ᠤᠯᠠᠮᠵᠢᠯᠠᠯᠳᠤ ᠮᠤᠩᠭᠤᠯ ᠬᠤᠪᠴᠠᠰᠤ ᠵᠠᠰᠠᠯ
ᠨᠡᠶᠢᠲᠡᠯᠡᠭᠰᠡᠨ ᠴᠠᠭ᠄
2024/1/4
   ᠲᠠᠶᠢᠹᠤᠰᠧ ᠤᠨ ᠮᠤᠩᠭᠤᠯᠴᠤᠳ ᠬᠡᠳᠦᠨ ᠵᠠᠭᠤᠨ ᠵᠢᠯ ᠤᠨ ᠲᠤᠷᠰᠢ᠂ ᠤᠯᠠᠮᠵᠢᠯᠠᠯᠳᠤ  ᠮᠤᠩᠭᠤᠯ ᠡᠳ᠋ᠯᠡᠯ ᠵᠠᠰᠠᠯ  ᠢᠶᠠᠨ ᠭᠡᠷᠡᠭᠯᠡᠭᠰᠡᠭᠡᠷ  ᠢᠷᠡᠵᠦ᠂ ᠤᠷᠤᠰᠢᠨ ᠰᠠᠭᠤᠭᠰᠠᠨ ᠭᠠᠵᠠᠷ ᠨᠤᠳᠤᠭ᠂ ᠤᠯᠤᠭᠰᠠᠨ ᠬᠦᠷᠳᠡᠭᠰᠡᠨ ᠭᠠᠳᠠᠭᠠᠳᠤ ᠨᠦᠯᠦᠬᠡ ᠠᠴᠠ ᠰᠢᠯᠳᠠᠭᠠᠯᠠᠭᠳᠠᠨ᠂ ᠦᠪᠡᠷᠮᠢᠴᠡ ᠤᠨᠴᠠᠯᠢᠭ ᠢᠶᠠᠨ ᠪᠦᠷᠢᠯᠳᠦᠬᠦᠯᠦᠭᠰᠡᠨ ᠪᠠᠶᠢᠳᠠᠭ᠃    ᠲᠠᠶᠢᠹᠤᠰᠧ ᠡᠮᠡᠭᠳᠡᠶᠢᠴᠤᠳ ᠤᠨ ᠬᠤᠪᠴᠠᠰᠤ ᠵᠠᠰᠠᠯ — ᠡᠮᠡᠭᠳᠠᠶᠢᠴᠤᠳ ᠤᠨ ᠲᠡᠪᠡᠯ ᠲᠡᠷᠯᠢᠭ ᠤᠨ ᠬᠡᠯᠪᠡᠷᠢ ᠡᠷᠡᠭᠳᠡᠶᠢᠴᠤᠳ ᠤᠨ ᠬᠢ ᠲᠠᠢ ᠠᠳᠠᠯᠢ᠂ ᠭᠡᠪᠡᠴᠦ ᠲᠡᠳᠦᠢ ᠡᠯᠪᠡᠭ ᠬᠢᠬᠦ ᠦᠬᠡᠢ ᠪᠦᠬᠡᠳ ᠪᠠᠷᠢᠭᠤ ᠪᠢᠰᠢ᠂ ᠪᠡᠶ᠎ᠡ ᠴᠤᠭᠴᠠᠰ ᠲᠤ ᠲᠡᠩᠴᠡᠭᠰᠡᠨ ᠪᠠᠶᠢᠬᠤ ᠶᠢ ᠡᠷᠬᠢᠮᠯᠡᠨ᠎ᠡ᠃  ᠡᠮᠡᠭᠳᠠᠶᠢᠴᠤᠳ ᠭᠤᠣᠯᠳᠠᠭᠤ ᠴᠡᠩᠭᠡᠷ᠂ ᠨᠣᠭᠤᠭᠠᠨ᠂ ᠬᠦᠨ ᠨᠤᠭᠤᠭᠠᠨ᠂ ᠭᠡᠭᠡᠪᠲᠦᠷ ᠬᠦᠭᠡ ᠴᠡᠩᠭᠡᠷ ᠵᠡᠷᠭᠡ ᠢᠯᠭᠤᠮ ᠥᠩᠭᠡ ᠶᠢᠨ ᠴᠢᠰᠴᠡᠤ ᠲᠣᠷᠭ᠎ᠠ ᠶᠢ  ᠰᠤᠩᠭᠤᠵᠤ  ᠲᠡᠷᠯᠢᠭ ᠬᠢᠨ᠎ᠡ᠃ ᠡᠮᠡᠭᠲᠡᠢ ᠬᠥᠮᠥᠨ ᠨᠡᠭᠡᠢ ᠳᠡᠪᠡᠯ ᠪᠠᠷᠤᠭ ᠡᠮᠦᠰᠬᠦ ᠦᠭᠡᠢ ᠪᠦᠭᠡᠳ ᠪᠦᠰᠡ ᠪᠦᠰᠡᠯᠡᠳᠡᠭ ᠦᠭᠡᠢ᠃ ᠬᠠᠷᠢᠨ ᠬᠠᠨᠵᠢᠶᠠᠷ ᠡᠮᠦᠰᠦᠨ᠎ᠡ᠃ ᠬᠠᠨᠵᠢᠶᠠᠷ ᠢ ᠲᠡᠪᠡᠯ ᠠᠴᠠ ᠥᠩᠭᠡ ᠢᠯᠭᠠᠬᠳᠠᠬᠤ ᠭᠡᠭᠡᠪᠲᠦᠷ ᠥᠩᠭᠡ ᠶᠢᠨ ᠲᠣᠷᠭ᠎ᠠ   ᠪᠠᠷ ᠬᠢᠨ᠎ᠠ᠃ ᠵᠢᠯ ᠴᠠᠭᠠᠨ ᠰᠠᠷ᠎ᠠ ᠪᠠᠶᠠᠷ ᠨᠠᠶᠢᠷ ᠲᠤ ᠡᠮᠡᠭᠳᠡᠶᠢᠴᠤᠳ ᠤᠤᠵᠢ ᠡᠮᠦᠰᠳᠡᠭ᠃ ᠤᠤᠵᠢ ᠪᠣᠯ ᠲᠠᠶᠢᠹᠤᠰᠧ ᠡᠮᠡᠭᠳᠡᠶᠢᠴᠦᠳ ᠤᠨ ᠬᠡᠷᠡᠭᠯᠡᠳᠡᠭ ᠲᠦᠷᠦ ᠶᠢᠨ ᠡᠳ᠋ᠯᠡᠯ ᠪᠤᠯᠤᠨ᠎ᠠ  ᠂ ᠬᠡᠦᠬᠡᠨ ᠬᠦᠮᠦᠨ ᠡᠮᠦᠰᠬᠦ ᠦᠭᠡᠢ᠃ ᠤᠤᠵᠢ ᠪᠣᠯ ᠬᠤᠭᠤᠯᠠᠶᠢᠪᠴᠢ ᠦᠭᠡᠢ ᠲᠣᠭᠤᠷᠢᠭ ᠵᠠᠭᠠᠮ᠎ᠠ ᠲᠠᠢ᠂ ᠬᠤᠷᠭᠤᠢ ᠰᠢᠯᠪᠢ ᠲᠠᠢ᠂ ᠮᠥᠩᠬᠦᠨ ᠳᠣᠪᠴᠢ  ᠲᠠᠢ᠂ ᠬᠠᠨᠴᠣᠢ ᠦᠭᠡᠢ ᠴᠡᠭᠡᠵᠢᠮᠡᠭ ᠮᠥᠷᠦ ᠲᠠᠢ᠂ ᠳᠦᠷᠪᠡᠨ ᠬᠤᠷᠮᠣᠢ ᠳᠦᠷᠪᠡᠨ ᠵᠠᠶᠢᠴᠠ ᠲᠠᠢ ᠵᠠᠰᠠᠯ ᠤᠨ ᠬᠤᠪᠴᠠᠰᠤ᠃ ᠵᠠᠭᠠᠮ᠎ᠠ᠂ ᠡᠩᠭᠡᠷ᠂ ᠮᠦᠷᠦ  ᠂ ᠰᠤᠭᠤ᠂ ᠳᠦᠷᠪᠡᠨ ᠬᠤᠷᠮᠤᠢ ᠶᠢ ᠴᠦᠮ ᠥᠩᠭᠡ ᠶᠢᠨ ᠬᠤᠷᠭᠤᠢ  ᠪᠠᠷ ᠳᠦᠷᠪᠡᠨ ᠬᠤᠷᠤᠭᠤ ᠡᠮᠵᠢᠶᠠᠷᠢᠯᠡᠨ ᠣᠶᠤᠵᠤ᠂ ᠭᠤᠷᠪᠠᠨ ᠵᠠᠶᠢᠴᠡ ᠶᠢᠨ ᠲᠣᠯᠣᠭᠠᠢ ᠳᠤ ᠴᠦᠮ ᠵᠤᠤᠪᠠᠩ ᠲᠣᠯᠣᠭᠠᠢ ᠲᠠᠢ ᠳᠦᠷᠪᠡᠯᠵᠢᠨ ᠳᠠᠷᠤᠭᠤᠯᠭ᠎ᠠ ᠳᠠᠷᠤᠵᠤ ᠤᠶᠤᠬᠰᠠᠨ ᠪᠠᠶᠢᠳᠠᠭ᠃ ᠳᠠᠶᠢᠹᠤᠰᠧ ᠪᠦᠰᠡᠭᠦᠶᠢᠴᠦᠳ ᠭᠤᠣᠯᠳᠠᠭᠤ ᠬᠡ ᠭᠠᠷᠭᠠᠵᠦ ᠰᠢᠷᠢᠭᠰᠡᠨ ᠬᠠᠪᠴᠢᠶᠠᠷᠢ ᠲᠠᠢ ᠪᠦᠰ ᠭᠤᠳᠤᠯ ᠪᠠ ᠬᠠᠷ᠎ᠠ ᠰᠠᠷᠢᠰᠤᠨ ᠬᠠᠪᠴᠢᠶᠠᠷᠢ ᠲᠠᠢ ᠬᠦᠮ ᠭᠤᠳᠤᠯ ᠡᠮᠦᠰᠳᠡᠭ᠂ ᠠᠶᠢᠯ ᠭᠡᠷ ᠲᠡᠭᠡᠨ ᠪᠤᠯ  ᠪᠦᠰ ᠱᠠᠬᠠᠢ ᠡᠮᠦᠰᠬᠦ ᠪᠠ ᠬᠤᠸᠠᠷ ᠬᠠᠳᠬᠤᠬᠰᠠᠨ ᠱᠠᠬᠠᠢ ᠴᠦ ᠡᠮᠦᠰᠦᠨ᠎ᠠ᠃ ᠬᠠᠪᠤᠷ ᠨᠠᠮᠤᠷ ᠨᠢ ᠥᠮᠦᠳᠦᠨ ᠤ ᠭᠠᠳᠠᠭᠤᠷ ᠲᠤᠬᠤ ᠬᠡᠮᠡᠬᠦ ᠭᠤᠶᠠᠪᠴᠢ ᠡᠮᠦᠰᠳᠡᠭ᠃  ᠳᠠᠶᠢᠹᠤᠰᠧ ᠪᠦᠰᠡᠭᠦᠶᠢᠴᠦᠳ ᠵᠠᠬ᠎ᠠ ᠠᠴᠠ ᠪᠠᠨ ᠤᠶᠤᠳᠠᠯ  ᠦᠢᠯᠡ ᠳᠤ ᠤᠷᠠᠨ ᠪᠠᠶᠢᠵᠤ᠂ ᠲᠡᠪᠡᠯ ᠬᠤᠪᠴᠠᠰᠤ᠂ ᠢᠰᠡᠭᠡᠢ ᠰᠢᠷᠳᠡᠭ᠂ ᠭᠤᠳᠤᠯ ᠱᠠᠬᠠᠢ ᠶᠢ ᠮᠠᠰᠢ ᠰᠠᠶᠢᠬᠠᠨ ᠤᠷᠠᠯᠠᠵᠤ ᠤᠶᠤᠳᠠᠭ᠃ ᠶᠡᠷᠦ ᠨᠢ ᠬᠤᠷᠢᠳᠤᠭᠠᠷ ᠵᠠᠭᠤᠨ  ᠤ ᠲᠠᠪᠢ ᠵᠢᠷᠠᠭᠠᠳ ᠤᠨ ᠪᠤᠯᠳᠠᠯ᠎ᠠ ᠡᠬᠡᠯ ᠠᠷᠠᠳ ᠲᠡᠯᠬᠡᠬᠦᠷ ᠵᠠᠬ᠎ᠠ ᠠᠴᠠ ᠲᠡᠪᠡᠯ ᠮᠠᠯᠠᠭᠠᠢ᠂ ᠱᠠᠬᠠᠢ ᠭᠤᠳᠤᠯ ᠬᠤᠳᠠᠯᠳᠤᠨ ᠠᠪᠴᠤ ᠡᠮᠦᠰᠬᠦ ᠨᠢ ᠲᠤᠩ  ᠬᠤᠪᠤᠷᠬᠠᠨ ᠪᠠᠶᠢᠵᠠᠢ᠃      ᠳᠠᠶᠢᠹᠤᠰᠧ ᠪᠦᠰᠡᠭᠦᠶᠢᠴᠦᠳ ᠤᠨ ᠲᠣᠯᠣᠭᠠᠢ ᠶᠢᠨ ᠵᠠᠰᠠᠯ ᠨᠢ ᠲᠠᠶᠢᠹᠤᠰᠧ ᠵᠠᠰᠠᠯ ᠬᠡᠮᠡᠨ ᠴᠠᠬᠠᠷ ᠨᠤᠲᠤᠭ ᠲᠤ ᠠᠯᠳᠠᠷᠲᠠᠢ᠃ ᠰᠦᠢᠭᠡ ᠪᠣᠯ ᠲᠠᠶᠢᠹᠤᠰᠧ ᠪᠦᠰᠡᠬᠦᠶᠢᠴᠤᠳ ᠤᠨ ᠲᠥᠷᠦ ᠶᠢᠨ ᠡᠳ᠋ᠯᠡᠯ  ᠪᠠᠶᠢᠵᠤ᠂ ᠤᠯᠠᠩᠬᠢ ᠳᠠᠭᠠᠨ ᠲᠠᠪᠤᠨ ᠰᠢᠬᠢᠳᠭᠡ᠂ ᠭᠤᠷᠪᠠᠨ ᠬᠦᠯ ᠲᠠᠢ ᠡᠯᠬᠦᠮᠡᠯ ᠮᠦᠩᠬᠦᠨ ᠰᠦᠢᠬᠡ  ᠪᠠᠶᠢᠳᠠᠭ᠃  ᠲᠡᠬᠦᠨ ᠤ ᠬᠠᠮᠤᠭ ᠤᠨ ᠲᠡᠭᠡᠷᠡᠬᠢ ᠨᠢ ᠲᠤᠭᠤᠷ ᠤᠨ ᠮᠦᠩᠬᠦᠨ ᠪᠠᠯ ᠳᠤ ᠰᠢᠬᠢᠳᠭᠡᠭᠰᠡᠨ ᠴᠢᠨᠳᠠᠮᠤᠨᠢ᠂ ᠬᠤᠶᠠᠳᠤᠭᠠᠷ ᠲᠤᠨᠢ ᠮᠦᠩᠬᠦᠨ ᠪᠠᠯ  ᠲᠠᠢ ᠬᠠᠪᠢᠷᠭᠠᠨ ᠰᠠᠷᠠᠨ ᠰᠢᠬᠢᠳᠭᠡ᠂ ᠭᠤᠷᠪᠠᠳᠤᠭᠠᠷ ᠲᠤᠨᠢ ᠮᠦᠩᠬᠦᠨ ᠪᠠᠯ ᠲᠠᠢ ᠵᠤᠤᠪᠠᠩ ᠬᠡᠯᠪᠡᠷᠢᠳᠦ ᠰᠢᠬᠢᠳᠭᠡ᠂ ᠲᠦᠷᠪᠡᠳᠦᠬᠡᠷ ᠲᠤᠨᠢ ᠮᠦᠩᠬᠦᠨ ᠪᠠᠯ ᠲᠠᠢ ᠤᠷᠳᠤ ᠲᠦᠷᠪᠡᠯᠵᠢᠨ ᠬᠡᠯᠪᠡᠷᠢᠳᠦ ᠰᠢᠬᠢᠳᠭᠡ᠂ ᠲᠠᠪᠤᠳᠤᠭᠠᠷ ᠲᠤᠨᠢ ᠲᠤᠮᠤ ᠮᠦᠩᠬᠦᠨ ᠪᠠᠯ ᠲᠠᠢ ᠨᠠᠷᠠᠨ ᠬᠡᠯᠪᠡᠷᠢᠳᠦ ᠲᠤᠮᠤ ᠰᠢᠬᠢᠳᠭᠡ᠂ ᠲᠡᠬᠦᠨ ᠤ ᠲᠤᠤᠷ᠎ᠠ ᠮᠦᠩᠬᠦᠨ ᠬᠠᠮᠬᠠᠭ ᠲᠠᠢ ᠬᠤᠶᠠᠷ ᠲᠤᠮᠤ ᠱᠢᠷᠦ ᠶᠢ ᠬᠡᠯᠬᠢᠭᠰᠡᠨ ᠭᠤᠷᠪᠠᠨ ᠬᠦᠯ ᠲᠠᠢ ᠪᠠᠶᠢᠳᠠᠭ᠃ ᠲᠡᠬᠦᠨ ᠤ ᠲᠤᠤᠷ᠎ᠠ ᠰᠦᠢᠭᠡ ᠶᠢᠨ ᠬᠤᠶᠠᠷ ᠭᠤᠶ᠎ᠠ  ᠠᠴᠠ ᠬᠤᠯᠪᠤᠭᠰᠠᠨ ᠡᠩᠬᠡᠷ ᠤᠨ ᠬᠤᠯᠪᠤᠭ᠎ᠠ ᠪᠤᠢ᠃ ᠬᠤᠯᠪᠤᠭ᠎ᠠ ᠨᠢ ᠦᠩᠬᠡ ᠪᠦᠷᠢ ᠶᠢᠨ ᠱᠢᠷᠦ ᠶᠢ ᠬᠡᠯᠬᠢᠭᠰᠡᠨ ᠲᠠᠪᠤᠨ ᠲᠠᠪᠬᠤᠷ ᠬᠡᠯᠬᠢᠶ᠎ᠡ ᠪᠤᠯᠤᠨ᠎ᠠ  ︵ᠵᠠᠷᠢᠮ ᠨᠢ ᠲᠦᠷᠪᠡᠨ ᠲᠠᠪᠬᠤᠷ ᠴᠤ ᠪᠤᠢ︶᠃ ᠠᠷᠤ ᠶᠢᠨ ᠬᠤᠯᠪᠤᠭ᠎ᠠ ᠪᠤᠯ ᠮᠦᠩᠬᠦᠨ ᠬᠢᠨᠵᠢ ᠲᠠᠢ ᠪᠠᠶᠢᠳᠠᠭ᠃     ᠲᠠᠶᠢᠹᠤᠰᠧ ᠪᠤᠭᠤᠳᠠᠰᠤ ᠪᠤᠯ ᠲᠠᠶᠢᠹᠤᠰᠧ ᠵᠡᠬᠦᠨ ᠭᠠᠷ ᠤᠨ ᠤᠨᠴᠠᠯᠢᠭ ᠪᠦᠬᠦᠢ ᠲᠤᠯᠤᠭᠠᠢ ᠶᠢᠨ ᠵᠠᠰᠠᠯ  ᠪᠠᠶᠢᠵᠤ᠂ ᠰᠠᠨᠴᠤᠭ᠂ ᠰᠢᠬᠠᠯᠭ᠎ᠠ᠂ ᠮᠠᠩᠨᠠᠢ ᠶᠢᠨ ᠲᠤᠤᠷ᠂ ᠲᠠᠳᠠᠭᠤᠷ᠂ ᠤᠨᠵᠢᠭᠤᠷᠭ᠎ᠠ᠂ ᠰᠢᠯᠢ ᠲᠤᠤᠷ ᠵᠡᠷᠭᠡ ᠪᠠᠷ ᠪᠦᠷᠢᠯᠳᠦᠨ᠎ᠡ᠃ ᠳᠠᠶᠢᠹᠤᠰᠧ ᠪᠦᠰᠡᠭᠦᠶᠢᠴᠦᠳ ᠪᠤᠭᠤᠳᠠᠰᠤ ᠵᠡᠬᠦᠬᠦ ᠳᠡᠭᠡᠨ ᠦᠰᠦ ᠪᠠᠨ ᠲᠦᠷᠪᠡ ᠰᠠᠯᠭᠠᠵᠤ ᠤᠷᠢᠶᠠᠳᠠᠭ᠃ ᠬᠤᠶᠠᠷ ᠭᠡᠰᠡᠭ ᠨᠢ ᠶᠠᠭ ᠴᠢᠬᠢᠨ ᠤ ᠠᠷᠤ ᠳᠤ ᠤᠷᠢᠶᠠᠵᠤ  ᠰᠠᠨᠴᠤᠭ ᠤᠨ ᠲᠤᠳᠤᠷ᠎ᠠ  ᠬᠢᠬᠦ ᠪᠦᠬᠡᠳ ᠨᠦᠬᠦᠬᠡ ᠬᠤᠶᠠᠷ ᠨᠢ ᠰᠠᠨᠴᠤᠭ ᠤᠨ ᠲᠤᠤᠷ᠎ᠠ ᠨᠢ ᠢᠷᠮᠡᠭᠳᠡᠵᠦ ᠬᠠᠳᠬᠤᠭᠤᠷ ᠢᠶᠠᠷ ᠬᠠᠳᠬᠤᠵᠤ ᠲᠤᠭᠳᠠᠭᠠᠨ᠎ᠠ᠃ ᠰᠠᠨᠴᠤᠭ ︵ ᠪᠠᠰᠠ ᠦᠰᠦᠨ ᠤ ᠭᠡᠷ ᠭᠡᠨ᠎ᠡ᠂ ᠲᠠᠷᠤᠢ ᠤᠷᠢᠶᠠᠭᠰᠠᠨ ᠬᠡᠵᠢᠬᠡ ᠪᠠᠨ ᠬᠢᠬᠦ  ᠭᠡᠷ ᠪᠤᠯᠤᠨ᠎ᠠ︶ ᠪᠤᠯ ᠲᠠᠶᠢᠹᠤᠰᠧ ᠡᠮᠡᠭᠳᠡᠶᠢᠴᠤᠳ ᠤᠨ ᠬᠡᠵᠢᠬᠡᠨ ᠤ ᠤᠨᠴᠠᠯᠢᠭ ᠲᠤ ᠲᠤᠬᠢᠷᠠᠭᠤᠯᠵᠤ᠂ ᠴᠠᠷᠳᠠᠮᠠᠯ ᠪᠦᠰ ᠢ ᠤᠭᠠᠯᠵᠠᠯᠠᠨ ᠰᠢᠷᠢᠵᠦ ᠬᠢᠭᠰᠡᠨ ᠪᠠᠶᠢᠳᠠᠭ᠃ ᠲᠡᠬᠦᠨ ᠤ ᠲᠡᠭᠡᠷ᠎ᠡ ᠲᠤᠮᠤ ᠤᠯᠠᠭᠠᠨ ᠰᠢᠬᠢᠳᠭᠡ   ᠲᠠᠢ ᠮᠦᠩᠬᠦᠨ ᠰᠢᠬᠠᠯᠭ᠎ᠠ ᠶᠢ ᠴᠦᠦᠯᠡᠵᠦ ᠲᠠᠭᠠᠷᠠᠭᠤᠯᠳᠠᠭ᠃ ᠬᠤᠶᠠᠷ ᠰᠠᠨᠴᠤᠭ ᠢᠶᠠᠨ ᠪᠤᠭᠤᠵᠤ᠂ ᠰᠢᠬᠠᠯᠭ᠎ᠠ ᠪᠠᠷ ᠰᠢᠬᠠᠭᠰᠠᠨ ᠤ ᠲᠠᠷᠠᠭ᠎ᠠ ᠪᠤᠭᠤᠳᠠᠰᠤ ᠪᠠᠨ ᠵᠡᠬᠦᠨ᠎ᠡ᠃ ᠮᠠᠩᠨᠠᠢ ᠶᠢᠨ ᠲᠤᠤᠷ  ᠪᠠ ᠲᠠᠳᠠᠭᠤᠷ ᠨᠢ ᠵᠠᠯᠭᠠᠯᠳᠤᠵᠤ᠂ ᠮᠠᠯᠠᠭᠠᠢ ᠨᠢ ᠲᠤᠭᠤᠷᠢᠭ ᠬᠡᠯᠪᠡᠷᠢ ᠲᠠᠢ ᠪᠤᠯᠳᠠᠭ᠃ ᠮᠠᠩᠨᠠᠢ ᠶᠢᠨ ᠲᠤᠤᠷ ᠤᠨ ᠬᠤᠶᠠᠷ ᠰᠢᠨᠠ ᠠᠴᠠ ᠬᠤᠶᠠᠷ ᠲᠠᠯ᠎ᠠ ᠶᠢᠨ ᠤᠨᠵᠢᠭᠤᠷᠭ᠎ᠠ ᠤᠨᠵᠢᠵᠤ᠂ ᠲᠠᠳᠠᠭᠤᠷ ᠤᠨ ᠬᠤᠶᠠᠷ ᠬᠦᠪᠡᠭᠡ ᠪᠠ ᠭᠤᠤᠯ ᠠᠴᠠ ᠰᠢᠯᠢ ᠲᠤᠤᠷ ᠢ ᠭᠡᠯᠬᠢᠨ  ᠵᠡᠬᠦᠨ᠎ᠡ᠃ ᠮᠠᠩᠨᠠᠢ ᠶᠢᠨ ᠲᠤᠤᠷ ᠨᠢ  ᠠᠷᠪᠠᠨ ᠲᠤᠯᠤᠭ᠎ᠠ ᠪᠤᠶᠤ ᠠᠷᠪᠠ  ᠶᠢᠰᠦᠨ ᠪᠦᠬᠦᠷ ᠲᠠᠢ᠂  ᠪᠦᠬᠦᠷ ᠨᠢ ᠵᠢᠵᠢᠭ ᠰᠤᠪᠤᠳ ᠢ ᠬᠡᠯᠬᠢᠨ ᠤᠨᠵᠢᠭᠤᠯᠤᠭᠰᠠᠨ ᠪᠠᠶᠢᠳᠠᠭ᠃ ᠲᠠᠳᠠᠭᠤᠷ ᠢ ᠴᠠᠷᠳᠠᠮᠠᠯ ᠪᠦᠰ ᠢᠶᠠᠷ ᠬᠢᠨ᠎ᠡ᠃ ᠲᠡᠭᠡᠳᠦ ᠲᠠᠯ᠎ᠠ ᠨᠢ ᠬᠠᠭᠠᠰ ᠲᠤᠭᠤᠷᠢᠭ ᠬᠡᠯᠪᠡᠷᠢ ᠲᠠᠢ᠂ ᠲᠤᠤᠷᠠᠳᠤ ᠲᠠᠯ᠎ᠠ᠂ ᠬᠤᠶᠠᠷ ᠬᠦᠪᠡᠭᠡ ᠶᠢ ᠤᠭᠠᠯᠵᠠᠯᠠᠨ ᠡᠰᠬᠡᠨ᠎ᠡ᠃ ᠲᠡᠬᠦᠨ ᠤ ᠲᠡᠭᠡᠷ᠎ᠡ ᠱᠠᠳᠤᠯᠵᠢᠨ ᠬᠡᠯᠪᠡᠷᠢ   ᠶᠢᠨ ᠶᠢᠰᠦᠨ ᠮᠦᠩᠬᠦᠨ ᠪᠠᠯ ᠲᠠᠢ ᠰᠢᠬᠢᠳᠭᠡ ᠶᠢᠨ ᠬᠠᠳᠠᠮᠠᠯ ᠢ ᠡᠩ ᠵᠡᠷᠭᠡᠴᠡᠬᠦᠯᠵᠦ ᠬᠠᠳᠠᠭᠠᠳ᠂ ᠲᠤᠭᠤᠷᠢᠭᠤᠯᠤᠨ ᠤᠯᠠᠭᠠᠨ ᠬᠤᠷᠤᠬᠠᠢ ᠱᠢᠷᠦ ᠪᠠᠷ ᠤᠭᠠᠯᠵᠠ ᠭᠠᠷᠭᠠᠵᠤ ᠴᠢᠮᠡᠨ᠎ᠡ᠃ ᠤᠨᠵᠢᠭᠤᠷᠭ᠎ᠠ ᠨᠢ ᠬᠦᠨᠳᠡᠯᠡᠨ ᠮᠦᠩᠬᠦᠨ ᠪᠠᠯ ᠠᠴᠠ ᠲᠠᠯ᠎ᠠ ᠪᠦᠷᠢ ᠳᠤ ᠠᠷᠪᠠᠨ ᠨᠢᠬᠡ ᠪᠤᠶᠤ ᠠᠷᠪᠠᠨ ᠭᠤᠷᠪᠠᠨ ᠭᠡᠯᠬᠢᠶ᠎ᠡ ᠰᠤᠪᠤᠳ᠂ ᠡᠰᠡᠬᠦᠯ᠎ᠡ ᠮᠦᠩᠬᠦᠨ ᠱᠢᠷᠦ ᠤᠨᠵᠢᠭᠤᠯᠤᠭᠰᠠᠨ ᠪᠠᠶᠢᠳᠠᠭ᠃ ᠲᠡᠷᠡ   ᠨᠢ ᠶᠡᠷᠦ ᠠᠴᠠ ᠵᠠᠭᠠᠮ᠎ᠠ ᠶᠢᠨ ᠲᠤᠰᠢᠶ᠎ᠠ ᠬᠦᠷᠳᠡᠭ᠃ ᠰᠢᠯᠢ ᠲᠤᠤᠷ ᠪᠤᠯ ᠲᠠᠳᠠᠭᠤᠷ ᠠᠴᠠ ᠠᠷᠤ ᠰᠢᠯᠢ ᠶᠢ ᠪᠦᠳᠡᠭᠡᠨ ᠤᠨᠵᠢᠭᠰᠠᠨ᠂ ᠬᠠᠨᠠ ᠭᠡ ᠰᠦᠯᠵᠢᠵᠦ ᠬᠡᠯᠬᠢᠭᠰᠡᠨ ᠤᠯᠠᠭᠠᠨ ᠱᠢᠷᠦ ᠶᠢᠨ ᠲᠤᠤᠷ ᠪᠤᠯᠤᠨ᠎ᠠ᠃ ᠲᠡᠬᠦᠨ ᠤ ᠤᠷᠳᠤ ᠨᠢ ᠨᠢᠷᠤᠭᠤᠨ ᠤ ᠭᠤᠤᠯ ᠬᠠᠪᠢ ᠳᠤ ᠬᠦᠷᠦᠨ᠎ᠡ᠃       ᠲᠠᠶᠢᠹᠤᠰᠧ ᠡᠮᠡᠭᠳᠡᠶᠢᠴᠤᠳ ᠳᠤ ᠶᠡᠷᠦᠳᠡ ᠶᠢᠨ ᠴᠠᠭ ᠲᠠᠭᠠᠨ ᠪᠤᠤᠲᠸᠤ ︵ᠲᠠᠷᠤᠭᠤᠯᠭ᠎ᠠ︶ ᠬᠡᠮᠡᠬᠦ ᠵᠠᠰᠠᠯ  ᠤᠨ ᠡᠳ᠋ ᠭᠡᠷᠡᠭᠯᠡᠳᠡᠭ ᠪᠠᠶᠢᠪᠠ᠃ ᠲᠡᠷᠡ   ᠨᠢ ᠬᠤᠶᠠᠷ ᠬᠤᠷᠤᠭᠤ ᠦᠷᠭᠡᠨ ᠬᠠᠷ᠎ᠠ ᠲᠤᠷᠭ᠎ᠠ ᠶᠢ ᠲᠠᠪᠬᠤᠷᠯᠠᠨ ᠤᠷᠠᠯᠠᠵᠤ᠂ ᠲᠡᠭᠡᠷ᠎ᠡ ᠨᠢ ᠭᠤᠷᠪᠠᠨ ᠬᠠᠳᠠᠮᠠᠯ ᠬᠠᠳᠠᠭᠰᠠᠨ ᠪᠠᠶᠢᠳᠠᠭ᠃ ᠭᠤᠤᠯ ᠤᠨ ᠬᠠᠳᠠᠮᠠᠯ ᠨᠢ ᠤᠷᠠᠯᠠᠨ ᠬᠢᠭᠰᠡᠨ ᠮᠦᠩᠬᠦᠨ ᠪᠠᠯ ᠳᠤ ᠨᠤᠭᠤᠭᠠᠨ ᠬᠠᠰ ᠰᠢᠬᠢᠳᠭᠡᠵᠦ᠂ ᠬᠤᠶᠠᠷ ᠲᠠᠯ᠎ᠠ ᠳᠤᠨᠢ ᠤᠷᠠᠯᠠᠨ ᠬᠢᠭᠰᠡᠨ ᠮᠦᠩᠬᠦᠨ ᠪᠠᠯ ᠳᠤ ᠤᠯᠠᠭᠠᠨ ᠰᠢᠬᠢᠳᠭᠡ ᠰᠢᠬᠢᠳᠭᠡᠭᠰᠡᠨ ᠪᠠᠶᠢᠳᠠᠭ᠃ ᠭᠤᠷᠪᠠᠭᠤᠯᠠ ᠤᠯᠠᠭᠠᠨ ᠰᠢᠬᠢᠳᠭᠡ ᠪᠤᠶᠤ ᠨᠢᠬᠡ ᠲᠤᠮᠤ ᠤᠯᠠᠭᠠᠨ ᠰᠢᠬᠢᠳᠭᠡ᠂ ᠬᠤᠶᠠᠷ ᠲᠦᠷᠪᠡᠯᠵᠢᠨ ᠤᠨᠳᠤᠷᠭ᠎ᠠ ᠬᠢᠭᠰᠡᠨ ᠴᠤ ᠪᠤᠢ᠃      ᠲᠠᠶᠢᠹᠤᠰᠧ ᠡᠮᠡᠭᠳᠡᠶᠢᠴᠤᠳ ᠤᠨ ᠮᠠᠯᠠᠭᠠᠢ ᠪᠤᠯ ᠬᠠᠷ᠎ᠠ ᠬᠢᠯᠢᠩ ᠲᠤᠭᠤᠷᠢᠭᠤᠯ ᠮᠠᠯᠠᠭᠠᠢ ᠪᠠ ᠬᠠᠷ᠎ᠠ ᠦᠬᠡᠳᠡᠩ ᠲᠤᠭᠤᠷᠢᠭᠤᠯ ᠮᠠᠯᠠᠭᠠᠢ ᠪᠤᠯᠤᠨ᠎ᠠ᠃ ᠮᠦᠨ ᠬᠠᠷ᠎ᠠ ᠦᠬᠡᠳᠡᠩ ᠪᠤᠶᠤ ᠬᠠᠷ᠎ᠠ ᠬᠢᠯᠢᠩ ᠲᠤᠭᠤᠷᠢᠭᠤᠯ ᠰᠠᠷᠠᠪᠴᠢ ᠲᠠᠢ᠂ ᠵᠢᠷᠭᠤᠭᠠᠨ ᠲᠠᠯᠠᠳᠤ ᠤᠷᠤᠢ ᠲᠠᠢ᠂ ᠤᠷᠤᠢ ᠲᠡᠭᠡᠷ᠎ᠡ ᠨᠢ ᠵᠠᠩᠬᠢᠳᠤᠮᠠᠯ ᠬᠠᠷ᠎ᠠ ᠰᠤᠸᠠᠮᠫᠠᠨ ᠲᠠᠢ᠂ ᠲᠤᠭᠤᠷᠢᠭᠠᠳ ᠠᠯᠳᠠᠨ ᠤᠳᠠᠰᠤ ᠪᠠᠷ ᠤᠷᠠᠯᠠᠭᠰᠠᠨ ᠵᠢᠷᠭᠤᠭᠠᠨ ᠲᠠᠪᠠ ᠲᠠᠢ᠂ ᠠᠷᠤ ᠳᠠᠭᠠᠨ ᠬᠤᠶᠠᠷ ᠤᠯᠠᠭᠠᠨ ᠪᠦᠴᠡ ᠲᠠᠢ ᠪᠠᠶᠢᠳᠠᠭ᠃ ᠡᠮᠡᠭᠳᠡᠶᠢᠴᠤᠳ ᠤᠯᠠᠩᠬᠢ ᠳᠠᠭᠠᠨ ᠴᠡᠩᠬᠡᠷ ᠲᠤᠷᠳᠤᠩ ᠠᠯᠴᠢᠭᠤᠷ ᠲᠠᠯᠪᠢᠨ᠎ᠠ᠃     ᠡᠮᠡᠭᠳᠡᠶᠢᠴᠤᠳ ᠪᠠᠭᠤᠤ᠂ ᠪᠦᠬᠡᠵᠢ᠂ ᠡᠭᠡᠮᠦᠭ ᠵᠡᠬᠦᠨ᠎ᠡ᠃  ᠪᠠᠭᠤᠤ ᠳᠤ ᠭᠡ ᠲᠠᠢ ᠮᠦᠩᠬᠦᠨ ᠪᠠᠭᠤᠤ ᠪᠠ ᠴᠤᠯᠭᠤᠢ ᠮᠦᠩᠬᠦᠨ ᠪᠠᠭᠤᠤ᠂ ᠬᠤᠤᠰ ᠮᠦᠩᠬᠦᠨ ᠪᠠᠭᠤᠤ᠂ ᠱᠢᠷᠦ ᠤᠭ᠍ᠶᠤ ᠰᠢᠬᠢᠳᠭᠡᠷᠢ ᠲᠠᠢ ᠮᠦᠩᠬᠦᠨ ᠪᠠᠭᠤᠤ ᠵᠡᠷᠭᠡ ᠪᠠᠶᠢᠳᠠᠭ᠃ ᠮᠦᠨ ᠶᠢᠰᠦᠨ ᠡᠷᠳᠡᠨᠢ ᠶᠢᠨ ᠨᠢᠬᠡ ᠬᠡᠮᠡᠨ ᠵᠡᠰ ᠪᠠᠭᠤᠤ  ᠵᠡᠬᠦᠬᠦ ᠴᠤ ᠪᠤᠢ᠃ ᠡᠭᠡᠮᠦᠭ ᠲᠤ ᠠᠯᠳᠠᠨ ᠭᠠᠷᠠᠬ᠎ᠠ ᠪᠠᠶᠢᠬᠤ ᠪᠦᠭᠡᠳ ᠤᠯᠠᠩᠬᠢ ᠨᠢ ᠰᠤᠪᠤᠳ ᠤᠨᠵᠢᠯᠭ᠎ᠠ᠂ ᠱᠢᠷᠦ ᠤᠨᠵᠢᠯᠭ᠎ᠠ᠂ ᠨᠤᠭᠤᠭᠠᠨ ᠨᠠᠪᠴᠢᠨ ᠢᠨᠳᠡᠷᠨᠢᠯᠡ ᠤᠨᠵᠢᠯᠭ᠎ᠠ ᠲᠠᠢ ᠪᠤᠶᠤ ᠱᠢᠷᠦ ᠰᠢᠬᠢᠳᠭᠡᠭᠰᠡᠨ ᠮᠦᠩᠬᠦᠨ ᠡᠬᠡᠮᠦᠭ ᠵᠡᠬᠦᠨ᠎ᠡ᠃ ᠡᠮᠡᠭᠳᠡᠶᠢᠴᠤᠳ ᠭᠤᠤᠯᠳᠠᠭᠤ ᠪᠡᠰᠡᠷᠡᠭᠭᠡᠨ ᠬᠠᠰ ᠪᠤᠶᠤ ᠨᠤᠮᠢᠨ ᠬᠦᠬᠦᠷ ᠭᠡᠷᠡᠭᠯᠡᠨ᠎ᠡ᠃       2017 ᠤᠨ ᠳᠤ ᠲᠠᠶᠢᠹᠤᠰᠧ ᠬᠤᠰᠢᠭᠤ  ᠮᠤᠩᠭᠤᠯ ᠬᠤᠪᠴᠠᠰᠤ ᠵᠠᠰᠠᠯ ᠢ  ᠠᠶᠢᠮᠠᠭ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ  ᠪᠦᠷᠢᠳᠭᠡᠬᠦᠯᠵᠦ᠂   ᠰᠠᠷᠠᠩᠭᠡᠷᠡᠯ ᠠᠶᠢᠮᠠᠭ ᠤᠨ ᠲᠡᠰ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃       ᠤᠯᠠᠮᠵᠢᠯᠠᠭᠴᠢ   ᠶᠢᠨ ᠲᠤᠪᠴᠢ ᠲᠠᠨᠢᠯᠴᠠᠭᠤᠯᠭ᠎ᠠ᠄  ᠰᠠᠷᠠᠩᠭᠡᠷᠡᠯ  ᠂ ᠡᠮᠡᠭᠳᠡᠢ  ᠂   ᠮᠤᠩᠭᠤᠯ  ᠦᠨᠳᠦᠰᠦᠳᠡᠨ᠂ 1952 ᠤᠨ ᠳᠤ ᠲᠦᠷᠦᠪᠡ᠃ ᠲᠠᠶᠢᠹᠤᠰᠧ ᠬᠤᠰᠢᠭᠤᠨ ᠤ ᠬᠦᠮᠦᠨ᠃ ᠬᠠᠳᠠᠮ ᠡᠵᠢ ᠠᠴᠠ ᠪᠠᠨ ᠮᠤᠩᠭᠤᠯ ᠲᠡᠪᠡᠯ ᠬᠤᠪᠴᠠᠰᠤ ᠤᠶᠤᠬᠤ ᠮᠡᠷᠭᠡᠵᠢᠯ ᠢ  ᠰᠤᠷᠤᠭᠠᠳ᠂ ᠤᠳᠠᠭᠠᠨ ᠵᠢᠯ ᠤᠨ ᠤᠷᠤᠯᠳᠤᠯᠭ᠎ᠠ ᠦᠢᠯᠡᠳᠦᠯᠬᠡ ᠶᠢᠨ ᠲᠤᠮᠳᠠ ᠪᠠᠨ ᠤᠷᠤᠨ ᠨᠤᠳᠤᠭ ᠤᠨ ᠢᠶᠠᠨ ᠤᠶᠤᠳᠠᠯ ᠤᠷᠠᠯᠠᠯ ᠢ ᠰᠤᠳᠤᠯᠤᠨ ᠦᠢᠯᠡᠳᠦᠯᠬᠡᠵᠢᠬᠦᠯᠵᠦ᠂ ᠲᠠᠶᠢᠹᠤᠰᠧ ᠨᠤᠳᠤᠭ ᠤᠨ ᠤᠨᠴᠠᠯᠢᠭ  ᠨᠠᠮᠪᠠ ᠶᠢ ᠨᠡᠶᠢᠳᠡ ᠮᠤᠩᠭᠤᠯ ᠤᠨ  ᠦᠢᠯᠡ ᠤᠶᠤᠳᠠᠯ ᠯᠤᠭ᠎ᠠ ᠤᠷᠭᠠᠨᠢᠭ ᠰᠠᠶᠢᠬᠠᠨ ᠠᠭᠤᠰᠬᠠᠨ ᠤᠶᠠᠯᠳᠤᠭᠤᠯᠤᠭᠰᠠᠨ ᠪᠠᠶᠢᠳᠠᠭ᠃ ᠲᠡᠷᠡᠪᠡᠷ ᠦᠨᠦ ᠲᠠᠶᠢᠹᠤᠰᠧ ᠬᠤᠰᠢᠭᠤᠨ ᠳᠠᠭᠠᠨ ᠨᠡᠷᠡᠳᠦ ᠤᠶᠤᠳᠠᠯᠴᠢᠨ ᠢᠶᠠᠷ ᠲᠠᠨᠢᠭᠳᠠᠵᠤ ᠶᠠᠪᠤᠭ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号