ᠪᠠᠨ ᠲᠠᠪᠠᠭᠯᠠᠨ | ᠲᠠᠬᠢᠨ᠎ᠠ᠃ ᠪᠤᠷᠬᠠᠨ ᠰᠠᠬᠢᠭᠤᠰᠤ ᠳᠠᠭᠠᠨ ᠮᠠᠯ ᠰᠦᠷᠦᠭ ᠤᠨ ᠢᠶᠠᠨ ᠤᠬᠢ ᠰᠤᠳᠤ ᠶᠢ ᠡᠷᠬᠦᠨ ᠲᠡᠭᠡᠵᠢᠯᠡᠬᠦ ᠤᠴᠢᠷ | ᠠᠴᠠ ᠰᠢᠬᠦᠰᠦ ᠨᠢ ᠡᠷᠭᠡᠪᠰᠢ ᠲᠤᠰ ᠵᠢᠯ ᠤᠨ ᠠᠯᠢ ᠰᠠᠶᠢᠨ ᠲᠠᠷᠭᠤ ᠬᠦᠴᠦ ᠲᠠᠢ ᠡᠷ᠎ᠡ ᠬᠤᠷᠠᠭ᠎ᠠ ᠪᠠᠶᠢᠬᠤ | ᠶᠤᠰᠤᠳᠠᠢ᠃ ᠪᠦᠬᠦᠯᠢ ᠵᠠᠰᠠᠬᠤ ᠶᠤᠰᠤ ᠨᠢ ᠤᠳᠤ ᠶᠢᠨ ᠬᠤᠷᠢᠮ ᠨᠠᠶᠢᠷ ᠤᠨ ᠪᠦᠬᠦᠯᠢ ᠤᠷᠤᠭᠤᠯᠬᠤ ᠶᠤᠰᠤ ᠲᠠᠢ | ᠠᠳᠠᠯᠢᠬᠠᠨ᠃ | ᠰᠢᠬᠦᠰᠦᠨ ᠤ ᠡᠮᠦᠨ᠎ᠡ ᠭᠤᠷᠪᠠᠨ ᠪᠠᠯᠢᠩ ᠦᠷᠦᠵᠦ ᠲᠠᠯᠪᠢᠭᠠᠳ᠂ ᠰᠢᠬᠦᠰᠦᠨ ᠤ ᠵᠡᠬᠦᠨ ᠪᠠᠷᠠᠭᠤᠨ ᠬᠤᠶᠠᠷ | ᠲᠠᠯ᠎ᠠ ᠳᠤ ᠲᠤᠰᠪᠤᠷᠢ ᠲᠠᠪᠠᠭ ᠲᠠᠢ ᠪᠤᠤᠪᠤ ᠪᠤᠭᠤᠷᠰᠤᠭ᠂ ᠴᠠᠭᠠᠨ ᠢᠳᠡᠭᠡ ᠵᠢᠴᠢ ᠪᠠᠭᠪᠤᠷ ᠲᠠᠢ ᠰᠢᠷ᠎ᠠ ᠲᠤᠰᠤ | ᠲᠠᠯᠪᠢᠨ᠎ᠠ᠃ ᠪᠠᠰᠠ ᠰᠢᠬᠦᠰᠦᠨ ᠤ ᠭᠤᠷᠪᠠᠨ ᠲᠠᠯ᠎ᠠ ᠳᠤ ︵ᠪᠤᠷᠬᠠᠨ ᠤ ᠶᠠᠭ ᠡᠮᠦᠨ᠎ᠡ ᠲᠠᠯᠪᠢᠬᠤ ᠦᠬᠡᠢ︶ ᠲᠤᠰᠪᠤᠷᠢ | 3 —6 ᠲᠠᠬᠢᠯ ᠲᠠᠯᠪᠢᠨ᠎ᠠ᠃ ᠵᠢᠷᠭᠤᠭᠠᠨ ᠲᠠᠬᠢᠯ ᠢᠶᠠᠷ ᠶᠠᠷᠢᠪᠠᠯ᠂ ᠭᠤᠷᠪᠠ ᠳᠤᠨᠢ ᠷᠠᠰᠢᠶᠠᠨ ᠬᠢᠵᠦ᠂ ᠬᠤᠶᠠᠷ ᠢ | ᠡᠮᠦᠨ᠎ᠡ ᠨᠢ ᠲᠠᠯᠪᠢᠵᠤ᠂ ᠨᠢᠬᠡ ᠶᠢ ᠨᠢ ᠠᠷᠤ ᠳᠤᠨᠢ ᠲᠠᠯᠪᠢᠨ᠎ᠠ᠃ ᠨᠦᠬᠦᠬᠡ ᠭᠤᠷᠪᠠᠨ ᠲᠠᠬᠢᠯ ᠤᠨ ᠬᠤᠶᠠᠷ ᠲᠤᠨᠢ | ᠬᠤᠨᠤᠭ ᠪᠤᠳᠠᠭ᠎ᠠ ᠬᠢᠵᠦ᠂ ᠬᠦᠵᠢ ᠪᠠᠨ ᠠᠰᠠᠭᠠᠬᠤ ᠦᠬᠡᠢ ᠪᠠᠷ ᠬᠠᠳᠬᠤᠵᠤ ᠲᠠᠯᠪᠢᠭᠠᠳ᠂ ᠨᠦᠬᠦᠬᠡ ᠨᠢᠬᠡ | ᠲᠠᠬᠢᠯ ᠳᠤᠨᠢ ᠵᠠᠭᠤᠷᠠᠭᠰᠠᠨ ᠶᠢᠦᠮᠠᠢ ᠶᠢᠨ ᠭᠤᠯᠢᠷ ᠢᠶᠠᠷ ᠬᠤᠶᠠᠷ ᠴᠢᠬᠢ ᠲᠠᠢ ᠰᠤᠪᠤᠷᠭ᠎ᠠ ᠭᠡᠯᠪᠡᠷᠢᠳᠦ ᠪᠠᠯᠢᠩ ᠪᠠᠷᠢᠵᠤ | ᠲᠠᠯᠪᠢᠳᠠᠭ᠃ ᠲᠠᠬᠢᠯ ᠤᠨ ᠪᠠᠷᠠᠭᠤᠨ ᠲᠠᠯ᠎ᠠ ᠳᠤ ᠴᠢᠮᠠᠷ ᠤᠨ ᠭᠤᠯᠢᠷ ᠢ ᠲᠠᠯᠪᠢᠨ᠎ᠠ ᠃ ᠴᠢᠮᠠᠷ ᠤᠨ ᠭᠤᠯᠢᠷ ᠭᠡᠳᠡᠭ | ᠨᠢ ᠬᠠᠭᠤᠷᠠᠢ ᠶᠢᠤᠮᠠᠢ ᠶᠢᠨ ᠭᠤᠯᠢᠷ ᠲᠠᠭᠠᠨ ᠰᠢᠷ᠎ᠠ ᠲᠤᠰᠤ ᠪᠤᠷᠠᠮ ᠬᠤᠯᠢᠵᠤ᠂ ᠭᠡᠪ ᠢᠶᠠᠷ ᠲᠠᠷᠤᠵᠤ ᠭᠠᠷᠭᠠᠭᠳ᠂ | ᠲᠡᠭᠡᠷ᠎ᠡ ᠨᠢ ᠰᠢᠷ᠎ᠠ ᠲᠤᠰᠤ ᠴᠢᠳᠬᠤᠭᠰᠠᠨ ᠪᠦᠷᠢᠶ᠎ᠡ ᠬᠡᠯᠪᠡᠷᠢ ᠲᠠᠢ ᠭᠤᠯᠢᠷ ᠪᠤᠯᠤᠨ᠎ᠠ᠃ ᠲᠠᠬᠢᠯ ᠤᠨ ᠵᠡᠬᠦᠨ ᠲᠠᠯ᠎ᠠ | ᠳᠤ ᠲᠦᠮᠪᠦ ᠶᠢᠨ ᠤᠶᠢᠷᠤᠪ ᠪᠠᠷᠢᠵᠤ ᠲᠠᠯᠪᠢᠨ᠎ᠠ᠃ ᠲᠦᠮᠪᠦ ᠶᠢᠨ ᠤᠶᠢᠷᠤᠪ ᠢ ᠪᠠᠷᠢᠬᠤ ᠳᠤ ᠮᠦᠨ ᠬᠠᠭᠤᠷᠠᠢ ᠶᠢᠦᠮᠠᠢ | ᠶᠢᠨ ᠭᠤᠯᠢᠷ ᠢᠶᠠᠨ ᠪᠦᠮᠪᠦᠷᠭᠡᠨ ᠬᠡᠯᠪᠡᠷᠢ ᠲᠠᠢ ᠪᠤᠯᠭᠠᠵᠤ᠂ ᠪᠠᠭ᠎ᠠ ᠮᠤᠳᠤᠨ ᠫᠢᠯᠠ ᠳᠤ ᠲᠠᠪᠠᠭᠯᠠᠭᠠᠳ᠂ ᠲᠦᠷᠪᠡᠨ | ᠲᠠᠯ᠎ᠠ ᠳᠤᠨᠢ ᠬᠤᠷᠤᠭᠤ ᠵᠦᠰᠦᠮ ᠦᠷᠦᠮ᠎ᠡ ᠪᠤᠰᠬᠠᠨ ᠲᠠᠯᠪᠢᠵᠤ᠂ ᠲᠡᠭᠡᠷ᠎ᠡ ᠨᠢ ᠨᠢᠬᠡ ᠵᠦᠰᠦᠮ ᠦᠷᠦᠮ᠎ᠡ ᠶᠢ | ᠬᠦᠨᠳᠡᠯᠡᠨ ᠲᠠᠯᠪᠢᠳᠠᠭ᠃ | ᠴᠢᠨᠠᠵᠤ ᠪᠤᠯᠭᠤᠭᠰᠠᠨ ᠡᠪᠴᠢᠬᠦᠦ ᠬᠤᠰᠬᠢᠨᠠᠭ ᠢᠶᠠᠨ ᠲᠠᠯᠠᠯᠭᠠᠨ ᠰᠠᠭᠤᠯᠠᠭᠠᠨ ᠳᠤ ᠬᠢᠵᠦ᠂ ᠲᠦᠬᠦᠭᠡᠢ ᠬᠠ | ᠪᠠᠨ ᠨᠤᠭᠤᠯᠤᠨ ᠴᠠᠭᠠᠨ ᠪᠦᠰᠡ ᠪᠠᠷ ᠤᠶᠠᠵᠤ ᠫᠢᠯᠠ ᠳᠤ ᠲᠠᠪᠠᠭᠯᠠᠨᠠ᠃ ᠴᠠᠭᠠᠨ ᠪᠦᠰ ᠢᠶᠠᠷ ᠲᠠᠭᠠᠷᠴᠤᠭ ᠬᠦᠰᠢᠵᠦ | ᠂ ᠲᠤᠳᠤᠷ᠎ᠠ ᠨᠢ ᠲᠡᠮᠦᠷᠯᠢᠭ ᠵᠤᠭᠤᠰ᠂ ᠲᠠᠪᠤᠨ ᠲᠠᠷᠢᠶᠠᠨ ᠤ ᠦᠷ᠎ᠡ᠂ ᠬᠤᠨᠤᠭ ᠪᠤᠳᠠᠭ᠎ᠠ ᠵᠡᠷᠭᠡ ᠶᠢ ᠬᠢᠭᠰᠡᠨ ᠤ | ᠲᠠᠷᠠᠭ᠎ᠠ᠂ ᠭᠡ ᠤᠭᠠᠯᠵᠠ ᠪᠤᠶᠤ ᠲᠤᠯᠤᠭᠠᠨ ᠡᠷᠳᠡᠨᠢ ᠨᠠᠢᠮᠠᠨ ᠲᠠᠬᠢᠯ ᠵᠢᠷᠤᠵᠤ ᠰᠢᠷ᠎ᠠ ᠪᠠᠷ ᠪᠤᠳᠤᠭᠰᠠᠨ ᠲᠠᠯᠠᠯᠭᠠᠨ | ᠳ᠋ᠸᠦ ᠳᠡᠭᠡᠨ ᠬᠢᠵᠦ᠂ ᠲᠡᠭᠡᠷ᠎ᠡ ᠨᠢ ᠲᠠᠯᠠᠯᠭᠠᠨ ᠰᠤᠮᠤ ᠪᠠᠨ ᠬᠠᠳᠬᠤᠨ᠎ᠠ᠃ ᠲᠠᠯᠠᠯᠭᠠᠨ ᠰᠤᠮᠤᠨ ᠳᠠᠭᠠᠨ ᠡᠮᠡᠬᠡᠯ | ᠤᠨ ᠲᠠᠷᠤᠭᠤᠯᠭ᠎ᠠ ᠠᠴᠠ ᠲᠤᠮᠤ ᠰᠢᠭ᠋ ᠲᠤᠯᠢ ᠪᠡᠯᠡᠳᠭᠡᠵᠦ ᠤᠷᠤᠭᠰᠢ ᠬᠠᠨᠳᠤᠭᠤᠯᠤᠨ ᠤᠶᠠᠭᠠᠳ᠂ ᠬᠠᠵᠠᠭᠤ ᠪᠠᠷ | ᠨᠢ ᠬᠠᠳᠠᠭ᠂ ᠲᠠᠪᠤᠨ ᠦᠩᠬᠡ ᠶᠢᠨ ᠪᠦᠰ ᠢ ᠲᠤᠯᠢ ᠪᠠᠨ ᠪᠦᠳᠡᠭᠡᠯ ᠦᠬᠡᠢ ᠤᠨᠵᠢᠭᠤᠯᠵᠤ ᠤᠶᠠᠨ᠎ᠠ᠃ ᠲᠠᠯᠠᠯᠭᠠᠨ | ᠰᠤᠮᠤ ᠪᠠᠨ ᠪᠦᠬᠦᠳᠡ ᠶᠢ ᠨᠢᠬᠡ ᠬᠠᠳᠠᠭ ᠢᠶᠠᠷ ᠤᠷᠢᠶᠠᠵᠤ᠂ ᠬᠠᠳᠠᠭ ᠤᠨ ᠬᠤᠶᠠᠷ ᠦᠵᠦᠬᠦᠷ ᠢ ᠵᠠᠩᠬᠢᠳᠴᠤ ᠤᠶᠠᠬᠤ | ᠦᠬᠡᠢ᠃ ᠲᠠᠯᠠᠯᠭ᠎ᠠ ᠠᠪᠤᠭᠰᠠᠨ ᠤ ᠲᠠᠷᠠᠭ᠎ᠠ ᠲᠠᠯᠠᠯᠭᠠᠨ ᠰᠤᠮᠤ ᠪᠠᠨ ᠬᠠᠳᠠᠭ᠂ ᠲᠠᠪᠤᠨ ᠦᠩᠬᠡ ᠶᠢᠨ ᠪᠦᠰ ᠢᠶᠠᠷ | ᠪᠤᠭᠤᠵᠤ᠂ ᠱᠤᠤᠬᠢᠯ ︵ᠲᠠᠯᠠᠯᠭᠠᠨ ᠰᠤᠮᠤ ᠬᠢᠳᠡᠭ ᠤᠷᠳᠤ ᠲᠦᠷᠪᠡᠯᠵᠢᠨ ᠮᠤᠳᠤᠨ ᠬᠠᠶᠢᠷᠴᠠᠭ︶ ᠳᠠᠭᠠᠨ ᠬᠢᠵᠦ᠂ | ᠪᠤᠷᠬᠠᠨ ᠤ ᠠᠪᠳᠠᠷ᠎ᠠ ᠳᠠᠭᠠᠨ ᠬᠠᠳᠠᠭᠠᠯᠠᠨ᠎ᠠ᠃ | ᠲᠠᠯᠠᠯᠭ᠎ᠠ ᠶᠢ ᠠᠯᠳᠠᠨ ᠲᠠᠯᠠᠯᠭ᠎ᠠ ︵ᠶᠢᠰᠦᠨ ᠰᠤᠮᠤ ᠲᠠᠢ︶᠂ ᠰᠡᠩᠴᠢᠭ ᠲᠠᠯᠠᠯᠭ᠎ᠠ ︵ᠨᠢᠬᠡ ᠰᠤᠮᠤ ᠲᠠᠢ︶ | ᠬᠡᠵᠦ ᠬᠤᠪᠢᠶᠠᠳᠠᠭ᠃ ᠰᠡᠩᠴᠢᠭ ᠭᠡᠳᠡᠭ ᠨᠢ ᠲᠦᠪᠡᠳ ᠭᠠᠷᠤᠯ ᠲᠠᠢ ᠦᠬᠡ᠃ ᠠᠯᠳᠠᠨ ᠲᠠᠯᠠᠯᠭ᠎ᠠ ᠪᠠ ᠰᠡᠩᠴᠢᠭ | ᠲᠠᠯᠠᠯᠭ᠎ᠠ ᠶᠢᠨ ᠤᠩᠰᠢᠬᠤ ᠨᠤᠮ ᠨᠢ ᠠᠳᠠᠯᠢ ᠦᠬᠡᠢ ᠪᠠᠶᠢᠳᠠᠭ᠃ ᠦᠩᠭᠡᠷᠡᠭᠰᠡᠨ ᠳᠤ᠂ ᠠᠮᠪᠠᠨ ᠬᠤᠰᠠᠢ᠂ ᠪᠠᠶᠠᠳ | ᠨᠤᠶᠠᠳ ᠤᠨ ᠬᠢᠨ ᠠᠯᠳᠠᠨ ᠲᠠᠯᠠᠯᠭ᠎ᠠ ᠠᠪᠴᠤ᠂ ᠡᠩ ᠤᠨ ᠠᠷᠠᠳ ᠰᠡᠩᠴᠢᠭ ᠲᠠᠯᠠᠯᠭ᠎ᠠ ᠠᠪᠬᠤ ᠨᠢ ᠤᠯᠠᠨ ᠪᠠᠶᠢᠵᠠᠢ | ᠃ | ᠲᠠᠯᠠᠯᠭ᠎ᠠ ᠶᠢ ᠮᠠᠯ ᠤᠨ ᠲᠤᠯᠤᠭᠠᠢ ᠭᠡᠷ ᠵᠦᠭ ᠢᠶᠠᠨ ᠡᠷᠬᠢᠬᠦ ᠴᠠᠭ ᠲᠤ ᠠᠪᠤᠨ᠎ᠠ᠃ ᠲᠠᠯᠠᠯᠭ᠎ᠠ ᠠᠪᠬᠤ ᠳᠤ | ᠤᠯᠠᠩᠬᠢ ᠳᠠᠭᠠᠨ ᠲᠠᠪᠤᠨ ᠭᠠᠩᠰᠤ ︵ᠲᠤᠭᠰᠢ︶᠂ ᠶᠠᠮᠠᠨᠳᠠᠭ ᠢ ᠤᠩᠰᠢᠵᠤ᠂ ᠰᠠᠶᠢᠨ ᠰᠠᠶᠢᠬᠠᠨ ᠢ ᠲᠠᠯᠠᠯᠤᠨ᠂ | ᠪᠤᠵᠠᠷ ᠪᠤᠷᠳᠠᠭ ᠢ ᠦᠯᠳᠡᠬᠦ ᠶᠢ ᠪᠤᠳᠤᠵᠤ᠂ ᠵᠢᠰᠢᠶᠡᠨ ᠤ ᠯᠠᠮᠠ ᠠᠴᠠ ᠨᠤᠮ ᠢᠶᠠᠨ ᠤᠩᠰᠢᠬᠤ ᠶᠢᠨ ᠲᠠᠭᠠᠤ ᠪᠤᠮᠪᠠ | ᠲᠠᠢ ᠷᠠᠰᠢᠶᠠᠨ ᠢᠶᠠᠷ ᠷᠠᠰᠢᠶᠠᠯᠠᠳᠠᠭ᠃ ᠨᠤᠮ ᠤᠩᠰᠢᠵᠤ ᠪᠠᠷᠠᠭᠰᠠᠨ ᠤ ᠲᠠᠷᠠᠭ᠎ᠠ᠂ ᠵᠢᠰᠢᠶᠡᠨ ᠤ ᠯᠠᠮᠠ ᠲᠠᠯᠠᠯᠭᠠᠨ | ᠰᠤᠮᠤ ᠪᠠᠨ ᠪᠠᠷᠢᠵᠤ᠂ ᠬᠤᠩᠬᠤ ᠲᠠᠮᠠᠷᠤ ᠪᠠᠨ ᠲᠤᠤᠭᠠᠷᠭᠠᠨ᠂ ᠱᠠᠪᠢᠨᠠᠷ ᠨᠢ ᠭᠡᠩᠬᠡᠷᠭᠡ ᠴᠠᠩ ᠢᠶᠠᠨ ᠴᠤᠬᠢᠨ᠎ᠠ᠃ ᠡᠨᠡ | ᠦᠶ᠎ᠡ ᠪᠠᠷ᠂ ᠭᠡᠷ ᠤᠨ ᠡᠵᠡᠨ ᠲᠠᠯᠠᠯᠭᠠᠨ ᠰᠤᠮᠤ ᠪᠠ ᠫᠢᠯᠠ ᠲᠠᠢ ᠬᠠ ᠪᠠᠨ ᠠᠪᠴᠤ᠂ ᠡᠵᠡᠭᠳᠡᠢ ᠨᠢ ᠲᠠᠯᠠᠯᠭᠠᠨ | ᠰᠠᠭᠤᠯᠠᠭ᠎ᠠ ᠪᠠᠨ ᠠᠪᠴᠤ ᠬᠤᠷᠤᠶᠢᠯᠠᠨ᠂ ᠢᠷᠦᠬᠡᠯ ᠤᠩᠰᠢᠵᠤ ᠲᠠᠯᠠᠯᠭ᠎ᠠ ᠠᠪᠤᠨ᠎ᠠ᠃ ᠬᠤᠷᠠᠵᠤ ᠴᠤᠭᠯᠠᠷᠠᠭᠰᠠᠳ | ᠠᠴᠠ ᠠᠬᠠᠮᠠᠳ ᠲᠤᠮᠤᠭᠠᠳᠠᠨ ᠪᠠ ᠲᠤᠰ ᠠᠶᠢᠯ ᠤᠨ ᠬᠡᠦᠭᠡᠳ ᠨᠢ ᠬᠠᠳᠠᠭ ᠡᠷᠬᠦᠵᠦ᠂ ᠪᠤᠰᠤᠳ ᠬᠦᠮᠦᠰ ᠴᠠᠭᠠᠨ | ᠢᠳᠡᠭᠡ᠂ ᠪᠤᠤᠪᠤ ᠪᠤᠭᠤᠷᠰᠤᠭ ᠢᠶᠠᠷ ᠲᠠᠯᠠᠯᠭ᠎ᠠ ᠠᠪᠴᠤ ᠬᠤᠷᠤᠶᠢᠯᠠᠨ᠎ᠠ᠃ | ᠲᠠᠯᠠᠯᠭ᠎ᠠ ᠠᠪᠬᠤ ᠢᠷᠦᠭᠡᠯ | ᠰᠢᠷ᠎ᠠ ᠲᠦᠷᠦᠬᠦᠦ ᠲᠠᠢ ᠬᠤᠨᠢ ᠪᠠᠨ ᠪᠠᠵᠠᠭᠠᠵᠤ | ᠰᠢᠳᠦᠬᠡᠨ ᠪᠤᠷᠬᠠᠨ ᠳᠠᠭᠠᠨ ᠲᠡᠭᠡᠵᠢ ᠪᠠᠨ ᠡᠷᠬᠦᠭᠡᠳ | ᠰᠠᠴᠤᠷᠠᠵᠤ ᠢᠷᠡᠬᠦ ᠪᠤᠶᠠᠨ ᠭᠡᠰᠢᠭ | ᠮᠠᠨ ᠤ ᠨᠤᠳᠤᠭ ᠲᠤ ᠬᠤᠷᠤᠢ ᠬᠤᠷᠤᠢ︕ | ᠲᠠᠪᠤᠨ ᠲᠠᠷᠢᠶ᠎ᠠ ᠪᠠᠨ ᠳ᠋ᠸᠦ ᠲᠦᠬᠦᠷᠭᠡᠭᠡᠳ | ᠲᠡᠭᠷᠢ ᠭᠠᠵᠠᠷ ᠲᠠᠭᠠᠨ ᠲᠡᠭᠡᠵᠢ ᠡᠷᠬᠦᠭᠡᠳ | ᠲᠡᠳᠬᠦᠵᠦ ᠢᠷᠡᠬᠦ ᠪᠤᠶᠠᠨ ᠬᠡᠰᠢᠭ | ᠲᠦᠷᠦᠭᠰᠡᠨ ᠨᠤᠳᠤᠭ ᠲᠤ ᠮᠢᠨᠢ ᠬᠤᠷᠤᠢ ᠬᠤᠷᠤᠢ︕ | ᠰᠦ ᠰᠠᠶᠢᠳᠠᠢ ᠦᠬᠡᠷ ᠤᠨ ᠭᠡᠰᠢᠭ | ᠰᠦᠷᠦᠭᠯᠡᠭᠡᠳ ᠨᠠᠰᠢ ᠪᠠᠨ ᠬᠤᠷᠤᠢ ᠬᠤᠷᠤᠢ︕ | ᠰᠦᠮᠪᠦᠷ ᠶᠡᠭᠡ ᠪᠤᠶᠠᠨ ᠬᠡᠰᠢᠭ | ᠭᠡᠷ ᠤᠨ ᠡᠵᠡᠨ ᠳᠡᠭᠡᠨ ᠬᠤᠷᠤᠢ ᠬᠤᠷᠤᠢ︕ | ᠲᠡᠯ ᠰᠠᠶᠢᠳᠠᠢ ᠠᠳᠤᠭᠤᠨ ᠤ ᠭᠡᠰᠢᠭ | ᠲᠡᠯᠬᠡᠵᠦ ᠨᠠᠰᠢ ᠪᠠᠨ ᠬᠤᠷᠤᠢ ᠬᠤᠷᠤᠢ︕ | ᠲᠦᠷᠪᠡᠨ ᠵᠦᠭ ᠤᠨ ᠪᠤᠶᠠᠨ ᠭᠡᠰᠢᠭ | ᠭᠡᠷ ᠤᠨ ᠡᠵᠡᠨ ᠳᠡᠭᠡᠨ ᠬᠤᠷᠤᠢ ᠬᠤᠷᠤᠢ︕ | ᠲᠠᠷᠭᠤ ᠰᠠᠶᠢᠳᠠᠢ ᠬᠤᠨᠢᠨ ᠤ ᠭᠡᠰᠢᠭ | ᠲᠠᠷᠬᠠᠵᠤ ᠨᠠᠰᠢ ᠪᠠᠨ ᠬᠤᠷᠤᠢ ᠬᠤᠷᠤᠢ︕ | ᠲᠠᠩᠰᠤᠭ ᠶᠡᠭᠡ ᠪᠤᠶᠠᠨ ᠬᠡᠰᠢᠭ | ᠭᠡᠷ ᠤᠨ ᠡᠵᠡᠨ ᠳᠡᠭᠡᠨ ᠬᠤᠷᠤᠢ ᠬᠤᠷᠤᠢ︕ | ᠬᠦᠴᠦ ᠲᠠᠷ ᠲᠠᠢ ᠮᠠᠯ ᠰᠦᠷᠦᠭ ᠮᠢᠨᠢ | ᠬᠦᠳᠡᠭᠡ ᠲᠦᠬᠦᠷᠡᠩ ᠬᠤᠷᠤᠢ ᠬᠤᠷᠤᠢ︕ | ᠬᠦᠭᠵᠢᠯ ᠵᠢᠷᠭᠠᠯ ᠲᠠᠢ ᠰᠠᠶᠢᠬᠠᠨ ᠠᠮᠢᠳᠤᠷᠠᠯ | ᠮᠠᠨ ᠤ ᠵᠦᠭ ᠬᠤᠷᠤᠢ ᠬᠤᠷᠤᠢ︕ | ᠲᠠᠯᠠᠯᠭ᠎ᠠ ᠠᠪᠤᠭᠰᠠᠨ ᠤ ᠲᠠᠷᠠᠭ᠎ᠠ ᠪᠤᠷᠬᠠᠨ ᠤ ᠡᠮᠦᠨᠡᠬᠢ ᠰᠢᠬᠦᠰᠦ ᠪᠠᠨ ᠬᠦᠨᠳᠡᠵᠦ ᠪᠠᠭᠤᠯᠭᠠᠨ᠎ᠠ᠃ ᠮᠤᠳᠤᠨ | ᠲᠠᠪᠠᠭ ᠲᠤ ᠱᠠᠭᠠᠨᠳᠤ᠂ ᠤᠭᠤᠷᠠᠭ ᠰᠡᠬᠦᠯ ᠢ ᠤᠭᠳᠤᠯᠤᠨ ᠲᠠᠯᠪᠢᠵᠤ᠂ ᠪᠤᠷᠬᠠᠨ ᠳᠠᠭᠠᠨ ᠲᠠᠬᠢᠨ᠎ᠠ᠃ ᠤᠭᠤᠴᠠ | ᠪᠠᠭᠤᠯᠭᠠᠬᠤ ᠳᠠᠭᠠᠨ ᠤᠷᠢᠳᠠᠪᠠᠷ ᠵᠦᠪ ᠲᠠᠯ᠎ᠠ ︵ᠪᠠᠷᠠᠭᠤᠨ ᠲᠠᠯ᠎ᠠ︶ ᠠᠴᠠ ᠲᠦᠷᠪᠡᠨ ᠬᠤᠷᠤᠭᠤ ᠵᠤᠵᠠᠭᠠᠨ | ᠵᠦᠰᠦᠵᠦ᠂ ᠲᠠᠷᠠᠭ᠎ᠠ ᠨᠢ ᠪᠤᠷᠤᠭᠤ ᠲᠠᠯ᠎ᠠ ᠠᠴᠠ ᠠᠳᠠᠯᠢᠬᠠᠨ ᠬᠡᠮᠵᠢᠶ᠎ᠡ ᠲᠠᠢ ᠵᠦᠰᠦᠵᠦ᠂ ᠲᠠᠷᠠᠮ ᠢ ᠰᠠᠯᠭᠠᠨ | ᠤᠭᠤᠴᠠ ᠪᠠᠨ ᠲᠡᠷᠡᠯᠡᠬᠦᠯᠵᠦ ᠲᠠᠯᠪᠢᠨ᠎ᠠ᠃ ᠲᠠᠷᠠᠭ᠎ᠠ ᠨᠢ ᠬᠤᠨᠢᠨ ᠤ ᠲᠤᠯᠤᠭᠠᠢ ᠶᠢ ᠬᠦᠨᠳᠡᠵᠦ᠂ ᠴᠤᠭᠯᠠᠷᠠᠭᠰᠠᠨ | ᠤᠯᠠᠨ ᠳᠤ ᠲᠦᠬᠡᠨᠡ ᠠᠮᠰᠠᠭᠤᠯᠤᠨ᠎ᠠ᠃ ᠲᠡᠬᠡᠬᠦ ᠳᠤ ᠯᠠᠮᠠ ᠪᠤᠯᠤᠨ ᠡᠮᠡᠭᠳᠡᠶᠢᠴᠤᠳ ᠠᠮᠰᠠᠳᠠᠭ ᠦᠬᠡᠢ᠃ | ᠲᠦᠭᠡᠨ᠎ᠡ ᠶᠢ ᠠᠮᠰᠠᠭᠰᠠᠨ ᠤ ᠲᠠᠷᠠᠭ᠎ᠠ᠂ ᠪᠤᠷᠬᠠᠨ ᠤ ᠡᠮᠦᠨ᠎ᠡ ᠲᠠᠬᠢᠭᠰᠠᠨ ᠱᠠᠭᠠᠨᠳᠤ ᠪᠠ ᠤᠭᠤᠷᠠᠭ ᠰᠡᠬᠦᠯ ᠤᠨ | ᠲᠡᠭᠡᠷ᠎ᠡ ᠲᠠᠯᠪᠢᠭᠠᠳ᠂ ᠲᠠᠷᠠᠭ᠎ᠠ ᠡᠳᠦᠷ ᠨᠢ ᠬᠦᠳᠡᠯᠭᠡᠳᠡᠭ ᠶᠤᠰᠤ ᠲᠠᠢ᠃ ᠵᠢᠰᠢᠶᠡᠨ ᠤ ᠯᠠᠮᠠ ᠲᠦᠷᠦᠬᠦᠯᠡᠨ᠂ | ᠠᠬᠠᠮᠠᠳ ᠲᠤᠮᠤᠭᠠᠳᠠᠨ᠂ ᠭᠡᠷ ᠤᠨ ᠡᠵᠡᠨ ᠡᠷᠡᠮᠪᠠ ᠲᠠᠷᠠᠭ᠎ᠠ ᠲᠠᠢ ᠤᠭᠤᠴᠠᠨ ᠠᠴᠠ ᠠᠮᠰᠠᠨ᠎ᠠ᠃ ᠡᠨᠡ ᠦᠶ᠎ᠡ ᠳᠤ | ᠱᠠᠪᠢ ᠯᠠᠮᠠ ᠲᠦᠮᠪᠦ ᠶᠢᠨ ᠤᠶᠢᠷᠤᠪ ᠢ ᠲᠦᠰᠢᠵᠦ ᠲᠠᠯᠪᠢᠭᠰᠠᠨ ᠲᠦᠷᠪᠡᠨ ᠲᠠᠯ᠎ᠠ ᠶᠢᠨ ᠦᠷᠦᠮ᠎ᠡ ᠠᠴᠠ ᠠᠪᠴᠤ᠂ | ᠵᠢᠬᠡ ᠬᠡᠦᠭᠡᠳ ᠪᠤᠶᠤ ᠴᠤᠭᠯᠠᠷᠠᠭᠰᠠᠨ ᠬᠡᠦᠭᠡᠳ ᠤᠨ ᠠᠮᠠᠨ ᠳᠤ ᠡᠮᠬᠦᠬᠦᠯᠵᠦ᠂ ᠲᠠᠷᠠᠭ᠎ᠠ ᠨᠢ ᠲᠦᠮᠪᠦ ᠶᠢᠨ | ᠤᠶᠢᠷᠤᠪ ᠤᠨ ᠭᠤᠯᠢᠷ ᠢ ᠮᠦᠨ ᠠᠮᠠᠨ ᠳᠤᠨᠢ ᠡᠮᠬᠦᠬᠦᠯᠦᠨᠡ᠃ ᠰᠦᠬᠦᠳᠦᠭᠰᠡᠨ ᠬᠡᠦᠭᠡᠳ ᠪᠤᠰᠬᠤ ᠦᠶᠡᠰ᠂ | ᠲᠦᠮᠪᠦ ᠶᠢᠨ ᠤᠶᠢᠷᠤᠪ ᠤᠨ ᠭᠤᠯᠢᠷ ᠢᠶᠠᠷ ᠮᠠᠩᠨᠠᠢ ᠲᠡᠭᠡᠷ᠎ᠡ ᠨᠢ ᠲᠤᠮᠨᠤᠨ ᠮᠢᠯᠢᠶᠠᠵᠤ᠂ ᠵᠢᠰᠢᠶᠡᠨ ᠤ ᠯᠠᠮᠠ ᠨᠢ ︽ | ᠪᠤᠶᠠᠨ ᠬᠡᠰᠢᠭ ᠢᠷᠡᠪᠡᠦ︾ ᠬᠡᠵᠦ ᠠᠰᠠᠭᠤᠳᠠᠭ᠃ ᠬᠡᠦᠭᠡᠳ ︽ᠢᠷᠡᠭᠰᠡᠨ︾ ᠬᠡᠵᠦ ᠬᠠᠰᠬᠢᠷᠬᠤ ᠲᠠᠢ ᠵᠡᠷᠭᠡ ᠠᠮᠠᠨ | ᠳᠠᠭᠠᠨ ᠴᠢᠬᠢᠭᠰᠡᠨ ᠬᠠᠭᠤᠷᠠᠢ ᠭᠤᠯᠢᠷ ᠢᠶᠠᠨ ᠦᠯᠢᠶᠡᠨ ᠪᠤᠳᠠᠷᠠᠭᠠᠵᠤ᠂ ᠬᠤᠷᠠᠭᠰᠠᠨ ᠤᠯᠠᠨ ᠢᠶᠠᠷ ᠢᠶᠠᠨ ᠢᠨᠢᠶᠡᠯᠴᠡᠨ | ᠪᠠᠶᠠᠰᠳᠠᠭ᠃ | ᠤᠯᠠᠮᠵᠢᠯᠠᠯ ᠶᠠᠷᠢᠶᠠᠨ ᠳᠤ ᠨᠠᠮᠰᠠᠷᠠᠢ ᠪᠤᠷᠬᠠᠨ ᠤ ᠵᠢᠬᠡ ᠨᠢ ᠰᠦᠯᠳᠡ ᠪᠤᠷᠬᠠᠨ ᠶᠤᠮ ᠬᠡᠨ᠎ᠡ᠃ ᠨᠢᠬᠡ ᠵᠢᠯ | ᠨᠠᠮᠰᠠᠷᠠᠢ ᠪᠤᠷᠬᠠᠨ ᠲᠠᠯᠠᠯᠭ᠎ᠠ ᠠᠪᠬᠤ ᠳᠠᠭᠠᠨ ᠰᠦᠯᠳᠡ ᠪᠤᠷᠬᠠᠨ ᠢ ᠲᠠᠭᠤᠳᠠᠭᠰᠠᠨ ᠦᠬᠡᠢ ᠪᠠᠶᠢᠵᠠᠢ᠃ ᠲᠠᠯᠠᠯᠭ᠎ᠠ | ᠠᠪᠬᠤ ᠡᠳᠦᠷ ᠨᠢ ᠰᠦᠯᠳᠡ ᠪᠤᠷᠬᠠᠨ ᠨᠠᠭᠠᠴᠤ ᠶᠢᠨ ᠳᠠᠭᠠᠨ ᠢᠷᠡᠬᠦ ᠲᠠᠭᠠᠷᠠᠭᠠᠳ᠂ ᠤᠷᠢᠯᠭ᠎ᠠ ᠲᠠᠭᠤᠳᠠᠯᠭ᠎ᠠ ᠦᠬᠡᠢ | ᠳᠤᠨᠢ ᠤᠴᠠᠭᠠᠷᠳᠠᠨ ᠠᠭᠤᠷᠯᠠᠬᠤ ᠳᠠᠭᠠᠨ᠂ ᠪᠦᠬᠦᠯᠢ ᠭᠠᠷᠭᠠᠬᠤ ᠪᠠᠷ ᠭᠠᠳᠠᠨ᠎ᠠ ᠪᠠᠨ ᠠᠪᠴᠢᠷᠠᠭᠠᠳ ᠨᠢᠳᠤᠯᠵᠤ | ᠵᠠᠪᠳᠤᠭᠠᠳᠤᠢ ᠪᠠᠶᠢᠭᠰᠠᠨ ᠬᠤᠨᠢᠨ ᠤ ᠬᠠ ᠶᠢ ᠬᠡᠦ ᠲᠠᠳᠠᠨ ᠰᠠᠯᠭᠠᠵᠤ᠂ ᠲᠠᠯᠠᠯᠭᠠᠨ ᠰᠤᠮᠤ ᠶᠢ ᠡᠮᠦᠨᠡᠰᠢ ᠪᠠᠨ | ᠮᠤᠷᠤᠶᠢᠳᠠᠯᠠ ᠲᠠᠯᠠᠯᠭ᠎ᠠ ᠠᠪᠴᠠᠢ᠃ ᠡᠬᠦᠨ ᠠᠴᠠ ᠬᠤᠶᠢᠰᠢ᠂ ᠲᠠᠯᠠᠯᠭᠠᠨ ᠫᠢᠯᠠᠨ ᠳᠤ ᠰᠢᠬᠦᠰᠦᠨ ᠤ ᠨᠢᠬᠡ ᠬᠠ ᠶᠢ | ᠲᠦᠬᠦᠭᠡᠢ ᠪᠠᠷ ᠲᠠᠪᠠᠭᠯᠠᠵᠤ᠂ ᠰᠦᠯᠳᠡ ᠪᠤᠷᠬᠠᠨ ᠳᠤ ᠡᠷᠬᠦᠳᠡᠭ ᠪᠦᠬᠡᠳ ᠲᠠᠯᠠᠯᠭᠠᠨ ᠰᠤᠮᠤ ᠪᠠᠨ ᠡᠮᠦᠨᠡᠰᠢ | ᠬᠠᠵᠠᠶᠢᠯᠭᠠᠨ ᠲᠠᠯᠪᠢᠳᠠᠭ ᠪᠤᠯᠵᠠᠢ ᠬᠡᠨ᠎ᠡ᠃ ᠲᠦᠮᠪᠦ ᠶᠢᠨ ᠤᠶᠢᠷᠤᠪ ᠢᠶᠠᠷ ᠵᠢᠬᠡ ᠬᠡᠦᠭᠡᠳ ᠢ ᠠᠮᠠᠳᠠᠳᠠᠭ ᠨᠢ ᠴᠤ | ᠡᠬᠦᠨ ᠠᠴᠠ ᠢᠷᠡᠯ ᠲᠠᠢ ᠭᠡᠳᠡᠭ᠃ | ᠲᠠᠷᠠᠭ᠎ᠠ ᠨᠢ ᠰᠢᠬᠦᠰᠦ ᠪᠠᠨ ᠲᠤᠶᠠᠴᠢᠨ ᠤᠷᠤᠭᠤᠯᠵᠤ᠂ ᠤᠯᠠᠨ ᠢᠶᠠᠷ ᠢᠶᠠᠨ ᠵᠤᠭᠤᠭ ᠪᠠᠷᠢᠵᠤ ᠲᠠᠯᠠᠯᠭᠠᠨ ᠨᠠᠶᠢᠷ | ᠡᠬᠢᠯᠡᠨ᠎ᠡ᠃ ᠬᠡᠦᠬᠡᠳ ᠤᠳ ᠪᠤᠤᠪᠤ ᠪᠤᠭᠤᠷᠰᠤᠭ ᠢᠳᠡᠵᠦ ᠪᠠᠶᠠᠰᠤᠨ ᠨᠠᠭᠠᠳᠤᠭᠠᠳ᠂ ᠤᠷᠤᠢ ᠪᠤᠯᠬᠤ ᠪᠠᠷ | ᠤᠭᠤᠴᠠᠨ ᠬᠠᠵᠠᠭᠤ ᠪᠠ ᠭᠡᠳᠡᠰᠦ ᠲᠤᠳᠤᠷ ᠤᠯᠵᠤ ᠢᠳᠡᠭᠡᠳ ᠰᠠᠶ᠋ᠢ ᠭᠡᠷ ᠲᠡᠭᠡᠨ ᠬᠠᠷᠢᠵᠠᠭᠠᠳᠠᠭ ᠪᠠᠶᠢᠪᠠ᠃ | ᠲᠠᠯᠠᠯᠭ᠎ᠠ ᠠᠪᠤᠭᠰᠠᠨ ᠠᠶᠢᠯ ᠨᠢ ᠪᠤᠷᠬᠠᠨ ᠳᠤ ᠲᠠᠬᠢᠭᠰᠠᠨ ᠰᠢᠬᠦᠰᠦ ᠪᠠᠨ ᠦᠶᠡᠯᠡᠨ ᠰᠠᠯᠭᠠᠵᠤ᠂ ᠲᠠᠯᠠᠯᠭᠠᠨ ᠬᠡᠰᠢᠭ | ᠬᠡᠮᠡᠨ ᠠᠶᠢᠯ ᠰᠠᠭᠠᠬᠠᠯᠳᠠ ᠶᠢᠨ ᠬᠢᠨ ᠪᠠ ᠠᠬ᠎ᠠ ᠲᠡᠬᠦᠦ ᠰᠠᠳᠤᠨ ᠳᠠᠭᠠᠨ ᠬᠦᠷᠭᠡᠨ᠎ᠡ᠃ ᠬᠠᠷᠢᠨ ᠰᠡᠬᠦᠵᠢ ᠶᠢ ᠪᠤᠯ | ᠪᠡᠯᠪᠡᠰᠦᠨ ᠠᠶᠢᠯ ᠳᠤ ᠦᠭᠳᠡᠭ ᠭᠡᠨ᠎ᠡ᠃ ᠲᠠᠯᠠᠯᠭᠠᠨ ᠰᠠᠭᠤᠯᠠᠭ᠎ᠠ ᠲᠠᠢ ᠢᠳᠡᠭᠡᠨ ᠢ ᠪᠤᠷᠬᠠᠨ ᠤ ᠰᠢᠷᠡᠭᠡᠨ ᠤ ᠬᠠᠵᠠᠭᠤ | ᠳᠤ ᠲᠠᠯᠪᠢᠵᠤ᠂ ᠭᠤᠷᠪᠠᠨ ᠡᠳᠦᠷ ᠤᠨ ᠲᠠᠷᠠᠭ᠎ᠠ ᠬᠦᠨᠳᠡᠨ᠎ᠡ᠃ ᠲᠠᠯᠠᠯᠭᠠᠨ ᠳ᠋ᠸᠦ ᠪᠠᠨ ᠪᠦᠳᠡᠭᠡᠵᠦ᠂ ᠬᠦᠩᠭᠠᠷᠸ᠎ᠠ | ᠳᠠᠭᠠᠨ ᠬᠤᠷᠢᠶᠠᠵᠤ ᠬᠠᠳᠠᠭᠠᠯᠠᠨ᠎ᠠ᠃ ᠡᠳᠡᠭᠡᠷ ᠵᠦᠢᠯ ᠢ ᠡᠩ ᠤᠨ ᠴᠠᠭ ᠲᠤ ᠭᠡᠷᠡᠭᠯᠡᠬᠦ ᠦᠬᠡᠢ᠃ | ᠡᠶᠢᠨ ᠬᠦ᠋᠂ ᠬᠤᠷᠠᠭᠰᠠᠨ ᠤᠯᠠᠨ ᠢᠶᠠᠷ ᠢᠶᠠᠨ ᠬᠡᠰᠢᠭ ᠬᠦᠷᠳᠡᠨ ᠬᠠᠮᠳᠤᠪᠠᠷ ᠪᠠᠶᠠᠰᠴᠤ᠂ ᠬᠠᠮᠤᠭ ᠰᠠᠶᠢᠬᠠᠨ | ᠢᠶᠠᠨ ᠬᠦᠰᠡᠨ ᠲᠠᠭᠠᠳᠬᠠᠭᠠᠳ᠂ ᠲᠠᠯᠠᠯᠭ᠎ᠠ ᠶᠢᠨ ᠨᠠᠶᠢᠷ ᠨᠢ ᠲᠠᠭᠤᠤ ᠬᠦᠭᠵᠢᠮ ᠤᠨ ᠲᠤᠮᠳᠠ ᠦᠨᠳᠦᠷᠯᠡᠳᠡᠭ᠃ | ᠲᠠᠶᠢᠹᠤᠰᠧ ᠨᠤᠳᠤᠭ ᠲᠤ ᠲᠠᠯᠠᠯᠭ᠎ᠠ ᠠᠪᠬᠤ ᠠᠴᠠ ᠭᠠᠳᠠᠨ᠎ᠠ ᠪᠠᠰᠠ ᠳ᠋ᠤᠶᠢᠪᠽᠤᠨ ᠬᠤᠷᠠᠵᠤ ᠰᠤᠭᠴᠢᠳ | ᠡᠷᠬᠦᠳᠡᠭ ᠠᠶᠢᠯ ᠪᠠᠰᠠ ᠴᠦᠬᠡᠨ ᠪᠤᠰᠤ ᠪᠠᠶᠢᠵᠠᠢ᠃ ᠡᠪᠦᠭᠡ ᠲᠡᠭᠡᠳᠦ ᠶᠢᠨ ᠡᠳᠡᠭᠡᠷ ᠵᠠᠩ ᠦᠢᠯᠡ ᠨᠢ ᠨᠡᠶᠢᠬᠡᠮ | ᠲᠦᠷᠦ ᠶᠢᠨ ᠰᠢᠯᠳᠠᠭᠠᠨ ᠠᠴᠠ ᠪᠤᠯᠵᠤ᠂ ᠲᠡᠦᠬᠡᠨ ᠡᠷᠬᠢᠯᠳᠡ ᠳᠤ ᠭᠡᠭᠡᠭᠳᠡᠨ ᠤᠷᠬᠢᠭᠳᠠᠭᠰᠠᠭᠠᠷ ᠵᠠᠷᠢᠮ ᠵᠠᠷᠢᠮ ᠨᠢ | ᠪᠦᠷᠢᠮᠦᠰᠦᠨ ᠤᠯᠠᠮᠵᠢᠯᠠᠯ ᠲᠠᠰᠤᠷᠠᠭᠠᠳ᠂ ᠡᠳᠦᠬᠡ ᠪᠤᠯᠬᠤ ᠳᠤ ᠬᠦᠮᠦᠨ ᠠᠷᠠᠳ ᠤᠨ ᠤᠢ ᠪᠢᠯᠢᠭ ᠲᠤ | ᠦᠨᠳᠦᠰᠦᠨ ᠳᠡᠭᠡᠨ ᠪᠠᠯᠠᠷᠠᠬᠤ ᠰᠢᠬᠠᠭᠰᠠᠨ ᠪᠠᠶᠢᠨ᠎ᠠ᠃ |