ᠤᠯᠠᠮᠵᠢᠯᠠᠯᠳᠤ ᠵᠠᠩ ᠦᠢᠯᠡ — ᠤᠷᠤᠭ ᠬᠤᠷᠢᠮ ᠤᠨ ᠶᠤᠰᠤᠨ
ᠨᠡᠶᠢᠲᠡᠯᠡᠭᠰᠡᠨ ᠴᠠᠭ᠄
2022/12/13
   ᠪᠡᠷᠢ ᠭᠤᠶᠤᠬᠤ — ᠪᠡᠷᠢ ᠭᠤᠶᠤᠬᠤ ᠶᠠᠪᠤᠴᠠ ᠪᠤᠯ ᠶᠡᠷᠦᠨᠢ ᠬᠦᠦ ᠲᠠᠯ᠎ᠠ ᠶᠢᠨ ᠬᠢᠨ ᠶᠠᠮᠠᠷ ᠠᠶᠢᠯ ᠤᠨ ᠬᠡᠦᠬᠡᠨ  ᠢ ᠬᠦᠦ ᠳᠡᠭᠡᠨ  ᠭᠤᠶᠤᠬᠤ ᠪᠠᠷ ᠵᠢᠱᠢᠵᠦ ᠲᠤᠭᠳᠠᠭᠰᠠᠨ ᠤ ᠲᠠᠷᠠᠭ᠎ᠠ ᠤᠷᠢᠳᠠᠪᠠᠷ ᠠᠶᠢᠯ ᠤᠰᠤᠨ ᠤ ᠪᠠᠨ ᠬᠦᠨᠳᠦᠳᠦ ᠲᠤᠮᠤᠭᠠᠳᠠᠨ᠂ ᠡᠯᠢᠬᠡ ᠪᠦᠳᠦᠨ ︵ᠡᠷᠡᠭᠳᠡᠢ ᠡᠮᠡᠭᠳᠡᠢ ᠬᠤᠶᠠᠭᠤᠯᠠ   ᠪᠠᠨ  ᠪᠠᠶᠢᠭ᠎ᠠ︶  ᠬᠦᠮᠦᠨ ᠢ ᠭᠤᠶᠤᠵᠤ  ᠵᠠᠭᠤᠴᠢ ᠪᠤᠯᠭᠠᠨ᠂ ᠦᠯᠵᠡᠢ ᠪᠡᠯᠭᠡ ᠲᠠᠢ ᠰᠠᠶᠢᠨ ᠡᠳᠦᠷ ᠢ ᠰᠤᠩᠭᠤᠵᠤ ᠬᠡᠦᠬᠡᠨ ᠤ ᠭᠡᠷ ᠲᠤ ᠤᠴᠢᠭᠤᠯᠤᠨ᠂  ᠰᠠᠨᠠᠭ᠎ᠠ ᠪᠠᠨ ᠶᠤᠰᠤᠷᠬᠠᠭ ᠰᠠᠶᠢᠬᠠᠨ ᠢᠶᠠᠷ  ᠢᠯᠡᠳᠭᠡᠨ᠎ᠡ᠃ ᠡᠬᠦᠨ ᠢ ᠵᠠᠷᠢᠮ ᠭᠠᠵᠠᠷ   ᠲᠤ ᠪᠠᠰᠠ ︽ᠪᠡᠷᠢ ᠲᠤᠷᠠᠰᠬᠤ︾ ᠭᠡᠵᠦ ᠬᠡᠯᠡᠳᠡᠭ᠃  ᠬᠡᠦᠬᠡᠨ ᠲᠠᠯ᠎ᠠ ᠶᠢᠨ ᠬᠢᠨ ᠨᠢᠬᠡᠯᠡ  ᠲᠡᠭᠡᠷ᠎ᠡ ᠵᠦᠪᠰᠢᠶᠡᠷᠡᠬᠦ ᠡᠰᠡᠬᠦ ᠪᠠᠨ ᠢᠯᠡᠳᠭᠡᠳᠡᠭ ᠦᠬᠡᠢ᠂ ᠬᠠᠷᠢᠨ ︽ ᠠᠪᠠᠭ᠎ᠠ ᠨᠠᠭᠠᠴᠤ ᠨᠠᠷ ᠠᠴᠠ ᠨᠢ ᠠᠰᠠᠭᠤᠵᠤ ᠪᠠᠶᠢᠭᠠᠳ ᠦᠵᠡᠶ᠎ᠡ᠂ ᠠᠬᠠᠮᠠᠳ ᠲᠤᠮᠤᠭᠠᠳᠠᠨ ᠲᠠᠢ ᠪᠠᠨ ᠶᠠᠷᠢᠯᠴᠠᠵᠤ ᠪᠠᠶᠢᠭᠠᠳ ᠪᠤᠯᠤᠶ᠎ᠠ︾ ᠭᠡᠬᠦ ᠮᠡᠳᠦ ᠶᠢᠨ ᠰᠢᠯᠳᠠᠭ ᠬᠡᠯᠡᠵᠦ ᠶᠠᠪᠤᠭᠤᠯᠳᠠᠭ᠃  ᠡᠬᠦᠨ ᠠᠴᠠ ᠡᠬᠢᠯᠡᠨ ︽ᠬᠠᠳᠠᠭ ᠲᠠᠯᠪᠢᠬᠤ︾ ᠬᠦᠷᠳᠡᠯ᠎ᠡ ᠵᠠᠭᠤᠴᠢ ᠨᠢ ᠭᠡᠳᠦ ᠬᠡᠳᠦᠨ ᠤᠳᠠᠭ᠎ᠠ  ᠭᠡᠦᠬᠡᠨ ᠤ ᠭᠡᠷ  ᠲᠤ ᠤᠴᠢᠵᠤ᠂  ᠬᠦᠦ ᠶᠢᠨ ᠲᠠᠯ᠎ᠠ ᠶᠢ ᠲᠠᠨᠢᠯᠴᠠᠭᠤᠯᠬᠤ ᠪᠠ ᠤᠶᠢᠯᠠᠭᠠᠯᠴᠠᠭᠤᠯᠳᠠᠭ᠃ ᠵᠠᠭᠤᠴᠢ ᠬᠦᠮᠦᠨ ︽ᠮᠤᠷᠢ  ᠡᠴᠡᠵᠦ  ᠵᠠᠮ ᠭᠠᠷᠳᠠᠯ᠎ᠠ ᠶᠠᠪᠤᠨ᠎ᠠ︾ ᠭᠡᠳᠡᠭ ᠨᠢ  ᠡᠬᠦᠨ ᠢ ᠭᠡᠯᠡᠭᠰᠡᠨ ᠪᠠᠶᠢᠬ᠎ᠠ᠃       ᠬᠡᠦᠬᠡᠨ ᠲᠠᠯ᠎ᠠ ᠠᠴᠠ ᠬᠦᠦ ᠲᠠᠯ᠎ᠠ ᠶᠢᠨ ᠭᠤᠶᠤᠴᠢᠯᠠᠯ ᠢ ᠵᠦᠪᠰᠢᠶᠡᠷᠡᠭᠰᠡᠨ ᠤ ᠲᠠᠷᠠᠭ᠎ᠠ ︽ᠬᠠᠳᠠᠭ ᠲᠠᠯᠪᠢᠬᠤ ︾ ᠶᠠᠪᠤᠴᠠ ᠪᠠᠶᠢᠳᠠᠭ᠃ ︽ᠬᠠᠳᠠᠭ ᠲᠠᠯᠪᠢᠬᠤ︾ ᠪᠤᠯ ᠬᠦᠦ ᠲᠠᠯ᠎ᠠ ᠶᠢᠨ ᠨᠢᠬᠡ ᠠᠬᠠᠮᠠᠳ ᠲᠤᠮᠤᠭᠠᠳᠠᠨ  ᠪᠠ  ᠵᠠᠭᠤᠴᠢ ᠨᠢ  ᠬᠦᠦ   ᠶᠢ ᠲᠠᠭᠠᠭᠤᠯᠵᠤ  ᠬᠡᠦᠬᠡᠨ ᠤ ᠭᠡᠷ ᠲᠤ ᠬᠠᠳᠠᠭ᠂ ᠠᠷᠢᠭᠢ᠂ ᠰᠢᠬᠦᠰᠦ ᠵᠡᠷᠭᠡ ᠪᠡᠯᠡᠭ ᠰᠠᠯᠳᠠ ᠠᠪᠴᠤ ᠤᠴᠢᠨ᠂ ᠪᠤᠷᠬᠠᠨ ᠳᠤᠨᠢ ᠵᠤᠯᠠ ᠬᠦᠵᠢ ᠬᠠᠳᠠᠭ   ᠲᠠᠢ ᠪᠠᠷᠢᠵᠤ  ᠂ ᠠᠬᠠᠮᠠᠳ ᠲᠤᠨᠢ ᠬᠠᠳᠠᠭ ᠲᠠᠯᠪᠢᠨ ᠠᠷᠢᠬᠢ ᠪᠠᠷᠢᠵᠤ ᠶᠤᠰᠤ ᠵᠦᠢ   ᠪᠠᠨ ᠬᠦᠢᠴᠡᠳᠭᠡᠬᠦ ᠶᠢ ᠬᠡᠯᠡᠨ᠎ᠡ᠃  ᠡᠨᠡ  ᠤᠳᠠᠭ᠎ᠠ ᠬᠦᠦ ᠲᠠᠯ᠎ᠠ ᠠᠴᠠ ᠰᠤᠩᠭᠤᠨ ᠲᠤᠭᠳᠠᠭᠠᠭᠰᠠᠨ ᠡᠳᠦᠷ ᠰᠠᠷ᠎ᠠ ᠪᠠᠨ ᠮᠡᠳᠡᠭᠳᠡᠵᠦ᠂ ᠪᠡᠷᠢ ᠲᠤᠰᠴᠤ ᠬᠦᠷᠭᠡᠬᠦ ᠬᠦᠮᠦᠨ ᠤ ᠲᠤᠭ᠎ᠠ ᠵᠡᠷᠭᠡ ᠪᠤᠳᠠᠳᠠᠢ ᠵᠦᠢᠯ ᠢᠶᠠᠨ ᠬᠡᠯᠡᠯᠴᠡᠨ ᠲᠤᠭᠳᠠᠳᠠᠭ  ᠃ ᠤᠯᠠᠩᠬᠢ ᠳᠠᠭᠠᠨ  ᠬᠦᠦ ᠲᠠᠯ᠎ᠠ ᠠᠴᠠ 5 — 7 ᠬᠦᠮᠦᠨ ᠪᠡᠷᠢ ᠲᠤᠰᠬᠤ  ᠪᠠᠷ  ᠤᠴᠢᠵᠤ᠂  ᠬᠡᠦᠬᠡᠨ ᠲᠠᠯ᠎ᠠ ᠠᠴᠠ 7 — 9 ᠬᠦᠮᠦᠨ ᠬᠡᠦᠬᠡᠨ ᠢᠶᠠᠨ ᠬᠦᠷᠭᠡᠳᠡᠭ᠃ ᠬᠤᠶᠠᠷ ᠲᠠᠯ᠎ᠠ ᠶᠢᠨ ᠬᠦᠮᠦᠨ ᠤ ᠲᠤᠭ᠎ᠠ ᠨᠢ ᠲᠤᠰ ᠲᠤᠰ ᠦᠷᠦᠭᠡᠰᠦᠨ ᠲᠤᠭ᠎ᠠ ᠪᠠᠶᠢᠵᠤ᠂ ᠬᠠᠮᠳᠤᠷᠠᠭᠠᠳ ᠬᠤᠤᠰ ᠲᠤᠭ᠎ᠠ ᠪᠤᠯᠵᠤ ᠬᠦᠷᠭᠡᠨ ᠤ ᠳᠤ ᠢᠷᠡᠳᠡᠭ ᠶᠤᠰᠤ ᠲᠠᠢ᠃  ᠪᠡᠷᠢ ᠲᠤᠰᠬᠤ ᠳᠤ ᠡᠮᠡᠭᠳᠡᠢ ᠬᠦᠮᠦᠨ ᠤᠴᠢᠳᠠᠭ ᠦᠬᠡᠢ᠃ ᠬᠡᠦᠬᠡᠨ ᠬᠦᠷᠬᠡᠬᠦ ᠳᠤ ᠬᠤᠳᠠᠭᠠᠢ᠂ ᠪᠡᠷᠭᠡᠨ ᠵᠠᠪᠠᠯ ᠬᠦᠷᠭᠡᠬᠦ ᠭᠡᠷᠡᠭᠳᠡᠢ ᠪᠦᠬᠡᠳ ᠬᠡᠦᠬᠡᠨ ᠲᠡᠬᠦᠦᠨᠡᠷ ᠨᠢ ᠴᠤ ᠬᠦᠷᠭᠡᠳᠡᠭ  ᠃  ᠤᠷᠢᠳᠤ ᠴᠠᠭ ᠲᠤ ᠬᠠᠳᠠᠭ ᠲᠠᠯᠪᠢᠬᠤ ᠦᠶᠡᠰ᠂  ᠪᠠᠶᠠᠨ ᠠᠶᠢᠯ ᠤᠨ ᠬᠢᠨ ᠪᠠᠰᠠ ᠪᠤᠳᠠ ᠪᠤᠭ ᠮᠠᠯ ᠲᠡᠷᠢᠬᠦᠳᠡᠢ  ᠶᠢᠰᠦ ᠶᠢᠰᠦ ᠶᠢᠨ ᠪᠡᠯᠡᠭ ᠰᠠᠯᠳᠠ ᠠᠪᠴᠤ ᠦᠭᠬᠦ ᠪᠠᠨ ᠬᠠᠷᠢᠯᠴᠠᠨ ᠶᠠᠷᠢᠯᠴᠠᠵᠤ ᠲᠤᠭᠳᠠᠬᠤ ᠪᠠᠶᠢᠳᠠᠯ ᠴᠤ ᠵᠦᠩᠳᠡᠭᠡᠨ  ᠬᠠᠷᠠᠭᠳᠠᠳᠠᠭ᠃ ᠬᠡᠪᠡᠴᠦ ᠡᠬᠡᠯ ᠠᠷᠠᠳ ᠪᠤᠯ ᠬᠠᠷᠢᠨ ︽ᠠᠳᠤᠭᠤᠨ ᠤ ᠪᠠᠨ ᠬᠢᠷᠢ ᠪᠠᠷ ᠢᠰᠭᠡᠷᠴᠦ᠂ ᠬᠦᠨᠵᠢᠯᠡ   ᠶᠢᠨ ᠢᠶᠠᠨ ᠬᠢᠷᠢ ᠪᠠᠷ ᠢᠰᠬᠦᠯᠦᠨ᠎ᠡ︾  ᠬᠡᠮᠡᠨ ᠡᠳ᠋ ᠮᠦᠩᠬᠦ ᠶᠢᠨ ᠶᠡᠭᠡ ᠪᠠᠭ᠎ᠠ ᠶᠢ ᠬᠦᠭᠡᠭᠡᠴᠡᠯᠳᠦᠵᠦ ᠮᠦᠴᠡᠭᠡᠷᠭᠡᠳᠡᠭ ᠦᠬᠡᠢ  ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号