ᠦᠩᠭᠡᠳᠦ ᠳ᠋ᠧᠩᠯᠤ ᠪᠤᠯ ᠬᠢᠳᠠᠳ ᠤᠨ ᠤᠯᠠᠮᠵᠢᠯᠠᠯᠳᠤ ᠭᠠᠷ ᠤᠷᠠᠯᠠᠯ ᠤᠨ ᠪᠦᠳᠦᠭᠡᠭᠳᠡᠬᠦᠨ ᠪᠠᠶᠢᠵᠤ᠂ 1800 | ᠭᠠᠷᠤᠢ ᠵᠢᠯ ᠤᠨ ᠡᠮᠦᠨᠡᠬᠢ ᠪᠠᠷᠠᠭᠤᠨ ᠬᠠᠨ ᠤᠯᠤᠰ ᠤᠨ ᠦᠶ᠎ᠡ ᠠᠴᠠ ᠡᠬᠢᠯᠡᠯ᠎ᠡ ᠭᠡᠳᠡᠭ᠃ ᠤᠷᠢᠳᠤ ᠳᠠᠭᠠᠨ | ᠵᠦᠪᠬᠡᠨ ᠭᠡᠷᠡᠯᠳᠦᠬᠦᠯᠬᠡ ᠶᠢᠨ ᠦᠢᠯᠡᠳᠦᠯ ᠲᠠᠢ ᠪᠠᠶᠢᠭᠰᠠᠨ ᠢᠶᠠᠨ ᠠᠯᠭᠤᠷ ᠠᠭᠠᠵᠢᠮ ᠳᠠᠭᠠᠨ ᠬᠦᠮᠦᠰ ᠤᠨ | ᠪᠠᠭ᠋ᠠᠳᠤᠨ ᠰᠤᠨᠢᠷᠬᠠᠬᠤ᠂ ᠴᠢᠨᠠᠭᠰᠢᠯᠠᠭᠠᠳ ᠡᠷᠬᠢᠮᠨᠡᠨ ᠬᠠᠳᠠᠭᠠᠯᠠᠬᠤ ᠦᠨ᠎ᠡ ᠦᠷᠳᠡᠭ ᠲᠠᠢ ᠤᠯᠠᠮᠵᠢᠯᠠᠯᠳᠤ | ᠤᠷᠠᠯᠢᠭ ᠤᠨ ᠪᠦᠳᠦᠭᠡᠭᠳᠡᠬᠦᠨ ᠪᠦᠬᠡᠳ ᠪᠠᠶᠠᠷ ᠨᠠᠶᠢᠷ ᠤᠨ ᠪᠡᠯᠭᠡᠳᠡᠯ ᠤᠨ ᠪᠤᠳᠠᠰ ᠪᠤᠯᠤᠭᠰᠠᠨ ᠪᠠᠶᠢᠨ᠎ᠠ᠃ ᠵᠢᠯ | ᠪᠦᠷᠢ ᠶᠢᠨ ᠴᠠᠭᠠᠨ ᠰᠠᠷ᠎ᠠ ᠪᠤᠯᠬᠤ ᠪᠠᠷ ᠬᠦᠮᠦᠰ ᠡᠯᠳᠡᠪ ᠵᠦᠢᠯ ᠤᠨ ᠦᠩᠭᠡᠳᠦ ᠳ᠋ᠧᠩᠯᠤ ᠡᠯᠬᠦᠵᠦ᠂ ᠪᠠᠶᠠᠷ ᠤᠨ | ᠡᠳᠦᠷ ᠢᠶᠠᠨ ᠪᠡᠯᠭᠡᠰᠢᠶᠡᠨ᠂ ᠰᠠᠶᠢᠨ ᠰᠠᠶᠢᠬᠠᠨ ᠢᠶᠠᠨ ᠵᠦᠩᠨᠡᠳᠡᠭ᠃ ᠵᠦᠢᠯ ᠪᠦᠷᠢ ᠶᠢᠨ ᠦᠩᠬᠡᠳᠦ ᠳ᠋ᠧᠩᠯᠤ ᠶᠢᠨ | ᠲᠤᠳᠤᠷ᠎ᠠ ᠲᠡᠮᠦᠷ ᠤᠳᠠᠰᠤᠨ ᠳ᠋ᠧᠩᠯᠤ ᠨᠢ ᠪᠠᠷᠤᠭ 300 ᠭᠠᠷᠤᠢ ᠵᠢᠯ ᠤᠨ ᠲᠡᠦᠬᠡ ᠲᠠᠢ ᠪᠠᠶᠢᠵᠤ᠂ ᠬᠡᠯᠪᠡᠷᠢ ᠤᠯᠠᠨ | ᠂ ᠪᠦᠳᠦᠴᠡ ᠪᠠᠬᠢᠯᠢᠭ᠌᠂ ᠦᠵᠡᠮᠦᠷᠢ ᠰᠠᠶᠢᠳᠠᠢ ᠪᠠᠷ ᠢᠶᠠᠨ ᠪᠤᠰᠤᠳ ᠠᠴᠠ ᠤᠨᠴᠠᠯᠢᠭᠳᠠᠨ᠎ᠠ᠃ ᠲᠡᠮᠦᠷ ᠤᠳᠠᠰᠤ ᠪᠠᠷ | ᠳ᠋ᠧᠩᠯᠤ ᠬᠦᠷᠦᠬᠦ ᠨᠢ ᠨᠢᠬᠡ ᠵᠦᠢᠯ ᠤᠨ ᠮᠠᠰᠢ ᠬᠦᠴᠢᠷᠳᠡᠢ ᠰᠦᠯᠵᠢᠨ ᠬᠦᠷᠦᠬᠦ ᠮᠡᠷᠭᠡᠵᠢᠯ ᠪᠠᠶᠢᠵᠤ᠂ ᠵᠢᠷᠤᠬᠤ᠂ | ᠬᠠᠶᠢᠴᠢᠯᠠᠬᠤ᠂ ᠬᠠᠳᠬᠤᠬᠤ᠂ ᠤᠶᠤᠬᠤ ᠵᠡᠷᠭᠡ ᠤᠯᠠᠨ ᠲᠠᠯ᠎ᠠ ᠶᠢᠨ ᠤᠷ᠎ᠠ ᠮᠡᠷᠭᠡᠵᠢᠯ ᠱᠠᠭᠠᠷᠳᠠᠭᠳᠠᠨ᠎ᠠ᠃ ᠲᠡᠮᠦᠷ | ᠤᠳᠠᠰᠤᠨ ᠳ᠋ᠧᠩᠯᠤ ᠬᠢᠬᠦ ᠳᠤ ᠦᠷᠭᠡᠨ ᠨᠠᠷᠢᠨ ᠨᠢ ᠠᠳᠠᠯᠢ ᠪᠤᠰᠤ ᠲᠡᠮᠦᠷ ᠤᠳᠠᠰᠤ ︵ᠬᠤᠶᠠᠷ᠂ ᠭᠤᠷᠪᠠ᠂ ᠲᠠᠪᠤ᠂ | ᠵᠢᠷᠭᠤᠭ᠎ᠠ᠂ ᠨᠠᠢᠮᠠ ᠨᠤᠮᠧᠷᠳᠤ ︶ ᠬᠢᠭᠡᠳ ᠠᠳᠠᠯᠢ ᠪᠤᠰᠤ ᠦᠩᠬᠡ ᠲᠠᠢ ᠡᠯ᠎ᠡ ᠵᠦᠢᠯ ᠤᠨ ᠤᠯᠤᠰᠤᠨ ᠪᠦᠰ᠂ | ᠡᠷᠢᠶᠡᠨ ᠲᠠᠪᠤᠤ ᠵᠡᠷᠭᠡ ᠮᠠᠲ᠋ᠧᠷᠢᠶᠠᠯ ᠭᠡᠷᠡᠭᠰᠡᠨ᠎ᠡ ᠃ ᠭᠡᠬᠦ ᠳᠡᠭᠡᠨ᠂ ᠳ᠋ᠧᠩᠯᠤ ᠶᠢᠨ ᠶᠡᠭᠡ ᠪᠠᠭ᠎ᠠ ᠪᠠ ᠬᠡᠯᠪᠡᠷᠢ | ᠲᠦᠷᠰᠦ ᠨᠢ ᠠᠳᠠᠯᠢ ᠦᠬᠡᠢ ᠠᠴᠠ ᠪᠤᠯᠵᠤ᠂ ᠭᠡᠷᠡᠭᠰᠡᠬᠦ ᠮᠠᠲ᠋ᠧᠷᠢᠶᠠᠯ ᠨᠢ ᠴᠤ ᠠᠳᠠᠯᠢ ᠦᠬᠡᠢ᠃ ᠲᠡᠮᠦᠷ ᠤᠳᠠᠰᠤᠨ | ᠳ᠋ᠧᠩᠯᠤ ᠨᠢ ᠵᠢᠷᠭᠤᠭᠠᠨ ᠲᠠᠯᠠᠳᠤ᠂ ᠨᠠᠢᠮᠠᠨ ᠲᠠᠯᠠᠳᠤ᠂ ᠲᠦᠷᠪᠡᠯᠵᠢᠨ ᠬᠡᠯᠪᠡᠷᠢᠳᠦ᠂᠂᠂᠂᠂ ᠬᠡᠬᠦ ᠮᠡᠳᠦ ᠵᠦᠢᠯ | ᠪᠦᠷᠢ ᠶᠢᠨ ᠲᠦᠷᠰᠦ ᠬᠡᠯᠪᠡᠷᠢ ᠲᠠᠢ ᠪᠠᠶᠢᠳᠠᠭ ᠪᠦᠬᠡᠳ ᠬᠦᠮᠦᠨ ᠠᠮᠢᠳᠠᠨ᠂ ᠠᠭᠤᠯᠠ ᠤᠰᠤ᠂ ᠴᠡᠴᠡᠭ ᠵᠢᠮᠢᠰ᠂ | ᠵᠢᠭᠠᠰᠤ ᠵᠢᠷᠠᠭᠠᠬᠠᠢ᠂ ᠯᠤᠤ ᠭᠠᠷᠤᠳᠢ᠂᠂᠂᠂ ᠬᠡᠬᠦ ᠮᠡᠳᠦᠴᠢᠯᠡᠨ ᠶᠠᠩᠵᠤ ᠪᠦᠷᠢ ᠶᠢᠨ ᠵᠢᠷᠤᠭ ᠲᠦᠷᠰᠦ ᠶᠢ | ᠤᠷᠠᠯᠠᠨ ᠪᠦᠳᠦᠭᠡᠵᠦ ᠪᠤᠯᠳᠠᠭ᠃ 2015 ᠤᠨ ᠲᠠᠶᠢᠹᠤᠰᠧ ᠬᠤᠰᠢᠭᠤ ᠲᠡᠮᠦᠷ ᠤᠳᠠᠰᠤᠨ ᠳ᠋ᠧᠩᠯᠤ ᠬᠦᠷᠦᠬᠦ | ᠮᠡᠷᠭᠡᠵᠢᠯ ᠢ ᠠᠶᠢᠮᠠᠭ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ ᠪᠦᠷᠢᠳᠭᠡᠬᠦᠯᠵᠦ᠂ 2018 | ᠤᠨ ᠳᠤ ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠷ ᠪᠦᠷᠢᠳᠭᠡᠬᠦᠯᠪᠡ᠃ | ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄ ᠳ᠋ᠦ᠋ ᠰᠢᠤᠸᠠᠢ ᠯᠦᠩ ᠂ ᠡᠷᠡᠭᠳᠡᠢ᠂ ᠬᠢᠳᠠᠳ | ᠦᠨᠳᠦᠰᠦᠳᠡᠨ᠂ 1975 ᠤᠨ ᠳᠤ ᠲᠦᠷᠦᠪᠡ᠃ ᠲᠠᠶᠢᠹᠤᠰᠧ ᠬᠤᠰᠢᠭᠤᠨ ᠤ ᠬᠦᠮᠦᠨ᠃ ᠲᠤᠯᠤᠭᠠᠨ ᠨᠠᠰᠤᠨ | ᠠᠴᠠ ᠪᠠᠨ ᠡᠪᠦᠭᠡ ᠪᠠᠨ ᠲᠠᠭᠠᠵᠤ ᠳ᠋ᠧᠩᠯᠤ ᠬᠦᠷᠦᠬᠦ ᠠᠵᠢᠯ ᠳᠤᠨᠢ ᠬᠠᠮᠵᠢᠯᠴᠠᠵᠤ ᠪᠠᠶᠢᠭᠰᠠᠨ ᠢᠶᠠᠨ ᠠᠷᠪᠠᠨ | ᠲᠠᠪᠤᠳᠠᠢ ᠳᠠᠭᠠᠨ ᠰᠤᠷᠤᠯᠭ᠎ᠠ ᠵᠤᠭᠰᠤᠭᠠᠳ ᠭᠡᠷ ᠲᠡᠭᠡᠨ ᠬᠠᠷᠢᠵᠤ ᠳ᠋ᠧᠩᠯᠤ ᠬᠦᠷᠦᠬᠦ ᠮᠡᠷᠭᠡᠵᠢᠯ ᠢ ᠵᠢᠩᠬᠢᠨᠢ ᠪᠠᠷ | ᠰᠤᠷᠤᠭᠰᠠᠨ ᠪᠠᠶᠢᠨ᠎ᠠ᠃ ᠲᠠᠶᠢᠹᠤᠰᠧ ᠬᠤᠰᠢᠭᠤᠨ ᠤ ᠳ᠋ᠧᠩᠯᠤ ᠬᠦᠷᠦᠬᠦ ᠮᠡᠷᠭᠡᠵᠢᠯ ᠤᠷᠬᠢᠭᠳᠠᠮᠠᠷ ᠪᠤᠯᠤᠭᠰᠠᠨ | ᠪᠠᠶᠢᠳᠠᠯ ᠢ ᠬᠠᠷᠠᠭᠠᠳ ᠲᠡᠷᠡᠪᠡᠷ ᠵᠤᠷᠢᠭ ᠰᠢᠭᠤᠳᠴᠤ ᠬᠦᠴᠦ ᠤᠷᠤᠭᠤᠯᠤᠨ᠂ ᠲᠡᠮᠦᠷ ᠤᠳᠠᠰᠤᠨ ᠳ᠋ᠧᠩᠯᠤ ᠬᠦᠷᠦᠬᠦ | ᠮᠡᠷᠭᠡᠵᠢᠯ ᠢᠶᠠᠷ ᠢᠶᠠᠨ ᠦᠢᠯᠡᠰ ᠪᠦᠳᠦᠬᠡᠵᠦ ᠡᠬᠢᠯᠡᠵᠡᠢ᠃ ᠡᠶᠢᠨᠬᠦ 1997 ᠤᠨ ᠳᠤ ᠪᠡᠭᠡᠵᠢᠩ ᠳᠤ ᠳ᠋ᠧᠩᠯᠤ | ᠶᠢᠨ ᠦᠢᠯᠡᠳᠪᠦᠷᠢ ᠪᠠᠨ ᠡᠷᠬᠢᠯᠡᠵᠦ᠂ ᠰᠦᠮ᠎ᠡ ᠶᠢᠨ ᠬᠤᠷᠠᠯ ᠲᠡᠭᠡᠷ᠎ᠡ ᠳ᠋ᠧᠩᠯᠤ ᠪᠠᠨ ᠪᠤᠷᠤᠯᠠᠭᠤᠯᠤᠨ᠂ ᠠᠰᠢᠭ | ᠤᠷᠤᠯᠭ᠎ᠠ ᠡᠬᠦᠳᠬᠦ ᠶᠢᠨ ᠬᠠᠮᠳᠤ ᠡᠨᠡᠬᠦ ᠤᠯᠠᠮᠵᠢᠯᠠᠯᠳᠤ ᠰᠤᠶᠤᠯ ᠤᠨ ᠪᠦᠳᠦᠭᠡᠭᠳᠡᠬᠦᠨ ᠢ ᠤᠯᠠᠨ ᠳᠤ ᠲᠠᠨᠢᠯᠴᠠᠭᠤᠯᠵᠤ | ᠪᠠᠶᠢᠭᠰᠠᠨ ᠢᠶᠠᠨ 2003 ᠤᠨ ᠠᠴᠠ ᠪᠡᠭᠡᠵᠢᠩ ᠤᠨ ᠰᠠᠭᠤᠭᠠᠯᠢ ᠠᠷᠠᠳ ᠤᠨ ᠵᠦᠪᠯᠡᠯ ᠢᠶᠠᠷ ᠲᠤᠭᠤᠷᠢᠵᠤ᠂ | ᠵᠡᠮᠳᠡᠭᠴᠤᠳ ᠲᠤ ᠳ᠋ᠧᠩᠯᠤ ᠬᠢᠬᠦ ᠮᠡᠷᠭᠡᠵᠢᠯ ᠢᠶᠠᠨ ᠤᠯᠠᠮᠵᠢᠯᠠᠨ᠂ ᠲᠡᠳᠡᠨ ᠤ ᠠᠵᠢᠯ ᠤᠯᠵᠤ ᠦᠢᠯᠡᠰ ᠪᠦᠳᠦᠬᠡᠬᠦ ᠳᠤ | ᠲᠤᠰᠠ ᠨᠡᠮᠡᠵᠦ ᠶᠠᠪᠤᠵᠠᠢ᠃ ᠤᠳᠤ ᠲᠠᠶᠢᠹᠤᠰᠧ ᠬᠤᠰᠢᠭᠤᠨ ᠤ ᠪᠠᠨ ᠦᠢᠯᠡᠰ ᠪᠦᠳᠦᠭᠡᠭᠰᠡᠨ ᠴᠢᠳᠠᠪᠤᠷᠢᠳᠠᠨ ᠤ | ᠡᠩᠨᠡᠬᠡᠨ ᠳᠤ ᠵᠢᠬᠰᠠᠵᠤ᠂ ᠪᠤᠤᠴᠠᠩ ᠪᠠᠯᠭᠠᠰᠤᠨ ᠳᠤ ᠳ᠋ᠧᠩᠯᠤ ᠶᠢᠨ ᠦᠢᠯᠡᠳᠪᠦᠷᠢ ᠪᠠᠶᠢᠭᠤᠯᠤᠭᠰᠠᠨ ᠪᠦᠬᠡᠳ | ᠬᠤᠰᠢᠭᠤ ᠨᠤᠳᠤᠭ ᠤᠨ ᠢᠶᠠᠨ ᠦᠢᠯᠡᠰ ᠪᠦᠳᠦᠬᠡᠬᠦ ᠰᠠᠨᠠᠭ᠎ᠠ ᠲᠠᠢ ᠬᠦᠮᠦᠰ ᠲᠤ ᠠᠷᠭ᠎ᠠ ᠮᠡᠷᠭᠡᠵᠢᠯ ᠢᠶᠠᠨ | ᠤᠯᠠᠮᠵᠢᠯᠠᠵᠤ ᠪᠠᠶᠢᠨ᠎ᠠ᠃ 2013 ᠤᠨ ᠳᠤ ᠤᠨ ᠳᠤ ᠬᠤᠰᠢᠭᠤᠨ ᠤ ᠲᠡᠰ ᠤᠨ ᠲᠦᠯᠦᠭᠡᠯᠡᠭᠴᠢ ᠴᠢᠨᠠᠷᠳᠠᠢ | ᠦᠪᠯᠡᠨ ᠤᠯᠠᠮᠵᠢᠯᠠᠭᠴᠢ ᠪᠤᠯᠵᠤ᠂ 2015 ᠤᠨ ᠳᠤ ᠠᠶᠢᠮᠠᠭ ᠤᠨ ᠲᠡᠰ ᠤᠨ ᠦᠪᠯᠡᠨ ᠤᠯᠠᠮᠵᠢᠯᠠᠭᠴᠢ ᠪᠤᠯᠪᠠ᠃ |