ᠤᠯᠠᠮᠵᠢᠯᠠᠯᠳᠤ ᠤᠷᠤᠨ ᠰᠠᠭᠤᠴᠠ —  ᠮᠤᠩᠭᠤᠯ ᠭᠡᠷ
ᠨᠡᠶᠢᠲᠡᠯᠡᠭᠰᠡᠨ ᠴᠠᠭ᠄
2024/2/5
    ᠲᠠᠶᠢᠹᠤᠰᠧᠴᠤᠳ ᠤᠨ ᠤᠯᠠᠮᠵᠢᠯᠠᠯᠳᠤ ᠤᠷᠤᠨ ᠰᠠᠭᠤᠴᠠ ᠨᠢ ᠮᠤᠩᠭᠤᠯ ᠭᠡᠷ ᠪᠠᠶᠢᠪᠠ᠃ ᠭᠡᠷ ᠤᠨ ᠪᠦᠬᠦ ᠴᠤᠭᠴᠠ ᠨᠢ ᠮᠤᠳᠤ᠂  ᠪᠦᠷᠢᠶᠡᠰᠦ᠂ ᠤᠭᠤᠰᠤᠷ ᠪᠦᠰᠡᠯᠡᠬᠦᠷ ᠢᠶᠠᠷ ᠪᠦᠷᠢᠳᠦᠨ᠎ᠡ᠃ ᠭᠡᠷ ᠪᠠᠷᠢᠬᠤ᠂ ᠭᠡᠷ ᠢ ᠡᠵᠡᠩᠨᠡᠬᠦ ᠂ ᠭᠡᠷ ᠲᠤ ᠬᠤᠯᠪᠤᠭᠳᠠᠬᠤ ᠭᠡᠪ ᠵᠠᠩᠰᠢᠯ ᠨᠢ ᠲᠠᠶᠠᠭᠠᠷ ᠮᠤᠩᠭᠤᠯᠴᠤᠳ ᠤᠨ ᠤᠯᠠᠮᠵᠢᠯᠠᠯ ᠵᠠᠩᠰᠢᠯ ᠯᠤᠭ᠎ᠠ ᠦᠨᠳᠦᠰᠦᠨ  ᠳᠡᠭᠡᠨ ᠠᠳᠠᠯᠢ᠃ ᠭᠡᠷ ᠤᠨ ᠶᠡᠭᠡ ᠪᠠᠭ᠎ᠠ ᠶᠢ ᠬᠠᠨ᠎ᠠ ᠶᠢᠨ ᠲᠤᠭ᠎ᠠ ᠪᠠᠷ ᠬᠡᠯᠡᠯᠴᠡᠨ᠎ᠡ᠃ ᠬᠠᠮᠤᠭ ᠤᠨ ᠪᠠᠭ᠎ᠠ ᠨᠢ ᠲᠦᠷᠪᠡᠨ ᠬᠠᠨ᠎ᠠ ᠲᠠᠢ ᠭᠡᠷ ᠪᠤᠯᠤᠨ᠎ᠠ  ᠃ ᠦᠩᠭᠡᠷᠡᠭᠰᠡᠨ ᠳᠤ ᠡᠬᠡᠯ ᠮᠠᠯᠴᠢᠳ ᠤᠨ ᠤᠯᠠᠩᠬᠢ ᠨᠢ ᠲᠠᠪᠤᠨ ᠬᠠᠨ᠎ᠠ  ᠲᠠᠢ ᠭᠡᠷ ᠲᠤ ᠰᠠᠭᠤᠵᠤ᠂ ᠨᠤᠶᠠᠳ ᠪᠠᠶᠠᠳ ᠪᠤᠯ ᠵᠢᠷᠭᠤᠭᠠᠨ ᠬᠠᠨ᠎ᠠ ᠲᠠᠢ᠂ ᠬᠤᠶᠠᠷ ᠲᠤᠯᠭᠠᠭᠤᠷᠢ ᠲᠠᠢ ᠪᠤᠶᠤ ᠠᠷᠪᠠᠨ ᠬᠠᠨ᠎ᠠ ᠲᠠᠢ᠂ ᠲᠦᠷᠪᠡᠨ ᠲᠤᠯᠭᠠᠭᠤᠷᠢ ᠲᠠᠢ ᠭᠡᠷ ᠲᠤ ᠰᠠᠭᠤᠵᠤ ᠪᠠᠶᠢᠵᠠᠢ᠃  ᠤᠳᠤ ᠪᠤᠯ ᠲᠠᠪᠤ ᠵᠢᠷᠭᠤᠭᠠᠨ ᠬᠠᠨ᠎ᠠ ᠲᠠᠢ ᠭᠡᠷ ᠨᠡᠯᠢᠶᠡᠳ ᠨᠡᠶᠢᠳᠡᠮ ᠬᠡᠷᠡᠭᠯᠡᠭᠳᠡᠵᠤ ᠪᠠᠶᠢᠬᠤ ᠪᠠᠷ ᠪᠠᠷᠠᠬᠤ ᠦᠬᠡᠢ᠂ ᠨᠠᠢᠮᠠ ᠠᠴᠠ ᠠᠷᠪᠠᠨ ᠬᠤᠶᠠᠷ ᠬᠠᠨ᠎ᠠ   ᠲᠠᠢ ᠮᠤᠩᠭᠤᠯ ᠭᠡᠷ ᠪᠠᠰᠠ ᠤᠯᠠᠰᠢᠷᠠᠵᠠᠢ  ᠃     ᠮᠤᠩᠭᠤᠯ ᠭᠡᠷ ᠤᠨ ᠪᠥᠳᠥᠴᠠ᠄   ᠮᠤᠩᠭᠤᠯ ᠬᠡᠷ ᠪᠣᠯ ᠮᠤᠳᠤ᠂ ᠨᠤᠤᠰᠤ᠂ ᠬᠢᠯᠭᠠᠰᠤ᠂ ᠰᠢᠷᠢ ᠪᠠᠷ ᠡᠬᠢ ᠮᠡᠲ᠋ᠧᠷᠢᠶᠠᠯ ᠪᠤᠯᠭᠠᠨ ᠪᠦᠳᠦᠭᠰᠡᠨ ᠬᠡᠷ ᠮᠦᠨ᠃ ᠴᠢᠯᠠᠭᠤ᠂ ᠲᠡᠮᠤᠷ᠂ ᠰᠢᠷᠤᠢ ᠮᠡᠳᠤ ᠶᠢᠨ ᠮᠠᠲ᠋ᠧᠷᠢᠶᠠᠯ ᠢ ᠶᠡᠷᠤ ᠬᠡᠷᠡᠭᠰᠡᠳᠡᠭ ᠦᠬᠡᠢ  ᠃  ᠮᠤᠩᠭᠤᠯ ᠬᠡᠷ ᠤᠨ  ᠡᠬᠢ ᠮᠠᠲ᠋ᠧᠷᠢᠶᠠᠯ ᠨᠢ ᠲᠤᠬᠠᠢ ᠶᠢᠨ ᠭᠠᠵᠠᠢ ᠠᠴᠠ ᠪᠠᠨ ᠠᠪᠤᠭᠰᠠᠨ ᠡᠪ ᠡᠩ ᠤᠨ  ᠪᠡᠯᠡᠨ  ᠮᠠᠲ᠋ᠧᠷᠢᠶᠠᠯ ᠤᠳ ᠪᠠᠶᠢᠳᠠᠭ ᠪᠤᠯᠪᠠᠴᠣ ᠲᠡᠭᠦᠨ ᠤ ᠪᠥᠳᠥᠴᠠ ᠪᠠ ᠬᠢᠴᠠ ᠨᠢ ᠬᠠᠷᠢᠨ ᠮᠠᠰᠢ ᠨᠠᠷᠢᠯᠢᠭ ᠶᠤᠮ᠃  ᠵᠢᠱᠢᠶᠡᠯᠡᠪᠡᠯ᠂ ᠢᠰᠡᠬᠡᠢ ᠶᠢ ᠬᠤᠨᠢᠨ ᠨᠤᠤᠰᠤ ᠪᠠᠷ᠂ ᠤᠭᠤᠰᠤᠷ ᠪᠥᠰᠡᠯᠡᠬᠦᠷ ᠢ ᠠᠳᠣᠭᠤᠨ ᠤ ᠳᠡᠯ᠂  ᠲᠡᠮᠡᠭᠡᠨ ᠤ ᠨᠤᠤᠰᠤ ᠪᠠᠷ᠂ ᠬᠠᠨ᠎ᠠ ᠶᠢᠨ ᠦᠳᠡᠭᠡᠷᠢ ᠶᠢ ᠲᠡᠮᠡᠭᠡᠨ ᠠᠷᠠᠰᠤ   ᠪᠠᠷ ᠬᠢᠵᠦ᠂ ᠲᠤᠭᠤᠨᠤ᠂ ᠤᠨᠢ᠂ ᠬᠠᠨ᠎ᠠ᠂ ᠬᠠᠭᠠᠯᠭ᠎ᠠ᠂  ᠬᠠᠳᠡᠪᠴᠢ᠂  ᠲᠤᠯᠭᠠᠭᠤᠷᠢ ᠵᠡᠷᠬᠡ ᠶᠢ ᠮᠤᠳᠤ ᠪᠠᠷ ᠬᠢᠨ᠎ᠡ  ᠃  ᠮᠤᠩᠭᠤᠯ ᠭᠡᠷ ᠨᠢ  ᠶᠡᠷᠦᠳᠡᠭᠡᠨ ᠲᠤᠭᠤᠨᠤ᠂ ᠤᠨᠢ᠂ ᠬᠠᠨ᠎ᠠ᠂ ᠬᠠᠭᠠᠯᠭ᠎ᠠ ᠵᠡᠷᠭᠡ ᠪᠠᠷ ᠪᠡᠶ᠎ᠡ ᠪᠤᠯᠭᠠᠵᠤ᠂  ᠡᠷᠥᠭᠡ᠂ ᠲᠡᠭᠡᠪᠣᠷ᠂ ᠲᠤᠭᠤᠷᠭ᠎ᠠ᠂ ᠬᠠᠶᠠᠪᠴᠢ ᠪᠠᠷ ᠪᠥᠷᠢᠶᠡᠰᠥᠯᠡᠵᠤ᠂ ᠣᠭᠤᠰᠤᠷ᠂ ᠪᠥᠰᠡᠯᠡᠬᠦᠷ ᠢᠶᠠᠷ  ᠲᠠᠷᠤᠭᠤᠯᠤᠭᠰᠠᠨ ᠪᠠᠶᠢᠳᠠᠭ᠃     ᠲᠤᠭᠤᠨᠤ — ᠮᠤᠩᠭᠤᠯ ᠬᠡᠷ ᠢ  ︽ᠲᠡᠯᠡᠬᠡᠢ ᠬᠠᠷᠠᠬᠰᠠᠨ ᠡᠭᠦᠳᠡ ᠲᠠᠢ᠂ ᠲᠡᠭᠷᠢ ᠬᠠᠷᠠᠬᠰᠠᠨ ᠲᠤᠭᠤᠨᠤ ᠲᠠᠢ︾ ᠬᠡᠵᠤ ᠬᠡᠯᠡᠳᠡᠭ᠃ ᠲᠤᠭᠤᠨᠤ ᠪᠤᠯ ᠮᠤᠩᠭᠤᠯ ᠭᠡᠷ ᠤᠨ ᠭᠤᠤᠯ ᠲᠦᠪ  ᠪᠤᠯᠵᠤ᠂  ᠨᠠᠷᠠᠨ ᠤ ᠭᠡᠷᠡᠯ ᠲᠤᠰᠬᠠᠬᠤ᠂  ᠤᠲᠤᠭ᠎ᠠ  ᠤᠨᠢᠶᠠᠷ ᠢ ᠭᠠᠲᠠᠭᠰᠢᠯᠭᠤᠯᠬᠤ᠂ ᠬᠠᠯᠠᠭᠤᠨ ᠭᠦᠢᠲᠡᠨ ᠢ ᠲᠤᠬᠢᠷᠠᠭᠤᠯᠬᠤ ᠦᠢᠯᠡᠲᠤᠯ ᠲᠠᠢ  ᠂ ᠮᠤᠩᠭᠤᠯ ᠭᠡᠷ ᠤᠨ ᠣᠷᠣᠢ ᠲᠡᠭᠡᠷᠡᠬᠢ  ᠨᠠᠷᠠᠨ ᠤ ᠬᠡᠯᠪᠡᠷᠢ ᠲᠠᠢ ᠲᠦᠬᠦᠷᠢᠭ ᠲᠤᠮᠤ ᠴᠣᠩᠬᠤ ᠶᠤᠮ᠃ ᠣᠨᠢ   ᠶᠢᠨ ᠲᠤᠯᠤᠭᠠᠢ  ᠶᠢ ᠲᠤᠭᠤᠨᠤ ᠳᠠᠭᠠᠨ ᠬᠠᠳᠬᠤᠵᠤ  ᠤᠭᠯᠠᠳᠠᠭ  ᠬᠡᠯᠬᠢᠶᠡᠰᠤ ᠦᠭᠡᠢ ᠲᠤᠭᠤᠨᠤ   ᠶᠢ  ᠬᠠᠳᠬᠤᠭᠤᠷ ᠲᠤᠭᠤᠨᠤ ᠭᠡᠳᠡᠭ ᠃ ᠲᠤᠭᠤᠨᠤ ᠶᠢᠨ ᠶᠡᠭᠡ ᠪᠠᠭ᠎ᠠ ᠨᠢ ᠭᠡᠷ ᠤᠨ  ᠶᠡᠭᠡ ᠪᠠᠭ᠎ᠠ ᠪᠠᠷ ᠪᠤᠯᠳᠠᠭ᠃  ᠲᠤᠭᠤᠨᠤ ᠪᠣᠯ ᠮᠤᠩᠭᠤᠯ ᠬᠡᠷ ᠤᠨ ᠤᠷᠤᠢ᠂ ᠤᠷᠬᠢᠯ ᠢᠶᠠᠷ  ᠪᠠᠷᠠᠬᠤ ᠦᠬᠡᠢ ᠲᠦᠪ ᠴᠢᠭ ᠨᠢ ᠪᠤᠯᠤᠨ᠎ᠠ᠃ ᠲᠤᠭᠤᠨᠤ ᠶᠢᠨ ᠭᠤᠤᠯ ᠴᠢᠭ   ᠢᠶᠠᠷ ᠪᠠᠷᠢᠮᠵᠢᠶ᠎ᠠ ᠪᠤᠯᠭᠠᠨ ᠬᠡᠷ ᠲᠡᠭᠡᠨ ᠨᠤᠳᠤᠭ ᠪᠠᠭᠤᠷᠢ ᠲᠤᠬᠳᠠᠭᠠᠵᠤ ᠬᠡᠷ ᠪᠤᠰᠬᠠᠳᠠᠭ᠃  ᠲᠤᠭᠤᠨᠤ ᠪᠠᠷ ᠲᠤᠰᠬᠤ ᠨᠠᠷᠠᠡ  ᠤ ᠲᠣᠶᠠᠭ᠎ᠠ ᠶᠢ ᠴᠠᠭ ᠤᠨ ᠬᠤᠪᠢᠶᠠᠷᠢ ᠪᠤᠯᠭᠠᠡ ᠠᠰᠢᠭᠯᠠᠬᠤ ᠨᠢ  ᠮᠤᠩᠭᠤᠯᠴᠣᠳ ᠤᠨ ᠤᠢ ᠤᠬᠠᠭᠠᠡ ᠤ ᠢᠯᠡᠷᠡᠯ ᠪᠤᠯᠤᠨ᠎ᠠ᠃   ᠲᠤᠭᠤᠨᠤ ᠪᠠ ᠭᠤᠯᠤᠮᠳᠠ ︵ᠲᠤᠯᠭ᠎ᠠ︶ ᠪᠣᠯ ᠮᠤᠩᠭᠤᠯ ᠬᠡᠷ ᠤᠨ ᠲᠦᠪ  ᠪᠠᠶᠢᠵᠤ᠂  ᠠᠶᠢᠯ  ᠡᠷᠤᠬᠡ ᠶᠢᠨ ᠮᠠᠨᠳᠤᠯ ᠭᠦᠭᠵᠢᠯ ᠤᠨ ᠪᠡᠯᠬᠡᠳᠡᠯ ᠬᠡᠵᠤ ᠶᠡᠭᠡ ᠭᠦᠨᠳᠤᠳᠬᠡᠳᠡᠭ᠃   ᠡᠶᠢᠮᠤ ᠠᠴᠠ ᠰᠢᠨ᠎ᠠ ᠬᠡᠷ ᠪᠤᠰᠬᠠᠬᠤ ᠳᠤ ᠤᠷᠢᠳᠠᠪᠠᠷ ᠲᠤᠭᠤᠨᠤ ᠶᠢ ᠮᠢᠯᠢᠶᠠᠨ ᠢᠷᠤᠬᠡᠵᠤ᠂  ᠲᠤᠭᠤᠨᠤ ᠶᠢᠨ ᠭᠤᠤᠯ ᠳᠤ ᠬᠠᠳᠠᠭ ᠵᠡᠭᠦᠯᠬᠡᠳᠡᠭ ᠶᠤᠰᠤ ᠲᠠᠢ  ᠃               ᠤᠨᠢ —  ᠲᠤᠭᠤᠨᠤ ᠶᠢᠨ ᠴᠠᠭᠠᠷᠢᠭ ᠠᠴᠠ ᠬᠠᠨ᠎ᠠ ᠶᠢᠨ ᠲᠤᠯᠤᠭᠠᠢ ᠳᠤ ᠰᠠᠴᠤᠷᠠᠨ  ᠪᠠᠭᠤᠬᠰᠠᠨ ᠨᠠᠷᠢᠨ ᠮᠤᠳᠤ ᠨᠤᠭᠤᠳ ᠢ ᠤᠨᠢ ᠬᠡᠵᠤ ᠨᠠᠷᠠᠯᠠᠨ᠎ᠠ᠃ ᠤᠨᠢ ᠪᠤᠯ ᠤᠨᠢ ᠶᠢᠨ ᠨᠠᠷᠢᠨ ᠲᠤᠯᠤᠭᠠᠢ  ᠂ ᠤᠨᠢ   ᠶᠢᠨ  ᠪᠦᠲᠤᠭᠦᠨ ᠲᠤᠯᠤᠭᠠᠢ᠂ ᠤᠨᠢ ᠶᠢᠨ ᠴᠡᠭᠡᠵᠢ᠂ ᠤᠨᠢ ᠶᠢᠨ ᠬᠢᠮᠤᠰᠤ᠂  ᠤᠨᠢ ᠶᠢᠨ ᠰᠡᠶ᠋ᠢᠭ  ᠂  ᠤᠨᠢ ᠶᠢᠨ ᠤᠭᠯᠠᠭᠤᠷᠭ᠎ᠠ  ᠵᠡᠷᠭᠡ ᠪᠠᠷ ᠪᠦᠷᠢᠯᠳᠦᠨ᠎ᠡ᠃  ᠮᠤᠩᠭᠤᠯ ᠭᠡᠷ   ᠤᠨ ᠤᠨᠢ ᠨᠢ ᠲᠤᠭᠤᠨᠤ ᠲᠠᠢ ᠪᠠᠨ ᠬᠤᠯᠪᠤᠭᠳᠠᠨ  ᠪᠠᠶᠢᠵᠤ᠂ ᠮᠤᠩᠭᠤᠯ ᠭᠡᠷ ᠤᠨ ᠴᠡᠭᠡᠵᠢᠨ ᠪᠡᠶ᠎ᠡ ᠶᠢᠨ ᠪᠦᠭᠦ ᠲᠦᠰᠢᠭ ᠨᠢ ᠪᠤᠯᠵᠤ᠂ ᠬᠠᠨ᠎ᠡ ᠶᠢ ᠲᠡᠯᠡᠭᠦ ᠪᠠ ᠲᠤᠭᠤᠨᠤ   ᠶᠢ ᠲᠤᠯᠬᠤ ᠭᠤᠤᠯ ᠨᠢᠷᠣᠭᠤ ᠶᠢᠨ ᠥᠢᠯᠡᠳᠥᠯ ᠢ ᠭᠠᠷᠭᠠᠵᠤ ᠪᠠᠶᠢᠳᠠᠭ᠃ ᠣᠨᠢ ᠶᠢ ᠨᠠᠷᠢᠪᠳᠤᠷ ᠣᠷᠳᠤ ᠮᠤᠳᠤ ᠪᠠᠷ ᠬᠢᠵᠤ ᠲᠡᠭᠡᠳᠤ ᠥᠵᠥᠬᠦᠷ ᠢ  ᠲᠤᠭᠤᠨᠤ ᠶᠢᠨ ᠬᠤᠷᠣᠭᠤ ᠶᠢᠨ ᠵᠠᠪᠰᠠᠷ ᠢᠶᠠᠷ ᠬᠠᠳᠬᠤᠵᠤ᠂ ᠲᠡᠮᠡᠭᠡᠨ ᠤ ᠲᠥᠬᠦᠬᠡᠢ ᠠᠷᠠᠰᠤ ᠪᠤᠶᠤ ᠨᠤᠤᠰᠤ  ᠬᠢᠯᠭᠠᠰᠤ ᠪᠠᠷ ᠲᠤᠮᠤᠭᠰᠠᠨ ᠨᠠᠷᠢᠨ ᠲᠡᠭᠡᠰᠤ ᠪᠠᠷ ᠲᠤᠭᠤᠨᠤ ᠶᠢᠨ ᠬᠤᠷᠣᠭᠤ ᠲᠠᠢ ᠬᠡᠯᠬᠢᠬᠡᠳ᠂ ᠮᠤᠩᠭᠤᠯ ᠭᠡᠷ ᠤᠨ  ᠲᠡᠭᠡᠳᠤ ᠪᠡᠶ᠎ᠡ ᠶᠢ ᠪᠥᠬᠦᠯᠢ ᠴᠣᠭᠴᠠ ᠪᠤᠯᠭᠠᠨ ᠪᠥᠷᠢᠯᠳᠥᠭᠦᠯᠵᠤ ᠪᠠᠶᠢᠳᠠᠭ᠃ ᠡᠶᠢᠮᠤ ᠲᠤᠭᠤᠨᠤ  ᠶᠢ ᠬᠡᠯᠬᠢᠶ᠎ᠡ  ᠲᠤᠭᠤᠨᠤ ᠭᠡᠳᠡᠭ᠃  ᠬᠡᠯᠬᠢᠶᠡᠰᠤ ᠦᠭᠡᠢ ᠬᠠᠳᠬᠤᠭᠤᠷ ᠲᠤᠭᠤᠨᠤ ᠳᠤ ᠪᠤᠯ  ᠣᠨᠢ   ᠶᠢᠨ ᠲᠤᠯᠤᠭᠠᠢ  ᠶᠢ ᠰᠢᠭᠤᠳ ᠲᠤᠭᠤᠨᠤ ᠶᠢᠨ ᠨᠢᠳᠦᠨ ︵ᠵᠢᠵᠢᠭ ᠨᠦᠬᠡ︶ ᠳᠤ ᠬᠠᠳᠬᠤᠵᠤ  ᠤᠭᠯᠠᠳᠠᠭ᠃   ᠣᠨᠢ ᠶᠢᠨ ᠣᠷᠳᠤ ᠪᠤᠭᠤᠨᠢ ᠪᠠ ᠲᠤᠭᠠᠨ ᠤ ᠣᠯᠠᠨ ᠴᠥᠬᠡᠬᠡᠨ ᠨᠢ  ᠮᠦᠨ ᠭᠡᠷ   ᠤᠨ ᠶᠡᠭᠡ ᠪᠠᠭ᠎ᠠ ᠪᠠᠷ ᠪᠤᠯᠳᠠᠭ᠃ ᠲᠠᠪᠤᠨ ᠬᠠᠨ᠎ᠠ ᠲᠠᠢ ᠮᠤᠩᠭᠤᠯ ᠭᠡᠷ ᠪᠤᠯ  ᠶᠡᠷᠦᠳᠡᠭᠡᠨ ᠨᠠᠶᠠᠨ ᠬᠤᠶᠠᠷ ᠤᠨᠢ ᠲᠠᠢ ᠪᠠᠶᠢᠳᠠᠭ᠃  ᠣᠨᠢ ᠶᠢᠨ ᠲᠤᠤᠷᠠᠳᠤ ᠥᠵᠥᠬᠦᠷ ᠲᠤᠨᠢ ᠪᠠᠭ᠎ᠠ ᠨᠥᠬᠡ ᠭᠠᠷᠭᠠᠵᠤ᠂ ᠪᠢᠳᠡᠬᠦᠥ ᠤᠭᠤᠰᠤᠷ ᠬᠢᠵᠤ ᠬᠠᠨ᠎ᠠ ᠶᠢᠨ  ᠲᠤᠯᠤᠭᠠᠢ ᠳᠤ ᠡᠯᠭᠦᠨ᠎ᠡ᠃ ᠤᠨᠢ   ᠶᠢᠨ ᠤᠷᠳᠤ ᠶᠢᠨ ᠬᠡᠮᠵᠢᠶ᠎ᠠ᠂ ᠨᠡᠷᠢᠨ ᠪᠦᠳᠦᠭᠦᠨ ᠨᠢ ᠬᠤᠭᠤᠷᠤᠨᠳᠤ ᠪᠠᠨ ᠠᠳᠠᠯᠢ  ᠪᠠᠶᠢᠳᠠᠭ ᠪᠦᠬᠡᠳ ᠮᠤᠳᠤᠨ ᠮᠠᠲ᠋ᠧᠷᠢᠶᠠᠯ ᠨᠢ ᠴᠤ ᠠᠳᠠᠯᠢ ᠪᠠᠶᠢᠬᠤ  ᠶᠤᠰᠤᠳᠡᠢ᠃            ᠬᠠᠨ᠎ᠡ  —  ᠮᠤᠩᠭᠤᠯ ᠬᠡᠷ ᠢ ᠲᠤᠯᠵᠤ ᠲᠤᠯᠭᠠᠭᠤᠷᠢᠯᠠᠨ ᠪᠠᠶᠢᠭ᠎ᠠ ᠰᠠᠷᠠᠯᠵᠢᠨ ᠮᠤᠳᠤᠨ ᠭᠦᠷᠢᠶ᠎ᠠ ᠶᠢ ᠬᠠᠨ᠎ᠠ ᠬᠡᠵᠤ ᠨᠡᠷᠡᠯᠠᠨ᠎ᠠ᠃  ᠨᠢᠭᠡᠨ ᠪᠦᠷᠢᠨ ᠪᠦᠲᠤᠨ ᠮᠤᠩᠭᠤᠯ ᠭᠡᠷ ᠲᠤ ᠬᠠᠨ᠎ᠡ ᠪᠤᠯ ᠬᠠᠮᠤᠭ ᠤᠨ ᠪᠠᠲᠤ ᠪᠠᠬᠢ ᠰᠠᠭᠤᠷᠢ ᠪᠠ ᠲᠦᠰᠢᠭ ᠨᠢ ᠪᠤᠯᠵᠤ ᠪᠠᠶᠢᠲᠠᠭ᠃ ᠲᠠᠷᠤᠢ ᠮᠤᠩᠭᠤᠯ ᠭᠡᠷ ᠤᠨ ᠲᠤᠭᠤᠨᠤ᠂ ᠤᠨᠢ᠂ ᠲᠡᠭᠡᠪᠤᠷ  ᠂ ᠲᠤᠭᠤᠷᠭ᠎ᠠ ᠪᠦᠭᠦᠨ ᠢᠶᠠᠷ ᠢᠶᠠᠨ ᠬᠠᠨ᠎ᠡ ᠶᠢ ᠲᠦᠰᠢᠨ᠎ᠡ᠃ ᠬᠠᠨ᠎ᠡ  ᠪᠤᠯ  ᠬᠠᠨ᠎ᠡ ᠶᠢᠨ ᠲᠤᠯᠤᠭᠠᠢ᠂ ᠬᠠᠨ᠎ᠡ ᠶᠢᠨ ᠰᠡᠭᠡᠷ᠂  ᠬᠠᠨ᠎ᠠ ᠶᠢᠨ ᠠᠮᠨ᠂ ᠬᠠᠨ᠎ᠡ   ᠶᠢᠨ  ᠨᠢᠲᠤ᠂ ᠬᠠᠨ᠎ᠡ ᠶᠢᠨ ᠦᠳᠡᠭᠡᠷᠢ ᠪᠠ ᠬᠠᠨ᠎ᠡ ᠶᠢᠨ ᠪᠤᠭᠤᠯᠲᠡ ᠲᠡᠭᠡᠰᠤ  ᠵᠡᠷᠭᠡ  ᠪᠠᠷ ᠪᠦᠷᠢᠯᠳᠦᠨ᠎ᠡ᠃  ᠮᠤᠩᠭᠤᠯ ᠬᠡᠷ ᠤᠨ ᠬᠠᠨ᠎ᠠ ᠶᠢ ᠣᠷᠳᠤ ᠣᠬᠤᠷ ᠠᠳᠠᠯᠢ ᠪᠤᠰᠤ   ᠪᠠᠷ ᠣᠭᠳᠣᠯᠣᠭᠰᠠᠨ ᠪᠤᠷᠭᠠᠰᠤᠨ ᠮᠤᠳᠤ ᠶᠢ ᠲᠡᠮᠡᠭᠡ ᠪᠤᠶᠤ ᠠᠳᠤᠭᠤᠨ ᠤ ᠲᠥᠭᠦᠭᠡᠢ ᠠᠷᠠᠰᠤ ᠪᠠᠷ ᠥᠳᠡᠵᠤ ᠬᠢᠳᠡᠭ ᠶᠤᠮ᠃ ᠬᠠᠨ᠎ᠠ ᠶᠢᠨ ᠮᠣᠳᠣ ᠶᠢ ᠰᠣᠯᠢᠯᠴᠠᠭᠤᠯᠤᠨ ᠥᠳᠡᠳᠡᠭ ᠪᠤᠯᠬᠤᠷ ᠶᠠᠭ ᠨᠢᠭᠡᠨ ᠰᠥᠯᠵᠢᠮᠡᠯ ᠲᠤᠤᠷ  ᠰᠢᠭ᠋ ᠪᠤᠯᠵᠤ ᠡᠪᠬᠡᠵᠤ ᠬᠤᠷᠢᠶᠠᠵᠤ ᠪᠤᠯᠬᠤ ᠪᠥᠭᠡᠳ ᠰᠤᠩᠭᠠᠨ ᠲᠡᠯᠭᠡᠵᠤ ᠪᠤᠯᠳᠠᠭ᠃ ᠬᠠᠨ᠎ᠠ ᠶᠢᠨ ᠥᠨᠳᠥᠷ  ᠪᠤᠭᠤᠨᠢ ᠪᠠ ᠲᠤᠯᠤᠭᠠᠢ ᠶᠢᠨ ᠬᠢᠨᠢ ᠣᠯᠠᠨ ᠴᠥᠬᠡᠬᠡᠨ ᠨᠢ ᠭᠡᠷ ᠤᠨ ᠶᠡᠭᠡ ᠪᠠᠭ᠎ᠠ ᠪᠠᠷ ᠪᠤᠯᠳᠠᠭ᠃ ᠠᠷᠪᠠᠨ ᠲᠠᠪᠤᠨ  ᠲᠤᠯᠤᠭᠠᠢ ᠲᠠᠢ ᠨᠢᠭᠡ ᠬᠠᠨ᠎ᠠ  ᠳᠤ ᠭᠤᠴᠢ ᠭᠠᠷᠤᠢ ᠣᠷᠳᠤ ᠣᠬᠤᠷ  ᠮᠤᠳᠤ ᠣᠷᠣᠳᠠᠭ ᠪᠥᠭᠡᠳ ᠬᠠᠮᠤᠭ ᠤᠨ  ᠣᠷᠳᠤ ᠨᠢ ᠤᠨᠢ ᠶᠢᠨ ᠣᠷᠳᠤ ᠶᠢᠨ ᠬᠡᠮᠵᠢᠶ᠎ᠡ ᠲᠠᠢ ᠠᠳᠠᠯᠢ ᠪᠠᠶᠢᠳᠠᠭ᠃ ᠠᠷᠪᠠᠨ ᠲᠠᠪᠤᠨ ᠲᠤᠯᠤᠭᠠᠢ ᠲᠠᠢ ᠬᠠᠨ᠎ᠠ   ᠶᠢ ᠰᠤᠩᠭᠠᠨ ᠲᠡᠯᠭᠡᠵᠤ ᠲᠥᠷᠪᠡᠨ ᠲᠤᠬᠤᠢ ᠥᠨᠳᠥᠷ ᠢᠶᠠᠷ ᠪᠤᠰᠬᠠᠪᠠᠯ ᠲᠡᠷᠡ ᠬᠡᠮᠵᠢᠶ᠎ᠡ ᠶᠢᠨ ᠮᠤᠩᠭᠤᠯ ᠭᠡᠷ ᠤᠨ  ᠪᠠᠶᠢᠷᠢᠰᠢᠯ ᠳᠠᠭᠠᠨ ᠲᠤᠬᠢᠷᠠᠳᠠᠭ᠃   ᠮᠤᠩᠭᠤᠯ ᠬᠡᠷ ᠤᠨ ᠬᠠᠨ᠎ᠠ ᠶᠢᠨ ᠲᠤᠭ᠎ᠠ ᠠᠳᠠᠯᠢ ᠦᠬᠡᠢ᠃ ᠲᠦᠷᠪᠠ᠂ ᠲᠠᠪᠤ᠂ ᠵᠢᠷᠭᠤᠭᠠᠨ ᠬᠠᠨ᠎ᠠ ᠲᠠᠢ ᠬᠡᠷ ᠤᠯᠠᠨ ᠪᠠᠶᠢᠳᠠᠭ᠂ ᠲᠤᠯᠤᠭ᠎ᠠ᠂  ᠨᠠᠢᠮᠠ᠂ ᠶᠡᠰᠤ᠂ ᠠᠷᠪᠠᠨ ᠬᠠᠨ᠎ᠠ ᠲᠠᠢ ᠲᠤᠮᠤ ᠬᠡᠷ ᠴᠦ ᠪᠤᠢ᠃        ᠡᠭᠦᠲᠡ —  ᠭᠡᠷ ᠤᠨ ᠡᠬᠦᠳᠡ ᠪᠤᠯ ᠲᠤᠳᠤᠭᠤ᠂ ᠬᠠᠴᠠᠪᠴᠢ᠂ ᠪᠤᠱᠤᠭ᠎ᠠ ︵ᠲᠠᠶᠢᠹᠤᠰᠧ ᠳᠤ ᠬᠠᠳᠠᠪᠴᠢ ᠭᠡᠨ᠎ᠡ︶ ᠶᠢ ᠪᠦᠷᠢᠳᠦᠬᠦᠯᠬᠦ ᠮᠤᠳᠤᠨ ᠬᠦᠷᠢᠶ᠎ᠡ ᠬᠢᠭᠡᠳ ᠰᠢᠷᠢᠮᠡᠯ ᠤᠷᠬᠢᠭᠤᠯ ᠨᠢᠬᠡᠨ ᠴᠤᠭᠴᠠ ᠪᠤᠯᠤᠨ᠎ᠠ᠃ ᠡᠬᠦᠳᠡ  ᠪᠠᠷ ᠤᠷᠤᠵᠤ ᠭᠠᠷᠬᠤ ᠭᠡᠪᠡᠯ ᠡᠬᠦᠳᠡᠨ ᠤ ᠲᠦᠷᠪᠡᠯᠵᠢᠨ ᠵᠠᠢ ᠪᠠᠷ ᠤᠷᠤᠵᠤ ᠭᠠᠷᠬᠤ ᠶᠢ ᠬᠡᠯᠡᠵᠦ᠂ ᠡᠬᠦᠳᠡ ᠪᠠᠨ ᠰᠡᠬᠦᠨ᠎ᠡ ᠭᠡᠪᠡᠯ ᠡᠯᠬᠦᠮᠡᠯ ᠰᠢᠷᠢᠮᠡᠯ ᠤᠷᠬᠢᠭᠤᠯ ᠢᠶᠠᠨ ᠰᠡᠬᠦᠬᠦ ᠶᠢ ᠬᠡᠯᠡᠵᠦ ᠪᠠᠶᠢᠨ᠎ᠠ᠃ ᠭᠡᠪᠡᠴᠦ ᠤᠷᠬᠢᠭᠤᠯ ᠢ ᠡᠬᠦᠳᠡ ᠬᠡᠵᠦ ᠬᠡᠯᠡᠵᠦ ᠵᠠᠩᠰᠢᠭᠰᠠᠨ ᠪᠠᠶᠢᠳᠠᠭ᠃ ᠭᠡᠷ ᠤᠨ ᠡᠬᠦᠳᠡ   ᠶᠢ ᠭᠤᠤᠯ ᠳᠤᠨᠢ ᠦᠯᠵᠡᠢ ᠬᠡ ᠪᠤᠶᠤ ᠹᠦᠰᠠᠨ ᠬᠡ᠂  ᠡᠰᠡᠬᠦᠯ᠎ᠡ  ᠲᠠᠩᠨᠠᠢ ᠬᠡ᠂ ᠲᠦᠷᠪᠡᠨ ᠦᠨᠴᠦᠭ ᠲᠤᠨᠢ ᠤᠭᠠᠯᠵᠠ᠂ ᠲᠤᠭᠤᠷᠢᠭᠤᠯᠤᠭᠠᠳ ᠠᠯᠤᠬᠠᠨ ᠬᠡ ᠭᠠᠷᠭᠠᠵᠤ ᠤᠷᠠᠯᠠᠨ ᠰᠢᠷᠢᠯᠡᠵᠦ ᠤᠶᠤᠭᠰᠠᠨ ᠪᠠᠶᠢᠳᠠᠭ᠃ ᠡᠨᠡ   ᠨᠢ ᠦᠵᠡᠮᠦᠷᠢᠳᠡᠢ ᠪᠠᠷ ᠦᠯᠦ ᠪᠠᠷᠠᠨ᠂ ᠦᠷᠬᠦᠯᠵᠢ ᠰᠡᠬᠦᠵᠦ ᠲᠠᠯᠪᠢᠵᠤ ᠪᠠᠶᠢᠬᠤ ᠳᠤ ᠰᠤᠨᠤᠬᠤ ᠦᠬᠡᠢ ᠪᠠᠬᠢᠯᠢᠭ᠌ ᠪᠤᠯᠳᠠᠭ ᠠᠵᠢ᠃ ᠵᠤᠨ ᠤ ᠴᠠᠭ ᠲᠤ ᠡᠬᠦᠳᠡ ᠶᠢ ᠲᠡᠭᠡᠪᠦᠷ ᠲᠡᠭᠡᠷ᠎ᠡ ᠪᠠᠨ ᠰᠡᠬᠦᠵᠦ ᠲᠠᠯᠪᠢᠨ᠎ᠠ᠃ ᠮᠤᠳᠤᠨ ᠬᠠᠭᠠᠯᠭ᠎ᠠ ᠲᠠᠢ ᠪᠤᠯᠤᠭᠰᠠᠨ ᠨᠢ ᠰᠡᠬᠦᠯ ᠤᠨ ᠦᠶ᠎ᠡ ᠶᠢᠨ ᠶᠠᠪᠤᠳᠠᠯ ᠭᠡᠳᠡᠭ᠃ ᠮᠤᠳᠤᠨ ᠬᠠᠭᠠᠯᠭ᠎ᠠ ᠳᠤ ᠬᠤᠶᠠᠷ ᠵᠦᠢᠯ ᠪᠤᠢ᠃ ᠨᠢᠬᠡ ᠨᠢ ᠠᠳᠠᠯᠢᠬᠠᠨ ᠬᠤᠶᠠᠷ ᠪᠠᠩᠰᠠᠨ ᠨᠡᠭᠡᠭᠡᠯᠬᠡᠢ ᠶᠢ ᠬᠤᠶᠠᠷ ᠲᠠᠯ᠎ᠠ ᠶᠢᠨ ᠲᠤᠳᠤᠭᠤ ᠪᠤᠱᠤᠭ᠎ᠠ ᠶᠢᠨ ᠤᠭᠯᠤᠷᠭ᠎ᠠ ᠳᠤ ᠮᠦᠬᠦᠦ ᠪᠠᠷ ᠲᠤᠭᠳᠠᠭᠠᠭᠰᠠᠨ ᠲᠤᠳᠤᠭᠰᠢ ᠨᠡᠭᠡᠭᠡᠳᠡᠭ  ᠬᠤᠤᠰ ᠬᠠᠭᠠᠯᠭ᠎ᠠ ᠪᠤᠯᠤᠨ᠎ᠠ᠃ ᠤᠷᠢᠳᠤ ᠴᠠᠭ ᠲᠤ ᠡᠶᠢᠮᠦ ᠬᠠᠭᠠᠯᠭ᠎ᠠ ᠤᠯᠠᠨ ᠪᠠᠶᠢᠵᠠᠢ᠃ ᠲᠤᠳᠤᠷ᠎ᠠ ᠲᠠᠯ᠎ᠠ ᠠᠴᠠ ᠨᠢ ᠱᠤᠩᠳᠠᠬᠤ ᠬᠦᠨᠳᠡᠯᠡᠨ ᠱᠤᠩ ᠲᠠᠢ ᠪᠦᠬᠡᠳ ᠭᠠᠳᠠᠨ᠎ᠠ ᠠᠴᠠ ᠨᠢ ᠪᠤᠯ ᠲᠤᠳᠤᠭᠤ ᠲᠡᠭᠡᠷ᠎ᠡ ᠠᠴᠠ ᠱᠤᠩᠳᠠᠨ᠎ᠠ᠃ ᠡᠶᠢᠮᠦ ᠡᠬᠦᠳᠡᠨ ᠤ ᠭᠠᠳᠠᠨ᠎ᠠ ᠨᠢ ᠪᠠᠰᠠ ᠤᠷᠬᠢᠭᠤᠯ ᠡᠯᠬᠦᠵᠦ ᠪᠤᠯᠳᠠᠭ᠃ ᠨᠦᠬᠦᠬᠡ ᠨᠢ ᠪᠠᠷᠠᠭᠤᠨ ᠲᠠᠯ᠎ᠠ ᠳᠠᠭᠠᠨ ᠮᠦᠬᠦᠦ ᠲᠠᠢ᠂ ᠵᠡᠬᠦᠨ ᠲᠠᠯ᠎ᠠ ᠠᠴᠠ ᠨᠢ ᠭᠠᠳᠠᠭᠰᠢ ᠨᠡᠭᠡᠭᠡᠳᠡᠭ ᠪᠦᠬᠦᠯᠢ ᠪᠠᠩᠰᠠᠨ ᠬᠠᠭᠠᠯᠭ᠎ᠠ ᠪᠤᠯᠤᠨ᠎ᠠ ᠃ ᠲᠤᠳᠤᠷ᠎ᠠ ᠠᠴᠠ ᠨᠢ ᠬᠠᠭᠠᠬᠤ ᠳᠠᠭᠠᠨ ᠡᠬᠦᠳᠡᠨ ᠤ ᠵᠡᠬᠦᠨ ᠬᠠᠴᠠᠪᠴᠢ ᠳᠤ ᠲᠡᠪᠬᠡᠯᠡᠬᠦ ᠪᠠ ᠭᠠᠳᠠᠨ᠎ᠠ ᠠᠴᠠ ᠲᠡᠪᠭᠡᠯᠡᠬᠦ ᠲᠡᠮᠦᠷ ᠰᠡᠨᠵᠢ ᠭᠤᠬ᠎ᠠ ᠲᠠᠢ ᠪᠠᠶᠢᠳᠠᠭ᠃ ᠡᠶᠢᠮᠦ ᠭᠡᠷ ᠤᠨ ᠡᠬᠦᠳᠡᠨ ᠳᠤ ᠤᠷᠬᠢᠭᠤᠯ ᠡᠯᠬᠦᠵᠦ ᠪᠤᠯᠬᠤ ᠦᠬᠡᠢ ᠤᠴᠢᠷ ᠠᠴᠠ ᠵᠠᠷᠢᠮ ᠠᠶᠢᠯ ᠲᠠᠪᠬᠤᠷ ᠡᠬᠦᠳᠡ ᠬᠢᠭᠰᠡᠨ ᠴᠤ ᠪᠠᠶᠢᠳᠠᠭ᠃ ᠡᠶᠢᠮᠦ ᠲᠠᠪᠬᠤᠷ ᠡᠬᠦᠳᠡ ᠦᠬᠡᠢ ᠪᠤᠯ ᠡᠪᠦᠯ ᠴᠠᠭ ᠲᠤ ᠡᠬᠦᠳᠡᠨ ᠤ ᠭᠠᠳᠠᠨ᠎ᠠ ᠬᠤᠶᠠᠷ ᠲᠠᠯ᠎ᠠ ᠳᠤ ᠬᠠᠮᠢᠭᠠᠰᠢ ᠬᠠᠮᠢᠭᠠᠰᠢ   ᠪᠠᠨ ᠮᠧᠲᠷ  ᠬᠢᠷᠢᠳᠡᠢ ᠬᠠᠯᠬᠠᠭ᠎ᠠ ᠬᠡᠵᠦ ᠪᠠᠷᠢᠳᠠᠭ ᠪᠠᠶᠢᠪᠠ᠃              ᠲᠤᠯᠭᠠᠭᠤᠷᠢ  — ᠮᠤᠩᠭᠤᠯ ᠬᠡᠷ ᠤᠨ ᠲᠤᠭᠤᠨᠤ ᠶᠢ ᠲᠤᠯᠵᠤ  ᠲᠡᠭᠰᠢᠷᠡᠬᠦᠯᠳᠡᠭ ᠲᠤᠯᠭᠠᠭᠤᠷᠢ ᠮᠤᠳᠤ᠃ ᠵᠢᠷᠭᠤᠭ᠎ᠠ ᠠᠴᠠ ᠲᠡᠬᠡᠭᠰᠢᠬᠢ ᠬᠠᠨ᠎ᠠ ᠲᠠᠢ ᠲᠤᠮᠤ ᠬᠡᠷ ᠪᠤᠶᠤ ᠬᠡᠯᠬᠢᠶ᠎ᠠ ᠲᠤᠭᠤᠨᠤ ᠲᠠᠢ ᠬᠡᠷ ᠲᠤ ᠦᠷᠭᠦᠯᠵᠢ ᠲᠤᠯᠭᠠᠭᠤᠷᠢ ᠬᠡᠷᠡᠭᠯᠡᠳᠡᠭ᠃  ᠤᠯᠠᠨ ᠬᠠᠨ᠎ᠠ ᠲᠠᠢ  ᠲᠤᠮᠤ ᠬᠡᠷ ᠲᠤ ᠬᠤᠶᠠᠷ ᠪᠤᠶᠤ ᠲᠦᠷᠪᠠᠨ ᠲᠤᠯᠭᠠᠭᠤᠷᠢ ᠬᠡᠷᠡᠭᠯᠡᠭᠦ ᠴᠦ ᠪᠤᠢ᠃ ᠲᠤᠯᠭᠠᠭᠤᠷᠢ ᠶᠢ ᠠᠰ ᠰᠢᠯᠤᠭᠤᠨ ᠮᠤᠳᠤ ᠪᠠᠷ ᠰᠤᠩᠭᠤᠨ ᠬᠢᠵᠦ  ᠂   ᠤᠭᠠᠯᠵᠠ ᠭᠡ ᠭᠠᠷᠭᠠᠨ  ᠤᠷᠠᠯᠠᠵᠤ ᠴᠢᠮᠡᠳᠡᠭ ᠵᠠᠩᠰᠢᠯ ᠲᠠᠢ᠃ ᠮᠤᠩᠭᠤᠯ ᠬᠡᠷ ᠤᠨ ᠲᠤᠯᠭᠠᠭᠤᠷᠢ ᠶᠢ ᠬᠠᠮᠢᠶ᠎ᠠ ᠨᠠᠮᠢᠶ᠎ᠠ ᠦᠬᠡᠢ ᠰᠢᠳᠠᠵᠤ ᠬᠠᠶᠠᠳᠠᠭ ᠦᠬᠡᠢ᠂ ᠲᠤᠯᠭᠠᠭᠤᠷᠢ ᠲᠡᠭᠡᠬᠦᠷ ᠠᠯᠬᠤᠵᠤ ᠬᠢᠰᠬᠢᠬᠦ  ᠂ ᠲᠤᠯᠭᠠᠭᠤᠷᠢ ᠶᠢ  ᠲᠦᠰᠢᠵᠦ ᠲᠡᠪᠡᠷᠢᠭᠦ  ᠂ ᠲᠤᠯᠭᠠᠭᠤᠷᠢ ᠠᠴᠠ ᠶᠠᠭᠤᠮ᠎ᠠ ᠬᠡᠤᠮ᠎ᠡ ᠡᠯᠬᠦᠵᠦ ᠲᠡᠭᠦᠵᠢᠯᠡᠭᠦ ᠶᠢ  ᠶᠡᠬᠡᠳᠡ ᠴᠡᠬᠡᠷᠯᠡᠳᠡᠭ᠃ ᠶᠡᠷᠤ ᠠᠴᠠ ᠬᠡᠷ ᠤᠨ ᠲᠤᠯᠭᠠᠭᠤᠷᠢ ᠪᠠ ᠭᠠᠯ ᠭᠤᠯᠤᠮᠳᠠ ᠶᠢ ᠡᠬᠡᠬᠡ ᠠᠳᠠᠯᠢ   ᠬᠦᠨᠳᠦᠳᠬᠡᠨ ᠦᠵᠡᠵᠦ᠂  ᠬᠡᠵᠢᠶ᠎ᠠ ᠬᠠᠮᠢᠭ᠎ᠠ ᠨᠡᠭᠦᠵᠤ ᠶᠠᠪᠤᠬᠰᠠᠨ ᠴᠦ ᠲᠤᠯᠭᠠᠭᠤᠷᠢ ᠶᠢ ᠲᠤᠭᠤᠨᠤ ᠶᠢᠨ ᠬᠠᠮᠳᠤ ᠠᠴᠢᠵᠤ ᠡᠷᠬᠢᠮᠨᠠᠨ ᠬᠠᠮᠠᠭᠠᠯᠠᠵᠤ ᠪᠠᠶᠢᠳᠠᠭ ᠶᠤᠰᠤ ᠲᠠᠢ ᠶᠤᠮ᠃           ᠡᠷᠤᠭᠡ — ᠮᠤᠩᠭᠤᠯ ᠬᠡᠷ ᠤᠨ ᠲᠤᠭᠤᠨᠤ ᠶᠢ ᠪᠦᠳᠡᠬᠡᠳᠡᠭ  ᠲᠥᠷᠪᠡᠯᠵᠢᠨ ᠢᠰᠡᠬᠡᠢ ᠪᠦᠷᠢᠶᠠᠰᠤ ᠶᠢ ᠡᠷᠤᠬᠡ ᠬᠡᠳᠡᠭ᠂ ᠬᠡᠭᠦ ᠳᠡᠭᠡᠨ ᠮᠤᠩᠭᠤᠯ ᠬᠡᠷ ᠤᠨ ᠡᠷᠤᠬᠡ ᠨᠢ ᠲᠤᠭᠤᠨᠤ   ᠲᠠᠢ ᠪᠠᠨ ᠠᠳᠠᠯᠢ  ᠲᠦᠬᠦᠷᠢᠭ  ᠪᠢᠰᠢ᠂ ᠬᠠᠷᠢᠨ ᠲᠡᠭᠰᠢ ᠲᠦᠷᠪᠠᠯᠵᠢᠨ ᠪᠠᠶᠢᠳᠠᠭ᠃ ᠡᠷᠤᠬᠡ ᠶᠢᠨ ᠲᠦᠷᠪᠠᠨ ᠦᠨᠴᠦᠭ ᠲᠤ  ᠲᠤᠰᠪᠤᠷᠢ ᠤᠷᠳᠤ ᠤᠭᠤᠰᠤᠷ ᠲᠠᠢ᠃ ᠲᠦᠷᠪᠠᠨ ᠤᠭᠤᠰᠤᠷ ᠢ  ᠭᠡᠷ ᠤᠨ ᠪᠦᠰᠡᠯᠡᠭᠦᠷ ᠠᠴᠠ ᠤᠶᠠᠵᠤ᠂ ᠡᠮᠤᠨ᠎ᠠ ᠤᠭᠤᠰᠤᠷ ᠢ ᠨᠢ ᠰᠤᠯᠠ ᠲᠡᠯᠪᠢᠵᠤ᠂ ᠡᠷᠤᠬᠡ ᠶᠢ ᠪᠦᠳᠡᠬᠡᠭᠦ ᠪᠠ ᠰᠠᠭᠦᠭᠦ ᠲᠠᠳᠠᠭᠤᠷ ᠪᠤᠯᠭᠠᠳᠠᠭ᠃ ᠰᠦᠨᠢ ᠪᠤᠶᠤ ᠴᠠᠰᠤ ᠪᠤᠷᠤᠭᠠᠨ ᠲᠠᠢ ᠦᠶ᠎ᠠ ᠳᠤ ᠡᠷᠤᠬᠡ  ᠪᠠᠨ ᠪᠦᠳᠡᠬᠡᠨ᠎ᠡ᠃ ᠡᠩ ᠤᠨ ᠪᠠᠶᠢᠳᠠᠯ ᠳᠤ ᠡᠷᠤᠬᠡ ᠶᠢ ᠬᠡᠵᠢᠶᠠᠳᠡ ᠬᠠᠭᠠᠰ ᠰᠡᠭᠦᠵᠤ ᠪᠠᠶᠢᠳᠠᠭ  ᠃ ᠡᠶᠢᠮᠤ ᠠᠴᠠ ᠮᠤᠩᠭᠤᠯ ᠣᠨᠢᠰᠤᠭ᠎ᠠ ᠳᠤ ᠡᠷᠦᠬᠡ ᠶᠢ  ︽ ᠡᠳᠥᠷ ᠭᠤᠷᠪᠠᠯᠵᠢᠨ᠂ ᠰᠥᠨᠢ ᠲᠥᠷᠪᠡᠯᠵᠢᠨ︾ ᠭᠡᠳᠡᠭ  ᠪᠢᠯᠡ᠃ ᠡᠷᠣᠬᠡ   ᠨᠢ  ᠮᠤᠩᠭᠤᠯ ᠭᠡᠷ ᠤᠨ ᠬᠠᠯᠠᠭᠤᠨ ᠭᠦᠢᠲᠡᠨ ᠢ ᠵᠤᠬᠢᠴᠠᠭᠤᠯᠬᠤ᠂  ᠭᠡᠷᠡᠯ ᠭᠡᠭᠡ ᠶᠢ ᠲᠤᠬᠢᠷᠠᠭᠤᠯᠬᠤ᠂ ᠠᠭᠤᠷ ᠠᠮᠢᠰᠬᠤᠯ ᠢ  ᠰᠤᠯᠢᠭᠳᠠᠭᠤᠯᠬᠤ  ᠂ ᠪᠤᠷᠤᠭᠠᠨ ᠴᠠᠰᠤ  ᠂ ᠲᠤᠭᠤᠰᠤ ᠰᠢᠷᠤᠢ   ᠶᠢ ᠬᠤᠷᠢᠭᠯᠠᠬᠤ ᠦᠢᠯᠡᠲᠤᠯ  ᠲᠠᠢ  ᠃  ᠭᠡᠷ ᠤᠨ ᠡᠷᠥᠬᠡ ᠡᠳᠤᠷᠵᠢᠡ ᠰᠡᠬᠦᠭᠡᠰᠤᠲᠠᠢ ᠲᠤᠯᠡ ᠲᠡᠭᠷᠢ ᠶᠢᠨ ᠪᠠᠶᠢᠳᠠᠯ ᠢ ᠴᠤ ᠭᠡᠷ ᠠᠴᠠ ᠪᠠᠨ ᠮᠡᠳᠡᠵᠥ ᠴᠢᠳᠡᠨ᠎ᠠ᠃ ᠮᠤᠩᠭᠤᠯᠴᠣᠳ ᠡᠷᠤᠬᠡ ᠶᠢ ᠬᠡᠷ ᠤᠨ ᠮᠠᠯᠠᠭᠠᠢ᠂ ᠤᠷᠤᠢ ᠶᠢᠨ ᠴᠢᠮᠡᠭ ᠬᠡᠵᠤ ᠭᠦᠨᠳᠦᠳᠬᠡᠳᠡᠭ᠃ ᠡᠷᠤᠬᠡ  ᠶᠢ ᠬᠠᠮᠢᠶ᠎ᠠ ᠨᠠᠮᠢᠶ᠎ᠠ ᠦᠬᠡᠢ ᠭᠠᠵᠠᠷ ᠬᠠᠶᠠᠳᠠᠭ ᠦᠬᠡᠢ᠂ ᠨᠡᠭᠦᠵᠤ ᠪᠠᠭᠤᠬᠤ ᠳᠤ ᠬᠠᠮᠤᠭ ᠤᠷᠢᠳᠡᠪᠠᠷ ᠡᠷᠤᠬᠡ ᠶᠢ ᠪᠠᠭᠤᠯᠭᠠᠨ᠂ ᠤᠳᠤᠭ᠎ᠠ ᠲᠤᠭᠤᠰᠤ ᠶᠢ ᠱᠦᠭᠦᠷᠳᠡᠨ ᠠᠷᠢᠯᠭᠠᠵᠤ᠂  ᠪᠤᠷᠬᠠᠨ ᠰᠢᠳᠤᠬᠡᠨ᠂ ᠭᠦᠩᠭᠠᠷᠪᠠ ᠪᠤᠶᠤ ᠭᠤᠯᠢᠷ ᠪᠤᠳᠠᠭᠠᠨ ᠤ ᠤᠭᠤᠳᠠ ᠲᠠᠭᠠᠷᠴᠠᠭ ᠤᠨ ᠬᠠᠮᠳᠤ ᠠᠴᠢᠳᠠᠭ᠃       ᠲᠡᠭᠡᠪᠤᠷ —  ᠮᠤᠩᠭᠤᠯ ᠬᠡᠷ ᠤᠨ ᠤᠨᠢ ᠶᠢᠨ ᠬᠡᠰᠡᠭ ᠢ  ᠨᠦᠮᠦᠷᠭᠡᠨ  ᠪᠦᠳᠡᠭᠡᠳᠡᠭ  ᠱᠠᠳᠤᠯᠵᠢᠨ ᠬᠡᠯᠪᠡᠷᠢ  ᠲᠠᠢ᠂ ᠲᠤᠭᠤᠷᠢᠭ ᠬᠤᠷᠮᠤᠢ ᠲᠠᠢ ᠲᠤᠮᠤ ᠢᠰᠡᠭᠡᠢ ᠪᠦᠷᠢᠶᠠᠰᠤ ᠶᠢ ᠲᠡᠬᠡᠪᠤᠷ ᠬᠡᠳᠡᠭ᠃  ᠲᠡᠭᠡᠪᠦᠷ ᠲᠤ  ᠡᠮᠦᠨ᠎ᠡ ᠲᠡᠭᠡᠪᠣᠷ  ᠪᠠ  ᠠᠷᠤ ᠲᠡᠭᠡᠪᠥᠷ ᠭᠡᠵᠤ ᠬᠤᠶᠠᠷ ᠪᠠᠶᠢᠳᠠᠭ᠃   ᠠᠷᠤ ᠲᠡᠭᠡᠪᠤᠷ ᠨᠢ  ᠲᠦᠷᠪᠡᠨ ᠤᠷᠲᠤ ᠬᠠᠪᠲᠠᠭᠠᠢ ᠤᠭᠤᠰᠤᠷ ᠲᠠᠢ  ᠂ ᠡᠮᠤᠨ᠎ᠡ ᠲᠡᠭᠡᠪᠤᠷ ᠨᠢ ᠬᠤᠶᠡᠷ ᠤᠷᠲᠤ ᠬᠠᠪᠲᠠᠭᠠᠢ ᠤᠭᠤᠰᠤᠷ ᠲᠠᠢ ᠪᠠᠶᠢᠲᠠᠭ  ᠃ ᠢᠰᠡᠭᠡᠢ ᠲᠡᠭᠡᠪᠤᠷ ᠪᠠᠨ  ᠡᠰᠬᠡᠵᠦ  ᠲᠤᠬᠢᠷᠠᠭᠤᠯᠤᠭᠰᠠᠨ ᠤ ᠲᠠᠷᠠᠭ᠎ᠠ᠂   ᠬᠡᠪ   ᠢᠶᠠᠨ ᠠᠯᠲᠠᠬᠤ ᠠᠴᠠ  ᠰᠡᠷᠭᠡᠶᠢᠯᠡᠵᠦ᠂  ᠭᠦᠪᠡᠭᠡ ᠵᠠᠬ᠎ᠠ ᠶᠢ ᠨᠢ ᠡᠷᠬᠢᠨ ᠲᠤᠭᠤᠷᠢᠨ ᠵᠠᠭᠡᠭ ᠪᠠᠷᠢᠵᠤ ᠤᠶᠤᠲᠠᠭ᠃  ᠲᠡᠭᠡᠪᠤᠷ ᠤᠨ ᠦᠢᠯᠡᠲᠤᠯ ᠪᠤᠯ ᠮᠤᠩᠭᠤᠯ ᠭᠡᠷ ᠤᠨ ᠬᠠᠯᠠᠭᠤᠨ ᠭᠦᠢᠲᠡᠨ ᠠᠭᠠᠷ ᠢ ᠲᠤᠬᠢᠷᠡᠭᠤᠯᠬᠤ ᠪᠠ ᠰᠠᠯᠬᠢ ᠰᠢᠷᠤᠢ ᠪᠤᠷᠤᠭᠠᠨ ᠴᠠᠰᠤ ᠭᠡᠷ ᠲᠤ ᠨᠡᠪᠲᠡᠷᠡᠨ ᠤᠷᠤᠬᠤ ᠢ ᠬᠤᠷᠢᠭᠯᠠᠳᠠᠭ᠃  ᠬᠥᠢᠲᠡᠨ ᠣᠯᠠᠷᠢᠯ ᠳᠤ ᠲᠠᠪᠬᠤᠷ ᠲᠡᠭᠡᠪᠦᠷ  ᠪᠦᠳᠡᠭᠡᠵᠦ ᠪᠤᠯᠤᠨ᠎ᠠ᠃      ᠲᠤᠭᠤᠷᠭ᠎ᠠ  — ᠮᠤᠩᠭᠤᠯ ᠬᠡᠷ ᠤᠨ ᠬᠠᠨ᠎ᠠ ᠶᠢ  ᠲᠤᠭᠤᠷᠢᠭᠤᠯᠤᠨ ᠪᠦᠳᠡᠬᠡᠳᠡᠭ ᠢᠰᠡᠭᠡᠢ ᠪᠦᠷᠢᠶᠠᠰᠤ  ᠨᠦᠭᠦᠳ ᠢ ᠲᠤᠭᠤᠷᠭ᠎ᠠ  ᠭᠡᠳᠡᠭ᠃  ᠲᠤᠭᠤᠷᠭ᠎ᠠ ᠨᠢ ᠲᠤᠭᠤᠷᠭ᠎ᠠ   ᠶᠢᠨ ᠭᠦᠵᠤᠭᠦᠪᠴᠢ᠂ ᠲᠤᠭᠤᠷᠭ᠎ᠠ   ᠶᠢᠨ ᠬᠤᠷᠮᠤᠶᠢᠪᠴᠢ᠂ ᠲᠤᠭᠤᠷᠭ᠎ᠠ ᠶᠢᠨ ᠤᠭᠤᠰᠤᠷ ᠪᠦᠴᠨ  ᠵᠡᠷᠭᠡ ᠪᠠᠷ ᠪᠦᠷᠢᠯᠳᠦᠨ᠎ᠡ  ᠃  ᠲᠤᠭᠤᠷᠭ᠎ᠠ ᠪᠣᠯ ᠤᠷᠳᠤ ᠲᠦᠷᠪᠠᠯᠵᠢᠨ ᠬᠡᠯᠪᠡᠷᠢ ᠲᠠᠢ᠂  ᠲᠤᠭᠤᠷᠭ᠎ᠠ   ᠶᠢᠨ ᠲᠤᠭ᠎ᠠ  ᠬᠡᠮᠵᠢᠶ᠎ᠡ ᠨᠢ  ᠭᠡᠷ ᠤᠨ ᠶᠡᠭᠡ ᠪᠠᠭ᠎ᠠ ᠪᠠᠷ  ᠲᠤᠭᠳᠠᠭᠠᠭᠳᠠᠨ᠎ᠠ  ᠂  ᠡᠩ ᠤᠨ ᠬᠡᠷ ᠶᠡᠷᠤ ᠠᠴᠠ ᠭᠤᠷᠪᠡ ᠲᠦᠷᠪᠠᠨ ᠲᠤᠭᠤᠷᠭ᠎ᠠ ᠲᠠᠢ᠃   ᠵᠤᠨ ᠤ  ᠪᠦᠭᠴᠢᠮ᠎ᠡ ᠡᠳᠥᠷ ᠲᠤ ᠲᠤᠭᠤᠷᠭ᠎ᠠ ᠪᠠᠨ ᠰᠡᠭᠦᠵᠤ ᠰᠠᠯᠬᠢ ᠠᠭᠠᠷ ᠨᠡᠪᠳᠡᠷᠡᠭᠦᠯᠵᠤ ᠪᠤᠯᠤᠨ᠎ᠠ  ᠃     ᠬᠠᠶᠠᠭᠠᠪᠴᠢ —   ᠰᠠᠭᠤᠷᠢᠰᠢᠵᠤ ᠠᠮᠢᠳᠤᠷᠠᠭᠰᠠᠨ ᠠᠴᠠ ᠬᠤᠶᠢᠰᠢ᠂ ᠲᠠᠶᠢᠹᠤᠰᠧᠴᠤᠳ  ᠮᠤᠩᠭᠤᠯ ᠭᠡᠷ ᠪᠠᠷᠢᠬᠤ ᠳᠠᠭᠠᠨ ᠰᠢᠪᠠᠷ ᠵᠦᠩ ᠢᠶᠠᠷ ᠰᠠᠭᠤᠷᠢ ᠲᠠᠯᠪᠢᠳᠠᠭ ᠪᠠᠶᠢᠪᠠ᠃ ᠭᠡᠷ ᠢ ᠲᠤᠯᠠᠭᠠᠯᠠᠬᠤ ᠪᠠ ᠰᠠᠯᠬᠢ ᠰᠢᠷᠤᠢ ᠤᠷᠤᠬᠤ ᠠᠴᠠ ᠰᠡᠷᠭᠡᠶᠢᠯᠡᠵᠦ᠂ ᠬᠡᠷ ᠤᠨ ᠬᠠᠶᠠᠭ᠎ᠠ ᠶᠢ ᠲᠠᠷᠤᠳᠠᠭ᠃ ᠲᠤᠭᠤᠷᠭ᠎ᠠ ᠶᠢᠨ ᠬᠤᠷᠮᠤᠢ ᠶᠢ ᠲᠠᠷᠤᠬᠤ ᠨᠠᠷᠢᠨ ᠤᠷᠳᠤ ᠰᠢᠷᠢᠮᠡᠯ ᠢᠰᠡᠭᠡᠢ ᠶᠢ ᠬᠠᠶᠠᠭᠠᠪᠴᠢ ᠭᠡᠨ᠎ᠡ᠃ ᠲᠠᠩ ᠢᠰᠡᠭᠡᠢ ᠪᠠᠷ ᠬᠢᠬᠦ ᠴᠤ ᠪᠤᠢ᠂ ᠮᠦᠨ ᠮᠤᠳᠤ ᠪᠤᠶᠤ ᠬᠤᠯᠤᠰᠤ ᠪᠠᠷ ᠭᠡᠯᠬᠢᠵᠦ ᠬᠢᠭᠰᠡᠨ ᠬᠠᠶᠠᠭᠠᠪᠴᠢ ᠪᠠᠰᠠ ᠪᠠᠶᠢᠳᠠᠭ᠃ ᠡᠪᠦᠯ ᠴᠠᠭ ᠲᠤ ᠢᠰᠡᠭᠡᠢ ᠬᠠᠶᠠᠭᠠᠪᠴᠢ᠂ ᠲᠤᠯᠠᠭᠠᠨ ᠴᠠᠭ ᠲᠤ ᠮᠤᠳᠤᠨ ᠬᠠᠶᠠᠭᠠᠪᠴᠢ ᠭᠡᠷᠡᠭᠯᠡᠬᠦ ᠪᠦᠭᠡᠳ ᠲᠠᠪᠬᠤᠷᠯᠠᠨ ᠭᠡᠷᠡᠭᠯᠡᠬᠦ ᠴᠤ ᠪᠤᠢ᠃ ᠲᠡᠭᠡᠷ᠎ᠡ ᠵᠠᠭᠤᠨ  ᠤ ᠬᠤᠷᠢ ᠭᠤᠴᠢᠭᠠᠳ ᠤᠨ ᠪᠤᠯᠬᠤ ᠳᠤ᠂ ᠨᠤᠤᠰᠤ ᠨᠤᠤᠯᠤᠷ ᠬᠤᠪᠤᠷᠳᠠᠭᠰᠠᠨ ᠠᠴᠠ ᠡᠪᠦᠯ ᠤᠨ ᠴᠠᠭ ᠲᠤ ᠨᠢᠮᠬᠡᠨ ᠡᠰᠭᠡᠭᠰᠡᠨ ᠵᠦᠩ ᠢᠶᠠᠷ ᠬᠠᠶᠠᠭ᠎ᠠ ᠪᠠᠨ ᠲᠠᠷᠤᠵᠤ ᠴᠤ ᠪᠠᠶᠢᠵᠠᠢ᠃     ᠭᠦᠯᠳᠦᠷᠭᠡ —  ᠮᠤᠩᠭᠤᠯ ᠭᠡᠷ ᠤᠨ ᠲᠡᠭᠡᠪᠦᠷ ᠲᠡᠭᠡᠷ᠎ᠡ ᠨᠦᠮᠦᠷᠦᠭᠦᠯᠳᠡᠭ ᠬᠦᠭᠡ ᠪᠦᠰ ᠢᠶᠠᠷ ᠤᠶᠤᠭᠰᠠᠨ ᠤᠭᠠᠯᠵᠠ ᠬᠡᠯᠪᠡᠷᠢ ᠲᠠᠢ  ᠪᠦᠷᠢᠶᠡᠰᠦ ᠶᠢ ᠬᠦᠯᠳᠦᠷᠭᠡ ᠬᠡᠨ᠎ᠡ᠃ ᠬᠦᠯᠳᠦᠷᠭᠡ ᠪᠤᠯ ᠮᠤᠩᠭᠤᠯ ᠭᠡᠷ ᠲᠤ ᠲᠡᠭᠡᠪᠦᠷ ᠲᠠᠷᠤᠭᠤᠯᠭ᠎ᠠ ᠶᠢᠨ ᠲᠠᠪᠬᠤᠷ ᠦᠢᠯᠡᠳᠦᠯ ᠢ ᠬᠦᠢᠴᠡᠳᠭᠡᠵᠦ᠂ ᠵᠠᠶᠢᠴᠠ ᠪᠠᠷ ᠰᠠᠯᠬᠢ ᠰᠡᠪᠢᠬᠦ ᠶᠢ ᠰᠡᠷᠭᠡᠶᠢᠯᠡᠬᠦ ᠪᠦᠬᠡᠳ ᠭᠤᠶᠤᠯᠠᠯ ᠤᠨ ᠦᠢᠯᠡᠳᠦᠯ ᠲᠠᠢ ᠶᠤᠮ᠃  ᠬᠦᠯᠳᠦᠷᠭᠡ ᠭᠡᠳᠡᠭ ᠦᠭᠡ ᠨᠢ ᠦᠨᠡᠨᠳᠡᠭᠡᠨ ᠬᠦᠯᠳᠦ ᠡᠷᠦᠭᠡ ᠭᠡᠳᠡᠭ ᠦᠭᠡ ᠶᠢᠨ ᠨᠡᠶᠢᠯᠡᠪᠤᠷᠢ ᠳᠠᠭᠤᠳᠠᠯᠭ᠎ᠠ  ᠪᠤᠯᠤᠨ᠎ᠠ᠃ ᠭᠦᠯᠳᠦᠷᠭᠡ  ᠳᠤ ᠲᠦᠷᠪᠡᠨ ᠬᠦᠯ ᠲᠠᠢ᠂ ᠣᠯᠠᠨ ᠣᠭᠤᠰᠣᠷ  ᠲᠠᠢ᠃ ᠬᠦᠯᠳᠦᠷᠭᠡ ᠶᠢᠨ ᠭᠤᠤᠯ ᠳᠤ  ᠮᠤᠩᠭᠤᠯ ᠭᠡᠷ ᠤᠨ ᠲᠤᠭᠤᠨᠤ ᠶᠢᠨ ᠴᠢᠨᠡᠭᠡ ᠨᠦᠭᠡ ᠲᠠᠢ ᠪᠦᠭᠡᠳ ᠡᠷᠦᠭᠡ  ᠶᠢᠨ ᠳᠦᠷᠪᠡᠨ ᠦᠨᠴᠦᠭ ᠳᠠᠭᠠᠤ ᠳᠦᠷᠪᠡᠯᠵᠢᠯᠡᠭᠰᠡᠨ ᠬᠦᠯᠳᠦ ᠦᠨᠴᠦᠭ  ᠭᠠᠷᠭᠠᠨ᠂ ᠳᠡᠭᠦᠨ ᠠᠴᠠ ᠪᠠᠨ ᠡᠷᠦᠭᠡ  ᠶᠢᠨ ᠤᠭᠤᠰᠤᠷ ᠬᠢᠵᠦ ᠬᠠᠨ᠎ᠠ ᠶᠢᠨ ᠰᠢᠭᠢᠷ᠎ᠡ ᠶᠢᠨ ᠳᠤᠳᠤᠷ ᠳᠠᠯ᠎ᠠ ᠳᠤ ᠤᠶᠠᠵᠤ ᠳᠤᠭᠳᠠᠭᠠᠳᠠᠭ᠃  ᠬᠦᠯᠳᠦᠷᠭᠡ  ᠶᠢᠨ ᠵᠠᠭᠠᠮ᠎ᠠ ᠨᠢ ᠲᠡᠭᠡᠪᠦᠷ ᠤᠨ ᠵᠠᠭᠠᠮ᠎ᠠ ᠲᠠᠢ ᠲᠠᠪᠬᠤᠷᠯᠠᠵᠤ ᠪᠠᠶᠢᠳᠠᠭ ᠶᠤᠰᠤ ᠲᠠᠢ᠃  ᠬᠦᠯᠳᠦᠷᠭᠡ ᠲᠠᠢ ᠭᠡᠷ ᠨᠢ ᠦᠵᠡᠮᠦᠷᠢᠳᠡᠢ ᠰᠠᠶᠢᠬᠠᠨ ᠬᠠᠷᠠᠭᠳᠠᠨ᠎ᠠ᠃ ᠤᠷᠢᠳᠤ ᠳᠠᠭᠠᠨ ᠡᠶᠢᠮᠦ ᠭᠡᠷ ᠤᠯᠠᠨ ᠪᠠᠶᠢᠯ᠎ᠠ ᠭᠡᠳᠡᠭ᠃ ᠭᠡᠪᠡᠴᠦ ᠰᠡᠬᠦᠯᠳᠡᠵᠦ ᠢᠷᠡᠭᠡᠳ ᠨᠤᠶᠠᠳ ᠪᠠᠶᠠᠳ᠂ ᠶᠡᠬᠡᠰ ᠯᠠᠮᠠ  ᠨᠡᠷ ᠤᠨ ᠭᠡᠷ ᠲᠤ  ᠯᠠ ᠬᠦᠯᠳᠦᠷᠭᠡ ᠲᠠᠢ ᠪᠠᠶᠢᠵᠤ᠂ ᠡᠨᠡ   ᠨᠢ ᠵᠡᠷᠭᠡ ᠲᠡᠰ ᠤᠨ ᠢᠯᠭᠠᠭᠠᠨ ᠤ  ᠪᠡᠯᠬᠡ ᠲᠡᠮᠳᠡᠭ ᠪᠤᠯᠤᠭᠰᠠᠨ ᠪᠠᠶᠢᠵᠠᠢ᠃  ᠬᠦᠯᠳᠦᠷᠭᠡ ᠲᠠᠢ ᠭᠡᠷ ᠢ ᠬᠤᠯᠠ  ᠠᠴᠠ ᠬᠠᠷᠠᠬᠤ ᠳᠤ ᠦᠩᠬᠡ ᠢᠯᠭᠠᠷᠠᠵᠤ ᠦᠵᠡᠮᠦᠷᠢᠳᠡᠢ ᠬᠠᠷᠠᠭᠳᠠᠨ᠎ᠠ᠃      ᠴᠢᠭᠲᠠᠭ᠎ᠠ —   ᠭᠡᠷ ᠲᠤ  ᠴᠢᠬᠳᠠᠭ᠎ᠠ  ᠭᠡᠳᠡᠭ ᠭᠡᠷᠡᠭᠰᠡᠯ ᠪᠤᠢ᠃ ᠲᠡᠷᠡ   ᠨᠢ ᠲᠤᠭᠤᠨᠤ ᠶᠢᠨ ᠲᠡᠭ ᠭᠤᠤᠯ  ᠠᠴᠠ ᠤᠭᠤᠰᠤᠷᠯᠠᠵᠤ ᠲᠠᠯᠪᠢᠭᠰᠠᠨ ᠵᠤᠭᠳᠤᠷ ᠪᠤᠶᠤ ᠬᠢᠯᠭᠠᠰᠤ ᠪᠠᠷ ᠪᠠᠬᠢᠯᠢᠭ᠌ ᠲᠠᠮᠤᠭᠰᠠᠨ ᠲᠡᠭᠡᠰᠦ ᠪᠤᠯᠤᠨ᠎ᠠ᠃ ᠡᠨᠡ  ᠨᠢ ᠶᠡᠭᠡ ᠰᠠᠯᠬᠢᠨ ᠳᠤ ᠭᠡᠷ ᠲᠡᠪᠢᠯᠵᠡᠬᠦ ᠠᠴᠠ ᠰᠡᠷᠭᠡᠶᠢᠯᠡᠬᠦ ᠦᠢᠯᠡᠳᠦᠯ ᠲᠠᠢ ᠪᠠᠶᠢᠳᠠᠭ᠃  ᠶᠡᠭᠡ ᠰᠠᠯᠬᠢ ᠭᠠᠷᠬᠤ ᠳᠤ ᠴᠢᠬᠳᠠᠭ᠎ᠠ ᠶᠢ ᠰᠠᠯᠬᠢᠨ ᠵᠦᠭ ᠲᠤ ᠲᠠᠳᠠᠵᠤ ᠭᠡᠷ ᠤᠨ ᠬᠠᠶᠠᠭᠠᠨ ᠠᠴᠠ ᠭᠠᠳᠠᠰᠤᠯᠠᠬᠤ ᠪᠤᠶᠤ ᠭᠠᠳᠠᠭᠰᠢ ᠭᠠᠷᠭᠠᠵᠤ ᠰᠠᠯᠬᠢᠨ ᠲᠠᠯ᠎ᠠ ᠵᠦᠭ ᠲᠠᠳᠠᠵᠤ ᠭᠠᠳᠠᠰᠤᠯᠠᠵᠤ ᠭᠡᠷ ᠢ ᠲᠤᠭᠳᠠᠪᠤᠷᠢᠵᠢᠭᠤᠯᠤᠨ᠎ᠠ᠃  ᠭᠡᠷ ᠤᠨ ᠮᠤᠳᠤ ᠶᠢ ᠪᠤᠰᠬᠠᠭᠰᠠᠨ  ᠤ ᠰᠡᠬᠦᠯᠡᠷ᠂ ᠴᠢᠬᠳᠠᠭ᠎ᠠ ᠠᠴᠠ ᠴᠢᠯᠠᠭᠤ ᠮᠡᠳᠦ ᠶᠢᠨ ᠬᠦᠨᠳᠦ ᠶᠠᠭᠤᠮ᠎ᠠ ᠲᠡᠬᠦᠵᠢᠯᠡᠵᠦ ᠪᠠᠶᠢᠭᠠᠳ ᠭᠡᠷ ᠤᠨ ᠦ ᠶᠢ ᠲᠡᠭᠰᠢᠯᠡᠬᠦ ᠪᠠ ᠲᠠᠷᠤᠵᠤ ᠰᠠᠭᠤᠷᠢᠰᠢᠭᠤᠯᠳᠠᠭ ᠪᠦᠬᠡᠳ ᠮᠦᠨ ᠭᠤᠯᠤᠮᠳᠠ ᠶᠢᠨ ᠴᠡᠭ ᠢ ᠤᠯᠳᠠᠭ ᠪᠠᠶᠢᠨ᠎ᠠ᠃ ᠶᠡᠷᠦ  ᠶᠢᠨ ᠦᠶ᠎ᠡ ᠳᠤ ᠴᠢᠬᠳᠠᠭ᠎ᠠ ᠶᠢᠨ ᠦᠵᠦᠬᠦᠷ ᠢ ᠨᠤᠭᠤᠯᠵᠤ᠂ ᠭᠡᠷ ᠤᠨ ᠪᠠᠷᠠᠭᠤᠨ ᠬᠤᠶᠢᠨᠠᠬᠢ ᠤᠨᠢᠨ ᠳᠤ ᠵᠠᠩᠬᠢᠶ᠎ᠠ ᠭᠡ ᠭᠠᠷᠭᠠᠬᠤ ᠪᠤᠶᠤ  ᠲᠠᠩ ᠤᠭᠠᠯᠵᠠ ᠭᠠᠷᠭᠠᠨ ᠬᠠᠪᠴᠢᠭᠤᠯᠤᠭᠠᠳ᠂ ᠲᠡᠬᠦᠨ ᠠᠴᠠ ᠮᠠᠯ ᠤᠨ ᠭᠡᠰᠢᠭ ᠬᠡᠮᠡᠬᠦ ᠲᠡᠯ ᠰᠡᠬᠦᠯ ᠵᠡᠷᠭᠡ ᠶᠢ ᠵᠠᠩᠬᠢᠳᠤᠭᠰᠠᠨ ᠪᠠᠶᠢᠳᠠᠭ ᠪᠦᠬᠡᠳ ᠲᠡᠭᠡᠳᠦ ᠦᠵᠦᠬᠦᠷ ᠲᠤᠨᠢ ᠬᠠᠳᠠᠭ ᠵᠠᠩᠬᠢᠳᠤᠭᠰᠠᠨ ᠴᠤ ᠪᠠᠶᠢᠳᠠᠭ᠃      ᠤᠭᠤᠰᠤᠷ  ᠪᠦᠰᠡᠯᠡᠭᠦᠷ ᠦᠲᠡᠭᠡᠷᠢ — ᠮᠤᠩᠭᠤᠯ ᠬᠡᠷ ᠤᠨ ᠬᠠᠨ᠎ᠠ ᠪᠠ ᠲᠤᠭᠤᠷᠭᠠᠯᠠᠬᠰᠠᠨ ᠬᠠᠨ᠎ᠠ ᠶᠢ ᠤᠷᠢᠶᠠᠵᠤ ᠴᠢᠩᠭᠠᠷᠠᠭᠤᠯᠳᠠᠭ ᠤᠷᠳᠤ ᠲᠡᠬᠡᠰᠤ ᠶᠢ ᠪᠦᠰᠡᠯᠡᠭᠦᠷ ᠬᠡᠳᠡᠭ᠃ ᠪᠦᠰᠡᠯᠡᠭᠦᠷ ᠲᠤ  ᠬᠠᠪᠳᠠᠭᠠᠢ᠂ ᠪᠦᠬᠡᠷᠡᠩᠬᠡᠢ ᠬᠤᠶᠠᠷ ᠵᠤᠶᠢᠯ ᠪᠤᠢ  ᠃ ᠵᠦᠪ ᠰᠤᠯᠤᠭᠠᠢ ᠡᠷᠴᠢ ᠲᠠᠢ ᠭᠡᠳᠦ ᠬᠡᠳᠦᠨ ᠬᠢᠯᠭᠠᠰᠤᠨ ᠲᠡᠭᠡᠰᠦ ᠶᠢ ᠵᠡᠷᠭᠡᠴᠡᠬᠦᠯᠦᠨ ᠤᠶᠤᠭᠰᠠᠨ ᠬᠠᠪᠳᠠᠭᠠᠢ ᠪᠦᠰᠡᠯᠡᠬᠦᠷ ᠢ ᠬᠤᠰᠢᠯᠠᠩ ᠬᠡᠨ᠎ᠡ᠃ ᠡᠶᠢᠮᠦ ᠪᠦᠰᠡᠯᠡᠬᠦᠷ ᠨᠢ ᠦᠵᠡᠮᠦᠷᠢᠳᠡᠢ ᠮᠦᠷᠳᠡᠭᠡᠨ ᠪᠠᠬᠢᠯᠢᠭ᠌ ᠪᠠᠶᠢᠳᠠᠭ᠃  ᠬᠠᠨ᠎ᠠ ᠶᠢᠨ ᠭᠠᠳᠠᠭᠤᠷ ᠴᠢᠩᠭᠠᠯᠠᠵᠤ ᠪᠦᠰᠡᠯᠡᠳᠡᠭ ᠢ ᠨᠢ ᠲᠤᠳᠤᠷ ᠪᠦᠰᠡᠯᠡᠬᠦᠷ ᠬᠡᠵᠦ᠂  ᠲᠤᠭᠤᠷᠭ᠎ᠠ ᠶᠢᠨ ᠭᠠᠳᠠᠭᠤᠷ ᠲᠠᠳᠠᠵᠤ ᠪᠦᠰᠡᠯᠡᠳᠡᠭ ᠭᠤᠷᠪᠠᠨ ᠣᠷᠳᠤ ᠪᠥᠰᠡᠯᠡᠬᠦᠷ ᠢ ᠭᠠᠳᠠᠷ ᠪᠦᠰᠡᠯᠡᠬᠦᠷ ᠭᠡᠳᠡᠭ᠃   ᠤᠭᠤᠰᠤᠷ ᠪᠣᠯ ᠬᠡᠷ ᠤᠨ ᠪᠦᠷᠢᠶᠠᠰᠤ ᠶᠢᠨ ᠵᠡᠪᠰᠠᠷ ᠵᠠᠭᠠᠭ ᠶᠢ  ᠨᠠᠶᠢᠯᠠᠭᠦᠯᠦᠨ ᠲᠠᠳᠠᠵᠤ ᠬᠤᠯᠪᠤᠳᠠᠭ ᠤᠶᠠᠭ᠎ᠠ ᠲᠡᠬᠡᠰᠤ ᠨᠦᠭᠦᠳ ᠪᠤᠯᠤᠨ᠎ᠠ  ᠃ ᠡᠷᠥᠬᠡ   ᠶᠢᠨ ᠲᠥᠷᠪᠡᠨ ᠣᠭᠤᠰᠣᠷ ᠠᠴᠠ ᠭᠠᠳᠠᠨ᠎ᠠ᠂ ᠲᠡᠭᠡᠪᠥᠷ ᠲᠤ 8 —12 ᠣᠷᠳᠣ ᠣᠭᠤᠰᠣᠷ ᠲᠠᠢ᠃  ᠡᠳᠡᠭᠡᠷ ᠤᠭᠤᠰᠤᠷ ᠪᠥᠰᠡᠯᠡᠬᠦᠷ ᠢ ᠪᠥᠷ ᠠᠳᠣᠭᠤᠨ ᠤ ᠬᠢᠯᠭᠠᠰᠤ ᠪᠠᠷ  ᠪᠤᠶᠤ ᠲᠡᠮᠡᠭᠡᠨ ᠨᠤᠤᠰᠤ ᠪᠠᠷ ᠲᠤᠮᠤᠵᠤ ᠬᠢᠳᠡᠭ ᠶᠤᠮ᠃  ᠬᠠᠨ᠎ᠡ ᠶᠢᠨ ᠮᠤᠲᠤ ᠢ ᠬᠤᠭᠤᠷᠤ ᠬᠤᠭᠤᠷᠤᠨᠳᠤ ᠨᠢ ᠬᠤᠯᠪᠤᠨ ᠦᠲᠡᠭᠦ ᠶᠢ ᠬᠠᠨ᠎ᠡ ᠦᠲᠡᠨ᠎ᠡ ᠭᠡᠲᠡᠭ ᠶᠤᠮ᠃  ᠦᠲᠡᠭᠡᠷᠢ ᠶᠢ ᠪᠤᠯ ᠲᠡᠮᠡᠭᠡᠨ ᠠᠷᠡᠰᠤ ︵ ᠰᠢᠷᠢ︶   ᠶᠢ ᠨᠠᠷᠢᠬᠠᠨ  ᠵᠦᠰᠦᠵᠦ  ᠬᠢᠳᠡᠭ᠃  ᠤᠴᠢᠷ ᠨᠢ ᠲᠡᠮᠡᠭᠡᠨ ᠠᠷᠠᠰᠤ  ᠪᠤᠯ  ᠴᠢᠨᠠᠷᠯᠢᠭ  ᠪᠦᠬᠡ  ᠪᠠᠶᠢᠲᠠᠭ ᠪᠤᠯᠬᠤᠷ ᠤᠳᠠᠭᠠᠨ ᠭᠡᠷᠡᠭᠯᠡᠵᠦ ᠲᠡᠶᠢᠯᠦᠨ᠎ᠡ  ᠃  ᠲᠡᠮᠡᠭᠡᠨ ᠠᠷᠡᠰᠤᠨ ᠦᠲᠡᠭᠡᠷᠢ ᠪᠠᠷ ᠤᠨᠢ ᠬᠠᠨ᠎ᠡ᠂ ᠡᠭᠦᠲᠡ ᠲᠤᠭᠤᠨᠤ᠂ ᠠᠪᠲᠡᠷ᠎ᠡ  ᠱᠦᠬᠦᠢ ᠪᠠᠨ ᠪᠦᠷ ᠬᠠᠲᠠᠵᠤ ᠦᠲᠡᠵᠤ  ᠪᠤᠯᠳᠠᠭ᠃     ᠲᠡᠪᠢᠰᠭᠡᠷ ᠰᠢᠷᠢᠳᠡᠭ  —  ᠲᠠᠶᠢᠹᠤᠰᠧᠴᠤᠳ  ᠲᠡᠪᠢᠰᠭᠡᠷ  ᠬᠤᠮ ᠢᠶᠠᠨ ᠮᠠᠰᠢ ᠴᠡᠪᠡᠷ ᠲᠡᠭᠰᠢ ᠪᠠᠶᠢᠯᠭᠠᠬᠤ ᠪᠦᠭᠡᠳ ᠭᠤᠶᠤ ᠰᠠᠶᠢᠬᠠᠨ ᠤᠷᠡᠯᠡᠵᠤ ᠵᠤᠬᠢᠶᠠᠭᠰᠠᠨ ᠪᠠᠶᠢᠲᠠᠭ᠃ ᠢᠰᠡᠭᠡᠢ  ᠰᠢᠷᠢᠳᠡᠭ   ᠢ ᠮᠦᠨ ᠲᠡᠮᠡᠭᠡᠨ ᠨᠤᠤᠰᠤᠨ ᠤᠲᠠᠰᠤ ᠢᠶᠠᠷ  ᠰᠢᠷᠢᠨ᠎ᠡ᠃  ᠰᠢᠷᠢᠳᠡᠭ ᠤᠨ ᠭᠤᠤᠯ ᠳᠤ ᠲᠦᠷᠪᠡᠯᠵᠢᠨ ᠰᠦᠯᠵᠢᠶ᠎ᠡ ᠵᠢᠷᠤᠭ ᠵᠢᠷᠤᠬᠤ᠂ ᠭᠦᠪᠡᠭᠡ ᠪᠠᠷ  ᠨᠢ ᠠᠯᠤᠬᠠᠨ ᠵᠢᠷᠤᠭ ᠪᠠ ᠤᠰᠤᠨ ᠲᠠᠪᠠᠯᠭᠠᠨ ᠤ ᠵᠢᠷᠤᠭ  ᠵᠢᠷᠤᠵᠤ᠂ ᠲᠦᠷᠪᠡᠨ ᠭᠦᠪᠡᠭᠡ   ᠪᠠᠷ ᠮᠦᠨ ᠵᠡᠭᠡᠭ ᠪᠠᠷᠢᠵᠤ ᠭᠦᠪᠡᠭᠡᠯᠡᠨ   ᠤᠶᠤᠭᠰᠠᠨ ᠪᠠᠶᠢᠳᠠᠭ᠃  ᠪᠠᠰᠠ ᠲᠤᠩ ᠴᠠᠭᠠᠨ ᠢᠰᠡᠭᠡᠢ ᠲᠡᠪᠢᠰᠭᠡᠷ ᠵᠢᠴᠢ ᠭᠤᠶᠤ ᠭᠡ ᠤᠭᠠᠯᠵᠨ ᠲᠠᠢ  ᠤᠯᠪᠤᠭ  ᠭᠡᠪᠢᠰ ᠮᠡᠲᠤ ᠶᠢᠨ ᠨᠤᠤᠰᠤᠨ ᠲᠡᠪᠢᠰᠭᠡᠷ  ᠪᠠᠶᠢᠳᠠᠭ ᠢᠶᠠᠷ ᠪᠠᠷᠠᠬᠤ ᠦᠬᠡᠢ᠂ ᠠᠮᠢᠲᠡᠨ ᠠᠷᠢᠶᠠᠳᠠᠨ ᠤ ᠠᠷᠡᠰᠤ   ᠪᠠᠷ ᠤᠷᠡᠯᠡᠨ ᠬᠢᠭᠰᠡᠨ ᠠᠷᠡᠰᠤᠨ ᠲᠡᠪᠢᠰᠭᠡᠷ ᠴᠤ ᠪᠠᠶᠢᠳᠠᠭ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号