ᠤᠯᠠᠮᠵᠢᠯᠠᠯᠳᠤ ᠤᠷ᠎ᠠ ᠮᠡᠷᠭᠡᠵᠢᠯ — ᠶᠢᠤᠮᠠᠢ ᠶᠢᠨ ᠭᠤᠯᠢᠷ ᠤᠨ ᠬᠤᠭᠤᠯᠠ ᠬᠢᠬᠦ
ᠨᠡᠶᠢᠲᠡᠯᠡᠭᠰᠡᠨ ᠴᠠᠭ᠄
2023/11/10
   ᠶᠢᠦᠮᠠᠢ ᠶᠢᠨ ᠭᠤᠯᠢᠷ ᠪᠤᠯ ᠶᠢᠦᠮᠠᠢ ᠶᠢ ᠡᠳ᠋ᠰᠢᠬᠦᠯᠦᠨ ᠲᠠᠯᠬᠠᠳᠠᠵᠤ ᠬᠢᠭᠰᠡᠨ ᠰᠢᠮ᠎ᠡ ᠲᠡᠵᠢᠬᠡᠯ ᠲᠠᠢ ᠭᠤᠯᠢᠷ ᠤᠨ ᠲᠦᠷᠦᠯ ᠪᠤᠯᠤᠨ᠎ᠠ᠃ ᠲᠠᠶᠢᠹᠤᠰᠧ ᠨᠤᠳᠤᠭ ᠲᠤ ︽ᠲᠠᠪᠠᠭᠠᠨ ᠠᠷᠤ ᠶᠢᠨ ᠭᠤᠷᠪᠠᠨ ᠡᠷᠳᠡᠨᠢ — ᠲᠦᠮᠦᠰᠦ᠂ ᠶᠢᠦᠮᠠᠢ ᠎ ᠶᠢᠨ ᠭᠤᠯᠢᠷ᠂  ᠠᠷᠠᠰᠤᠨ ᠲᠠᠬᠤ︾  ᠭᠡᠵᠦ  ᠠᠮᠠᠨ ᠶᠠᠷᠢᠶ᠎ᠠ  ᠲᠡᠯᠭᠡᠷᠡᠭᠰᠡᠨ ᠪᠦᠬᠡᠳ  ᠶᠢᠦᠮᠠᠢ ᠶᠢᠨ ᠭᠤᠯᠢᠷ ᠨᠢ ᠡᠳᠡᠭᠡᠷ ᠤᠨ ᠲᠤᠳᠤᠷ᠎ᠠ ᠪᠠᠨ ᠲᠦᠯᠦᠭᠡᠯᠡᠭᠴᠢ ᠴᠢᠨᠠᠷᠳᠠᠢ  ᠨᠢᠬᠡ ᠨᠢ ᠪᠤᠯᠵᠤ᠂  ᠲᠠᠶᠢᠹᠤᠰᠧᠴᠤᠳ ᠤᠨ ᠠᠵᠤ ᠠᠮᠢᠳᠤᠷᠠᠯ ᠳᠤ ᠲᠤᠳᠠᠭᠳᠠᠵᠤ ᠪᠤᠯᠤᠰᠢ ᠦᠬᠡᠢ ᠪᠠᠶᠢᠷᠢ ᠰᠠᠭᠤᠷᠢ ᠲᠠᠢ ᠪᠠᠶᠢᠳᠠᠭ᠃      ᠶᠢᠦᠮᠠᠢ ᠶᠢᠨ ᠭᠤᠯᠢᠷ ᠢᠶᠠᠷ ᠬᠢᠭᠰᠡᠨ ᠬᠤᠭᠤᠯᠠ ᠨᠢ ᠠᠮᠳᠠ ᠰᠠᠶᠢᠳᠠᠢ᠂ ᠰᠢᠮ᠎ᠡ ᠲᠡᠵᠢᠬᠡᠯ ᠶᠡᠭᠡ ᠪᠦᠬᠡᠳ ᠬᠢᠬᠦ ᠠᠷᠭ᠎ᠠ ᠮᠡᠷᠭᠡᠵᠢᠯ ᠨᠢ ᠪᠤᠰᠤᠳ ᠭᠤᠯᠢᠷ ᠤᠨ ᠢᠳᠡᠭᠡᠨ ᠠᠴᠠ ᠤᠨᠴᠠᠯᠢᠭᠳᠠᠵᠤ᠂  ᠬᠢᠳᠠᠳ ᠤᠨ ᠢᠳᠡᠭᠡᠨ ᠤᠮᠳᠠᠭᠠᠨ  ᠎ ᠤ ᠰᠤᠶᠤᠯ ᠤᠨ ᠴᠢᠬᠤᠯᠠ ᠨᠢᠬᠡ ᠪᠦᠷᠢᠯᠳᠦᠬᠦᠨ ᠭᠡᠰᠡᠭ ᠪᠤᠯᠬᠤ ᠶᠤᠮ᠃  ᠤᠯᠠᠮᠵᠢᠯᠠᠯ ᠶᠠᠷᠢᠶᠠᠨ ᠳᠤ᠂ ᠮᠠᠨᠵᠤ ᠶᠢᠨ ᠡᠩᠬᠡ ᠠᠮᠤᠭᠤᠯᠠᠩ ᠬᠠᠭᠠᠨ ᠭᠠᠯᠳᠠᠨ ᠪᠤᠱᠤᠭᠳᠤ ᠶᠢ ᠲᠠᠶᠢᠯᠠᠷ᠎ᠠ ᠮᠤᠷᠳᠠᠬᠤ ᠵᠠᠮ ᠵᠠᠭᠤᠷ᠎ᠠ ᠬᠦᠢ ᠬᠤᠸᠠ ᠬᠤᠳᠠᠨ ᠳᠤ ᠶᠢᠦᠮᠠᠢ ᠶᠢᠨ ᠭᠤᠯᠢᠷ ᠢᠳᠡᠵᠦ ᠦᠵᠡᠭᠡᠳ ᠮᠠᠰᠢ ᠦᠨᠳᠦᠷ ᠦᠨᠡᠯᠡᠭᠰᠡᠨ ᠭᠡᠨ᠎ᠡ᠃ ᠲᠡᠭᠷᠢ ᠲᠡᠳᠬᠦᠭᠴᠢ ᠶᠢᠨ ᠦᠶ᠎ᠡ ᠎ ᠳᠤ ᠶᠢᠦᠮᠠᠢ ᠶᠢᠨ ᠭᠤᠯᠢᠷ ᠨᠢ ᠬᠠᠭᠠᠨ ᠳᠤ ᠡᠷᠬᠦᠬᠦ ᠡᠷᠬᠦᠴᠡ ᠪᠠᠷᠢᠴᠠ ᠶᠢᠨ ᠵᠦᠢᠯ ᠪᠤᠯᠵᠤ᠂ ᠪᠡᠭᠡᠵᠢᠩ ᠬᠤᠳᠠᠨ᠎ᠠ ᠬᠦᠷᠭᠡᠭᠳᠡᠵᠦ ᠪᠠᠶᠢᠵᠠᠢ᠃        ᠲᠠᠷᠢᠮᠠᠯ ᠶᠢᠤᠮᠠᠢ ᠶᠢ ᠬᠠᠳᠤᠵᠤ ᠪᠤᠯᠪᠠᠰᠤᠷᠠᠭᠤᠯᠬᠤ ᠠᠴᠠ  ᠶᠢᠤᠮᠠᠢ ᠶᠢᠨ ᠭᠤᠯᠢᠷ ᠤᠨ ᠬᠤᠭᠤᠯᠠ ᠶᠢ ᠬᠢᠵᠦ  ᠢᠳᠡᠳᠡᠯ᠎ᠡ ᠭᠤᠷᠪᠠᠨ ᠤᠳᠠᠭᠠᠨ ᠤ ︽ᠪᠤᠯᠭᠤᠬᠤ︾ ᠶᠠᠪᠤᠴᠠ ᠶᠢ ᠦᠩᠭᠡᠷᠡᠬᠦᠯᠳᠡᠭ᠃  ᠲᠤᠬᠠᠶᠢᠯᠠᠪᠠᠯ᠂  ᠶᠢᠦᠮᠠᠢ ᠎ ᠪᠠᠨ ᠬᠠᠳᠤᠵᠤ ᠦᠷ᠎ᠡ ᠶᠢ ᠨᠢ ᠠᠪᠤᠭᠰᠠᠨ ᠤ ᠲᠠᠷᠠᠭ᠎ᠠ ᠲᠤᠮᠤ ᠲᠡᠮᠦᠷ ᠲᠤᠭᠤᠭᠠᠨ ᠳᠤ ᠬᠢᠵᠦ ᠬᠠᠭᠤᠷᠤᠨ᠎ᠠ᠃ ᠬᠦᠷᠵᠡ ᠬᠤᠰᠤᠭᠤᠷ ᠢᠶᠠᠷ ᠬᠤᠳᠬᠤᠵᠤ ᠡᠷᠬᠢᠬᠦᠯᠦᠭᠰᠡᠭᠡᠷ ᠪᠠᠶᠢᠵᠤ᠂  ᠶᠢᠦᠮᠠᠢ ᠶᠢᠨ ᠦᠷ᠎ᠡ ᠨᠢ ᠰᠢᠷᠠᠯᠠᠭᠠᠳ᠂ ᠠᠩᠬᠢᠯᠤᠮ᠎ᠠ ᠰᠠᠶᠢᠬᠠᠨ ᠦᠨᠦᠷ ᠭᠠᠷᠪᠠᠯ ᠪᠤᠯᠤᠭᠰᠠᠨ ᠳᠤ ᠲᠤᠭᠠᠴᠠᠭᠳᠠᠨ᠎ᠠ᠃  ᠬᠠᠭᠤᠷᠴᠤ ᠪᠤᠯᠭᠤᠭᠰᠠᠨ ᠶᠢᠦᠮᠠᠢ ᠶᠢᠨ ᠦᠷ᠎ᠡ ᠪᠠᠨ ᠲᠠᠯᠬᠠᠳᠠᠵᠤ  ᠨᠤᠨᠳᠠᠭᠯᠠᠪᠠᠯ ᠲᠠᠷᠤᠢ ᠲᠦᠬᠦᠭᠡᠢ ᠶᠢᠦᠮᠠᠢ ᠶᠢᠨ ᠭᠤᠯᠢᠷ ᠪᠤᠯᠴᠢᠬᠠᠨ᠎ᠠ᠃  ᠲᠦᠬᠦᠭᠡᠢ ᠭᠤᠯᠢᠷ ᠢᠶᠠᠨ ᠵᠢᠭᠤᠷᠠᠬᠤ ᠳᠤ ᠴᠠᠭᠠᠨ ᠭᠤᠯᠢᠷ ᠲᠠᠢ ᠠᠳᠠᠯᠢ ᠬᠦᠢᠳᠡᠨ ᠪᠦᠯᠢᠶᠡᠨ ᠤᠰᠤ ᠬᠢᠬᠦ ᠪᠢᠰᠢ᠂  ᠬᠠᠷᠢᠨ  ᠪᠤᠴᠠᠯᠤᠭᠰᠠᠨ ᠤᠰᠤ ᠬᠢᠳᠡᠭ  ᠃ ᠢᠩᠬᠢᠬᠦᠯᠡᠷ ᠭᠤᠯᠢᠷ ᠢ ᠪᠠᠰᠠ ᠨᠢᠬᠡ ᠤᠳᠠᠭ᠎ᠠ ᠪᠤᠯᠭᠤᠭᠰᠠᠨ ᠲᠠᠢ ᠲᠡᠩᠴᠡᠨ᠎ᠡ᠃  ᠵᠢᠭᠤᠷᠠᠭᠰᠠᠨ ᠭᠤᠯᠢᠷ ᠢᠶᠠᠷ  ᠎ ᠢᠶᠠᠨ ᠡᠯᠳᠡᠪ ᠵᠦᠢᠯ ᠤᠨ ᠬᠤᠭᠤᠯᠠ ᠬᠢᠭᠰᠡᠨ ᠤ ᠲᠠᠷᠠᠭ᠎ᠠ᠂ ᠵᠢᠩᠨᠡᠬᠦᠷ ᠲᠡᠭᠡᠷ᠎ᠡ ᠲᠠᠯᠪᠢᠵᠤ ᠪᠤᠯᠭᠤᠭᠠᠳ᠂ ᠶᠢᠦᠮᠠᠢ ᠶᠢᠨ ᠭᠤᠯᠢᠷ ᠲᠤ ᠯᠠ ᠪᠠᠶᠢᠳᠠᠭ ᠤᠨᠴᠠ ᠦᠨᠦᠷ ᠭᠠᠷᠤᠭᠰᠠᠨ ᠤ ᠲᠠᠷᠠᠭ᠎ᠠ ᠰᠠᠶ᠋ᠢ ᠭᠠᠷᠭᠠᠵᠤ ᠢᠳᠡᠨ᠎ᠡ᠃     ᠲᠠᠶᠢᠹᠤᠰᠧ  ᠨᠤᠳᠤᠭ ᠤᠨ ᠮᠢᠬᠠᠨ ᠱᠦᠯᠦ᠂ ᠮᠦᠬᠦᠨ ᠱᠦᠯᠦ᠂ ᠲᠦᠮᠦᠰᠦᠨ ᠱᠦᠯᠦ ᠲᠠᠢ ᠶᠢᠦᠮᠠᠢ ᠶᠢᠨ ᠭᠤᠯᠢᠷ ᠤᠨ ᠬᠤᠭᠤᠯᠠ ᠨᠢ ᠬᠤᠯᠠ ᠤᠶᠢᠷ᠎ᠠ ᠳᠤ ᠠᠯᠳᠠᠷᠰᠢᠵᠤ᠂  ᠡᠨᠡ ᠨᠤᠳᠤᠭ ᠤᠨ  ᠢᠳᠡᠭᠡᠨ ᠤᠮᠳᠠᠭᠠᠨ ᠤ ᠨᠡᠷᠡᠳᠦ ᠲᠡᠮᠳᠡᠭ ᠪᠤᠯᠤᠭᠠᠳ᠂  ᠠᠳᠡ ᠢᠷᠡᠭᠰᠡᠨ ᠬᠦᠮᠦᠨ ᠪᠤᠯᠭᠠᠨ ᠶᠠᠭᠤᠨ ᠤ ᠤᠷᠢᠳ ᠶᠢᠦᠮᠠᠢ ᠶᠢᠨ ᠭᠤᠯᠢᠷ ᠤᠨ ᠬᠤᠭᠤᠯᠠ ᠶᠢ ᠨᠢ ᠡᠷᠢᠵᠦ ᠠᠮᠳᠠᠷᠬᠠᠨ ᠵᠤᠭᠤᠭᠯᠠᠳᠠᠭ ᠪᠤᠯᠵᠠᠢ᠃  ᠶᠢᠦᠮᠠᠢ ᠶᠢᠨ ᠭᠤᠯᠢᠷ ᠢᠶᠠᠷ ᠠᠯᠠᠭᠠᠳᠠᠭᠤᠷ᠂ ᠲᠤᠭᠤᠷᠴᠤᠭ᠂  ᠬᠤᠷᠤᠭᠤᠪᠴᠢ ︵ᠤᠷᠢᠶᠠᠮᠠᠭ︶᠂  ᠪᠠᠩᠰᠢ᠂  ᠪᠤᠤᠪᠤ ᠵᠡᠷᠭᠡ ᠤᠯᠠᠨ ᠶᠠᠩᠵᠤ ᠶᠢᠨ ᠬᠤᠭᠤᠯᠠ ᠬᠢᠵᠦ᠂  ᠵᠢᠩᠨᠡᠵᠦ  ᠪᠤᠯᠭᠤᠭᠠᠳ ᠮᠢᠬ᠎ᠠ ᠨᠤᠭᠤᠭ᠎ᠠ ᠮᠦᠬᠦᠨ ᠱᠦᠯᠦ ᠲᠠᠢ ᠢᠳᠡᠬᠦ᠂   ᠮᠢᠬ᠎ᠠ ᠨᠤᠭᠤᠭ᠎ᠠ ᠲᠠᠢ ᠬᠤᠯᠢᠵᠤ ᠬᠠᠭᠤᠷᠬᠤ ᠪᠤᠶᠤ ᠰᠡᠷᠢᠬᠦᠨ ᠵᠠᠭᠤᠰᠢ ᠬᠢᠵᠦ ᠢᠳᠡᠵᠦ  ᠪᠦᠷ ᠪᠤᠯᠤᠨ᠎ᠠ᠃  ᠶᠢᠦᠮᠠᠢ ᠶᠢᠨ ᠭᠤᠯᠢᠷ ᠤᠨ ᠬᠤᠷᠤᠭᠤᠪᠴᠢ ︵ᠤᠷᠢᠶᠠᠮᠠᠭ᠂  ᠬᠢᠳᠠᠳ ᠢᠶᠠᠷ ᠸᠧ ᠸᠧ ᠭᠡᠳᠡᠭ︶ ᠪᠤᠯ ᠡᠬᠦᠨ ᠤ ᠤᠨ ᠲᠤᠳᠤᠷᠠᠬᠢ  ᠨᠡᠯᠢᠶᠡᠳ ᠤᠨᠴᠠᠯᠢᠭ ᠲᠠᠢ ᠨᠢᠬᠡ ᠵᠦᠢᠯ ᠤᠨ ᠬᠤᠭᠤᠯᠠ᠃  ᠶᠢᠦᠮᠠᠢ ᠶᠢᠨ ᠭᠤᠯᠢᠷ ᠤᠨ ᠬᠤᠷᠤᠭᠤᠪᠴᠢ ᠬᠢᠬᠦ ᠠᠷᠭ᠎ᠠ ᠨᠢ᠄  ᠵᠢᠭᠤᠷᠠᠭᠰᠠᠨ ᠭᠤᠯᠢᠷ ᠠᠴᠠ ᠨᠢᠬᠡ ᠭᠡᠰᠡᠭ ᠢ ᠲᠠᠰᠤᠳᠠᠨ ᠠᠪᠴᠤ᠂ ᠠᠯᠠᠭᠠᠨ ᠴᠢᠨᠡᠭᠡᠨ ᠴᠢᠯᠠᠭᠤᠯᠢᠭ ᠬᠠᠪᠳᠠᠰᠤ ᠲᠡᠭᠡᠷ᠎ᠡ ᠲᠠᠯᠪᠢᠭᠠᠳ ᠭᠠᠷ ᠤᠨ ᠠᠯᠠᠭ᠎ᠠ ᠪᠠᠷ ᠦᠩᠬᠦᠷᠢᠬᠦᠯᠦᠨ ᠨᠢᠮᠬᠡᠯᠡᠨ᠎ᠡ᠃  ᠨᠢᠮᠬᠡᠯᠡᠭᠰᠡᠨ ᠭᠤᠯᠢᠷ ᠢᠶᠠᠨ ᠡᠷᠡᠬᠡᠢ ᠬᠤᠷᠤᠭᠤᠨ ᠳᠠᠭᠠᠨ ᠤᠷᠢᠶᠠᠵᠤ ᠲᠦᠩᠰᠡ ᠬᠡᠯᠪᠡᠷᠢ ᠲᠠᠢ ᠪᠤᠯᠭᠠᠭᠠᠳ᠂ ᠪᠤᠰᠤᠭ᠎ᠠ ᠪᠠᠷ ᠨᠢ  ᠵᠢᠩᠨᠡᠬᠦᠷ ᠲᠡᠭᠡᠷ᠎ᠡ ᠪᠠᠨ ᠲᠠᠯᠪᠢᠵᠤ ᠪᠤᠯᠭᠤᠨ᠎ᠠ᠃   ᠤᠯᠠᠨ ᠬᠤᠷᠤᠭᠤᠪᠴᠢ ᠶᠢ ᠵᠢᠩᠨᠡᠬᠦᠷ ᠲᠡᠭᠡᠷ᠎ᠡ ᠶᠠᠭᠰᠢᠷᠠᠭᠤᠯᠵᠤ ᠲᠠᠯᠪᠢᠬᠤ ᠳᠤ  ᠶᠠᠭ ᠪᠠᠯᠳᠤ ᠵᠦᠬᠡᠢ ᠶᠢᠨ ᠡᠬᠦᠷ ᠮᠡᠳᠦ ᠬᠠᠷᠠᠭᠳᠠᠳᠠᠭ᠃    2010 ᠤᠨ ᠳᠤ ᠲᠠᠶᠢᠹᠤᠰᠧ ᠬᠤᠰᠢᠭᠤ ᠶᠢᠦᠮᠠᠢ ᠶᠢᠨ ᠭᠤᠯᠢᠷ ᠤᠨ ᠬᠤᠭᠤᠯᠠ ᠬᠢᠬᠦ ᠮᠡᠷᠭᠡᠵᠢᠯ ᠢ ᠠᠶᠢᠮᠠᠭ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ  ᠪᠦᠷᠢᠳᠭᠡᠬᠦᠯᠵᠦ᠂  ᠯᠦᠸᠧ ᠰᠢᠦ ᠶᠢᠩ  ᠠᠶᠢᠮᠠᠭ ᠤᠨ ᠲᠡᠰ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃    ᠤᠯᠠᠮᠵᠢᠯᠠᠭᠴᠢ  ᠎ ᠶᠢᠨ ᠲᠤᠪᠴᠢ ᠲᠠᠨᠢᠯᠴᠠᠭᠤᠯᠭ᠎ᠠ᠄  ᠯᠦᠸᠧ ᠰᠢᠦ ᠶᠢᠩ  ᠂ ᠡᠮᠡᠭᠳᠡᠢ  ᠂  ᠬᠢᠳᠠᠳ ᠦᠨᠳᠦᠰᠦᠳᠡᠨ᠂ 1958 ᠤᠨ ᠳᠤ ᠲᠦᠷᠦᠪᠡ᠃  ᠲᠠᠶᠢᠹᠤᠰᠧ ᠬᠤᠰᠢᠭᠤᠨ ᠤ  ᠬᠦᠮᠦᠨ᠃  ᠲᠠᠷᠢᠶᠠᠯᠠᠬᠤ ᠤᠷᠤᠨ  ᠎ ᠳᠤ ᠲᠦᠷᠦᠵᠦ ᠦᠰᠦᠭᠰᠡᠨ ᠪᠤᠯᠬᠤᠷ᠂  ᠪᠠᠭ᠎ᠠ ᠳᠠᠭᠠᠨ ᠡᠮᠡᠭᠡ  ᠪᠤᠯᠤᠨ ᠡᠵᠢ ᠶᠢᠨ ᠢᠶᠠᠨ ᠶᠢᠦᠮᠠᠢ ᠶᠢᠨ ᠭᠤᠯᠢᠷ ᠤᠨ ᠬᠤᠭᠤᠯᠠ ᠬᠢᠬᠦ ᠮᠡᠷᠭᠡᠵᠢᠯ ᠢ  ᠰᠤᠷᠤᠭᠠᠳ᠂ ᠲᠦᠴᠢᠭᠡᠳ ᠵᠢᠯ  ᠎ ᠤᠨ  ᠠᠮᠢᠳᠤᠷᠠᠯ ᠦᠢᠯᠡᠳᠦᠯᠬᠡ ᠶᠢᠨ ᠲᠤᠮᠳᠠ ᠪᠠᠨ ᠶᠢᠦᠮᠠᠢ ᠶᠢᠨ ᠭᠤᠯᠢᠷ ᠢᠶᠠᠷ ᠤᠯᠠᠨ ᠵᠦᠢᠯ ᠤᠨ ᠬᠤᠭᠤᠯᠠ ᠬᠤᠰᠢ  ᠬᠢᠬᠦ ᠠᠷᠭ᠎ᠠ ᠮᠡᠷᠭᠡᠵᠢᠯ ᠢ ᠨᠡᠪᠳᠡᠷᠭᠡᠢ ᠡᠵᠡᠮᠰᠢᠵᠦ᠂   ᠡᠨᠡᠬᠦ ᠮᠡᠷᠭᠡᠵᠢᠯ ᠢ ᠡᠵᠡᠮᠰᠢᠭᠰᠡᠨ ᠴᠦᠬᠡᠨ ᠬᠡᠳᠦᠨ ᠲᠠᠷᠢᠶᠠᠴᠢᠨ ᠦᠪᠯᠡᠭᠴᠢ ᠶᠢᠨ  ᠲᠤᠳᠤᠷᠠᠬᠢ ᠲᠦᠯᠦᠭᠡᠯᠡᠭᠴᠢ ᠎ ᠨᠢ ᠪᠤᠯᠵᠠᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号