ᠤᠯᠠᠮᠵᠢᠯᠠᠯᠳᠤ ᠤᠷ᠎ᠠ ᠮᠡᠷᠭᠡᠵᠢᠯ —  ᠴᠠᠭᠠᠰᠤᠨ ᠰᠢᠪᠠᠭᠤ ᠬᠢᠬᠦ
ᠨᠡᠶᠢᠲᠡᠯᠡᠭᠰᠡᠨ ᠴᠠᠭ᠄
2023/8/16
   ᠴᠠᠭᠠᠰᠤᠨ ᠰᠢᠪᠠᠭᠤ ᠪᠤᠯ ᠲᠤᠮᠳᠠᠳᠤ ᠤᠯᠤᠰ ᠠᠴᠠ  ᠡᠬᠦᠰᠴᠦ᠂  ᠪᠦᠬᠦ ᠲᠡᠯᠡᠬᠡᠢ ᠳᠤ  ᠲᠠᠷᠬᠠᠭᠰᠠᠨ  ᠤᠯᠠᠮᠵᠢᠯᠠᠯᠳᠤ ᠭᠠᠷ ᠤᠷᠠᠯᠠᠯ ᠤᠨ ᠪᠦᠳᠦᠭᠡᠭᠳᠡᠬᠦᠨ ᠪᠤᠯᠤᠨ᠎ᠠ᠃  ᠴᠠᠭᠠᠰᠤᠨ ᠰᠢᠪᠠᠭᠤ ᠬᠢᠬᠦ ᠮᠡᠷᠭᠡᠵᠢᠯ ᠴᠢᠩ ᠤᠯᠤᠰ ᠎ ᠤᠨ ᠡᠬᠢᠨ ᠤ ᠦᠶ᠎ᠡ ᠪᠠᠷ ᠨᠡᠬᠦᠳᠡᠯ ᠠᠷᠠᠳ ᠢ ᠲᠠᠭᠠᠵᠤ ᠲᠠᠶᠢᠹᠤᠰᠧ  ᠨᠤᠳᠤᠭ ᠲᠤ ᠤᠷᠤᠵᠤ ᠢᠷᠡᠭᠡᠳ ᠠᠯᠭᠤᠷ  ᠬᠦᠭᠵᠢᠵᠦ ᠦᠨᠦ ᠳᠤ ᠬᠦᠷᠦᠭᠰᠡᠨ ᠶᠤᠮ᠃ ᠲᠤᠬᠠᠢ ᠶᠢᠨ ᠦᠶ᠎ᠡ ᠳᠤ ᠲᠠᠷᠢᠶᠠᠴᠢᠳ ᠰᠤᠯᠠ  ᠰᠡᠯᠡᠬᠦᠦ ᠴᠠᠭ ᠢᠶᠠᠷ ᠎ ᠢᠶᠠᠨ  ᠴᠠᠭᠠᠰᠤᠨ ᠰᠢᠪᠠᠭᠤ ᠬᠢᠵᠦ᠂ ᠲᠡᠭᠡᠷ᠎ᠡ ᠨᠢ ᠡᠯᠳᠡᠪ ᠵᠦᠢᠯ ᠤᠨ ᠵᠢᠷᠤᠭ ᠵᠢᠷᠤᠭᠠᠳ᠂ ᠦᠪᠡᠷᠳᠡᠭᠡᠨ ᠨᠢᠰᠬᠡᠵᠦ ᠲᠤᠭᠯᠠᠬᠤ ᠪᠤᠶᠤ ᠨᠠᠶᠢᠵᠠ ᠨᠦᠬᠦᠳ ᠲᠡᠭᠡᠨ ᠬᠦᠷᠭᠡᠳᠡᠭ  ᠪᠠᠶᠢᠭᠰᠠᠨ ᠢᠶᠠᠨ ᠰᠡᠬᠦᠯᠡᠷ ᠨᠢ ᠲᠠᠸᠠᠷᠴᠢᠯᠠᠵᠤ ᠬᠤᠳᠠᠯᠳᠤᠬᠤ ᠪᠤᠯᠵᠤ᠂ ᠲᠡᠭᠷᠢ ᠲᠡᠳᠬᠦᠭᠴᠢ ᠶᠢᠨ ᠦᠶ᠎ᠡ ᠳᠤ ᠴᠠᠭᠠᠰᠤᠨ ᠰᠢᠪᠠᠭᠤ ᠨᠢ ᠲᠤᠰ ᠭᠠᠵᠠᠷ ᠤᠨ ᠴᠢᠬᠤᠯᠠ ᠭᠠᠷ ᠦᠢᠯᠡᠳᠪᠦᠷᠢ ᠶᠢᠨ ᠠᠵᠤ ᠦᠢᠯᠡᠰ ᠪᠤᠯᠵᠤ ᠪᠠᠶᠢᠵᠠᠢ᠃     ᠴᠠᠭᠠᠰᠤᠨ ᠰᠢᠪᠠᠭᠤ ᠬᠢᠬᠦ ᠮᠡᠷᠭᠡᠵᠢᠯ ᠲᠠᠶᠢᠹᠤᠰᠧ ᠬᠤᠰᠢᠭᠤᠨ ᠳᠤ  ᠤᠯᠠᠮᠵᠢᠯᠠᠭᠳᠠᠭᠰᠠᠨ ᠠᠴᠠ ᠨᠠᠰᠢ᠂  ᠨᠡᠶᠢᠬᠡᠮ ᠤᠨ ᠤᠷᠴᠢᠨ᠂ ᠭᠠᠵᠠᠷ ᠵᠦᠢ ᠶᠢᠨ ᠤᠷᠴᠢᠨ᠂ ᠵᠠᠩ ᠵᠠᠩᠰᠢᠯ ᠤᠨ ᠤᠷᠴᠢᠨ  ᠵᠡᠷᠭᠡ ᠳᠤ ᠨᠦᠯᠦᠭᠡᠯᠡᠭᠳᠡᠭᠡᠳ ᠂  ᠭᠠᠵᠠᠷ ᠤᠷᠤᠨ ᠤ ᠤᠨᠴᠠᠯᠢᠭ ᠰᠢᠨᠵᠢ ᠶᠢ ᠪᠦᠷᠢᠯᠳᠦᠬᠦᠯᠵᠦ᠂   ᠤᠷᠠᠯᠢᠭ ᠤᠨ ᠬᠦᠷᠢᠶᠡᠨ ᠤ ᠨᠢᠬᠡᠨ ᠪᠤᠳᠠ ᠰᠤᠷᠭᠤᠭ ᠴᠡᠴᠡᠭ ᠪᠤᠯᠵᠤ ᠲᠤᠰ ᠨᠤᠳᠤᠭ ᠤᠨ ᠰᠢᠮᠡᠳᠦ ᠬᠦᠷᠦᠰᠦᠨ ᠲᠡᠭᠡᠷ᠎ᠡ ᠲᠡᠯᠭᠡᠷᠡᠨ᠂ ᠠᠷᠠᠳ ᠲᠦᠮᠡᠨ ᠤ  ᠪᠠᠭ᠋ᠠᠷᠬᠠᠯ ᠪᠠ ᠰᠤᠨᠢᠷᠬᠠᠯ ᠳᠤ ᠬᠦᠷᠦᠭᠰᠡᠨ ᠪᠠᠶᠢᠨ᠎ᠠ᠃       ᠴᠠᠭᠠᠰᠤᠨ ᠰᠢᠪᠠᠭᠤᠨ ᠳᠤ ᠦᠨᠢᠷ ᠦᠳᠭᠡᠨ ᠵᠠᠩ ᠢᠷᠭᠡᠨᠰᠢᠯ ᠤᠨ ᠤᠨᠴᠠᠯᠢᠭ ᠠᠭᠤᠯᠤᠭᠳᠠᠵᠤ᠂  ᠠᠮᠢᠳᠠᠨ ᠵᠢᠬᠦᠷᠳᠡᠨ᠂ ᠵᠢᠭᠠᠰᠤ ᠵᠢᠷᠠᠭᠠᠬᠠᠢ᠂  ᠬᠤᠷᠤᠬᠠᠢ ᠰᠢᠪᠠᠵᠢ ᠶᠢᠨ ᠦᠯᠢᠬᠡᠷ ᠭᠡᠪ ᠵᠡᠷᠭᠡ ᠠᠴᠠ ᠭᠠᠳᠠᠨ᠎ᠠ ᠦᠯᠢᠬᠡᠷ ᠲᠤᠮᠤᠭ ᠤᠨ ᠠᠭᠤᠯᠭ᠎ᠠ ᠰᠡᠳᠦᠪ ᠴᠤ ᠤᠷᠤᠭᠰᠠᠨ ᠪᠠᠶᠢᠳᠠᠭ᠃  ᠲᠠᠶᠢᠹᠤᠰᠧ ᠬᠤᠰᠢᠭᠤᠨ ᠤ ᠴᠠᠭᠠᠰᠤᠨ ᠰᠢᠪᠠᠭᠤ ᠤᠷᠠᠯᠠᠭᠴᠢ ᠨᠠᠷ ᠴᠠᠭᠠᠰᠤᠨ ᠰᠢᠪᠠᠭᠤ ᠬᠢᠬᠦ ᠳᠡᠭᠡᠨ  ᠨᠢᠰᠭᠡᠯᠳᠡ ᠶᠢ  ᠪᠤᠳᠤᠯᠬᠢᠯᠠᠬᠤ ᠪᠠᠷ ᠪᠠᠷᠠᠬᠤ ᠦᠬᠡᠢ᠂   ᠭᠡᠷᠡᠮ ᠬᠠᠨ᠎ᠠ ᠳᠠᠭᠠᠨ ᠡᠯᠬᠦᠵᠦ ᠭᠡᠷ ᠤᠨ ᠴᠢᠮᠡᠭ ᠪᠤᠯᠭᠠᠬᠤ ᠶᠢ ᠴᠢᠬᠤᠯᠠᠴᠢᠯᠠᠵᠤ᠂ ᠦᠩᠬᠡ ᠪᠤᠳᠤᠭ᠂ ᠬᠢᠴᠡ ᠪᠦᠳᠦᠴᠡ ᠎ ᠶᠢᠨ ᠲᠠᠯᠠᠪᠠᠷ ᠶᠡᠭᠡ ᠬᠦᠴᠦ  ᠤᠷᠤᠭᠤᠯᠤᠨ᠂ ᠤᠷᠤᠨ ᠨᠤᠳᠤᠭ ᠤᠨ ᠤᠨᠴᠠᠯᠢᠭ ᠢ ᠲᠤᠪᠤᠶᠢᠯᠭᠠᠳᠠᠭ ᠶᠤᠮ᠃       ᠪᠠᠶᠠᠷ ᠲᠤᠷᠠᠰᠬᠠᠯ ᠤᠨ ᠡᠳᠦᠷ ᠬᠦᠷᠴᠦ ᠢᠷᠡᠬᠦᠯᠡᠷ᠂  ᠬᠦᠮᠦᠰ ᠡᠯᠳᠡᠪ ᠵᠦᠢᠯ ᠤᠨ ᠴᠠᠭᠠᠰᠤᠨ ᠰᠢᠪᠠᠭᠤ ᠤᠷᠠᠯᠠᠨ ᠬᠢᠵᠦ  ᠂ ᠰᠠᠶᠢᠨ ᠰᠠᠶᠢᠬᠠᠨ ᠢᠶᠠᠨ  ᠲᠠᠭᠠᠳᠬᠠᠨ᠂  ᠪᠠᠶᠠᠷ ᠵᠢᠷᠭᠠᠯ ᠢᠶᠠᠨ ᠪᠡᠯᠭᠡᠳᠡᠵᠦ ᠪᠠᠶᠢᠳᠠᠭ᠃  ᠵᠢᠱᠢᠶᠡᠯᠡᠪᠡᠯ᠂ ᠰᠡᠷᠢᠰᠦᠨ ᠪᠠᠭᠪᠠᠭ᠋ᠠᠢ ᠶᠢᠨ ᠬᠡᠯᠪᠡᠷᠢ ᠲᠠᠢ  ᠴᠠᠭᠠᠰᠤᠨ ᠰᠢᠪᠠᠭᠤ ᠨᠢᠰᠬᠡᠵᠦ ᠵᠤᠯ ᠵᠢᠷᠭᠠᠯ ᠢᠶᠠᠨ ᠪᠡᠯᠭᠡᠳᠡᠨ᠂  ᠤᠯᠠᠭᠠᠨ ᠲᠤᠭᠤᠷ ᠤᠨ ᠬᠡᠯᠪᠡᠷᠢ ᠲᠠᠢ ᠴᠠᠭᠠᠰᠤᠨ ᠰᠢᠪᠠᠭᠤ ᠪᠠᠷ ᠨᠠᠰᠤᠳᠠᠨ ᠪᠤᠭᠤᠷᠤᠯ ᠤᠨ ᠢᠶᠠᠨ ᠤᠷᠳᠤ ᠨᠠᠰᠤᠯᠠᠵᠤ ᠤᠳᠠᠭᠠᠨ ᠵᠢᠷᠭᠠᠬᠤ ᠶᠢ ᠵᠦᠩᠨᠡᠵᠦ᠂ ᠬᠤᠷᠢᠮ ᠨᠠᠶᠢᠷ ᠤᠨ ᠡᠳᠦᠷ ᠲᠡᠭᠡᠨ ︽ᠬᠤᠤᠰ ᠪᠠᠶᠠᠷ︾  ᠬᠡᠯᠪᠡᠷᠢ ᠲᠠᠢ ᠴᠠᠭᠠᠰᠤᠨ ᠰᠢᠪᠠᠭᠤ ᠨᠢᠰᠭᠡᠨ᠎ᠡ᠃     ᠴᠠᠭᠠᠰᠤᠨ ᠰᠢᠪᠠᠭᠤ ᠬᠢᠬᠦ ᠮᠡᠷᠭᠡᠵᠢᠯ ᠢ ᠶᠡᠷᠦᠩᠬᠡᠢ ᠳᠡᠭᠡᠨ ︽ ᠭᠤᠤᠯ ᠨᠢᠷᠤᠭᠤ ᠶᠢ ᠭᠠᠷᠭᠠᠬᠤ᠂  ᠴᠠᠭᠠᠰᠤ ᠲᠤᠷᠭ᠎ᠠ ᠨᠠᠭᠠᠬᠤ  ᠂ ᠦᠩᠬᠡ ᠪᠤᠳᠤᠭ ᠨᠡᠮᠡᠬᠦ᠂   ᠰᠠᠯᠬᠢᠨ ᠳᠤ ᠲᠠᠯᠪᠢᠵᠤ ᠨᠢᠰᠭᠡᠬᠦ︾ ᠲᠦᠷᠪᠡᠨ ᠭᠤᠭᠴᠤᠭ᠎ᠠ ᠪᠠᠷ ᠲᠤᠪᠴᠢᠯᠠᠵᠤ ᠪᠤᠯᠤᠨ᠎ᠠ᠃  ᠤᠯᠠᠮᠵᠢᠯᠠᠯᠳᠤ ᠴᠠᠭᠠᠰᠤᠨ ᠰᠢᠪᠠᠭᠤ ᠶᠢ ᠬᠢᠬᠦ ᠳᠤ ᠶᠡᠷᠦ ᠨᠢ ᠬᠤᠯᠤᠰᠤ ᠪᠠᠷ ᠭᠤᠤᠯ ᠨᠢᠷᠤᠭᠤ ᠶᠢ ᠬᠢᠵᠦ᠂ ᠴᠠᠭᠠᠰᠤ  ᠪᠤᠶᠤ ᠲᠤᠷᠭ᠎ᠠ ᠪᠦᠰ ᠢᠶᠠᠷ ᠲᠠᠯᠠᠪᠴᠢ ᠶᠢ ᠬᠢᠳᠡᠭ  ᠪᠠᠶᠢᠭᠰᠠᠨ ᠢᠶᠠᠨ ᠰᠡᠬᠦᠯᠡᠷ ᠨᠢ ᠴᠠᠭᠠᠰᠤ  ᠬᠢᠯᠪᠠᠷᠬᠠᠨ ᠴᠤᠭᠤᠷᠤᠵᠤ᠂  ᠲᠤᠷᠭ᠎ᠠ ᠪᠦᠰ ᠤᠨ ᠦᠨ᠎ᠡ ᠬᠠᠩᠰᠢ ᠦᠨᠳᠦᠷ ᠠᠴᠠ  ᠪᠤᠯᠤᠭᠠᠳ᠂ ᠤᠳᠤ  ᠎ ᠶᠢᠨ ᠨᠢᠯᠦ᠋ᠩ ᠪᠦᠰ ᠪᠠ ᠰᠦᠯᠢᠶᠤᠤ  ᠪᠦᠰ ᠨᠢ ᠴᠠᠭᠠᠰᠤᠨ ᠰᠢᠪᠠᠭᠤ ᠦᠢᠯᠡᠳᠬᠦ ᠰᠢᠨ᠎ᠡ ᠮᠠᠲ᠋ᠧᠷᠢᠶᠠᠯ  ᠪᠤᠯᠵᠤ ᠤᠷᠤᠯᠠᠭᠳᠠᠭᠰᠠᠨ ᠪᠠᠶᠢᠨ᠎ᠠ᠃  ᠨᠢᠷᠤᠭᠤ ᠲᠠᠯᠠᠪᠴᠢ ᠶᠢ ᠬᠢᠭᠰᠡᠨ ᠤ ᠲᠠᠷᠠᠭ᠎ᠠ᠂  ᠬᠦᠪᠡᠭᠡ ᠵᠠᠬ᠎ᠠ ᠪᠠᠷ ᠦᠩᠭᠡ ᠪᠤᠳᠤᠭ ᠨᠡᠮᠡᠵᠦ᠂ ᠬᠡ ᠤᠭᠠᠯᠵᠠ  ᠭᠠᠷᠭᠠᠬᠤ ᠪᠤᠶᠤ ᠦᠩᠬᠡ ᠶᠢᠨ ᠤᠳᠠᠰᠤ ᠤᠶᠠᠵᠤ ᠴᠢᠮᠡᠭ ᠨᠡᠮᠡᠷᠢᠯᠡᠨ᠎ᠡ᠃  ᠴᠠᠭᠠᠰᠤᠨ ᠰᠢᠪᠠᠭᠤ ᠶᠢ ᠨᠢᠰᠭᠡᠬᠦ ᠳᠤ ᠤᠷᠳᠤ ᠶᠢᠨ ᠬᠡᠮᠵᠢᠶ᠎ᠡ ᠪᠠᠷ ᠬᠦᠷᠦᠯᠴᠡᠭᠡᠳᠡᠢ ᠪᠠᠬᠢᠯᠢᠭ᠌ ᠨᠠᠷᠢᠨ ᠤᠳᠠᠰᠤ ᠭᠡᠷᠡᠭᠰᠡᠨ᠎ᠡ᠃  ᠤᠷᠢᠶᠠᠯᠳᠠ ᠲᠠᠢ ᠤᠳᠠᠰᠤᠨ ᠤ ᠪᠠᠨ ᠨᠢᠬᠡ ᠦᠵᠦᠬᠦᠷ ᠢ ᠴᠠᠭᠠᠰᠤᠨ ᠰᠢᠪᠠᠭᠤ ᠠᠴᠠ ᠪᠠᠨ ᠤᠶᠠᠵᠤ᠂  ᠰᠠᠯᠬᠢ  ᠲᠠᠭᠠᠷᠠᠭᠤᠯᠤᠨ  ᠡᠪᠳᠡᠢ ᠬᠡᠶᠢᠰᠭᠡᠬᠦ ᠶᠢᠨ ᠲᠠᠭᠠᠤ ᠤᠷᠢᠶᠠᠯᠳᠠ ᠪᠠᠨ ᠪᠠᠭ᠎ᠠ ᠪᠠᠭ᠎ᠠ ᠪᠠᠷ ᠲᠠᠯᠪᠢᠵᠤ  ᠂  ᠴᠠᠭᠠᠰᠤᠨ ᠰᠢᠪᠠᠭᠤ ᠪᠠᠨ ᠤᠭᠳᠠᠷᠭᠤᠢ ᠳᠤ ᠭᠠᠷᠭᠠᠨ᠎ᠠ᠃     ᠴᠠᠭᠠᠰᠤᠨ ᠰᠢᠪᠠᠭᠤ ᠬᠢᠬᠦ ᠤᠷ᠎ᠠ ᠮᠡᠷᠭᠡᠵᠢᠯ ᠢ ᠤᠯᠠᠮ ᠰᠠᠶᠢᠨ ᠤᠯᠠᠮᠵᠢᠯᠠᠨ ᠬᠦᠭᠵᠢᠬᠦᠯᠬᠦ ᠶᠢᠨ ᠲᠦᠯᠦᠬᠡ᠂ ᠲᠠᠶᠢᠹᠤᠰᠧ ᠬᠤᠰᠢᠭᠤ ᠨᠢ  ᠵᠢᠯ ᠪᠦᠷᠢ ᠴᠠᠭᠠᠰᠤᠨ ᠰᠢᠪᠠᠭᠤᠨ ᠤ ᠰᠤᠶᠤᠯ ᠤᠷᠠᠯᠢᠭ ᠤᠨ ᠨᠠᠶᠢᠷ ᠢ  ᠡᠷᠬᠢᠯᠡᠨ᠂  ᠲᠤᠭᠯᠠᠯᠳᠠ ᠦᠵᠡᠬᠦᠯᠦᠯᠬᠡ ᠶᠢᠨ ᠬᠡᠯᠪᠡᠷᠢ ᠪᠠᠷ ᠠᠷᠭ᠎ᠠ ᠲᠤᠷᠰᠢᠯᠭ᠎ᠠ ᠪᠠᠨ  ᠰᠤᠯᠢᠯᠴᠠᠵᠤ  ᠂  ᠡᠨᠡᠬᠦ ᠤᠯᠠᠨ ᠲᠦᠮᠡᠨᠴᠢ ᠴᠢᠨᠠᠷᠳᠠᠢ ᠤᠷᠠᠯᠢᠭ ᠤᠨ  ᠭᠡᠯᠪᠡᠷᠢ ᠶᠢ ᠬᠠᠮᠠᠭᠠᠯᠠᠵᠤ ᠤᠯᠠᠮᠵᠢᠯᠠᠵᠤ ᠪᠠᠶᠢᠨᠠᠮ᠃  ᠤᠳᠤ ᠦᠷᠯᠦᠬᠡ ᠦᠳᠡᠰᠢ  ᠎ ᠨᠢ ᠬᠤᠰᠢᠭᠤᠨ ᠲᠦᠪ ᠤᠨ ᠠᠭᠤᠳᠠᠮ ᠲᠠᠯᠠᠪᠠᠢ ᠲᠡᠭᠡᠷ᠎ᠡ  ᠤᠯᠠᠨ ᠶᠠᠩᠵᠤ ᠶᠢᠨ ᠴᠠᠭᠠᠰᠤᠨ ᠰᠢᠪᠠᠭᠤ  ᠨᠢᠰᠴᠦ  ᠴᠡᠩᠭᠡᠷ ᠤᠭᠳᠠᠷᠭᠤᠢ ᠶᠢ ᠴᠢᠮᠡᠭᠡᠳ᠂ ᠴᠠᠭᠠᠰᠤᠨ ᠰᠢᠪᠠᠭᠤ ᠨᠢ ᠠᠷᠠᠳ ᠢᠷᠭᠡᠳ ᠤᠨ ᠪᠡᠶ᠎ᠡ ᠪᠠᠨ ᠴᠢᠬᠢᠷᠠᠭᠵᠢᠭᠤᠯᠵᠤ᠂ ᠰᠡᠳᠬᠢᠯ ᠢᠶᠠᠨ  ᠪᠠᠶᠠᠰᠬᠠᠬᠤ ᠨᠢᠬᠡ ᠵᠦᠢᠯ ᠤᠨ ᠲᠠᠮᠢᠷ ᠤᠨ ᠬᠦᠳᠡᠯᠬᠡᠬᠡᠨ ᠪᠤᠯᠵᠠᠢ᠃      2015 ᠤᠨ ᠳᠤ ᠲᠠᠶᠢᠹᠤᠰᠧ ᠬᠤᠰᠢᠭᠤ ᠨᠢ  ᠴᠠᠭᠠᠰᠤᠨ ᠰᠢᠪᠠᠭᠤ  ᠬᠢᠬᠦ ᠮᠡᠷᠭᠡᠵᠢᠯ ᠢ ᠠᠶᠢᠮᠠᠭ ᠤᠨ ᠲᠡᠰ ᠎ ᠤᠨ ᠪᠤᠳᠠᠰ ᠤᠨ ᠪᠤᠰᠤ ᠰᠤᠶᠤᠯ ᠤᠨ ᠦᠪ  ᠎ ᠲᠤ  ᠪᠦᠷᠢᠳᠭᠡᠬᠦᠯᠵᠦ᠂   ᠾᠧ ᠱᠸᠦ ᠱᠠᠨ ᠠᠶᠢᠮᠠᠭ ᠤᠨ ᠲᠡᠰ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃     ᠤᠯᠠᠮᠵᠢᠯᠠᠭᠴᠢ  ᠎ ᠶᠢᠨ ᠲᠤᠪᠴᠢ ᠲᠠᠨᠢᠯᠴᠠᠭᠤᠯᠭ᠎ᠠ᠄  ᠾᠧ ᠱᠸᠦ ᠱᠠᠨ᠂  ᠡᠷᠡᠭᠳᠡᠢ᠂    ᠬᠢᠳᠠᠳ ᠦᠨᠳᠦᠰᠦᠳᠡᠨ᠂ 1944 ᠤᠨ ᠳᠤ ᠲᠦᠷᠦᠪᠡ᠃  ᠲᠠᠶᠢᠹᠤᠰᠧ ᠬᠤᠰᠢᠭᠤᠨ ᠤ ᠬᠦᠮᠦᠨ᠃   ᠪᠠᠯᠴᠢᠷ ᠪᠠᠭ᠎ᠠ ᠠᠴᠠ ᠎ ᠪᠠᠨ  ᠬᠦᠳᠡᠭᠡ ᠶᠢᠨ ᠨᠠᠶᠢᠵᠠ ᠨᠠᠷ ᠲᠠᠢ  ᠎ ᠪᠠᠨ ᠬᠠᠮᠳᠤ ᠴᠠᠭᠠᠰᠤᠨ ᠰᠢᠪᠠᠭᠤ ᠨᠢᠰᠭᠡᠨ ᠨᠠᠭᠠᠳᠴᠤ ᠦᠰᠦᠭᠰᠡᠨ ᠪᠤᠯᠬᠤᠷ᠂  ᠴᠠᠭᠠᠰᠤᠨ ᠰᠢᠪᠠᠭᠤᠨ ᠳᠤ  ᠲᠤᠩ ᠪᠠᠭ᠋ᠠᠳᠠᠢ ᠪᠠᠶᠢᠵᠤ᠂  ᠭᠡᠳᠦᠨ ᠠᠷᠪᠠᠨ ᠵᠢᠯ ᠤᠨ  ᠤᠷᠤᠯᠳᠤᠯᠭ᠎ᠠ ᠴᠢᠷᠮᠠᠶᠢᠯᠭ᠎ᠠ ᠪᠠᠷ ᠲᠠᠮᠵᠢᠭᠠᠳ  ᠦᠪᠡᠷᠳᠡᠭᠡᠨ ᠠᠷᠭ᠎ᠠ ᠲᠤᠷᠰᠢᠯᠭ᠎ᠠ  ᠬᠤᠷᠠᠮᠳᠤᠭᠤᠯᠬᠤ ᠶᠢᠨ ᠬᠠᠮᠳᠤ  ᠂ ᠦᠷᠦᠭᠡᠯ ᠎ ᠤᠨ ᠠᠮᠵᠢᠯᠳᠠ ᠲᠠᠢ ᠲᠠᠯ᠎ᠠ ᠶᠢ ᠰᠤᠷᠤᠯᠴᠠᠵᠤ᠂ ᠴᠠᠭᠠᠰᠤᠨ ᠰᠢᠪᠠᠭᠤ ᠬᠢᠬᠦ ᠮᠡᠷᠭᠡᠵᠢᠯ ᠢᠶᠠᠨ ᠲᠠᠰᠤᠷᠠᠯᠳᠠ ᠦᠬᠡᠢ ᠲᠡᠭᠡᠭᠰᠢᠯᠡᠬᠦᠯᠵᠦ ᠢᠷᠡᠵᠡᠢ᠃ ᠲᠡᠬᠦᠨ ᠤ ᠲᠦᠯᠦᠭᠡᠯᠡᠭᠴᠢ ᠪᠦᠳᠦᠭᠡᠯ ᠳᠤ  ᠤᠮᠤᠭᠳᠤ ᠯᠤᠤ᠂  ᠡᠷᠡᠯᠭᠡᠭ  ᠪᠦᠷᠬᠦᠳ᠂  ᠲᠤᠭᠤᠷᠤᠤ ᠤᠨᠤᠭᠰᠠᠨ ᠬᠡᠦᠬᠡᠳ᠂  ᠵᠢᠷᠠᠨ ᠬᠦᠯᠳᠦ ᠴᠢᠴᠢᠬᠦᠷ ᠬᠤᠷᠤᠬᠠᠢ ᠮᠡᠳᠦ  ᠵᠦᠢᠯ ᠪᠦᠷᠢ ᠶᠢᠨ ᠭᠡᠪ ᠲᠦᠷᠢ  ᠪᠠᠶᠢᠵᠤ᠂  ᠵᠢᠷᠤᠭ ᠲᠦᠷᠰᠦ ᠨᠢ ᠰᠢᠨ᠎ᠡ ᠰᠡᠪᠡᠬᠦᠨ᠂  ᠤᠷᠠᠯᠠᠯ  ᠬᠢᠴᠡ ᠨᠢ ᠨᠠᠷᠢᠯᠢᠭ ᠭᠤᠸᠠᠯᠢᠭ ᠮᠦᠷᠳᠡᠭᠡᠨ ᠬᠦᠳᠡᠭᠡ ᠶᠢᠨ ᠠᠮᠢᠳᠤᠷᠠᠯ ᠤᠨ ᠦᠨᠦᠷ ᠠᠮᠳᠠ ᠠᠭᠤᠯᠤᠭᠳᠠᠵᠤ ᠪᠠᠶᠢᠳᠠᠭ᠃  ᠲᠡᠷᠡᠪᠡᠷ ᠦᠭᠬᠢᠶᠡᠮᠦᠷᠴᠢ ᠬᠠᠯᠠᠭᠤᠨ ᠰᠡᠳᠬᠢᠯ ᠲᠠᠢ ᠬᠦᠮᠦᠨ  ᠪᠠᠶᠢᠵᠤ᠂  ᠴᠠᠭᠠᠰᠤᠨ ᠰᠢᠪᠠᠭᠤ ᠬᠢᠬᠦ  ᠤᠷ᠎ᠠ ᠮᠡᠷᠭᠡᠵᠢᠯ ᠢ ᠤᠯᠠᠮᠵᠢᠯᠠᠨ ᠲᠡᠯᠬᠡᠷᠡᠬᠦᠯᠬᠦ ᠶᠢᠨ ᠲᠦᠯᠦᠬᠡ᠂  ᠡᠷᠢᠵᠦ ᠢᠷᠡᠭᠰᠡᠨ ᠬᠦᠮᠦᠨ ᠪᠤᠯᠭᠠᠨ ᠳᠤ ᠡᠷᠳᠡᠮ ᠮᠡᠷᠭᠡᠵᠢᠯ ᠢᠶᠠᠨ ᠬᠠᠷᠠᠮ ᠦᠬᠡᠢ  ᠵᠢᠭᠠᠵᠤ  ᠦᠭᠬᠦ ᠶᠢᠨ ᠲᠠᠭᠠᠤ ᠮᠡᠷᠭᠡᠵᠢᠯ ᠢᠶᠠᠨ  ᠤᠯᠠᠮ  ᠲᠡᠭᠡᠭᠰᠢᠯᠡᠬᠦᠯᠵᠦ᠂  ᠪᠦᠳᠦᠭᠡᠯ ᠢᠶᠠᠨ ᠤᠯᠠᠮ  ᠴᠢᠨᠠᠷᠵᠢᠭᠤᠯᠵᠤ ᠶᠠᠪᠤᠭᠰᠠᠭᠠᠷ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号