ᠮᠣᠩᠭᠤᠯ ᠡᠮᠨᠡᠯᠭᠡ ᠶᠢᠨ ᠲᠠᠷᠢᠬᠢ ᠵᠠᠰᠠᠬᠤ ᠮᠡᠷᠭᠡᠰᠢᠯ ᠪᠣᠯ ᠮᠣᠩᠭᠤᠯ ᠠᠨᠠᠭᠠᠬᠤ ᠤᠬᠠᠭᠠᠨ ᠤ ᠲᠤᠳᠤᠷᠠᠬᠢ | ᠴᠢᠬᠤᠯᠠ ᠨᠢᠭᠡ ᠵᠦᠢᠯ ᠤᠨ ᠤᠯᠠᠮᠵᠢᠯᠠᠯᠲᠦ ᠵᠠᠰᠠᠯ ᠮᠦᠨ᠃ ᠲᠠᠷᠢᠬᠢ ᠵᠠᠰᠠᠬᠤ ᠳᠤ ᠠᠳᠠᠯᠢ ᠪᠤᠰᠤ ᠡᠪᠡᠳᠴᠢᠳᠡᠨ | ᠤ ᠪᠠᠶᠢᠳᠠᠯ ᠢ ᠨᠢ ᠦᠨᠳᠦᠰᠦᠯᠡᠵᠦ᠂ ᠢᠯᠢᠵᠦ ᠲᠤᠮᠨᠤᠬᠤ ᠂ ᠰᠢᠳᠠᠮᠳᠠᠵᠤ ᠳᠤᠮᠨᠤᠬᠤ᠂ ᠳᠠᠳᠠᠵᠤ ᠳᠤᠮᠨᠤᠬᠤ ᠂ | ᠴᠤᠬᠢᠵᠤ ᠲᠤᠮᠨᠤᠬᠤ ᠂ ᠨᠦᠳᠦᠵᠦ ᠲᠤᠮᠨᠤᠬᠤ᠂ ᠳᠤᠭᠰᠢᠵᠤ ᠳᠤᠮᠨᠤᠬᠤ ᠂ ᠢᠰᠭᠦᠯᠵᠤ ᠳᠤᠮᠨᠤᠬᠤ ᠵᠡᠷᠭᠡ ᠠᠳᠠᠯᠢ | ᠪᠤᠰᠤ ᠲᠤᠮᠨᠤᠨ ᠵᠠᠰᠠᠬᠤ ᠠᠷᠭ᠎ᠠ ᠭᠡᠷᠡᠭᠯᠡᠳᠡᠭ᠃ ᠭᠡᠬᠦ ᠳᠡᠭᠡᠨ ︽ᠲᠤᠷᠬᠢᠯᠳᠠ ᠪᠠᠷ ᠲᠤᠷᠬᠢᠯᠳᠠ ᠶᠢ ᠵᠠᠰᠠᠬᠤ︾ | ᠪᠤᠯ ᠲᠤᠮᠨᠤᠬᠤ ᠵᠠᠰᠠᠯ ᠤᠨ ᠶᠡᠷᠤᠩᠭᠡᠢ ᠵᠠᠷᠴᠢᠮ ᠪᠦᠬᠡᠳ ᠦᠨᠳᠦᠰᠦᠨ ᠠᠷᠭ᠎ᠠ ᠪᠠᠷᠢᠯ ᠪᠤᠯᠤᠨ᠎ᠠ᠃ ᠡᠬᠦᠨ ᠳᠤ᠂ | ᠡᠪᠡᠳᠴᠢᠨ ᠤ ᠬᠦᠨᠳᠦ ᠬᠦᠩᠭᠡᠨ ᠢ ᠦᠨᠳᠦᠰᠦᠯᠡᠨ ᠳᠡᠭᠡᠷᠡᠬᠢ ᠳᠤᠮᠨᠤᠬᠤ ᠠᠷᠭ᠎ᠠ ᠨᠤᠭᠤᠳ ᠠᠴᠠ ᠠᠯᠢ | ᠳᠤᠬᠢᠷᠠᠮᠵᠢᠳᠠᠢ ᠶᠢ ᠰᠤᠩᠭᠤᠬᠤ ᠪᠦᠭᠡᠳ ᠳᠤᠮᠨᠤᠬᠤ ᠬᠤᠭᠤᠴᠠᠭ᠎ᠠ ᠪᠠᠨ ᠴᠤ ᠵᠤᠬᠢᠰᠳᠠᠢ ᠳᠤᠭᠳᠠᠭᠠᠨ᠎ᠠ᠃ | ᠶᠡᠷᠦᠩᠬᠡᠢ ᠳᠡᠭᠡᠨ 3 —5 ᠬᠤᠨᠤᠪᠠᠯ ᠨᠢᠭᠡ ᠤᠳᠠᠭᠠᠨ ᠤ ᠳᠤᠮᠨᠤᠯᠭ᠎ᠠ ᠬᠢᠳᠡᠭ᠃ ᠬᠦᠩᠭᠡᠨ ᠨᠢ ᠨᠢᠭᠡ ᠤᠳᠠᠭᠠᠨ ᠤ | ᠳᠤᠮᠨᠤᠯᠭ᠎ᠠ ᠪᠠᠷ᠂ ᠬᠦᠨᠳᠦ ᠨᠢ 3 —5 ᠤᠳᠠᠭᠠᠨ ᠤ ᠳᠤᠮᠨᠤᠯᠭ᠎ᠠ ᠪᠠᠷ ᠪᠦᠷᠢᠮᠦᠰᠦᠨ ᠡᠳᠡᠭᠡᠴᠢᠭᠡᠳᠡᠭ ᠶᠤᠮ᠃ | ᠲᠤᠮᠨᠤᠬᠤ ᠵᠠᠰᠠᠯ ᠤᠨ ᠠᠷᠭ᠎ᠠ ᠤᠳ ᠲᠤᠩ ᠤᠯᠠᠨ ᠪᠠᠶᠢᠳᠠᠭ ᠪᠤᠯᠪᠠᠴᠤ ᠡᠮᠴᠢ ᠲᠤᠮᠴᠢ ᠶᠢᠨ ᠮᠡᠷᠭᠡᠵᠢᠯ | ᠲᠤᠷᠰᠢᠯᠭ᠎ᠠ ᠲᠠᠢ ᠰᠢᠭᠤᠳ ᠬᠤᠯᠪᠤᠭᠳᠠᠬᠤ ᠤᠴᠢᠷ ᠠᠴᠠ ᠡᠮᠴᠢ ᠲᠤᠮᠴᠢ ᠨᠡᠷ ᠤᠨ ᠵᠠᠰᠠᠬᠤ ᠠᠷᠭ᠎ᠠ ᠨᠤᠭᠤᠳ | ᠪᠠᠰᠠ ᠬᠤᠭᠤᠷᠤᠨᠳᠤ ᠪᠠᠨ ᠨᠡᠯᠢᠶᠡᠳ ᠵᠦᠷᠢᠶ᠎ᠡ ᠲᠠᠢ ᠪᠠᠶᠢᠳᠠᠭ ᠃ ᠲᠡᠭᠡᠷ᠎ᠡ ᠲᠤᠷᠠᠳᠤᠭᠰᠠᠨ ᠡᠳᠡᠭᠡᠷ ᠠᠷᠭ᠎ᠠ ᠪᠠᠷᠢᠯ | ᠤᠳ ᠤᠨ ᠵᠠᠷᠢᠮ ᠨᠢ ᠪᠦᠷ ᠡᠷᠳᠡ ᠦᠶ᠎ᠡ ᠳᠤ ᠭᠡᠷᠡᠭᠯᠡᠵᠦ ᠪᠠᠶᠢᠭᠰᠠᠨ ᠲᠤᠮᠨᠤᠬᠤ ᠵᠠᠰᠠᠯ ᠪᠤᠯᠬᠤᠷ ᠤᠳᠤᠬᠢ ᠨᠡᠶᠢᠬᠡᠮ | ᠤᠨ ᠤᠷᠴᠢᠨ ᠲᠤᠭᠤᠷᠢᠨ ᠪᠠ ᠭᠦᠮᠦᠰ ᠤᠨ ᠪᠡᠶ᠎ᠡ ᠮᠠᠬᠠᠪᠤᠳ ᠯᠤᠭ᠎ᠠ ᠵᠤᠬᠢᠴᠠᠯᠳᠤᠬᠤ ᠪᠠᠷ ᠠᠨᠠᠢ ᠪᠤᠶᠤ ᠭᠡᠷᠡᠭᠯᠡᠭᠦ | ᠳᠤ ᠲᠦᠭᠦᠮ ᠦᠭᠡᠢ ᠵᠡᠷᠭᠡ ᠪᠠᠶᠢᠳᠠᠯ ᠢᠯᠡᠷᠡᠵᠡᠢ᠃ ᠡᠶᠢᠮᠦ ᠠᠴᠠ ᠤᠯᠠᠮᠵᠢᠯᠠᠯᠳᠤ ᠲᠤᠮᠨᠤᠬᠤ ᠵᠠᠰᠠᠯ ᠨᠢ ᠴᠦ | ᠨᠡᠶᠢᠬᠡᠮ ᠤᠨ ᠬᠦᠭᠵᠢᠯᠳᠡ ᠶᠢ ᠲᠠᠭᠠᠯᠳᠤᠨ ᠭᠦᠭᠵᠢᠵᠦ᠂ ᠤᠳᠤ ᠶᠢᠨ ᠭᠦᠮᠦᠰ ᠤᠨ ᠪᠡᠶ᠎ᠡ ᠮᠠᠬᠠᠪᠤᠳ ᠪᠤᠶᠤ ᠤᠷᠴᠢᠨ | ᠲᠤᠭᠤᠷᠢᠨ ᠳᠤ ᠲᠤᠬᠢᠷᠠᠭᠰᠠᠨ ᠡᠮᠴᠢᠯᠡᠬᠡᠨ ᠤ ᠮᠡᠷᠭᠡᠵᠢᠯ ᠤᠳ ᠪᠤᠢ ᠪᠤᠯᠵᠤ᠂ ᠲᠠᠷᠢᠬᠢ ᠵᠡᠷᠭᠡ ᠶᠢᠨ ᠴᠤᠯᠤ ᠰᠠᠪᠠᠨ | ᠤ ᠲᠤᠷᠬᠢᠯᠳᠡ ᠶᠢ ᠠᠯᠢ ᠨᠢᠭᠡ ᠭᠡᠰᠡᠭ ᠲᠤ ᠨᠢ ᠴᠤ ᠭᠠᠷ ᠭᠦᠷᠭᠦ ᠦᠭᠡᠢ ᠮᠦᠷᠳᠡᠭᠡᠨ ᠪᠤᠰᠤᠳ ᠪᠠᠭᠠᠵᠢ ᠭᠡᠷᠡᠭᠰᠡᠯ | ᠭᠡᠷᠡᠭᠯᠡᠭᠦ ᠦᠭᠡᠢ ᠪᠠᠷ ᠵᠠᠰᠠᠵᠦ ᠡᠳᠡᠭᠡᠷᠡᠬᠦᠯᠬᠦ ᠪᠤᠯᠵᠠᠢ᠃ ᠡᠭᠦᠨ ᠳᠤ ᠲᠠᠷᠢᠭᠢ ᠨᠡᠯᠢᠶᠡᠳ ᠭᠦᠨᠳᠤ ᠲᠤᠷᠬᠢᠭᠰᠠᠨ ᠢ | ᠲᠤᠯᠤᠭᠠᠢ ᠶᠢᠨ ᠤᠷᠤᠢ ᠶᠢᠨ ᠪᠠᠯᠴᠢᠷ ᠲᠤ ᠨᠢ ᠠᠷᠢᠬᠢ ᠦᠯᠢᠶᠡᠭᠰᠡᠨ ᠤ ᠲᠠᠷᠠᠭ᠎ᠠ ᠭᠦᠴᠦᠳᠠᠶᠢᠬᠡᠨ ᠬᠠᠰᠬᠢᠷᠴᠤ᠂ | ᠡᠪᠡᠳᠴᠢᠳᠡᠨ ᠢ ᠭᠦᠩᠭᠡᠨ ᠰᠤᠴᠢᠭᠠᠵᠤ ᠲᠤᠷᠬᠢᠭᠤᠯᠬᠤ ᠵᠤᠷᠢᠯᠭ᠎ᠠ ᠳᠠᠭᠠᠨ ᠭᠦᠷᠴᠦ᠂ ᠲᠤᠷᠭᠢᠭᠰᠡᠨ ᠲᠠᠷᠢᠭᠢ ᠶᠢ | ᠤᠷᠤᠨᠰᠢᠭᠤᠯᠵᠦ ᠵᠠᠰᠠᠵᠦ ᠪᠠᠰᠠ ᠪᠤᠯᠳᠠᠭ ᠪᠠᠶᠢᠨ᠎ᠠ᠃ | ᠰᠢᠯᠢ ᠶᠢᠨ ᠭᠤᠤᠯ ᠠᠶᠢᠮᠠᠭ ᠤᠨ ᠮᠤᠩᠭᠤᠯ ᠡᠮᠨᠡᠯᠬᠡ ᠶᠢ ᠰᠤᠳᠤᠯᠬᠤ ᠭᠠᠵᠠᠷ ᠤᠨ ᠮᠤᠩᠭᠤᠯ ᠡᠮᠴᠢ᠂ | ᠲᠠᠶᠢᠹᠤᠰᠧ ᠬᠤᠰᠢᠭᠤᠨ ᠤ ᠬᠦᠨᠪᠤᠯᠠᠭ ᠨᠤᠳᠤᠭᠳᠠᠢ ᠴᠤᠶᠢᠨ᠎ᠠ ᠭᠤᠸᠠᠢ ︵1939 — 2003︶ ᠪᠤᠯ ᠲᠠᠷᠢᠬᠢ | ᠵᠠᠰᠠᠬᠤ ᠡᠷᠳᠡᠮ ᠢ ᠬᠦᠢᠴᠡᠳ ᠡᠵᠡᠮᠰᠢᠭᠰᠡᠨ ᠨᠡᠷᠡᠳᠦ ᠡᠮᠴᠢ ᠶᠤᠮ᠃ ᠲᠡᠷᠡᠪᠡᠷ ᠲᠤᠮᠤ ᠠᠶᠠᠭᠠᠨ ᠤ ᠠᠮᠠᠰᠠᠷ ᠤᠨ | ᠬᠢᠷᠢᠳᠡᠢ ᠬᠦᠶᠦᠬᠡᠨ ᠨᠦᠬᠡ ᠮᠠᠯᠳᠠᠭᠠᠳ ᠲᠡᠭᠡᠷ᠎ᠡ ᠨᠢ ᠠᠯᠴᠢᠭᠤᠷ ᠲᠠᠯᠪᠢᠵᠤ᠂ ᠡᠪᠡᠳᠴᠢᠳᠡᠨ ᠤ ᠠᠷᠤ ᠲᠤᠬᠤ ᠶᠢ | ᠨᠦᠬᠡᠨ ᠳᠤ ᠲᠠᠭᠠᠷᠠᠭᠤᠯᠤᠨ᠂ ᠲᠡᠭᠡᠭᠰᠢ ᠬᠠᠨᠳᠤᠭᠤᠯᠵᠤ ᠬᠡᠪᠳᠡᠬᠦᠯᠦᠭᠡᠳ ᠵᠢᠵᠢᠭ ᠯᠠᠩᠲ᠋ᠤᠤ ︵ᠠᠯᠤᠬ᠎ᠠ︶ ᠪᠠᠷ | ᠲᠤᠯᠤᠭᠠᠢ ᠶᠢᠨ ᠲᠡᠭᠡᠷ᠎ᠡ ᠬᠠᠪᠢ ᠶᠢᠨ ᠭᠠᠵᠠᠷ ᠲᠤ ᠭᠤᠷᠪᠠᠨᠳᠠ ᠲᠤᠷᠬᠢᠭᠤᠯᠤᠨ ᠴᠤᠬᠢᠳᠠᠭ᠃ ᠡᠨᠡᠬᠦ ᠲᠤᠷᠬᠢᠯᠳᠠ | ᠳᠤᠨᠢ ᠡᠪᠡᠳᠴᠢᠳᠡᠨ ᠤ ᠰᠢᠯᠵᠢᠭᠰᠡᠨ ᠲᠠᠷᠢᠬᠢ ᠤᠤᠯ ᠤᠷᠤᠨ ᠳᠠᠭᠠᠨ ᠤᠷᠤᠳᠠᠭ ᠪᠠᠶᠢᠵᠠᠢ᠃ ᠴᠤᠶᠢᠨ᠎ᠠ ᠭᠤᠸᠠᠢ | ᠡᠨᠡᠬᠦ ᠦᠪᠡᠷᠮᠢᠴᠡ ᠵᠠᠰᠠᠯᠭ᠎ᠠ ᠶᠢᠨ ᠠᠷᠭ᠎ᠠ ᠪᠠᠷ ᠲᠡᠭᠡᠷ᠎ᠡ ᠵᠠᠭᠤᠨ ᠤ ᠨᠠᠶᠠᠭᠠᠳ ᠤᠨ ᠤ ᠡᠬᠢᠨ ᠠᠴᠠ ᠨᠠᠰᠢ ᠤᠯᠠᠨ | ᠠᠷᠪᠢᠨ ᠡᠪᠡᠳᠴᠢᠳᠡᠨ ᠢ ᠡᠳᠡᠭᠡᠭᠡᠵᠦ ᠢᠷᠡᠭᠰᠡᠨ ᠪᠠᠶᠢᠨ᠎ᠠ᠃ ᠴᠤᠶᠢᠨ᠎ᠠ ᠶᠢᠨ ︽ ᠲᠠᠷᠢᠬᠢ ᠲᠤᠷᠭᠢᠭᠰᠠᠨ ᠢ ᠲᠤᠮᠨᠤᠨ | ᠵᠠᠰᠠᠬᠤ ᠮᠤᠩᠭᠤᠯ ᠲᠤᠮᠨᠤᠯᠭᠠ︾ ᠦᠬᠦᠯᠡᠯ ᠨᠢ ︽ ᠬᠢᠳᠠᠳ ᠡᠮᠨᠡᠯᠬᠡ ᠶᠢᠨ ᠨᠤᠳᠤᠭ ᠤᠨ ᠠᠷᠭ᠎ᠠ ᠶᠢᠨ ᠵᠠᠰᠠᠯ︾ | ᠰᠡᠳᠬᠦᠯ ᠲᠡᠭᠡᠷ᠎ᠡ ᠨᠡᠶᠢᠳᠡᠯᠡᠭᠳᠡᠵᠦ᠂ ᠤᠯᠠᠨ ᠤᠯᠤᠰ ᠤᠨ ᠬᠤᠸᠠ ᠲᠦᠸᠧ ᠰᠢᠨ᠎ᠡ ᠠᠨᠠᠭᠠᠬᠤ ᠤᠬᠠᠭᠠᠨ ᠤ | ᠰᠤᠳᠤᠯᠭᠠᠨ ᠤ ᠨᠡᠶᠢᠬᠡᠮᠯᠢᠭ ᠠᠴᠠ ᠡᠷᠬᠢᠯᠡᠭᠰᠡᠨ ︽ᠬᠤᠸᠠ ᠲᠦᠸᠧ ᠬᠤᠨᠳᠠᠭᠠᠳᠤ︾ ᠦᠬᠦᠯᠡᠯ ᠤᠨ ᠤᠷᠤᠯᠳᠤᠭᠠᠨ | ᠤ ᠠᠯᠳᠠᠨ ᠮᠧᠲ᠋ᠠᠯ ᠢ ᠲᠤᠰᠴᠤ᠂ ᠲᠠᠷᠢᠬᠢ ᠵᠠᠰᠠᠬᠤ ᠨᠡᠷᠡᠳᠦ ᠡᠮᠴᠢ ᠶᠢᠨ ᠬᠤᠪᠢ ᠪᠠᠷ ᠤᠷᠤᠨ ᠠᠶᠢᠮᠠᠭ ᠤᠨ | ᠮᠤᠩᠭᠤᠯ ᠲᠧᠯᠸᠢᠰ ᠲᠡᠭᠡᠷ᠎ᠡ ᠲᠤᠰᠬᠠᠢ ᠲᠠᠨᠢᠯᠴᠠᠭᠤᠯᠤᠭᠳᠠᠵᠤ ᠦᠩᠭᠡᠷᠡᠪᠡ᠃ | 2010 ᠤᠨ ᠳᠤ ᠲᠠᠶᠢᠹᠤᠰᠧ ᠬᠤᠰᠢᠭᠤ ᠮᠤᠩᠭᠤᠯ ᠡᠮᠨᠡᠯᠬᠡ ᠶᠢᠨ ᠲᠠᠷᠢᠬᠢ ᠵᠠᠰᠠᠬᠤ ᠠᠷᠭ᠎ᠠ ᠶᠢ ᠠᠶᠢᠮᠠᠭ | ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ ᠪᠦᠷᠢᠳᠭᠡᠬᠦᠯᠵᠦ᠂ ᠬᠠᠩᠷᠠᠮ᠎ᠠ ᠠᠶᠢᠮᠠᠭ ᠤᠨ ᠲᠡᠰ ᠤᠨ | ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃ | ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄ ᠬᠠᠩᠷᠠᠮ᠎ᠠ᠂ ᠡᠮᠡᠭᠳᠡᠢ᠂ 1945 ᠤᠨ ᠳᠤ ᠲᠦᠷᠦᠪᠡ᠃ | ᠲᠠᠶᠢᠹᠤᠰᠧ ᠬᠤᠰᠢᠭᠤᠨ ᠤ ᠬᠦᠨᠪᠤᠯᠠᠭ ᠰᠤᠮᠤ ᠶᠢᠨ ᠬᠦᠮᠦᠨ᠃ ᠡᠮᠡᠭᠡ ᠡᠵᠢ ᠠᠴᠠ ᠪᠠᠨ ᠲᠠᠷᠢᠬᠢ ᠵᠠᠰᠠᠬᠤ ᠠᠷᠭ᠎ᠠ | ᠶᠢ ᠰᠤᠷᠴᠤ ᠡᠵᠡᠮᠰᠢᠭᠰᠡᠨ ᠠᠴᠠ ᠨᠠᠰᠢ ᠂ ᠲᠠᠪᠢᠭᠠᠳ ᠵᠢᠯ ᠤᠨ ᠦᠢᠯᠡᠳᠦᠯᠬᠡ ᠶᠢᠨ ᠶᠠᠪᠤᠴᠠ ᠳᠤ ᠲᠠᠷᠢᠬᠢ ᠵᠠᠰᠠᠬᠤ | ᠡᠮᠴᠢᠯᠡᠭᠡ ᠶᠢᠨ ᠲᠠᠯᠠᠪᠠᠷ ᠠᠷᠭ᠎ᠠ ᠲᠤᠷᠰᠢᠯᠭ᠎ᠠ ᠬᠤᠷᠠᠮᠳᠤᠭᠤᠯᠤᠨ ᠂ ᠡᠨᠡᠬᠦ ᠮᠤᠩᠭᠤᠯ ᠡᠮᠨᠡᠯᠬᠡ ᠶᠢᠨ ᠤᠯᠠᠮᠵᠢᠯᠠᠯᠳᠤ | ᠰᠣᠶᠣᠯ ᠢ ᠣᠯᠠᠮᠵᠢᠯᠠᠨ ᠪᠠᠳᠠᠷᠠᠭᠤᠯᠬᠤ ᠬᠦᠨᠳᠦ ᠡᠭᠦᠷᠬᠡ ᠶᠢ ᠡᠭᠦᠷᠭᠡᠯᠡᠭᠰᠡᠭᠡᠷ ᠢᠷᠡᠪᠡ᠃ ᠢᠯᠠᠩᠭᠤᠶ᠎ᠠ ᠲᠤᠯᠤᠭᠠᠢ | ᠶᠢᠨ ᠭᠡᠰᠡᠭ ᠢ ᠢᠯᠢᠵᠦ ᠨᠤᠬᠤᠯᠬᠤ ᠪᠤᠶᠤ ᠰᠢᠳᠠᠮᠳᠠᠵᠤ ᠲᠤᠷᠬᠢᠭᠤᠯᠬᠤ᠂ ᠬᠦᠯ ᠤᠨ ᠤᠯᠠ ᠳᠤ ᠭᠡᠪ ᠤᠨ ᠴᠠᠢ | ᠲᠠᠯᠪᠢᠭᠠᠳ ᠰᠦᠬᠡ ᠪᠠᠷ ᠴᠤᠬᠢᠵᠤ ᠲᠤᠮᠨᠤᠬᠤ ᠳᠠᠭᠠᠨ ᠭᠠᠷᠮᠠᠭᠠᠢ ᠪᠠᠶᠢᠵᠤ᠂ ᠮᠠᠰᠢ ᠠᠷᠪᠢᠨ ᠬᠦᠮᠦᠨ ᠢ ᠵᠠᠰᠠᠵᠤ | ᠡᠳᠡᠭᠡᠷᠡᠬᠦᠯᠦᠭᠰᠡᠨ ᠲᠡᠮᠳᠡᠭᠯᠡᠯ ᠪᠤᠢ᠃ ᠲᠡᠬᠦᠨ ᠤ ᠵᠠᠰᠠᠵᠤ ᠡᠳᠡᠭᠡᠷᠡᠬᠦᠯᠦᠭᠰᠡᠨ ᠡᠪᠡᠳᠴᠢᠳᠡᠨ ᠭᠠᠭᠴᠠ ᠬᠦ᠋ | ᠲᠠᠶᠢᠹᠤᠰᠧ ᠬᠤᠰᠢᠭᠤ ᠪᠠᠷ ᠵᠤᠭᠰᠤᠬᠤ ᠪᠢᠰᠢ᠂ ᠬᠦᠷᠰᠢ ᠵᠡᠷᠭᠡᠯᠡᠳᠡᠭᠡ ᠬᠤᠰᠢᠭᠤ ᠰᠢᠶᠠᠨ᠂ ᠴᠢᠨᠠᠭᠰᠢᠯᠠᠭᠠᠳ | ᠭᠠᠳᠠᠨ᠎ᠠ ᠮᠤᠵᠢ ᠤᠷᠤᠨ ᠤ ᠲᠠᠷᠢᠬᠢ ᠤᠨᠠᠭᠰᠠᠨ ᠡᠪᠡᠳᠴᠢᠳᠡᠳ ᠴᠤ ᠲᠡᠬᠦᠨ ᠢ ᠡᠷᠢᠵᠦ ᠡᠮᠨᠡᠨ ᠵᠠᠰᠠᠭᠤᠯᠬᠤ ᠪᠠᠷ | ᠢᠷᠡᠳᠡᠭ ᠪᠤᠯᠵᠠᠢ᠃ |