ᠤᠯᠠᠮᠵᠢᠯᠠᠯᠳᠤ ᠵᠠᠩ ᠦᠢᠯᠡ —  ᠡᠮᠨᠢᠭ ᠰᠤᠷᠭᠠᠬᠤ
ᠨᠡᠶᠢᠲᠡᠯᠡᠭᠰᠡᠨ ᠴᠠᠭ᠄
2023/10/24
   ᠲᠠᠶᠢᠹᠤᠰᠧᠴᠤᠳ ᠡᠷᠳᠡ ᠳᠡᠭᠡᠳᠤ ᠠᠴᠠ ᠪᠠᠨ ᠡᠮᠨᠢᠭ ᠰᠤᠷᠭᠠᠬᠤ᠂ ᠤᠷᠤᠯᠳᠤᠭᠠᠨ ᠮᠤᠷᠢ ᠤᠶᠠᠵᠤ ᠰᠤᠷᠭᠠᠬᠤ ᠳᠤ ᠭᠠᠷᠮᠠᠭᠠᠢ ᠭᠦᠮᠦᠰ ᠪᠠᠶᠢᠵᠤ᠂ ᠶᠠᠮᠠᠷ ᠴᠤ ᠡᠮᠨᠢᠭ ᠮᠤᠷᠢ ᠶᠢ ᠪᠦᠷ ᠤᠨᠤᠵᠤ ᠰᠤᠷᠭᠠᠵᠤ ᠴᠢᠳᠠᠳᠠᠭ ᠪᠦᠭᠡᠳ ᠮᠤᠷᠢ ᠶᠢ ᠤᠶᠠᠵᠤ ᠰᠤᠷᠭᠠᠨ ᠤᠷᠤᠯᠳᠤᠭᠤᠯᠬᠤ ᠳᠠᠭᠠᠨ ᠭᠠᠷᠮᠠᠭᠠᠢ ᠪᠠᠶᠢᠳᠠᠭ᠃ ᠳᠡᠳᠡ ᠤᠯᠠᠨ ᠵᠠᠭᠤᠨ ᠤ ᠳᠤᠷᠰᠢ ᠮᠤᠷᠢ ᠮᠠᠯ ᠡᠳ᠋ᠯᠡᠵᠤ ᠶᠠᠪᠤᠬᠤ ᠳᠤᠮᠳᠠ ᠪᠠᠨ ᠦᠪᠡᠷᠮᠢᠴᠡ ᠤᠨᠴᠠᠯᠢᠭ ᠲᠠᠢ ᠤᠷᠤᠯᠳᠤᠭᠠᠨ ᠮᠤᠷᠢ ᠤᠶᠠᠵᠤ ᠰᠤᠷᠭᠠᠬᠤ᠂ ᠡᠮᠨᠢᠭ ᠰᠤᠷᠭᠠᠬᠤ ᠤᠷ᠎ᠠ ᠮᠡᠷᠭᠡᠵᠢᠯ ᠢ ᠪᠦᠷᠢᠯᠳᠦᠭᠦᠯᠦᠭᠰᠡᠨ ᠪᠦᠭᠡᠳ ᠡᠨᠡᠭᠦ ᠤᠷ᠎ᠠ ᠮᠡᠷᠭᠡᠵᠢᠯ ᠢᠶᠠᠨ ᠤᠯᠠᠮᠵᠢᠯᠠᠨ ᠭᠦᠭᠵᠢᠭᠦᠯᠦᠭᠰᠡᠭᠡᠷ ᠦᠨᠦᠳᠦᠷ ᠲᠤ ᠭᠦᠷᠴᠤ ᠢᠷᠡᠭᠰᠡᠨ ᠶᠤᠮ᠃   ᠡᠮᠨᠢᠭ ᠰᠣᠷᠭᠠᠬᠤ ᠳᠤ ᠤᠯᠠᠩᠬᠢ ᠳᠠᠭᠠᠨ ᠰᠢᠳᠦᠯᠡᠩ ᠳᠡᠭᠡᠷ᠎ᠡ ᠨᠢ ᠬᠠᠩᠰᠢᠨ ᠤ ᠡᠮᠦᠨ᠎ᠡ ᠬᠤᠶᠢᠨ᠎ᠠ ᠰᠣᠷᠭᠠᠳᠠᠭ᠃ ᠡᠨᠡ ᠦᠶ᠎ᠡ ᠰᠤᠷᠭᠠᠬᠤ ᠳᠤ ᠬᠦᠴᠦ ᠪᠠᠭ᠎ᠠ ᠵᠠᠷᠦᠴᠠᠭᠤᠯᠬᠤ᠂ ᠭᠦᠳᠦᠯᠵᠦ ᠴᠢᠩᠭᠠᠭᠠᠬᠤ ᠳᠤ ᠬᠦᠩᠭᠡᠨ᠂ ᠠᠭᠠᠰᠢᠯᠠᠵᠤ ᠳᠤᠶᠢᠯᠠᠬᠤ ᠨᠢ ᠨᠠᠮᠳᠠᠭᠤᠨ᠂ ᠳᠤᠳᠤᠮᠳᠠᠯᠭ᠎ᠠ ᠬᠦᠯᠢᠶᠡᠳᠡᠭ ᠦᠶ᠎ᠡ ᠪᠢᠯᠡ᠂᠂ ᠡᠮᠨᠢᠭ ᠰᠣᠷᠭᠠᠬᠤ ᠳᠠᠭᠠᠨ ᠪᠠᠷᠢᠬᠤ᠂ ᠭᠦᠳᠦᠯᠬᠦ᠂ ᠤᠨᠤᠬᠤ᠂ ᠵᠠᠯᠠᠬᠤ᠂ ᠠᠯᠬᠤᠯᠠᠬᠤ᠂ ᠴᠢᠳᠦᠷᠯᠡᠬᠦ᠂ ᠤᠰᠤᠯᠠᠬᠤ᠂ ᠢᠳᠡᠰᠢᠯᠡᠭᠦᠯᠬᠦ ᠵᠡᠷᠭᠡ ᠳᠠᠷᠠᠭᠠᠯᠠᠯ ᠢᠶᠠᠷ ᠰᠣᠷᠭᠠᠯᠳᠠ ᠶᠠᠪᠤᠭᠤᠯᠤᠭᠰᠠᠨ ᠤ ᠳᠠᠷᠠᠭ᠎ᠠ ᠨᠢᠭᠡ ᠦᠶ᠎ᠡ ᠰᠦᠷᠦᠭ ᠲᠤ ᠳᠠᠯᠪᠢᠭᠠᠳ ᠳᠠᠬᠢᠨ ᠪᠠᠷᠢᠵᠦ ᠪᠡᠶ᠎ᠡ ᠪᠠᠨ ᠳᠠᠭᠠᠭᠠᠵᠦ ᠶᠠᠪᠤᠭᠤᠯᠬᠤ᠂ ᠤᠶᠢᠷ᠎ᠠ ᠵᠠᠭᠤᠷ᠎ᠠ ᠳᠤᠩᠰᠢᠶ᠎ᠠ ᠳᠠᠪᠬᠢᠭ᠎ᠠ ᠰᠣᠷᠭᠠᠬᠤ᠂ ᠬᠤᠨᠢᠨ ᠳᠤ ᠶᠠᠪᠤᠭᠤᠯᠬᠤ ᠵᠡᠷᠭᠡ ᠬᠤᠶᠠᠳᠣᠭᠠᠷ ᠠᠯᠬᠤᠮ ᠤᠨ ᠴᠠᠭᠠᠷᠠᠭᠤᠯᠬᠤ ᠪᠤᠯᠪᠠᠰᠤᠷᠠᠯ ᠭᠦᠷᠳᠡᠭᠡᠨ᠎ᠡ᠂ ᠳᠠᠷᠠᠭ᠎ᠠ ᠵᠢᠯ ᠠᠴᠠ ᠨᠢ ᠬᠤᠨᠢ ᠮᠠᠯ ᠤᠷᠭᠠᠯᠠᠬᠤ᠂ ᠰᠣᠨᠳᠠᠯᠠᠵᠦ ᠤᠨᠤᠬᠤ ᠂ ᠭᠠᠨᠵᠤᠭᠠᠯᠠᠵᠦ ᠰᠣᠷᠭᠠᠬᠤ᠂ ᠬᠦᠯᠵᠦ ᠰᠣᠷᠭᠠᠬᠤ ᠶᠢ ᠮᠠᠳᠡᠭᠦᠯᠳᠡᠭ᠂  ᠲᠠᠶᠢᠹᠤᠰᠧ ᠮᠤᠩᠭᠤᠯᠴᠣᠳ ᠮᠤᠷᠢ ᠶᠢ ᠤᠨᠤᠵᠤ ᠡᠳ᠋ᠯᠡᠬᠦ ᠪᠠᠷ ᠭᠤᠤᠯᠳᠠᠭᠤᠯᠵᠦ᠂ ᠬᠦᠯᠵᠦ ᠡᠳ᠋ᠯᠡᠬᠦ   ᠨᠢ ᠴᠦᠭᠡᠨ ᠪᠠᠶᠢᠳᠠᠭ᠃ ᠮᠣᠷᠢ ᠶᠢ ᠣᠨᠣᠵᠤ ᠰᠤᠷᠭᠠᠬᠤ ᠳᠠᠭᠠᠨ ᠪᠦᠭᠦᠯᠢ ᠨᠢᠭᠡ ᠨᠠᠰᠤ ᠭᠦᠷᠦᠭᠰᠡᠨ ᠤ ᠳᠠᠷᠠᠭ᠎ᠠ ᠪᠤᠶᠤ ᠳᠠᠭ᠎ᠠ ᠳᠤᠨᠢ ᠰᠤᠷᠭᠠᠨ᠎ᠠ᠃ ᠰᠢᠳᠤᠯᠠᠩ ᠨᠠᠰᠤᠨ ᠳᠤ ᠵᠦᠭᠡᠯᠡᠨ ᠤᠨᠤᠵᠤ ᠡᠳ᠋ᠯᠡᠪᠡᠯ ᠵᠣᠭᠢᠨ᠎ᠡ᠃ ᠳᠠᠭ᠎ᠠ ᠰᠤᠷᠭᠠᠬᠤ ᠳᠤ ᠬᠠᠪᠤᠷ ᠡᠪᠡᠰᠦ ᠨᠤᠭᠤᠭᠠᠯᠠᠨ ᠤᠷᠭᠤᠵᠤ᠂ ᠳᠠᠭᠠᠭᠢ ᠨᠤᠤᠰᠤ ᠨᠢ ᠡᠭᠢᠯᠡᠵᠦ ᠤᠨᠠᠬᠤ ᠦᠶ᠎ᠡ ᠳᠤ ᠰᠤᠷᠭᠠᠳᠠᠭ᠃ ᠮᠢᠬᠠᠯᠠᠵᠤ ᠲᠠᠷᠭᠤᠯᠠᠭᠰᠠᠨ ᠦᠶ᠎ᠡ  ᠳᠤ ᠰᠤᠷᠭᠠᠬᠤ ᠳᠤ ᠲᠣᠭᠢᠷᠠᠬᠤ ᠦᠭᠡᠢ᠃  ᠡᠮᠨᠢᠭ ᠳᠠᠭ᠎ᠠ ᠶᠢ ᠠᠮᠢᠰᠬᠤᠯ ᠢ ᠨᠠᠮᠳᠠᠬᠤ ᠠᠴᠠ ᠡᠮᠦᠨ᠎ᠡ ᠡᠮᠡᠭᠡᠯ ᠢ ᠲᠦᠷᠭᠡᠨ ᠲᠣᠬᠤᠵᠤ ᠱᠠᠯᠠᠮᠠᠭᠠᠢ ᠮᠣᠷᠳᠠᠭᠠᠳ᠂ ᠵᠦᠭᠡᠯᠡᠨ ᠭᠦᠳᠡᠯᠭᠡᠨ᠎ᠡ᠃  ᠳᠠᠭ᠎ᠠ ᠶᠢ ᠪᠠᠷᠢᠵᠤ ᠲᠠᠯᠪᠢᠬᠤ ᠳᠠᠭᠠᠨ ᠴᠢᠭᠢ ᠶᠢ ᠨᠢ ᠣᠯᠠᠨ ᠤᠳᠠᠭ᠎ᠠ ᠴᠢᠩᠭ᠎ᠠ ᠮᠣᠰᠭᠢᠪᠠᠯ ᠨᠣᠮᠣᠬᠠᠷᠠᠨ᠎ᠠ᠃ ᠤᠨᠤᠵᠤ ᠮᠣᠷᠳᠠᠬᠤ ᠳᠠᠭᠠᠨ ᠢᠵᠢᠯᠢ ᠳᠤᠨᠢ ᠳᠠᠭᠠᠭᠤᠯᠵᠤ᠂ ᠨᠢᠮᠭᠡᠨ ᠴᠠᠪᠢ ᠪᠠᠷ ᠨᠢ ᠣᠯᠠᠨ ᠤᠳᠠᠭ᠎ᠠ ᠭᠤᠶᠠᠳᠠᠪᠠᠯ ᠨᠣᠮᠣᠬᠠᠷᠠᠨ᠎ᠠ᠃ ᠴᠢᠳᠦᠷᠯᠡᠭᠰᠡᠨ ᠳᠠᠭ᠎ᠠ ᠶᠢ ᠴᠢᠩᠭ᠎ᠠ ᠶᠠᠪᠤᠭᠤᠯᠪᠠᠯ ᠭᠦᠯ ᠳᠤᠨᠢ ᠭᠡᠮ ᠰᠠᠭᠤᠳᠠᠭ᠃ ᠠᠩᠬ᠎ᠠ ᠰᠤᠷᠭᠠᠬᠤ ᠳᠠᠭᠠᠨ ᠴᠢᠳᠠᠯ ᠲᠠᠢ ᠭᠦᠩᠭᠡᠨ ᠭᠦᠮᠦᠨ ᠤᠨᠤᠵᠤ ᠰᠤᠷᠭᠠᠪᠠᠯ ᠰᠠᠶᠢᠨ ᠪᠠᠶᠢᠳᠠᠭ᠃ ᠣᠯᠠᠨ ᠤᠳᠠᠭ᠎ᠠ ᠦᠢᠴᠢᠪᠡᠯ ᠳᠠᠭ᠎ᠠ ᠪᠠᠰᠠ ᠮᠠᠭᠤ ᠵᠠᠩ ᠰᠤᠷᠤᠨ᠎ᠠ᠃ ᠬᠠᠵᠠᠭᠠᠷᠯᠠᠵᠤ ᠡᠮᠡᠭᠡᠯᠯᠡᠭᠦ ᠳᠡᠭᠡᠨ ᠡᠪ ᠲᠠᠢ ᠵᠦᠭᠡᠯᠡᠨ ᠣᠷᠣᠬᠤ ᠭᠡᠷᠡᠭᠲᠡᠢ᠃ ᠤᠨᠤᠵᠤ ᠶᠠᠪᠣᠬᠤ ᠳᠠᠭᠠᠨ ᠵᠢᠯᠣᠭᠤ ᠪᠠᠨ ᠰᠤᠯᠡ ᠰᠢᠭ᠋ ᠲᠠᠯᠪᠢᠵᠤ᠂ ᠮᠣᠷᠣᠢ ᠬᠠᠵᠠᠭᠠᠷ ᠶᠠᠪᠣᠭᠤᠯᠬᠤ ᠪᠤᠶᠤ ᠪᠤᠷᠤᠭᠤ ᠠᠮᠠ ᠲᠠᠢ ᠬᠠᠳᠤᠷᠬᠤ ᠵᠠᠩ ᠰᠤᠷᠭᠠᠬᠤ ᠠᠴᠠ ᠭᠢᠴᠢᠶᠡᠨ᠎ᠡ᠃  ᠤᠨᠤᠵᠤ ᠶᠠᠪᠤᠭ᠎ᠠ ᠡᠮᠨᠢᠭ ᠮᠣᠷᠢ ᠶᠢ ᠡᠭᠴᠡ ᠦᠡᠳᠦᠷ ᠭᠠᠵᠠᠷ ᠵᠦᠭ  ᠪᠤᠶᠤ ᠰᠠᠯᠭᠢᠨ ᠤ ᠦᠭᠡᠳᠡ ᠰᠢᠷᠦᠭᠦᠨ ᠳᠠᠪᠭᠢᠭᠤᠯᠵᠤ ᠪᠣᠯᠬᠤ ᠦᠭᠡᠢ᠃ ᠵᠢᠯᠣᠭᠤ ᠳᠤ ᠰᠠᠶᠢᠨ ᠳᠠᠰᠤᠭᠠᠳ ᠦᠭᠡᠢ ᠡᠮᠨᠢᠭ ᠮᠣᠷᠢ ᠶᠢ ᠰᠤᠷᠭᠠᠬᠤ ᠳᠠᠭᠠᠨ ᠤᠷᠢᠳᠠᠪᠠᠷ ᠬᠤᠨᠢ ᠬᠠᠷᠢᠭᠤᠯᠵᠤ ᠠᠮᠠ ᠶᠢ ᠨᠢ ᠵᠦᠭᠰᠢᠷᠡᠭᠦᠯᠦᠨ᠎ᠡ᠃  ᠮᠣᠷᠳᠠᠬᠤ ᠪᠤᠶᠤ ᠪᠠᠭᠤᠬᠤ ᠳᠠᠭᠠᠨ ᠠᠮᠠ ᠶᠢ ᠨᠢ ᠰᠢᠭᠤᠳ ᠴᠢᠩᠭ᠎ᠠ ᠲᠠᠲᠠᠵᠤ ᠵᠣᠭᠰᠤᠭᠠᠬᠤ ᠠᠴᠠ ᠭᠢᠴᠢᠶᠡᠨ᠎ᠡ᠃  ᠰᠢᠷᠦᠭᠦᠨ ᠵᠠᠩ  ᠲᠠᠢ ᠡᠮᠨᠢᠭ ᠮᠣᠷᠢ ᠳᠤ ᠳᠠᠪᠬᠤᠷ ᠵᠢᠯᠣᠭᠤ ᠲᠠᠲᠠᠵᠤ ᠪᠣᠯᠤᠨ᠎ᠠ᠃  ᠡᠮᠨᠢᠭ ᠳᠣᠭᠰᠢᠨ ᠮᠣᠷᠢ ᠶᠢ ᠤᠨᠤᠬᠤ ᠳᠠᠭᠠᠨ ᠳᠦᠷᠦᠭᠡ ᠪᠠᠨ ᠬᠤᠯᠪᠤᠨ᠎ᠠ᠃ ᠡᠮᠡᠭᠡᠯ ᠠᠪᠴᠤ ᠣᠴᠢᠬᠤ ᠳᠤ ᠵᠤᠯᠠᠳᠠᠭ ᠡᠮᠨᠢᠭ ᠮᠣᠷᠢ ᠶᠢ ᠤᠷᠢᠳᠠᠪᠠᠷ ᠴᠢᠳᠤᠷᠯᠠᠵᠤ ᠪᠠᠶᠢᠭᠠᠳ ᠡᠮᠡᠭᠡᠯᠯᠡᠨ᠎ᠡ᠃  ᠡᠮᠨᠢᠭ ᠮᠣᠷᠢ ᠶᠢ ᠪᠠᠷᠢᠵᠤ ᠲᠠᠯᠪᠢᠬᠤ ᠳᠠᠭᠠᠨ ᠢᠯᠡᠭᠦᠭᠡᠨ ᠮᠠᠭᠠᠵᠢᠵᠤ᠂ ᠨᠤᠤᠰᠤ ᠦᠰᠦ ᠶᠢ  ᠨᠢ ᠢᠯᠪᠢᠵᠤ᠂ ᠵᠦᠭᠡᠯᠡᠨ ᠳᠠᠭᠤ ᠴᠢᠮᠡᠭᠡ ᠦᠭᠴᠦ ᠳᠠᠰᠬᠠᠨ᠎ᠠ᠃  ᠪᠠᠭ᠎ᠠ ᠨᠠᠰᠤᠨ ᠤ ᠡᠮᠨᠢᠭ ᠮᠣᠷᠢ ᠶᠢ ᠰᠢᠷᠦᠭᠦᠨ ᠮᠠᠯᠢᠶᠠᠳᠠᠨ ᠭᠤᠶᠠᠳᠠᠵᠤ ᠪᠣᠯᠬᠤ ᠦᠭᠡᠢ᠃ ᠡᠮᠨᠢᠭ ᠮᠣᠷᠢ ᠶᠢ ᠠᠩᠬ᠎ᠠ ᠮᠣᠷᠳᠠᠵᠤ ᠰᠤᠷᠭᠠᠬᠤ ᠳᠠᠭᠠᠨ ᠰᠠᠯᠭᠢᠨ ᠤ ᠦᠭᠡᠳᠡ ᠬᠠᠷᠠᠭᠤᠯᠤᠨ ᠲᠡᠭᠰᠢ ᠭᠠᠵᠠᠷ ᠮᠣᠷᠳᠠᠵᠤ ᠠᠪᠤᠭᠠᠳ ᠤᠷᠤᠭᠤ ᠭᠠᠵᠠᠷ ᠰᠠᠵᠢᠯᠠᠬᠤ ᠪᠤᠶᠤ ᠪᠠᠭᠤᠵᠤ ᠶᠠᠪᠠᠭᠠᠨ ᠭᠦᠳᠦᠯᠵᠦ ᠳᠠᠰᠬᠠᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号