ᠤᠯᠠᠮᠵᠢᠯᠠᠯᠳᠤ ᠤᠷᠤᠨ ᠰᠠᠭᠤᠴᠠ —  ᠮᠤᠩᠭᠤᠯ ᠭᠡᠷ
ᠨᠡᠶᠢᠲᠡᠯᠡᠭᠰᠡᠨ ᠴᠠᠭ᠄
2024/2/5
   ᠲᠠᠶᠢᠹᠤᠰᠧᠴᠤᠳ ᠤᠨ ᠤᠯᠠᠮᠵᠢᠯᠠᠯᠳᠤ ᠤᠷᠤᠨ ᠰᠠᠭᠤᠴᠠ ᠨᠢ ᠮᠤᠩᠭᠤᠯ ᠭᠡᠷ ᠪᠠᠶᠢᠪᠠ᠃ ᠭᠡᠷ ᠤᠨ ᠪᠦᠬᠦ ᠴᠤᠭᠴᠠ ᠨᠢ ᠭᠡᠷ ᠤᠨ ᠮᠤᠳᠤ᠂ ᠭᠡᠷ ᠤᠨ ᠪᠦᠷᠢᠶᠡᠰᠦ᠂ ᠤᠭᠤᠰᠤᠷ ᠪᠦᠰᠡᠯᠡᠬᠦᠷ ᠢᠶᠠᠷ ᠪᠦᠷᠢᠳᠦᠨ᠎ᠡ᠃ ᠭᠡᠷ ᠪᠠᠷᠢᠬᠤ᠂ ᠭᠡᠷ ᠢ ᠡᠵᠡᠩᠨᠡᠬᠦ᠂ ᠭᠡᠷ ᠲᠤ ᠬᠤᠯᠪᠤᠭᠳᠠᠬᠤ ᠭᠡᠪ ᠵᠠᠩᠰᠢᠯ ᠨᠢ ᠲᠠᠶᠠᠭᠠᠷ ᠮᠤᠩᠭᠤᠯᠴᠤᠳ ᠤᠨ ᠤᠯᠠᠮᠵᠢᠯᠠᠯ ᠵᠠᠩᠰᠢᠯ  ᠯᠤᠭ᠎ᠠ ᠦᠨᠳᠦᠰᠦᠨ ᠳᠡᠭᠡᠨ ᠠᠳᠠᠯᠢ᠃ ᠭᠡᠷ ᠤᠨ ᠶᠡᠭᠡ ᠪᠠᠭ᠎ᠠ ᠶᠢ ᠬᠠᠨ᠎ᠠ ᠶᠢᠨ ᠲᠤᠭ᠎ᠠ ᠪᠠᠷ ᠬᠡᠯᠡᠯᠴᠡᠨ᠎ᠡ᠃   ᠬᠠᠮᠤᠭ ᠤᠨ ᠪᠠᠭ᠎ᠠ ᠨᠢ ᠲᠦᠷᠪᠡᠨ ᠬᠠᠨ᠎ᠠ ᠲᠠᠢ ᠭᠡᠷ ᠪᠤᠯᠤᠨ᠎ᠠ  ᠃ ᠦᠩᠭᠡᠷᠡᠭᠰᠡᠨ ᠳᠤ ᠡᠬᠡᠯ ᠮᠠᠯᠴᠢᠳ ᠤᠨ ᠤᠯᠠᠩᠬᠢ  ᠨᠢ ᠲᠠᠪᠤᠨ ᠬᠠᠨ᠎ᠠ ᠲᠠᠢ ᠭᠡᠷ ᠲᠤ ᠰᠠᠭᠤᠵᠤ᠂ ᠨᠤᠶᠠᠳ ᠪᠠᠶᠠᠳ ᠪᠤᠯ ᠵᠢᠷᠭᠤᠭᠠᠨ ᠬᠠᠨ᠎ᠠ ᠲᠠᠢ᠂ ᠬᠤᠶᠠᠷ ᠲᠤᠯᠭᠠᠭᠤᠷᠢ ᠲᠠᠢ ᠪᠤᠶᠤ ᠠᠷᠪᠠᠨ ᠬᠠᠨ᠎ᠠ ᠲᠠᠢ᠂ ᠲᠦᠷᠪᠡᠨ ᠲᠤᠯᠭᠠᠭᠤᠷᠢ ᠲᠠᠢ ᠭᠡᠷ ᠲᠤ ᠰᠠᠭᠤᠵᠤ ᠪᠠᠶᠢᠵᠠᠢ᠃  ᠤᠳᠤ ᠪᠤᠯ ᠲᠠᠪᠤ ᠵᠢᠷᠭᠤᠭᠠᠨ ᠬᠠᠨ᠎ᠠ ᠲᠠᠢ ᠭᠡᠷ ᠨᠡᠯᠢᠶᠡᠳ ᠨᠡᠶᠢᠳᠡᠮ ᠬᠡᠷᠡᠭᠯᠡᠭᠳᠡᠵᠤ ᠪᠠᠶᠢᠬᠤ ᠪᠠᠷ ᠪᠠᠷᠠᠬᠤ ᠦᠬᠡᠢ᠂ ᠨᠠᠢᠮᠠ ᠠᠴᠠ ᠠᠷᠪᠠᠨ ᠬᠤᠶᠠᠷ ᠬᠠᠨ᠎ᠠ   ᠲᠠᠢ ᠮᠤᠩᠭᠤᠯ ᠭᠡᠷ ᠪᠠᠰᠠ ᠤᠯᠠᠰᠢᠷᠠᠵᠠᠢ  ᠃      ᠮᠤᠩᠭᠤᠯ ᠭᠡᠷ ᠪᠠᠷᠢᠬᠤ ᠠᠯᠬᠤᠮ ᠶᠠᠪᠤᠴᠠ —  ᠮᠤᠩᠭᠤᠯ ᠭᠡᠷ  ᠪᠤᠯ ᠭᠠᠵᠡᠷ ᠤᠨ ᠭᠦᠷᠤᠰᠤ ᠶᠢ  ᠡᠪᠳᠡᠬᠦ ᠦᠭᠡᠢ᠂  ᠪᠠᠶᠢᠭᠠᠯᠢ ᠤᠷᠴᠢᠨ ᠢ ᠪᠤᠬᠢᠷᠲᠤᠭᠤᠯᠬᠤ ᠦᠭᠡᠢ᠂ ᠪᠠᠷᠢᠵᠤ ᠪᠠᠶᠢᠭᠤᠯᠬᠤ ᠪᠠ ᠪᠠᠭᠤᠯᠠᠭᠠᠵᠤ ᠡᠪᠬᠡᠭᠦ ᠳᠤ ᠲᠦᠭᠦᠮ᠂  ᠲᠡᠭᠡᠭᠡᠵᠦ ᠠᠴᠢᠬᠤ ᠳᠤ ᠭᠦᠩᠭᠡᠨ ᠠᠪᠰᠠᠷᠬᠠᠨ ᠪᠠᠶᠢᠲᠠᠭ  ᠂ ᠨᠡᠬᠦᠳᠡᠯ ᠮᠠᠯᠵᠢᠯ ᠳᠤ  ᠮᠠᠰᠢ ᠵᠤᠬᠢᠴᠠᠭᠰᠠᠨ ᠤᠷᠤᠨ ᠰᠠᠭᠤᠴᠨ ᠮᠦᠨ᠃  ᠮᠤᠩᠭᠤᠯᠴᠤᠳ ᠨᠤᠳᠤᠭ ᠪᠠᠭᠤᠬᠤ ᠳᠠᠭᠠᠨ ᠲᠦᠷᠪᠡᠨ ᠤᠯᠠᠷᠢᠯ ᠤᠨ ᠪᠠᠶᠢᠳᠠᠯ ᠳᠤ ᠵᠤᠬᠢᠴᠠᠭᠤᠯᠵᠤ᠂  ᠪᠡᠯᠴᠢᠭᠡᠷ ᠤᠰᠤᠨ ᠤ ᠬᠦᠷᠦᠯᠴᠡᠭᠡ ᠶᠢ ᠬᠠᠷᠠᠵᠤ ᠪᠠᠭᠤᠳᠠᠭ᠃ ᠵᠤᠨ ᠨᠠᠮᠤᠷ ᠪᠤᠯ ᠲᠡᠨᠵᠢᠯᠢᠭ ᠰᠡᠷᠢᠬᠦᠨ ᠭᠠᠵᠠᠷ᠂ ᠡᠪᠦᠯ ᠬᠠᠪᠤᠷ ᠪᠤᠯ ᠨᠦᠮᠦᠷᠯᠢᠭ ᠲᠤᠯᠠᠭᠠᠨ ᠭᠠᠵᠠᠷ ᠢ ᠰᠤᠩᠭᠤᠨ᠎ᠠ᠃ ᠲᠡᠭᠡᠬᠦ   ᠳᠡᠭᠡᠨ ᠲᠦᠰᠢᠯᠬᠡ ᠵᠢᠬᠢᠯᠭᠡ ᠶᠢ ᠪᠡᠯᠬᠡᠰᠢᠶᠡᠨ ᠰᠢᠨᠵᠢᠬᠦ ᠪᠦᠬᠡᠳ ᠦᠯᠵᠡᠢ ᠪᠤᠰᠤ ᠶᠠᠪᠤᠳᠠᠯ ᠭᠠᠷᠤᠭᠰᠠᠨ ᠭᠠᠵᠠᠷ ᠲᠤ ᠪᠠᠭᠤᠳᠠᠭ ᠦᠬᠡᠢ᠃ ᠪᠠᠭᠤᠴᠠ ᠪᠠᠨ ᠰᠤᠩᠭᠤᠬᠤ ᠳᠠᠭᠠᠨ ᠲᠡᠭᠰᠢ ᠰᠠᠶᠢᠬᠠᠨ ᠭᠠᠵᠠᠷ ᠢ  ᠰᠤᠩᠭᠤᠨ᠎ᠠ᠃  ᠪᠠᠭᠤᠶ᠎ᠠ ᠭᠡᠵᠦ ᠰᠢᠢᠳᠦᠭᠰᠡᠨ ᠭᠠᠵᠠᠷ ᠨᠢ ᠦ ᠰᠡᠪ ᠲᠠᠢ ᠰᠢᠭ ᠪᠠᠶᠢᠪᠠᠯ ᠦ ᠰᠡᠪ ᠢ ᠨᠢ ᠲᠡᠭᠰᠢᠯᠡᠵᠦ ᠭᠡᠷ ᠢᠶᠠᠨ ᠪᠠᠷᠢᠨ᠎ᠠ᠃ ᠡᠪᠦᠯ ᠬᠠᠪᠤᠷ ᠤᠨ ᠤᠯᠠᠷᠢᠯ ᠳᠤ ᠭᠡᠷ ᠢ ᠭᠡᠪᠳᠡᠭᠡ ᠰᠢᠭ ᠪᠠᠷᠢᠪᠠᠯ ᠰᠠᠯᠬᠢ ᠰᠢᠭᠤᠷᠭᠠᠨ ᠳᠤ ᠲᠡᠯᠡᠰᠦᠭᠳᠡᠬᠦ ᠨᠢ ᠪᠠᠭ᠎ᠠ ᠪᠠᠶᠢᠳᠠᠭ᠃  ᠵᠤᠨ ᠨᠠᠮᠤᠷ ᠤᠨ ᠤᠯᠠᠷᠢᠯ ᠳᠤ ᠪᠤᠰᠤᠭ᠎ᠠ ᠪᠠᠷᠢᠪᠠᠯ ᠪᠤᠷᠤᠭᠠᠨ ᠬᠤᠷ᠎ᠠ ᠳᠤ ᠭᠤᠭᠤᠵᠢᠬᠤ ᠦᠬᠡᠢ  ᠃ ᠭᠡᠷ ᠢ ᠠᠯᠢ  ᠬᠢᠷᠢ ᠵᠠᠶᠢᠳᠠᠢ ᠪᠠᠷᠢᠬᠤ ᠪᠠᠨ ᠵᠢᠱᠢᠵᠦ ᠲᠤᠭᠳᠠᠭᠠᠭᠰᠠᠨ ᠤ ᠲᠠᠷᠠᠭ᠎ᠠ᠂ ᠲᠤᠯᠭ᠎ᠠ ᠲᠠᠯᠪᠢᠬᠤ ᠤᠷᠤᠨ ᠳᠤ ᠮᠤᠳᠤ ᠪᠤᠰᠬᠠᠨ ᠪᠠᠷᠢᠵᠤ᠂ ᠲᠡᠬᠦᠨ ᠳᠡᠭᠡᠨ ᠲᠡᠭᠡᠰᠦ ᠶᠢ ᠭᠤᠭᠴᠤᠭᠠᠯᠠᠨ ᠤᠶᠠᠵᠤ᠂ ᠭᠤᠯᠤᠮᠳᠠ ᠬᠠᠨ᠎ᠠ ᠶᠢᠨ ᠵᠠᠢ ᠶᠢᠨ ᠬᠡᠮᠵᠢᠶ᠎ᠡ ᠪᠠᠷ ᠲᠡᠭᠡᠰᠦᠨ ᠳᠡᠭᠡᠨ  ᠭᠠᠳᠠᠰᠤ ᠤᠶᠠᠭᠠᠳ᠂  ᠲᠡᠬᠦᠪᠡᠷ   ᠢᠶᠠᠨ ᠭᠤᠷᠳᠢᠭᠯᠠᠨ ᠵᠢᠷᠤᠵᠤ  ᠤᠷᠤᠮ  ᠭᠠᠷᠭᠠᠭᠠᠳ  ᠂  ᠡᠨᠡ ᠤᠷᠤᠮ ᠢᠶᠠᠨ ᠲᠠᠭᠠᠵᠤ ᠬᠠᠨ᠎ᠠ ᠪᠠᠨ ᠪᠤᠰᠬᠠᠪᠠᠯ ᠮᠤᠩᠭᠤᠯ ᠭᠡᠷ ᠨᠢ ᠲᠦᠬᠦᠷᠢᠭ ᠰᠠᠶᠢᠬᠠᠨ ᠪᠤᠯᠳᠠᠭ᠃      ᠲᠠᠶᠢᠹᠤᠰᠧ ᠨᠤᠳᠤᠭ ᠤᠨ ᠭᠡᠷ ᠨᠢ ᠠᠰ ᠡᠮᠦᠨ᠎ᠡ ᠵᠦᠭ ᠲᠤ ᠬᠠᠷᠠᠭᠰᠠᠨ ᠪᠢᠰᠢ᠂ ᠬᠠᠷᠢᠨ ᠵᠡᠬᠦᠨ ᠡᠮᠦᠨᠡᠰᠢ ᠯᠤᠤ ᠵᠦᠭ ᠢ ᠬᠠᠷᠠᠭᠰᠠᠨ ᠪᠠᠶᠢᠳᠠᠭ᠃ ᠡᠬᠦᠨ ᠢᠶᠠᠨ ᠮᠦᠨ ᠡᠮᠦᠨ᠎ᠡ ᠵᠦᠭ ᠪᠤᠶᠤ ᠨᠠᠷᠠᠨ ᠵᠦᠭ ᠭᠡᠨ᠎ᠡ᠃  ᠡᠬᠦᠳᠡ ᠪᠤᠰᠬᠠᠬᠤ ᠵᠦᠭ ᠢᠶᠠᠨ ᠲᠤᠭᠳᠠᠭᠰᠠᠨ ᠤ ᠲᠠᠷᠠᠭ᠎ᠠ᠂ ᠡᠬᠦᠳᠡ ᠪᠠᠨ ᠲᠡᠷᠡ ᠤᠷᠤᠨ ᠳᠤᠨᠢ ᠡᠮᠦᠨᠡᠰᠢ ᠬᠠᠨᠳᠤᠭᠤᠯᠤᠨ ᠭᠡᠪᠳᠡᠬᠦᠯᠵᠦ ᠡᠬᠦᠳᠡᠨ ᠤ ᠵᠠᠢ ᠶᠢ  ᠦᠯᠡᠳᠡᠭᠡᠭᠡᠳ᠂ ᠡᠬᠦᠳᠡᠨ ᠤ ᠪᠠᠷᠠᠭᠤᠨ ᠲᠠᠯ᠎ᠠ ᠠᠴᠠ ᠡᠬᠢᠯᠡᠵᠦ ᠬᠠᠨ᠎ᠠ ᠪᠠᠨ ᠪᠤᠰᠬᠠᠨ᠂ ᠬᠠᠨ᠎ᠠ ᠶᠢᠨ ᠠᠮᠠ   ᠶᠢ ᠠᠮᠠᠳᠠᠭᠤᠯᠤᠨ ᠲᠤᠬᠢᠷᠠᠭᠤᠯᠵᠤ᠂ ᠲᠤᠯᠤᠭᠠᠢ ᠲᠠᠯ᠎ᠠ ᠠᠴᠠ ᠡᠬᠢᠯᠡᠨ  ᠪᠤᠭᠤᠨ᠎ᠠ᠃ ᠡᠨᠡ  ᠮᠡᠳᠦ ᠪᠠᠷ ᠵᠦᠪ ᠲᠤᠭᠤᠷᠢᠭᠤᠯᠵᠤ ᠬᠠᠨ᠎ᠠ ᠪᠠᠨ ᠪᠤᠭᠤᠭᠠᠳ᠂ ᠡᠬᠦᠳᠡᠨ ᠤ ᠵᠡᠬᠦᠨ ᠲᠠᠯ᠎ᠠ ᠶᠢᠨ ᠬᠠᠨ᠎ᠠ ᠶᠢ ᠪᠤᠰᠬᠠᠭᠰᠠᠨ ᠤ ᠲᠠᠷᠠᠭ᠎ᠠ  ᠡᠬᠦᠳᠡ ᠪᠠᠨ ᠪᠤᠰᠬᠠᠨ ᠬᠤᠶᠠᠷ ᠲᠠᠯ᠎ᠠ ᠶᠢᠨ ᠬᠠᠨ᠎ᠠ ᠶᠢ ᠡᠬᠦᠳᠡ ᠲᠠᠢ ᠬᠤᠯᠪᠤᠵᠤ ᠪᠤᠭᠤᠨ᠎ᠠ᠃ ᠬᠠᠨ᠎ᠠ ᠪᠠᠨ ᠪᠤᠰᠬᠠᠬᠤ ᠠᠴᠠ ᠡᠮᠦᠨ᠎ᠡ ᠱᠠᠯᠠ  ᠮᠤᠳᠤ ᠬᠢᠭᠡᠳ ᠲᠤᠭᠤᠨᠤ ᠶᠢ ᠭᠤᠯᠤᠮᠳᠠ ᠶᠢᠨ ᠤᠷᠤ  ᠳᠤ ᠤᠷᠤᠭᠤᠯᠵᠤ ᠲᠠᠯᠪᠢᠳᠠᠭ᠃ ᠬᠠᠨ᠎ᠠ ᠪᠠᠨ ᠬᠦᠷᠢᠶᠡᠯᠡᠭᠰᠡᠨ ᠤ ᠲᠠᠷᠠᠭ᠎ᠠ᠂ ᠲᠤᠳᠤᠭᠤ ᠶᠢᠨ ᠭᠤᠤᠯ ᠢ ᠬᠤᠶᠢᠳᠤ ᠲᠠᠯ᠎ᠠ ᠶᠢᠨ ᠬᠠᠨ᠎ᠠ ᠶᠢᠨ ᠭᠤᠤᠯ ᠲᠠᠢ ᠡᠭᠴᠡᠯᠡᠬᠦᠯᠵᠦ᠂ ᠲᠤᠳᠤᠭᠤ ᠶᠢᠨ ᠦᠨᠳᠦᠷ ᠢ ᠬᠠᠨ᠎ᠠ ᠶᠢᠨ ᠦᠨᠳᠦᠷ ᠲᠠᠢ ᠲᠡᠩᠴᠡᠬᠦᠯᠦᠨ᠂ ᠲᠠᠯ᠎ᠠ ᠲᠠᠯ᠎ᠠ   ᠠᠴᠠ ᠨᠢ ᠰᠢᠨᠵᠢᠵᠦ ᠪᠠᠶᠢᠭᠠᠳ ᠬᠠᠨ᠎ᠠ ᠶᠢᠨ ᠲᠤᠯᠤᠭᠠᠢ ᠶᠢᠨ ᠦ ᠶᠢ ᠭᠠᠷᠭᠠᠵᠤ  ᠲᠡᠩ ᠰᠠᠴᠠᠭᠤ ᠪᠦᠬᠡᠳ ᠲᠦᠪ ᠲᠦᠬᠦᠷᠢᠭ ᠪᠤᠯᠭᠠᠨ ᠲᠡᠭᠰᠢᠯᠡᠭᠡᠳ᠂ ᠡᠬᠦᠳᠡᠨ ᠤ ᠪᠠᠷᠠᠭᠤᠨ ᠬᠠᠴᠠᠪᠴᠢ ᠶᠢᠨ ᠨᠦᠬᠡᠨ ︵ᠪᠤᠶᠤ ᠭᠠᠷᠠᠬ᠎ᠠ︶ ᠠᠴᠠ ᠬᠠᠨ᠎ᠠ ᠶᠢᠨ ᠪᠦᠰᠡᠯᠡᠬᠦᠷ ︵ᠲᠤᠳᠤᠷ  ᠪᠦᠰᠡᠯᠡᠬᠦᠷ︶ ᠢᠶᠠᠨ ᠵᠠᠩᠬᠢᠳᠴᠤ ᠠᠪᠤᠭᠠᠳ ᠬᠠᠨ᠎ᠠ ᠶᠢᠨ ᠴᠡᠭᠡᠵᠢ ᠪᠠᠷ ᠤᠷᠢᠶᠠᠯᠭᠠᠨ ᠠᠪᠠᠴᠢᠵᠤ᠂ ᠡᠬᠦᠳᠡᠨ ᠤ ᠵᠡᠬᠦᠨ ᠬᠠᠴᠠᠪᠴᠢ ᠶᠢᠨ ᠨᠦᠬᠡᠨ ᠳᠤ ᠰᠤᠯᠠᠬᠠᠨ ᠵᠠᠩᠬᠢᠳᠤᠨ᠎ᠠ᠃   ᠲᠠᠷᠠᠭ᠎ᠠ ᠨᠢ ᠲᠤᠭᠤᠨᠤ ᠪᠠᠨ ᠪᠤᠰᠠᠬᠠᠨ᠎ᠠ᠃ ᠲᠠᠶᠢᠹᠤᠰᠧ ᠨᠤᠳᠤᠭ ᠲᠤ ᠭᠤᠤᠯᠳᠠᠭᠤ ᠬᠡᠯᠬᠢᠶ᠎ᠡ ᠲᠤᠭᠤᠨᠤ ᠪᠠ ᠬᠠᠳᠬᠤᠭᠤᠷ ᠲᠤᠭᠤᠨᠤ ᠶᠢ ᠭᠡᠷᠡᠭᠯᠡᠵᠦ ᠪᠠᠶᠢᠪᠠ᠃ ᠬᠡᠯᠬᠢᠶ᠎ᠡ ᠲᠤᠭᠤᠨᠤ ᠶᠢ ᠪᠤᠰᠬᠠᠬᠤ ᠳᠤ᠂ ᠤᠨᠢ ᠶᠢ ᠪᠠᠭᠯᠠᠵᠤ ᠲᠡᠭᠡᠭᠰᠢ ᠡᠷᠬᠦᠭᠡᠳ᠂ ᠲᠦᠷᠪᠡᠨ ᠲᠠᠯ᠎ᠠ ᠶᠢ ᠭᠤᠤᠯᠯᠠᠭᠰᠠᠨ ᠲᠦᠷᠪᠡᠨ ᠤᠨᠢ ᠶᠢᠨ ᠭᠤᠷᠪᠠ ᠶᠢ ᠨᠢ ᠰᠡᠭᠡᠯᠳᠦᠷᠭᠡ ᠪᠠᠷ ᠪᠠᠷᠠᠭᠤᠨ᠂ ᠬᠤᠶᠢᠨ᠎ᠠ᠂ ᠵᠡᠬᠦᠨ ᠬᠠᠨ᠎ᠠ ᠶᠢᠨ ᠲᠤᠯᠤᠭᠠᠢ ᠶᠢᠨ ᠲᠤᠮᠳᠠ᠂ ᠡᠮᠦᠨ᠎ᠡ ᠲᠠᠯ᠎ᠠ ᠶᠢᠨ ᠬᠢᠨᠢ ᠲᠤᠳᠤᠭᠤ ᠶᠢᠨ ᠬᠤᠨᠳᠤᠭ ᠲᠤ  ᠡᠯᠬᠦᠭᠡᠳ᠂ ᠲᠤᠭᠤᠨᠤ ᠶᠢᠨ ᠬᠡᠴᠡ ᠶᠢ ᠡᠬᠦᠳᠡᠨ ᠤ ᠭᠤᠤᠯ ᠲᠠᠢ ᠰᠠᠶᠢᠳᠤᠷ ᠡᠭᠴᠡᠯᠡᠵᠦ ᠲᠠᠭᠠᠷᠠᠭᠤᠯᠤᠭᠠᠳ ᠪᠤᠰᠤᠳ ᠤᠨᠢ ᠨᠤᠭᠤᠳ ᠢ ᠡᠯᠬᠦᠨ᠎ᠡ᠃ ᠤᠨᠢ ᠶᠢ ᠬᠠᠨ᠎ᠠ ᠶᠢᠨ ᠲᠤᠳᠤᠷ᠎ᠠ ᠲᠠᠯ᠎ᠠ  ᠶᠢᠨ ᠲᠤᠯᠤᠭᠠᠢ ᠳᠤ ᠡᠯᠬᠦᠪᠡᠯ᠂ ᠬᠠᠨ᠎ᠠ ᠶᠢᠨ ᠦᠳᠡᠭᠡᠷᠢ  ᠰᠤᠨᠤᠵᠤ ᠲᠠᠰᠤᠷᠠᠬᠤ ᠦᠬᠡᠢ ᠪᠦᠬᠡᠳ ᠰᠠᠭᠤᠳᠠᠯ ᠰᠠᠶᠢᠳᠠᠢ ᠪᠤᠯᠳᠠᠭ᠃ ᠬᠠᠳᠬᠤᠭᠤᠷ ᠲᠤᠭᠤᠨᠤ ᠶᠢ ᠪᠤᠯ ᠲᠡᠭᠡᠭᠰᠢ ᠡᠷᠬᠦᠵᠦ ᠪᠠᠶᠢᠭᠠᠳ᠂ ᠲᠦᠷᠪᠡᠨ ᠲᠠᠯ᠎ᠠ ᠠᠴᠠ ᠨᠢ ᠲᠦᠷᠪᠡᠨ ᠤᠨᠢ ᠬᠠᠳᠬᠤᠵᠤ ᠪᠠᠶᠢᠭᠠᠳ ᠮᠦᠨ ᠲᠡᠭᠡᠷᠡᠬᠢ ᠶᠤᠰᠤ ᠪᠠᠷ ᠪᠤᠰᠠᠬᠠᠨ᠎ᠠ  ᠃  ᠰᠢᠨᠵᠢᠵᠦ ᠦᠵᠡᠭᠡᠳ ᠦ ᠦᠬᠡᠢ ᠪᠠᠶᠢᠪᠠᠯ᠂ ᠬᠠᠨ᠎ᠠ ᠶᠢᠨ ᠪᠦᠰᠡᠯᠡᠬᠦᠷ ᠢᠶᠠᠨ ᠴᠢᠩᠭᠠᠯᠠᠵᠤ᠂ ᠲᠤᠳᠤᠷ᠎ᠠ ᠲᠠᠯ᠎ᠠ ᠶᠢᠨ ᠲᠦᠷᠪᠡᠨ ᠲᠠᠷᠤᠭᠤᠯᠭ᠎ᠠ ᠶᠢ ᠲᠠᠳᠠᠵᠤ ᠲᠠᠷᠤᠭᠠᠳ ᠭᠡᠷ ᠢᠶᠠᠨ ᠪᠦᠷᠢᠨ᠎ᠡ᠃   ᠤᠷᠢᠳᠠᠪᠠᠷ ᠲᠤᠭᠤᠷᠭ᠎ᠠ ᠶᠢ ᠡᠬᠦᠳᠡᠨ ᠤ ᠬᠤᠶᠠᠷ ᠲᠠᠯ᠎ᠠ ᠠᠴᠠ ᠡᠬᠢᠯᠡᠨ ᠨᠦᠮᠦᠷᠭᠡᠵᠦ᠂ ᠬᠠᠮᠤᠭ ᠰᠡᠬᠦᠯ ᠳᠤᠨᠢ ᠪᠠᠷᠠᠭᠤᠨ ᠬᠤᠶᠢᠳᠤ ᠲᠠᠯ᠎ᠠ ᠶᠢᠨ ᠲᠤᠭᠤᠷᠭ᠎ᠠ ᠶᠢ ᠨᠦᠮᠦᠷᠭᠡᠨ᠎ᠡ᠃ ᠢᠩᠬᠢᠪᠡᠯ ᠲᠤᠭᠤᠷᠭ᠎ᠠ ᠶᠢᠨ ᠠᠮᠠ   ᠨᠢ ᠰᠠᠯᠬᠢᠨ ᠤᠷᠤᠭᠤ ᠲᠠᠯ᠎ᠠ ᠵᠦᠭ ᠲᠡᠭᠡᠨ ᠲᠠᠷᠤᠭᠳᠠᠵᠤ  ᠰᠠᠯᠬᠢ ᠰᠡᠶᠢᠬᠡᠬᠦ ᠦᠬᠡᠢ ᠪᠤᠯᠤᠨ᠎ᠠ᠃ ᠲᠤᠭᠤᠷᠭ᠎ᠠ ᠪᠠᠨ ᠨᠦᠮᠦᠷᠭᠡᠭᠡᠳ ᠲᠤᠭᠤᠷᠭ᠎ᠠ ᠶᠢᠨ ᠭᠤᠳᠤᠷᠤᠤᠯ ᠨᠤᠭᠤᠳ ᠢ ᠰᠤᠯᠪᠢᠴᠢᠨ ᠤᠶᠠᠵᠤ᠂ ᠰᠡᠶ᠋ᠢᠭ ᠨᠦᠭᠦᠳ ᠢ ᠬᠠᠨ᠎ᠠ ᠶᠢᠨ ᠰᠢᠬᠢᠷ᠎ᠠ ᠠᠴᠠ ᠪᠠᠬᠢᠯᠡᠵᠦ ᠤᠶᠠᠨ᠎ᠠ᠃ ᠲᠤᠭᠤᠷᠭ᠎ᠠ ᠶᠢ ᠡᠪᠦᠯ ᠴᠠᠭ ᠪᠤᠯ ᠭᠠᠵᠠᠷ ᠰᠢᠬᠦᠷᠡᠬᠦᠯᠦᠨ ᠪᠦᠷᠢᠵᠦ ᠰᠠᠯᠬᠢ ᠵᠢᠪᠠᠷ ᠢ ᠬᠠᠯᠬᠠᠯᠠᠨ᠂ ᠵᠤᠨ ᠤ ᠴᠠᠭ ᠲᠤ ᠪᠤᠯ ᠭᠠᠵᠠᠷ ᠠᠴᠠ ᠵᠠᠶᠢᠳᠠᠢ ᠲᠡᠭᠡᠷ᠎ᠡ ᠰᠢᠭ ᠨᠦᠮᠦᠷᠭᠡᠳᠡᠭ᠃ ᠲᠤᠭᠤᠷᠭ᠎ᠠ ᠶᠢ ᠨᠦᠮᠦᠷᠭᠡᠬᠦ ᠲᠠᠢ ᠪᠠᠨ ᠵᠡᠷᠭᠡ ᠲᠡᠭᠡᠳᠦ ᠲᠠᠯ᠎ᠠ ᠶᠢᠨ ᠪᠦᠰᠡᠯᠡᠬᠦᠷ ᠢ ᠮᠦᠨ ᠬᠦ᠋ ᠡᠬᠦᠳᠡᠨ ᠤ ᠪᠠᠷᠠᠭᠤᠨ ᠲᠠᠯ᠎ᠠ ᠠᠴᠠ ᠤᠷᠢᠶᠠᠨ ᠲᠠᠳᠠᠵᠤ ᠲᠤᠭᠤᠷᠭ᠎ᠠ ᠪᠠᠨ ᠲᠤᠭᠳᠠᠭᠠᠨ᠎ᠠ᠃  ᠲᠤᠭᠤᠷᠭ᠎ᠠ  ᠶᠢᠨ ᠬᠡᠮ ᠰᠠᠶᠢᠬᠠᠨ ᠵᠤᠬᠢᠴᠠᠪᠠᠯ ᠲᠤᠮᠳᠠ ᠲᠤᠤᠷᠠᠳᠤ ᠪᠦᠰᠡᠯᠡᠬᠦᠷ ᠢ ᠪᠠᠰᠠ ᠲᠠᠳᠠᠨ᠎ᠠ᠃  ᠲᠡᠭᠡᠭᠰᠡᠨ ᠤ ᠲᠠᠷᠠᠭ᠎ᠠ ᠨᠢ ᠭᠡᠷ ᠢᠶᠠᠨ ᠲᠡᠭᠡᠪᠦᠷᠯᠡᠨ᠎ᠡ᠃  ᠤᠷᠢᠳᠠᠪᠠᠷ ᠡᠮᠦᠨ᠎ᠡ ᠲᠠᠯ᠎ᠠ ᠶᠢᠨ ᠲᠡᠭᠡᠪᠦᠷ ᠢ ᠨᠦᠮᠦᠷᠭᠡᠵᠦ᠂ ᠬᠤᠶᠢᠳᠤ ᠲᠠᠯ᠎ᠠ ᠶᠢᠨ ᠲᠡᠭᠡᠪᠦᠷ ᠢ ᠡᠮᠦᠨ᠎ᠡ ᠲᠠᠯ᠎ᠠ ᠶᠢᠨ ᠲᠡᠭᠡᠪᠦᠷ ᠤᠨ ᠠᠮᠠ   ᠶᠢ ᠲᠠᠷᠤᠭᠤᠯᠵᠤ ᠨᠦᠮᠦᠷᠭᠡᠨ᠎ᠡ᠃ ᠲᠡᠭᠡᠪᠦᠷ ᠲᠠᠯᠪᠢᠬᠤ ᠳᠠᠭᠠᠨ ᠲᠡᠭᠡᠪᠦᠷ ᠤᠨ ᠬᠤᠭᠤᠯᠠᠢ ᠶᠢ ᠲᠤᠭᠤᠨᠤ ᠶᠢᠨ ᠢᠷᠮᠡᠭ ᠲᠠᠢ ᠶᠠᠪ ᠴᠠᠪ ᠲᠠᠭᠠᠷᠠᠭᠤᠯᠵᠤ᠂ ᠲᠡᠭᠡᠭᠰᠢ ᠪᠠᠨ ᠲᠤᠭᠤᠨᠤ ᠶᠢ ᠦᠩᠬᠡᠶᠢᠯᠬᠡᠬᠦ ᠦᠬᠡᠢ ᠪᠦᠬᠡᠳ ᠲᠤᠷᠤᠭᠰᠢ ᠰᠢᠪᠳᠤᠷᠴᠤ ᠲᠤᠭᠤᠨᠤ ᠶᠢᠨ ᠬᠤᠷᠤᠭᠤ ᠢᠯᠡ  ᠭᠠᠷᠬᠤ ᠦᠬᠡᠢ ᠪᠠᠶᠢᠬᠤ  ᠶᠢ ᠬᠢᠴᠢᠶᠡᠨ᠎ᠡ᠃ ᠡᠪᠦᠯ ᠴᠠᠭ ᠲᠤ ᠲᠠᠪᠬᠤᠷ ᠪᠦᠷᠢᠶᠡᠰᠦ ᠲᠠᠢ ᠪᠠᠶᠢᠳᠠᠭ ᠪᠦᠭᠡᠳ ᠲᠡᠭᠡᠪᠦᠷ ᠤᠨ ᠵᠠᠪᠰᠠᠷ ᠪᠠᠰᠠ ᠴᠠᠪᠤᠭ ᠬᠠᠪᠴᠢᠭᠤᠯᠵᠤ ᠲᠤᠯᠠᠭᠠᠯᠠᠳᠠᠭ ᠲᠤᠯᠠ ᠲᠤᠳᠤᠷ᠎ᠠ ᠲᠡᠭᠡᠪᠦᠷ ᠢ ᠲᠤᠭᠤᠷᠭ᠎ᠠ ᠠᠴᠠ ᠤᠷᠢᠳ ᠨᠦᠮᠦᠷᠭᠡᠳᠡᠭ ᠪᠠᠶᠢᠨ᠎ᠠ᠃   ᠲᠡᠭᠡᠪᠦᠷ ᠢᠶᠠᠨ ᠲᠠᠯᠪᠢᠵᠤ ᠪᠠᠷᠠᠪᠠᠯ ᠲᠤᠳᠤᠭᠤᠪᠴᠢ ᠪᠠᠨ ᠬᠠᠪᠴᠢᠭᠤᠯᠤᠭᠠᠳ ᠤᠭᠤᠰᠤᠷ ᠪᠦᠴᠡ ᠪᠠᠨ ᠴᠢᠩᠭᠠᠯᠠᠨ᠎ᠠ᠃  ᠲᠤᠭᠤᠷᠭᠠᠨ ᠤ ᠭᠤᠷᠪᠠᠨ ᠪᠦᠰᠡᠯᠡᠬᠦᠷ ᠢᠶᠠᠨ ᠴᠢᠩᠭᠠᠯᠠᠵᠤ᠂ ᠲᠡᠬᠡᠪᠦᠷ ᠤᠨ ᠤᠭᠤᠰᠤᠷ ᠢ ᠲᠠᠷᠤᠨ᠎ᠠ᠃ ᠬᠤᠶᠢᠳᠤ ᠲᠡᠭᠡᠪᠦᠷ ᠤᠨ ᠬᠦᠯ ᠤᠨ ᠬᠤᠶᠠᠷ ᠲᠠᠷᠤᠭᠤᠯᠭ᠎ᠠ ᠶᠢ  ᠰᠢᠭᠤᠳ ᠵᠢᠰᠢᠬᠦᠦ ᠲᠠᠳᠠᠵᠤ᠂ ᠬᠠᠨ᠎ᠠ ᠶᠢᠨ ᠰᠢᠬᠢᠷ᠎ᠡ ᠠᠴᠠ ᠪᠠᠬᠢᠯᠡᠭᠡᠳ᠂ ᠬᠤᠭᠤᠯᠠᠢ ᠶᠢᠨ ᠨᠢᠬᠡ ᠤᠭᠤᠰᠤᠷ᠂ ᠰᠤᠮᠤ ᠶᠢᠨ ᠬᠤᠶᠠᠷ ᠤᠭᠤᠰᠤᠷ ᠢ ᠵᠡᠬᠦᠨ ᠲᠠᠯ᠎ᠠ  ᠶᠢᠨ ᠬᠢ ᠶᠢ ᠪᠠᠷᠠᠭᠤᠨ ᠡᠮᠦᠨᠡᠰᠢ᠂ ᠪᠠᠷᠠᠭᠤᠨ ᠲᠠᠯ᠎ᠠ ᠶᠢᠨ   ᠬᠢ ᠶᠢ ᠵᠡᠬᠦᠨ ᠡᠮᠦᠨᠡᠰᠢ ᠵᠦᠷᠢᠬᠦᠯᠡᠨ ᠲᠠᠳᠠᠵᠤ ᠬᠠᠨ᠎ᠠ  ᠶᠢᠨ ᠰᠢᠬᠢᠷ᠎ᠡ ᠳᠤ ᠤᠶᠠᠭᠠᠳ᠂ ᠦᠵᠦᠬᠦᠷ ᠢ ᠨᠢ ᠲᠡᠭᠡᠭᠰᠢ ᠠᠪᠴᠢᠷᠠᠵᠤ ᠲᠤᠤᠷᠠᠳᠤ ᠪᠦᠰᠡᠯᠡᠬᠦᠷ ᠲᠤ ᠵᠠᠩᠬᠢᠳᠤᠨ᠎ᠠ᠃ ᠢᠩᠬᠢᠬᠦ ᠳᠤ ᠲᠤᠭᠤᠨᠤ ᠲᠤᠳᠤᠭᠤ ᠶᠢᠨ ᠲᠤᠮᠳᠠ ᠦᠯᠵᠡᠢ ᠵᠠᠩᠬᠢᠶ᠎ᠠ ᠬᠡᠯᠪᠡᠷᠢ ᠭᠠᠷᠳᠠᠭ ᠪᠠᠶᠢᠨ᠎ᠠ᠃ ᠠᠷᠤ ᠶᠢᠨ ᠲᠠᠷᠤᠭᠤᠯᠭ᠎ᠠ ᠴᠤ ᠮᠦᠨ ᠡᠨᠡ ᠠᠳᠠᠯᠢ ᠲᠠᠷᠤᠭᠳᠠᠨ᠎ᠠ᠃  ᠬᠠᠮᠤᠭ ᠰᠡᠬᠦᠯ ᠳᠤᠨᠢ ᠡᠷᠦᠬᠡ ᠪᠠᠨ ᠲᠠᠯᠪᠢᠨ᠎ᠠ᠃ ᠡᠷᠦᠬᠡ ᠪᠤᠯ ᠲᠤᠭᠤᠨᠤ ᠶᠢ ᠪᠦᠳᠡᠭᠡᠬᠦ ᠠᠮᠠ  ᠲᠦᠷᠪᠡᠯᠵᠢᠨ ᠢᠰᠡᠭᠡᠢ ᠶᠤᠮ᠃ ᠡᠷᠦᠬᠡ ᠶᠢᠨ ᠲᠦᠷᠪᠡᠨ ᠲᠠᠯ᠎ᠠ ᠶᠢ ᠬᠢᠯᠭᠠᠰᠤᠨ ᠲᠡᠭᠡᠰᠦ ᠪᠠᠷ ᠵᠡᠭᠡᠭᠯᠡᠵᠦ ᠬᠤᠮᠤᠶᠢᠯᠭᠠᠨ ᠤᠶᠤᠭᠰᠠᠨ ᠪᠠᠶᠢᠳᠠᠭ ᠲᠤᠯᠠ  ᠪᠦᠳᠡᠭᠡᠬᠦ ᠳᠤ ᠬᠦᠮᠦᠷᠭᠡᠨ ᠪᠤᠯᠤᠨ᠎ᠠ᠃ ᠡᠷᠦᠬᠡ ᠶᠢ ᠭᠡᠷ ᠤᠨ ᠮᠠᠩᠯᠠᠢ ᠬᠡᠮᠡᠨ ᠶᠡᠬᠡᠳᠡ ᠬᠦᠨᠳᠦᠳᠭᠡᠵᠦ᠂ ᠪᠠᠭᠤᠯᠭᠠᠬᠤ ᠳᠠᠭᠠᠨ ᠬᠦᠮᠦᠨ ᠤ ᠬᠦᠯ ᠠᠴᠠ ᠵᠠᠶᠢᠰ ᠲᠠᠯᠪᠢᠵᠤ᠂ ᠨᠡᠬᠦᠬᠦ ᠳᠡᠭᠡᠨ ᠬᠤᠰᠢᠭᠤᠯᠵᠢᠨ ᠬᠡᠯᠪᠡᠷᠢ ᠲᠠᠢ ᠡᠪᠭᠡᠭᠡᠳ᠂ ᠲᠦᠷᠦᠬᠦᠦ ᠲᠡᠷᠭᠡᠨ ᠤ ᠪᠠᠨ ᠲᠡᠭᠡᠷ᠎ᠡ ᠲᠠᠯ᠎ᠠ  ᠳᠤ ᠲᠡᠭᠡᠭᠡᠵᠦ  ᠶᠠᠪᠤᠨ᠎ᠠ᠃ ᠲᠡᠭᠡᠬᠦᠷ ᠨᠢ ᠠᠯᠬᠤᠵᠤ ᠬᠢᠰᠬᠢᠳᠡᠭ ᠦᠬᠡᠢ᠃ ᠡᠷᠦᠬᠡ ᠶᠢ ᠲᠠᠯᠪᠢᠬᠤ ᠳᠠᠭᠠᠨ ᠡᠷᠦᠬᠡ  ᠶᠢᠨ ᠨᠤᠭᠤᠯᠤᠭᠠᠰᠤ ᠶᠢ ᠲᠤᠭᠤᠨᠤ ᠶᠢᠨ ᠭᠡᠴᠡ ᠲᠠᠢ ᠵᠡᠷᠭᠡᠴᠡᠬᠦᠯᠵᠦ᠂ ᠲᠦᠷᠪᠡᠨ ᠦᠨᠴᠦᠭ ᠢ ᠨᠢ ᠲᠦᠷᠪᠡᠨ ᠵᠦᠭ  ᠲᠤ ᠠᠰᠯᠠᠭᠤᠯᠤᠨ᠂ ᠵᠡᠬᠦᠨ᠂ ᠪᠠᠷᠠᠭᠤᠨ᠂ ᠬᠤᠶᠢᠨᠠᠬᠢ ᠭᠤᠷᠪᠠᠨ ᠦᠨᠴᠦᠭ ᠤᠨ ᠤᠭᠤᠰᠤᠷ ᠢ ᠮᠦᠨ ᠲᠡᠷᠡ ᠴᠢᠭ  ᠲᠤᠨᠢ ᠲᠠᠳᠠᠵᠤ᠂ ᠪᠦᠰᠡᠯᠡᠬᠦᠷ ᠲᠤ ᠰᠤᠯᠪᠢᠴᠠᠭᠤᠯᠤᠨ ᠬᠠᠪᠴᠢᠭᠤᠯᠤᠭᠠᠳ᠂ ᠬᠠᠨ᠎ᠠ ᠶᠢᠨ ᠰᠢᠬᠢᠷ᠎ᠡ ᠠᠴᠠ ᠪᠠᠬᠢᠯᠡᠨ ᠤᠶᠠᠭᠰᠠᠨ ᠤ ᠲᠠᠷᠠᠭ᠎ᠠ ᠦᠵᠦᠬᠦᠷ ᠢ ᠨᠢ ᠪᠤᠴᠠᠭᠠᠨ ᠠᠪᠴᠢᠷᠠᠵᠤ᠂ ᠲᠤᠮᠳᠠ ᠪᠦᠰᠡᠯᠡᠬᠦᠷ ᠲᠤ ᠡᠷᠪᠡᠬᠡᠢ ᠬᠡᠯᠪᠡᠷᠢ ᠭᠠᠷᠭᠠᠨ ᠵᠠᠩᠬᠢᠳᠤᠨ᠎ᠠ᠃ ᠡᠮᠦᠨ᠎ᠡ ᠲᠠᠯ᠎ᠠ ᠶᠢᠨ ᠤᠭᠤᠰᠤᠷ ᠢ ᠡᠷᠦᠬᠡ ᠰᠡᠬᠦᠭᠡᠰᠦᠳᠡᠢ ᠦᠶᠡᠰ ᠬᠤᠶᠢᠰᠢ ᠲᠠᠳᠠᠵᠤ᠂ ᠲᠤᠮᠳᠠ ᠪᠦᠰᠡᠯᠡᠬᠦᠷ ᠠᠴᠠ ᠬᠦᠪᠦᠷᠭᠡᠢ ᠵᠠᠩᠬᠢᠳᠴᠤ ᠲᠠᠯᠪᠢᠬᠤ ᠪᠠ  ᠡᠷᠦᠬᠡ ᠪᠦᠳᠡᠭᠡᠬᠦ ᠦᠶ᠎ᠡ ᠳᠤ ᠡᠬᠦᠳᠡᠨ ᠤ ᠵᠡᠬᠦᠨ ᠲᠠᠯ᠎ᠠ ᠳᠤ ᠲᠤᠮᠳᠠ ᠪᠦᠰᠡᠯᠡᠬᠦᠷ ᠠᠴᠠ ᠬᠦᠪᠦᠷᠭᠡᠢ ᠵᠠᠩᠬᠢᠳᠤᠨ᠎ᠠ᠃ ᠡᠷᠦᠬᠡ ᠲᠠᠳᠠᠬᠤ ᠪᠠ ᠪᠦᠳᠡᠬᠡᠬᠦ ᠳᠤ ᠨᠠᠷᠠᠨ ᠵᠦᠭ  ᠢᠶᠠᠷ  ᠶᠠᠭ ᠨᠢᠬᠡ ᠪᠦᠳᠦᠨ ᠡᠷᠬᠢᠬᠦᠯᠵᠦ ᠲᠠᠳᠠᠨ᠎ᠠ᠃   ᠭᠡᠷ ᠢᠶᠠᠨ  ᠪᠠᠷᠢᠵᠤ ᠪᠠᠷᠠᠪᠠᠯ ᠲᠤᠯᠭ᠎ᠠ ᠪᠠᠨ ᠲᠤᠯᠤᠨ᠎ᠠ᠃ ᠴᠢᠬᠳᠠᠭ᠎ᠠ   ᠶᠢ ᠲᠤᠷᠤᠭᠰᠢ ᠡᠭᠴᠡ ᠤᠨᠵᠢᠭᠤᠯᠤᠨ᠂ ᠲᠤᠭᠤᠨᠤ ᠶᠢᠨ ᠭᠤᠤᠯ ᠴᠡᠭ ᠢᠶᠠᠷ ᠭᠤᠯᠤᠮᠳᠠ ᠶᠢᠨ ᠴᠡᠭ ᠢ ᠲᠤᠭᠳᠠᠭᠠᠵᠤ ᠪᠤᠯᠳᠠᠭ᠃ ᠲᠠᠶᠢᠹᠤᠰᠧᠴᠤᠳ ᠤᠨ ᠤᠯᠠᠩᠬᠢ ᠨᠢ ᠲᠦᠷᠪᠡᠨ ᠬᠦᠯ ᠲᠦᠷᠪᠡᠨ ᠬᠠᠰᠠᠭ ᠲᠠᠢ ᠰᠢᠷᠡᠮᠦᠨ ᠲᠤᠯᠭ᠎ᠠ ᠭᠡᠷᠡᠭᠯᠡᠵᠦ ᠪᠠᠶᠢᠭᠰᠠᠨ ᠶᠤᠮ᠃  ᠲᠤᠯᠭ᠎ᠠ ᠶᠢᠨ ᠲᠦᠷᠪᠡᠨ ᠬᠦᠯ ᠨᠢ ᠪᠠᠷᠠᠭᠤᠨ ᠡᠮᠦᠨ᠎ᠡ᠂ ᠪᠠᠷᠠᠭᠤᠨ ᠬᠤᠶᠢᠨ᠎ᠠ᠂ ᠵᠡᠬᠦᠨ ᠬᠤᠶᠢᠨ᠎ᠠ᠂ ᠵᠡᠬᠦᠨ ᠡᠮᠦᠨ᠎ᠡ ᠵᠦᠭ ᠲᠤ ᠬᠠᠨᠳᠤᠵᠤ᠂ ᠤᠴᠤᠭ ᠢ ᠡᠷᠭᠡᠪᠰᠢ ᠲᠡᠭᠰᠢ ᠪᠠᠶᠢᠯᠭᠠᠨ᠎ᠠ᠃ ᠲᠤᠯᠭ᠎ᠠ ᠬᠠᠵᠠᠶᠢᠪᠠᠯ ᠭᠤᠯᠤᠮᠳᠠ ᠬᠠᠵᠠᠶᠢᠭᠰᠠᠨ ᠶᠠᠪᠤᠳᠠᠯ ᠬᠡᠮᠡᠨ ᠬᠠᠵᠠᠶᠢᠬᠤ ᠶᠢ ᠴᠡᠭᠡᠷᠯᠡᠨ᠎ᠡ  ᠂ ᠢᠯᠠᠩᠭᠤᠶ᠎ᠠ ᠡᠬᠦᠳᠡᠨ ᠵᠦᠭ ᠬᠠᠵᠠᠶᠢᠬᠤ ᠶᠢ ᠤᠨᠴᠠ ᠴᠡᠭᠡᠷᠯᠡᠨ᠎ᠡ  ᠃ ᠲᠤᠯᠭ᠎ᠠ ᠪᠠᠨ ᠲᠠᠯᠪᠢᠪᠠᠯ ᠲᠤᠯᠭ᠎ᠠ ᠶᠢᠨ ᠬᠦᠷᠢᠶ᠎ᠡ ᠶᠢ ᠰᠠᠭᠤᠯᠭᠠᠭᠠᠳ ᠲᠡᠪᠢᠰᠭᠡᠷ ᠰᠢᠷᠢᠳᠡᠭ ᠢᠶᠠᠨ ᠲᠡᠪᠢᠰᠦᠨ᠎ᠡ᠃  ᠡᠪᠤᠯ ᠤᠨ ᠴᠠᠭ ᠲᠤ ᠭᠡᠷ ᠲᠤᠳᠤᠷ᠎ᠠ ᠪᠠᠰᠠ ᠲᠠᠯᠲᠠ ᠬᠠᠩᠵᠤ  ᠪᠠᠷᠢᠵᠤ ᠲᠤᠯᠠᠭᠠᠯᠠᠵᠤ ᠪᠤᠯᠳᠠᠭ᠃ ᠰᠢᠷᠢᠳᠡᠭ ᠢ ᠮᠦᠨ ᠬᠦ᠋ ᠡᠬᠦᠳᠡ ᠠᠳᠠᠯᠢ ᠭᠤᠶᠤ ᠰᠠᠶᠢᠬᠠᠨ ᠬᠡ ᠭᠠᠷᠭᠠᠵᠤ ᠰᠢᠷᠢᠵᠦ ᠬᠢᠨ᠎ᠡ᠃ ᠲᠤᠮᠤ ᠭᠡᠷ ᠲᠤ ᠨᠠᠢᠮᠠᠨ ᠰᠢᠷᠳᠡᠭ ᠲᠡᠪᠢᠰᠳᠡᠭ᠃ ᠡᠨᠡ   ᠨᠢ ᠲᠦᠷᠪᠡᠨ ᠲᠦᠷᠪᠡᠯᠵᠢᠨ᠂ ᠲᠦᠷᠪᠡᠨ ᠬᠤᠰᠢᠭᠤᠯᠵᠢᠨ ᠰᠢᠷᠢᠳᠡᠭ ᠪᠤᠯᠤᠨ᠎ᠠ᠃ ᠤᠷᠢᠳᠠᠪᠠᠷ ᠭᠤᠤᠯ ᠤᠨ ᠰᠢᠷᠢᠳᠡᠭ ᠢᠶᠠᠨ ᠲᠡᠪᠢᠰᠴᠦ᠂ ᠲᠠᠷᠠᠭ᠎ᠠ  ᠨᠢ ᠵᠡᠬᠦᠨ ᠪᠠᠷᠠᠭᠤᠨ ᠲᠠᠯ᠎ᠠ ᠶᠢᠨ ᠬᠢᠭᠡᠳ ᠱᠠᠯᠠ ᠶᠢᠨ ᠰᠢᠷᠢᠳᠡᠭ ᠢᠶᠠᠨ ᠲᠡᠪᠢᠰᠦᠭᠡᠳ᠂ ᠲᠡᠳᠡᠭᠡᠷ ᠤᠨ ᠵᠠᠪᠰᠠᠷ ᠲᠤ ᠬᠤᠰᠢᠭᠤᠯᠵᠢᠨ ᠰᠢᠷᠢᠳᠡᠭ ᠢᠶᠠᠨ ᠰᠢᠭᠰᠢᠭᠯᠡᠵᠦ ᠲᠡᠪᠢᠰᠦᠨ᠎ᠡ᠃ ᠱᠠᠯᠠ   ᠶᠢᠨ ᠮᠤᠳᠤ ᠲᠠᠢ ᠭᠡᠷ ᠲᠤ ᠱᠠᠯᠠ   ᠶᠢᠨ ᠰᠢᠷᠢᠳᠡᠭ ᠲᠡᠪᠢᠰᠬᠦ ᠦᠬᠡᠢ᠃ ᠪᠠᠭ᠎ᠠ ᠭᠡᠷ ᠲᠤ ᠪᠤᠯ ᠲᠤᠭᠤᠷᠢᠭᠤᠯᠭ᠎ᠠ ᠭᠡᠮᠡᠬᠦ ᠲᠦᠷᠪᠡᠨ ᠰᠢᠷᠢᠳᠡᠭ ᠲᠡᠪᠢᠰᠦᠨ᠎ᠡ᠃ ᠲᠤᠭᠤᠷᠢᠭᠤᠯᠭ᠎ᠠ ᠪᠤᠯ ᠲᠤᠭᠤᠷᠢᠭ ᠢ ᠲᠦᠷᠪᠡ ᠬᠤᠪᠢᠶᠠᠵᠤ ᠭᠤᠯᠤᠮᠳᠠ ᠶᠢᠨ ᠭᠡᠰᠡᠭ ᠢ ᠡᠰᠬᠡᠵᠦ ᠠᠪᠤᠭᠰᠠᠨ ᠮᠠᠶ᠋ᠢᠭ  ᠤᠨ ᠲᠡᠪᠢᠰᠭᠡᠷ ᠶᠤᠮ᠃ ᠲᠦᠷᠪᠡᠨ ᠲᠠᠯ᠎ᠠ ᠳᠤ ᠲᠤᠰ ᠪᠦᠷᠢ ᠨᠢᠬᠡ ᠶᠢ ᠲᠡᠪᠢᠰᠬᠦ ᠳᠤ ᠠᠮᠠ ᠨᠢ ᠶᠠᠭ ᠲᠦᠷᠪᠡᠨ ᠦᠨᠴᠦᠭ ᠲᠡᠭᠡᠨ ᠨᠡᠶᠢᠯᠡᠨ᠎ᠡ᠃ ᠱᠠᠯᠠ   ᠲᠠᠢ ᠭᠡᠷ ᠲᠤ ᠡᠬᠦᠳᠡᠨ ᠲᠠᠯ᠎ᠠ ᠶᠢᠨ ᠲᠡᠪᠢᠰᠭᠡᠷ ᠲᠡᠪᠢᠰᠬᠦ ᠦᠬᠡᠢ᠃ ᠰᠢᠷᠢᠳᠡᠭ ᠢ ᠡᠷᠭᠡᠪᠰᠢ ᠵᠦᠪ ᠲᠠᠯ᠎ᠠ ᠪᠠᠷ ᠨᠢ ᠲᠡᠪᠢᠰᠦᠨ᠎ᠡ᠃ ᠴᠢᠨᠡᠭᠡᠯᠢᠭ ᠠᠶᠢᠯ ᠪᠤᠯ ᠰᠢᠷᠢᠳᠡᠭ ᠲᠡᠭᠡᠷ᠎ᠡ ᠪᠠᠨ ᠤᠯᠪᠤᠭ ᠪᠤᠶᠤ ᠭᠡᠪᠢᠰ ᠵᠤᠵᠠᠭᠠᠯᠠᠵᠤ ᠭᠤᠶᠤᠯᠠᠭᠰᠠᠨ ᠪᠠᠶᠢᠳᠠᠭ᠃ ᠰᠡᠬᠦᠯᠳᠡᠵᠦ ᠢᠷᠡᠭᠡᠳ ᠠᠵᠤ ᠠᠮᠢᠳᠤᠷᠠᠯ ᠤᠨ  ᠰᠢᠯᠳᠠᠭᠠᠨ ᠠᠴᠠ ᠪᠤᠯᠤᠭᠠᠳ᠂  ᠰᠢᠷᠢᠳᠡᠭ ᠤᠨ ᠤᠷᠤᠨ ᠳᠤ ᠢᠰᠡᠭᠡᠢ ᠲᠡᠪᠢᠰᠬᠦ ᠪᠤᠯᠤᠭᠰᠠᠨ ᠪᠠ ᠶᠠᠳᠠᠭᠤ ᠠᠶᠢᠯ ᠨᠢ ᠰᠢᠷ᠎ᠠ ᠢᠰᠡᠭᠡᠢ᠂ ᠲᠤᠷᠤᠰᠬ᠎ᠠ ᠲᠡᠪᠢᠰᠦᠭᠰᠡᠨ ᠴᠤ ᠪᠠᠶᠢᠵᠤ᠂ ᠡᠰᠡᠬᠦᠯ᠎ᠡ ᠱᠠᠯᠠ   ᠶᠢ ᠪᠦᠷ ᠲᠡᠪᠢᠰᠭᠡᠷᠯᠡᠬᠦ ᠦᠬᠡᠢ ᠬᠠᠯᠴᠠᠭᠠᠢ ᠤᠷᠬᠢᠳᠠᠭ ᠪᠤᠯᠵᠠᠢ᠃  ᠭᠡᠷ ᠲᠤ ᠬᠤᠶᠢᠮᠤᠷ ᠠᠴᠠ ᠪᠠᠷᠠᠭᠤᠨ ᠲᠠᠯ᠎ᠠ ᠲᠡᠰᠢ ᠡᠷᠡᠭᠳᠡᠢ ᠬᠦᠮᠦᠨ ᠤ ᠭᠡᠷᠡᠭᠰᠡᠯ ᠂ ᠵᠡᠬᠦᠨ ᠲᠠᠯ᠎ᠠ ᠲᠡᠰᠢ ᠡᠮᠡᠭᠳᠡᠢ ᠬᠦᠮᠦᠨ ᠤ ᠭᠡᠷᠡᠭᠰᠡᠯ ᠢ ᠲᠠᠯᠪᠢᠨ᠎ᠠ᠃ ᠡᠨᠡ   ᠨᠢ ᠬᠡᠷ ᠪᠦᠯᠢ ᠶᠢᠨ ᠠᠵᠢᠯ ᠤᠨ ᠬᠤᠪᠢᠶᠠᠷᠢ ᠠᠴᠠ ᠪᠤᠯᠤᠭᠰᠠᠨ ᠭᠡᠳᠡᠭ᠃ ᠮᠦᠨ ᠡᠨᠡ ᠵᠢᠷᠤᠮ ᠢ ᠮᠦᠷᠳᠡᠵᠦ᠂ ᠬᠤᠶᠢᠮᠤᠷ ᠲᠤ ᠤᠷᠤ ᠶᠢᠨ ᠰᠢᠷᠡᠭᠡ  ᠪᠠᠨ  ᠲᠠᠯᠪᠢᠭᠠᠳ ᠲᠡᠭᠡᠷ᠎ᠡ ᠨᠢ ᠤᠷᠤ ᠲᠡᠪᠢᠰᠭᠡᠷ᠂ ᠬᠤᠪᠴᠠᠰᠤ ᠬᠤᠨᠠᠷ ᠢᠶᠠᠨ ᠬᠤᠷᠢᠶᠠᠳᠠᠭ᠃ ᠬᠡᠬᠦ ᠳᠡᠭᠡᠨ ᠵᠠᠭᠠᠮ᠎ᠠ ᠵᠠᠬ᠎ᠠ ᠶᠢ ᠪᠠᠷᠠᠭᠤᠨᠰᠢ ᠬᠠᠨᠳᠤᠭᠤᠯᠵᠤ ᠬᠤᠷᠢᠶᠠᠨ᠎ᠠ᠃ ᠲᠠᠶᠢᠹᠤᠰᠧᠴᠤᠳ ᠰᠠᠭᠤᠷᠢᠰᠢᠨ ᠨᠤᠳᠤᠭᠯᠠᠭᠰᠠᠨ ᠠᠴᠠ ᠬᠤᠶᠢᠰᠢ  ᠤᠷᠤ ᠶᠢᠨ ᠰᠢᠷᠡᠭᠡ ᠪᠤᠶᠤ ᠶᠡᠭᠡ ᠤᠷᠤᠨ ᠲᠠᠢ ᠠᠶᠢᠯ ᠤᠯᠠᠨ ᠪᠤᠯᠵᠠᠢ᠃ ᠪᠠᠷᠠᠭᠤᠨ ᠬᠤᠶᠢᠳᠤ ᠲᠠᠯ᠎ᠠ ᠪᠤᠯ ᠪᠤᠷᠬᠠᠨ   ᠤ ᠤᠷᠤ ᠪᠤᠯᠤᠨ᠎ᠠ᠃  ᠠᠳᠡ ᠪᠤᠷᠬᠠᠨ ᠤ ᠠᠪᠳᠠᠷ᠎ᠠ ᠪᠤᠶᠤ ᠰᠢᠷᠡᠭᠡ᠂ ᠲᠡᠬᠦᠨ ᠤ ᠲᠡᠭᠡᠷ᠎ᠡ ᠬᠦᠩᠭᠠᠷᠸ᠎ᠠ᠂ ᠲᠠᠯᠠᠯᠭ᠎ᠠ ᠶᠢᠨ ᠰᠠᠭᠤᠯᠠᠭ᠎ᠠ᠂ ᠨᠤᠮ ᠰᠤᠳᠤᠷ ᠵᠡᠷᠭᠡ ᠶᠢ ᠲᠠᠯᠪᠢᠨ᠎ᠠ᠃ ᠭᠡᠷ ᠤᠨ ᠪᠠᠷᠠᠭᠤᠨ ᠲᠠᠯ᠎ᠠ ᠶᠢᠨ ᠠᠪᠳᠠᠷ᠎ᠠ ᠳᠤ ᠭᠡᠷ ᠤᠨ ᠡᠵᠡᠨ ᠤ ᠭᠡᠷᠡᠭᠯᠡᠬᠦ ᠵᠤᠳᠤᠭ ᠱᠤᠳᠠᠭ᠂ ᠱᠠᠭ᠎ᠠ ᠰᠢᠳᠠᠷ᠎ᠠ᠂ ᠪᠢᠴᠢᠭ ᠤᠨ ᠭᠡᠷᠡᠭᠰᠡᠯ ᠢ ᠬᠢᠬᠦ ᠪᠦᠬᠡᠳ ᠫᠤᠤ ᠰᠤᠮᠤ᠂ ᠢᠯᠳᠦ ᠰᠡᠯᠡᠮ᠎ᠡ  ᠮᠡᠳᠦ ᠶᠢᠨ ᠵᠡᠷ ᠵᠡᠪᠰᠡᠭ ᠤᠨ ᠵᠦᠢᠯ ᠪᠠᠶᠢᠪᠠᠯ  ᠲᠡᠬᠦᠨ ᠤ ᠲᠡᠭᠡᠷ᠎ᠡ ᠢᠷ ᠦᠵᠦᠬᠦᠷ ᠢ ᠨᠢ ᠭᠠᠳᠠᠭᠰᠢ ᠬᠠᠨᠳᠤᠭᠤᠯᠤᠨ ᠬᠠᠨ᠎ᠠ ᠶᠢᠨ ᠲᠤᠯᠤᠭᠠᠢ ᠠᠴᠠ ᠡᠯᠬᠦᠨ᠎ᠡ᠃ ᠲᠡᠬᠦᠨ ᠠᠴᠠ ᠲᠤᠷᠤᠭᠰᠢ ᠠᠶᠢᠷᠠᠭ ᠤᠨ ᠭᠠᠩ  ᠢ  ᠲᠠᠯᠪᠢᠵᠤ᠂ ᠪᠠᠷᠠᠭᠤᠨ ᠡᠮᠦᠨ᠎ᠡ ᠦᠨᠴᠦᠭ ᠲᠤ ᠡᠮᠡᠬᠡᠯ ᠬᠠᠵᠠᠭᠠᠷ ᠨᠤᠭᠳᠤ ᠴᠢᠳᠦᠷ ᠵᠡᠷᠭᠡ ᠮᠤᠷᠢᠨ ᠤ ᠡᠳ᠋ᠯᠡᠯ ᠢ ᠲᠠᠯᠪᠢᠨ᠎ᠠ᠃ ᠵᠠᠷᠢᠮ ᠠᠶᠢᠯ ᠠᠴᠠ ᠱᠤᠩ ᠪᠤᠰᠬᠠᠵᠤ᠂ ᠡᠮᠡᠬᠡᠯ ᠢ ᠤᠨᠤᠭᠤᠯᠵᠤ ᠲᠠᠯᠪᠢᠬᠤ ᠪᠠ ᠵᠠᠷᠢᠮ ᠠᠶᠢᠯ ᠨᠢ ᠬᠠᠨ᠎ᠠ ᠶᠢᠨ ᠲᠤᠯᠤᠭᠠᠢ ᠠᠴᠠ ᠭᠤᠬ᠎ᠠ ᠲᠠᠢ ᠰᠤᠷ ᠲᠠᠳᠠᠵᠤ᠂ ᠲᠡᠬᠦᠨ ᠳᠡᠭᠡᠨ ᠤᠨᠤᠭᠤᠯᠵᠤ ᠡᠯᠬᠦᠬᠦ ᠴᠤ ᠪᠤᠢ᠃  ᠭᠡᠬᠦ ᠳᠡᠭᠡᠨ ᠵᠠᠪᠠᠯ ᠡᠮᠦᠨ᠎ᠡ ᠪᠦᠬᠦᠷᠭᠡ ᠶᠢ ᠡᠮᠦᠨᠡᠰᠢ ᠬᠠᠨᠳᠤᠭᠤᠯᠵᠤ ᠲᠠᠯᠪᠢᠬᠤ ᠪᠦᠬᠡᠳ ᠬᠦᠰᠡᠷ ᠲᠠᠯᠪᠢᠪᠠᠯ ᠡᠮᠦᠨ᠎ᠡ ᠪᠦᠬᠦᠷᠭᠡ ᠶᠢ ᠲᠡᠭᠡᠭᠰᠢ ᠨᠢ᠂ ᠰᠠᠭᠤᠳᠠᠯ ᠢ ᠬᠤᠶᠢᠳᠤ ᠵᠦᠭ ᠲᠤ ᠬᠠᠨᠳᠤᠭᠤᠯᠵᠤ ᠲᠠᠯᠪᠢᠨ᠎ᠠ᠃ ᠬᠠᠵᠠᠭᠠᠷ ᠨᠤᠭᠳᠤ᠂ ᠴᠢᠳᠤᠷ ᠲᠤᠱᠠ᠂ ᠮᠤᠷᠢᠨ ᠤ ᠬᠤᠰᠤᠭᠤᠷ ᠵᠡᠷᠭᠡ ᠶᠢ ᠪᠠᠷᠠᠭᠤᠨ ᠬᠠᠭᠠᠯᠭᠠᠨ ᠤ ᠠᠷᠤ ᠶᠢᠨ ᠬᠠᠨ᠎ᠠ ᠶᠢᠨ ᠲᠤᠯᠤᠭᠠᠢ  ᠳᠤ ᠪᠤᠶᠤ ᠬᠠᠨ᠎ᠠ ᠶᠢᠨ ᠲᠤᠯᠤᠭᠠᠢ ᠠᠴᠠ ᠲᠡᠬᠦᠵᠢᠯᠡᠭᠰᠡᠨ ᠮᠠᠬᠢᠷ ᠮᠤᠳᠤᠨ ᠡᠯᠬᠦᠬᠦᠷ ᠲᠤ ᠲᠤᠯᠤᠭᠠᠢ ᠶᠢ ᠨᠢ ᠲᠡᠭᠡᠭᠰᠢ᠂ ᠬᠠᠮᠠᠷ ᠢ ᠨᠢ ᠭᠤᠯᠤᠮᠳᠠ ᠵᠦᠭ ᠬᠠᠨᠳᠤᠭᠤᠯᠤᠨ ᠡᠯᠬᠦᠨ᠎ᠡ᠃ ᠵᠡᠬᠦᠨ ᠬᠤᠶᠢᠨᠠᠬᠢ ᠠᠪᠳᠠᠷ᠎ᠠ ᠳᠤ ᠡᠵᠡᠭᠳᠡᠢ ᠶᠢᠨ ᠲᠦᠷᠪᠡᠨ ᠴᠠᠭ ᠤᠨ ᠬᠤᠪᠴᠠᠰᠤ ᠭᠤᠶᠤᠯ᠂ ᠵᠠᠰᠠᠯ ᠵᠢᠮᠰᠡᠭ᠂ ᠦᠢᠯᠡ  ᠤᠳᠠᠰᠤᠨ ᠤ ᠵᠦᠢᠯ ᠢ ᠬᠢᠨ᠎ᠡ᠃ ᠲᠡᠬᠦᠨ  ᠠᠴᠠ ᠲᠤᠷᠤᠭᠰᠢ᠂ ᠵᠡᠬᠦᠨ ᠡᠮᠦᠨ᠎ᠡ ᠵᠦᠭ ᠤᠨ ᠬᠠᠭᠠᠰ ᠢ ᠡᠵᠡᠯᠡᠬᠦᠯᠵᠦ ᠡᠷᠬᠢᠬᠦᠯ ︵ᠡᠷᠬᠢᠨᠡᠭ︶ ᠲᠠᠯᠪᠢᠳᠠᠭ᠃ ᠡᠷᠬᠢᠬᠦᠯ ᠤᠨ ᠲᠤᠤᠷᠠᠳᠤ ᠲᠠᠰᠤᠯᠪᠤᠷᠢ ᠳᠤ ᠲᠤᠭᠤᠭ᠎ᠠ᠂ ᠰᠠᠭᠤᠯᠠᠭ᠎ᠠ᠂ ᠬᠦᠨᠦᠭ᠂ ᠤᠭᠤᠷ ᠰᠦᠭᠡ ᠵᠡᠷᠭᠡ ᠶᠢ ᠲᠠᠯᠪᠢᠵᠤ᠂  ᠲᠤᠮᠳᠠ ᠲᠠᠰᠤᠯᠪᠤᠷᠢ ᠳᠤ ᠸᠠᠭᠠᠷ ᠫᠧᠩᠰᠡ᠂ ᠰᠦ ᠰᠠᠭᠠᠯᠢ᠂ ᠲᠠᠪᠤᠷ᠎ᠡ ᠲᠤᠮᠪᠤ ᠵᠡᠷᠭᠡ ᠶᠢ ᠲᠠᠯᠪᠢᠬᠤ ᠪᠦᠬᠡᠳ ᠲᠡᠭᠡᠷ᠎ᠡ ᠲᠡᠭᠳᠡᠷ ᠲᠤ ᠠᠶᠠᠭ᠎ᠠ ᠰᠢᠨᠠᠭ᠎ᠠ᠂ ᠲᠡᠪᠰᠢ ᠲᠠᠪᠠᠭ᠂ ᠬᠤᠰᠤᠭᠤᠷ ᠱᠦᠬᠦᠷ᠂ ᠵᠤᠤᠯᠢ ᠱᠦᠬᠦᠯᠳᠡ ᠵᠡᠷᠭᠡ ᠭᠡᠷᠡᠭᠰᠡᠯ ᠢ ᠲᠠᠯᠪᠢᠳᠠᠭ᠃ ᠭᠡᠷᠪᠡ ᠰᠢᠨᠠᠭ᠎ᠠ᠂ ᠬᠤᠰᠤᠭᠤᠷ᠂ ᠵᠤᠤᠯᠢ ᠵᠡᠷᠭᠡ ᠶᠢ ᠡᠯᠬᠦᠬᠦ ᠳᠤ ᠬᠦᠷᠪᠡᠯ᠂ ᠨᠢᠭᠤᠷ  ᠢ ᠨᠢ ᠭᠤᠯᠤᠮᠳᠠ ᠵᠦᠭ ᠬᠠᠨᠳᠤᠭᠤᠯᠵᠤ ᠡᠯᠬᠦᠨ᠎ᠡ᠃ ᠰᠠᠪᠬ᠎ᠠ ᠶᠢ ᠬᠤᠪᠳᠤ ᠭᠡᠮᠡᠬᠦ  ᠵᠢᠭᠠᠬᠠᠨ ᠮᠤᠳᠤᠨ ᠰᠠᠪᠠᠨ ᠳᠤ ᠬᠢᠵᠦ ᠬᠠᠨ᠎ᠠ ᠶᠢᠨ ᠲᠤᠯᠤᠭᠠᠢ ᠠᠴᠠ ᠡᠯᠬᠦᠳᠡᠭ᠃ ᠵᠡᠬᠦᠨ ᠡᠮᠦᠨ᠎ᠡ ᠬᠤᠷᠮᠤᠢ ᠳᠤ ᠤᠰᠤᠨ ᠤ ᠰᠠᠭᠤᠯᠠᠭ᠎ᠠ᠂ ᠠᠷᠭᠠᠯ  ᠤᠨ ᠬᠠᠶᠢᠷᠴᠠᠭ᠂ ᠭᠠᠯ ᠤᠨ ᠬᠠᠶᠢᠴᠢ ᠰᠢᠯᠡᠭᠡᠪᠦᠷ᠂ ᠦᠨᠡᠰᠦᠨ ᠤ ᠤᠳᠬᠤᠭᠤᠷ᠂ ᠨᠤᠬᠠᠷ ᠶᠢᠨ ᠴᠠᠷ᠎ᠠ ᠵᠡᠷᠭᠡ ᠵᠦᠢᠯᠡᠰ ᠢ ᠲᠠᠯᠪᠢᠬᠤ ᠪᠦᠭᠡᠳ ᠵᠤᠨ ᠤ ᠴᠠᠭ ᠲᠤ ᠪᠠᠰᠠ ᠰᠢᠪᠠᠷ ᠵᠤᠤᠬ᠎ᠠ ᠪᠠᠷᠢᠵᠤ ᠲᠤᠭᠤᠭᠠᠯᠠᠳᠠᠭ ᠶᠤᠮ᠃ ᠲᠦᠯ  ᠤᠨ ᠦᠶ᠎ᠡ ᠳᠤ ᠭᠡᠷ ᠤᠨ ᠵᠡᠬᠦᠨ ᠡᠮᠦᠨ᠎ᠡ᠂ ᠪᠠᠷᠠᠭᠤᠨ ᠡᠮᠦᠨ᠎ᠡ ᠬᠤᠶᠠᠷ ᠬᠤᠷᠮᠤᠢ ᠶᠢ ᠵᠠᠶᠢᠴᠢᠯᠠᠵᠤ᠂ ᠨᠢᠯᠬ᠎ᠠ ᠲᠤᠭᠤᠯ ᠬᠤᠷᠠᠭ᠎ᠠ ᠪᠠᠨ ᠤᠶᠠᠵᠤ ᠬᠠᠰᠢᠳᠠᠭ ᠪᠠᠶᠢᠪᠠ᠃ ᠲᠠᠶᠢᠹᠤᠰᠧ ᠨᠤᠳᠤᠭ ᠲᠤ ᠲᠦᠬᠦᠷᠡᠩ ᠪᠠᠷᠠᠭ᠎ᠠ ᠲᠠᠢ ᠭᠡᠷ ᠭᠡᠳᠡᠭ ᠨᠢ ᠲᠦᠷᠪᠡᠨ ᠱᠦᠬᠦᠢ ︵ᠬᠤᠷᠭᠤ︶ ᠪᠠ ᠬᠤᠶᠠᠷ ᠭᠤᠯᠳᠤ ᠲᠠᠯᠪᠢᠭᠰᠠᠨ ᠭᠡᠷ ᠢ ᠬᠡᠯᠡᠨ᠎ᠡ᠃ ᠡᠰᠡᠬᠦᠯ᠎ᠡ ᠲᠦᠷᠪᠡᠨ ᠱᠦᠬᠦᠢ ᠶᠢ ᠪᠠᠷᠠᠭᠤᠨ ᠡᠮᠦᠨ᠎ᠡ᠂ ᠪᠠᠷᠠᠭᠤᠨ ᠬᠤᠶᠢᠨ᠎ᠠ᠂ ᠵᠡᠬᠦᠨ ᠬᠤᠶᠢᠨ᠎ᠠ᠂ ᠵᠡᠬᠦᠨ ᠡᠮᠦᠨ᠎ᠡ   ᠪᠠᠨ ᠨᠢᠭᠤᠷᠯᠠᠭᠤᠯᠤᠨ ᠲᠠᠯᠪᠢᠭᠰᠠᠨ ᠪᠤᠯ ᠮᠦᠨ ᠪᠠᠷᠠᠭ᠎ᠠ ᠰᠠᠶᠢᠳᠠᠢ   ᠳᠤ ᠲᠤᠭᠠᠴᠠᠭᠳᠠᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号