ᠤᠯᠠᠮᠵᠢᠯᠠᠯᠳᠤ  ᠤᠷᠤᠨ ᠰᠠᠭᠤᠴᠠ —  ᠴᠠᠴᠠᠷ
ᠨᠡᠶᠢᠲᠡᠯᠡᠭᠰᠡᠨ ᠴᠠᠭ᠄
2024/3/3
   ᠴᠠᠴᠠᠷ ᠮᠠᠶᠢᠬᠠᠨ  ᠪᠤᠯ ᠮᠤᠩᠭᠤᠯ ᠦᠨᠳᠦᠰᠦᠳᠡᠨ ᠤ ᠡᠷᠳᠡ ᠲᠡᠭᠡᠳᠦ ᠠᠴᠠ ᠪᠠᠨ ᠤᠯᠠᠮᠵᠢᠯᠠᠵᠤ ᠢᠷᠡᠭᠰᠡᠨ ᠤᠷᠤᠨ ᠰᠠᠭᠤᠴᠠ ᠪᠠᠶᠢᠵᠤ᠂ ᠮᠤᠩᠭᠤᠯ ᠭᠡᠷ ᠠᠴᠠ ᠨᠡᠩ ᠡᠷᠳᠡ᠂ ᠭᠡᠷᠡᠭᠴᠡᠭᠡ ᠪᠠᠷ ᠨᠡᠩ ᠦᠷᠭᠡᠨ᠂ ᠭᠡᠯᠪᠡᠷᠢ ᠮᠠᠶ᠋ᠢᠭ  ᠨᠢ ᠨᠡᠩ ᠤᠯᠠᠨ ᠵᠡᠷᠭᠡ ᠤᠨᠴᠠᠯᠢᠭ ᠲᠠᠢ ᠪᠢᠯᠡ  ᠃ ᠴᠠᠴᠠᠷ ᠮᠠᠶᠢᠬᠠᠨ ᠨᠢ ᠮᠤᠩᠭᠤᠯ ᠦᠨᠳᠦᠰᠦᠳᠡᠨ ᠤ ᠡᠬᠦᠰᠦᠯ ᠲᠡᠦᠬᠡ᠂ ᠮᠠᠨᠳᠤᠯ ᠬᠦᠭᠵᠢᠯ ᠤᠨ ᠪᠠᠭᠠᠳᠤᠷᠯᠢᠭ ᠲᠤᠤᠯᠢ ᠬᠢᠭᠡᠳ ᠮᠤᠩᠭᠤᠯ ᠬᠦᠮᠦᠨ ᠤ ᠰᠦᠰᠦ ᠵᠤᠷᠢᠭ᠂ ᠰᠡᠴᠡᠨ ᠤᠬᠠᠭᠠᠨ᠂ ᠵᠠᠩ ᠴᠢᠨᠠᠷ ᠲᠠᠢ ᠨᠢᠬᠳᠠ  ᠬᠤᠯᠪᠤᠭᠳᠠᠳᠠᠭ᠃   ᠴᠠᠴᠠᠷ ᠮᠠᠶᠢᠬᠠᠨ ᠢ  ᠭᠡᠮᠵᠢᠶ᠎ᠡ᠂ ᠬᠡᠯᠪᠡᠷᠢ᠂ ᠬᠡᠷᠡᠭᠴᠡᠭᠡ᠂ ᠤᠨᠴᠠᠯᠢᠭ   ᠢ ᠨᠢ  ᠦᠨᠳᠦᠰᠦᠯᠡᠵᠦ  ᠪᠠᠶᠢᠭᠠᠳ ᠲᠠᠭᠳᠤ᠂ ᠴᠠᠴᠠᠷ᠂ ᠮᠠᠶᠢᠬᠠᠨ᠂ ᠵᠤᠳᠤᠭᠠᠷ ᠬᠡᠵᠦ ᠶᠡᠷᠦᠩᠬᠡᠢ ᠳᠡᠭᠡᠨ ᠲᠦᠷᠪᠡ ᠠᠩᠬᠢᠯᠠᠨ᠎ᠠ᠃     ᠴᠠᠴᠠᠷ ᠪᠤᠯ ᠮᠤᠩᠭᠤᠯ ᠤᠨ ᠬᠠᠭᠠᠳ ᠨᠤᠶᠠᠳ᠂ ᠲᠦᠰᠢᠮᠡᠳ ᠰᠠᠶᠢᠳ᠂ ᠬᠡᠷᠬᠢᠮᠳᠡᠨ ᠯᠠᠮᠠ᠂ ᠡᠷᠬᠢᠮ ᠢᠵᠠᠭᠤᠷᠳᠠᠨ ᠨᠡᠷ ᠬᠤᠷᠠᠨ ᠴᠤᠭᠯᠠᠷᠠᠵᠤ᠂ ᠴᠡᠷᠢᠭ ᠵᠠᠰᠠᠭ ᠤᠨ ᠵᠦᠪᠳᠡᠯᠴᠡᠭᠡ ᠬᠢᠬᠦ᠂ ᠬᠤᠷᠠᠯ ᠬᠤᠷᠠᠬᠤ᠂ ᠬᠤᠷᠢᠮ ᠨᠠᠶᠢᠷ ᠬᠢᠬᠦ ᠪᠤᠶᠤ ᠲᠠᠬᠢᠯᠭ᠎ᠠ  ᠲᠠᠶᠢᠯᠭ᠎ᠠ ᠬᠢᠳᠡᠭ ᠭᠠᠵᠠᠷ ᠪᠤᠯᠤᠨ᠎ᠠ᠃  ᠬᠡᠳᠦᠶᠢᠪᠡᠷ ᠬᠠᠭᠠᠨ ᠤᠷᠳᠤᠨ ᠤ ᠠᠰᠠᠷ ᠲᠠᠭᠳᠤ ᠪᠤᠰᠤ ᠪᠤᠯᠪᠠᠴᠤ᠂  ᠡᠷᠬᠢᠮᠰᠦᠭ ᠰᠦᠷᠯᠢᠭ᠂ ᠬᠡᠬᠡᠨᠴᠢᠷ ᠭᠤᠶᠤᠮᠰᠤᠭ᠂ ᠯᠤᠤ ᠭᠠᠷᠤᠳᠢ ᠤᠷᠢᠶᠠᠭᠰᠠᠨ ᠠᠯᠳᠠᠨ ᠲᠤᠯᠭᠠᠭᠤᠷᠢ᠂ ᠡᠷᠳᠡᠨᠢ ᠶᠢᠨ ᠨᠠᠢᠮᠠᠨ ᠲᠠᠬᠢᠯ᠂ ᠦᠯᠵᠡᠢ ᠪᠡᠯᠭᠡᠳᠦ ᠬᠡᠢ ᠮᠤᠷᠢ ᠰᠦᠯᠳᠡ ᠶᠢᠨ ᠤᠷᠠᠯᠠᠯ ᠲᠠᠢ᠂ ᠡᠴᠢᠬᠡ ᠲᠡᠭᠷᠢ᠂ ᠡᠭᠡ ᠭᠠᠵᠠᠷ ᠤᠨ ᠠᠯᠢ ᠤᠯᠠᠨ ᠲᠠᠶᠢᠯᠭ᠎ᠠ᠂ ᠲᠡᠯᠡᠬᠡᠢ ᠶᠢ  ᠪᠠᠶᠢᠯᠳᠤᠨ ᠲᠠᠭᠠᠭᠤᠯᠤᠭᠴᠢ ᠴᠡᠷᠢᠭ ᠲᠠᠶᠢᠨ ᠤ ᠴᠢᠬᠤᠯᠠ  ᠵᠦᠪᠳᠡᠯᠴᠡᠭᠡ᠂ ᠮᠤᠩᠭᠤᠯ ᠤᠷᠳᠤᠨ ᠤ ᠲᠠᠭᠤᠤ ᠬᠦᠭᠵᠢᠮ ᠤᠨ ᠬᠤᠷᠢᠮ ᠨᠠᠶᠢᠷ ᠴᠦᠮ ᠢᠶᠠᠷ  ᠠᠳᠡ  ᠶᠠᠪᠤᠭᠳᠠᠭᠰᠠᠨ ᠲᠡᠦᠬᠡ ᠶᠢᠨ ᠲᠡᠮᠳᠡᠭᠯᠡᠯ ᠲᠠᠢ᠃  ᠤᠮᠠᠷᠠᠳᠤ ᠶᠤᠸᠠᠨ ᠤᠯᠤᠰ ᠤᠨ ᠦᠶᠡᠰ᠂ ᠡᠵᠡᠨ ᠬᠠᠭᠠᠨ  ᠤ ᠲᠤᠷᠭᠠᠨ ᠴᠡᠷᠢᠭ ᠪᠤᠯᠬᠤ ᠴᠠᠬᠠᠷ ᠲᠦᠮᠡᠨ ᠡᠨᠡᠬᠦ ᠲᠡᠦᠬᠡᠳᠦ ᠪᠠᠷᠢᠯᠭ᠎ᠠ ᠶᠢᠨ ᠤᠷᠠᠯᠠᠯ ᠢ ᠦᠪᠯᠡᠨ ᠦᠯᠡᠳᠡᠭᠡᠭᠰᠡᠨ ᠤ ᠤᠴᠢᠷ ᠨᠡᠯᠢᠶᠡᠳ ᠰᠡᠬᠦᠯ ᠤᠨ ᠦᠶ᠎ᠡ ᠪᠤᠯᠳᠠᠯ᠎ᠠ ᠴᠠᠬᠠᠷ ᠨᠤᠳᠤᠭ ᠲᠤ  ᠴᠠᠴᠠᠷ ᠢ ᠡᠳ᠋ᠯᠡᠨ ᠬᠡᠷᠡᠭᠯᠡᠵᠦ ᠪᠠᠶᠢᠭᠰᠠᠨ ᠶᠤᠮ᠃     ᠴᠠᠴᠠᠷ ᠢ ᠤᠯᠠᠩᠬᠢ ᠳᠠᠭᠠᠨ ᠴᠠᠭᠠᠨ ᠪᠦᠰ ᠢᠶᠠᠷ ᠬᠢᠳᠡᠭ ᠨᠢ ᠪᠠᠶᠢᠭᠠᠯᠢ ᠤᠷᠴᠢᠨ ᠳᠤ ᠵᠤᠬᠢᠴᠠᠭᠤᠯᠵᠤ᠂  ᠬᠦᠮᠦᠰ ᠲᠤ ᠴᠡᠪᠡᠷ ᠲᠤᠩᠭᠠᠯᠠᠭ ᠰᠡᠳᠬᠢᠭᠳᠡᠯ ᠢ ᠲᠦᠷᠦᠭᠳᠡᠬᠦᠯᠬᠦ ᠪᠠ ᠨᠠᠷᠠᠨ ᠤ ᠭᠡᠷᠡᠯ ᠢ ᠤᠶᠢᠯᠠᠭᠠᠵᠤ᠂ ᠴᠠᠴᠠᠷ ᠤᠨ ᠲᠤᠳᠤᠷᠠᠬᠢ ᠪᠦᠭᠴᠢᠮ᠎ᠡ ᠬᠠᠯᠠᠭᠤᠨ ᠢ ᠰᠡᠷᠭᠡᠶᠢᠯᠡᠬᠦ ᠵᠡᠷᠭᠡ  ᠲᠠᠯ᠎ᠠ ᠪᠠᠷ ᠪᠤᠳᠤᠯᠬᠢᠯᠠᠭᠰᠠᠨ ᠪᠠᠶᠢᠨ᠎ᠠ᠃  ᠴᠠᠴᠠᠷ ᠤᠨ ᠲᠡᠭᠡᠪᠦᠷ ᠤᠨ ᠨᠢᠭᠤᠷ ᠲᠠᠯ᠎ᠠ ᠶᠢᠨ ᠵᠢᠷᠤᠭ ᠢ  ᠭᠡᠷᠡᠭᠯᠡᠭᠡᠨ ᠳᠡᠭᠡᠨ ᠲᠤᠬᠢᠷᠠᠭᠤᠯᠵᠤ ᠵᠢᠷᠤᠵᠤ ᠲᠦᠯᠦᠪᠯᠡᠳᠡᠭ᠃  ᠲᠠᠶᠢᠹᠤᠰᠧ ᠨᠤᠳᠤᠭ ᠨᠢ ᠠᠳᠤᠭᠤ ᠮᠠᠯᠵᠢᠳᠠᠭ ᠤᠨᠴᠠᠯᠢᠭ ᠲᠠᠭᠠᠨ ᠲᠤᠬᠢᠷᠠᠭᠤᠯᠤᠨ᠂ ᠴᠠᠴᠠᠷ ᠤᠨ ᠲᠡᠭᠡᠪᠦᠷ ᠤᠨ ᠨᠢᠭᠤᠷ ᠲᠠᠯ᠎ᠠ ᠳᠤ ᠡᠬᠦᠯᠡ  ᠬᠦᠯᠦᠭᠯᠡᠭᠰᠡᠨ ᠬᠤᠶᠠᠷ ᠮᠤᠷᠢ ᠶᠢ ᠦᠬᠡᠳᠡ ᠦᠬᠡᠳᠡ ᠨᠢ  ᠬᠠᠨᠳᠤᠭᠤᠯᠤᠨ ᠵᠢᠷᠤᠵᠤ᠂ ᠵᠠᠪᠰᠠᠷ ᠲᠤᠨᠢ ᠦᠯᠵᠡᠢ ᠵᠠᠩᠬᠢᠶ᠎ᠠ ᠲᠤᠬᠢᠷᠠᠭᠤᠯᠤᠨ᠂ ᠲᠦᠷᠪᠡᠨ ᠦᠨᠴᠦᠭ ᠲᠤᠨᠢ ᠭᠡ ᠤᠭᠠᠯᠵᠠ ᠤᠶᠤᠳᠠᠭ᠃  ᠬᠠᠪᠢᠷᠭ᠎ᠠ ᠲᠠᠯ᠎ᠠ ᠶᠢᠨ ᠲᠡᠭᠡᠪᠦᠷ ᠲᠤ ᠭᠤᠷᠪᠠᠯᠵᠢᠨ ᠪᠠᠶᠢᠷᠢᠰᠢᠯ ᠢᠶᠠᠷ ᠭᠤᠷᠪᠠᠨ ᠭᠡ ᠤᠭᠠᠯᠵᠠ ᠤᠶᠤᠵᠤ᠂ ᠠᠷᠤ ᠲᠠᠯ᠎ᠠ ᠶᠢᠨ ᠲᠡᠭᠡᠪᠦᠷ ᠲᠤ ᠲᠠᠪᠤᠨ ᠬᠡ ᠤᠭᠠᠯᠵᠠ ᠤᠶᠤᠳᠠᠭ᠃ ᠮᠤᠷᠢ ᠪᠠ ᠤᠭᠠᠯᠵᠠ ᠶᠢ ᠪᠦᠷ ᠬᠦᠭᠡ ᠪᠦᠰ ᠢᠶᠠᠷ ᠤᠷᠠᠯᠠᠨ᠎ᠠ᠃ ᠰᠠᠬᠢᠭᠤᠰᠤ ᠰᠢᠳᠦᠬᠡᠨ ᠤ ᠲᠠᠬᠢᠯᠭ᠎ᠠ ᠳᠤ ᠭᠡᠷᠡᠭᠯᠡᠬᠦ ᠴᠠᠴᠠᠷ   ᠤᠨ ᠲᠡᠭᠡᠪᠦᠷ ᠲᠤ ᠪᠤᠯ ᠪᠤᠳᠢ  ᠬᠦᠷᠦᠭᠡᠰᠦ ᠵᠢᠷᠤᠵᠤ ᠤᠶᠤᠨ᠎ᠠ᠃ ᠴᠠᠴᠠᠷ ᠤᠨ ᠲᠡᠭᠡᠪᠦᠷ ᠤᠨ ᠬᠠᠪᠢᠰᠤᠨ ᠤ ᠨᠢᠷᠤᠭᠤ ᠤᠭᠯᠠᠬᠤ ᠪᠠ ᠵᠢᠵᠢᠭ ᠲᠤᠯᠭᠠᠭᠤᠷᠢ ᠶᠢ ᠲᠤᠯᠬᠤ ᠤᠬᠯᠠᠭᠤᠷ ᠢ ᠲᠤᠳᠤᠷ᠎ᠠ ᠭᠠᠳᠠᠨ᠎ᠠ ᠠᠴᠠ ᠨᠢ ᠪᠤᠯᠢᠭᠠᠷᠢ ᠪᠠᠷ  ᠲᠠᠪᠬᠤᠷᠯᠠᠨ ᠤᠶᠤᠵᠤ ᠪᠠᠬᠢᠯᠡᠭᠰᠡᠨ ᠪᠠᠶᠢᠳᠠᠭ᠃     ᠶᠡᠭᠡ ᠴᠠᠴᠠᠷ ᠨᠢ 20 ᠲᠤᠬᠤᠢ ᠦᠷᠭᠡᠨ᠂ ᠲᠦᠴᠢᠨ ᠲᠤᠬᠤᠢ ᠤᠷᠳᠤ᠂ ᠭᠤᠤᠯ ᠨᠢᠷᠤᠭᠤ ᠨᠢ 20 ᠲᠤᠬᠤᠢ᠂ ᠨᠢᠷᠤᠭᠤᠨ ᠤ ᠬᠤᠶᠠᠷ  ᠲᠤᠯᠭᠠᠭᠤᠷᠢ ᠨᠢ 11 ᠲᠤᠬᠤᠢ᠂ ᠲᠡᠭᠡᠪᠦᠷ ᠨᠢ ᠤᠷᠤᠢ ᠠᠴᠠ ᠪᠠᠨ ᠬᠤᠷᠮᠤᠢ ᠬᠦᠷᠳᠡᠯ᠎ᠡ 12 ᠲᠤᠬᠤᠢ᠂ ᠲᠤᠭᠤᠷᠭ᠎ᠠ ᠶᠢᠨ ᠦᠷᠭᠡᠨ ᠨᠢ 5 ᠲᠤᠬᠤᠢ᠂ ᠲᠤᠭᠤᠷᠭ᠎ᠠ ᠶᠢ ᠡᠯᠬᠦᠵᠦ ᠲᠡᠭᠡᠪᠦᠷ ᠤᠨ ᠬᠤᠷᠮᠤᠢ ᠶᠢ ᠲᠤᠯᠬᠤ 5 ᠲᠤᠬᠤᠢ ᠤᠷᠳᠤ  ᠬᠤᠷᠢᠨ ᠲᠦᠷᠪᠡᠨ ᠲᠤᠯᠭᠠᠭᠤᠷᠢ ᠲᠠᠢ᠃ ᠡᠨᠡ  ᠬᠦ᠋ ᠲᠤᠯᠭᠠᠭᠤᠷᠢ ᠶᠢᠨ ᠲᠡᠭᠡᠳᠦ ᠦᠵᠦᠬᠦᠷ ᠲᠤ ᠲᠡᠮᠦᠷ ᠤᠬᠯᠠᠭᠤᠷ ᠲᠠᠢ᠂  ᠲᠤᠤᠷᠠᠳᠤ ᠦᠵᠦᠬᠦᠷ ᠲᠤ ᠲᠡᠮᠦᠷ ᠬᠠᠳᠬᠤᠭᠤᠷ ᠲᠠᠢ᠂ ᠰᠠᠯᠠᠭ᠎ᠠ ᠦᠵᠦᠬᠦᠷ ᠲᠠᠢ ᠤᠭᠯᠠᠭᠤᠷ ᠪᠠ ᠭᠠᠭᠴᠠ ᠦᠵᠦᠬᠦᠷ ᠲᠠᠢ ᠤᠭᠯᠠᠭᠤᠷ ᠲᠤᠰᠪᠤᠷᠢ ᠠᠷᠪᠠᠨ ᠬᠤᠶᠠᠷ᠂  ᠭᠠᠭᠴᠠ ᠦᠵᠦᠬᠦᠷ ᠲᠠᠢ ᠤᠭᠯᠠᠭᠤᠷ ᠤᠨ ᠨᠦᠬᠡ ᠠᠴᠠ ᠤᠭᠤᠰᠤᠷᠯᠠᠨ ᠲᠠᠳᠠᠬᠤ ᠪᠦᠴᠡ ︵ᠲᠡᠭᠡᠰᠦ︶  ᠠᠷᠪᠠᠨ ᠬᠤᠶᠠᠷ᠂  ᠭᠤᠤᠯ ᠨᠢᠷᠤᠭᠤᠨ ᠠᠴᠠ ᠲᠦᠷᠪᠡᠨ ᠵᠦᠭ ᠲᠤ ᠲᠠᠳᠠᠬᠤ ᠤᠷᠳᠤ ᠪᠦᠳᠦᠬᠦᠨ ᠤᠭᠤᠰᠤᠷ ︵ᠲᠠᠳᠠᠯᠭ᠎ᠠ︶ ᠬᠤᠶᠠᠷ᠂ ᠲᠡᠭᠡᠪᠦᠷ ᠤᠨ ᠲᠦᠷᠪᠡᠨ ᠦᠨᠴᠦᠭ ᠢ ᠲᠠᠳᠠᠬᠤ ᠲᠡᠭᠡᠪᠦᠷ ᠤᠨ ᠬᠠᠪᠢᠰᠤ ᠶᠢᠨ ᠠᠭᠤᠯᠵᠠᠷ ᠢᠶᠠᠷ ᠪᠦᠭᠳᠦᠷᠴᠦ ᠤᠶᠤᠭᠰᠠᠨ ᠤᠭᠤᠰᠤᠷ ᠬᠤᠶᠠᠷ᠂  ᠲᠡᠭᠡᠪᠦᠷ ᠢ ᠰᠤᠨᠳᠠᠯᠠᠭᠤᠯᠤᠨ ᠪᠦᠰ ᠤᠨ ᠡᠩ ᠢᠶᠠᠷ ᠬᠠᠪᠴᠢᠶᠠᠷᠢᠯᠠᠨ ᠤᠶᠤᠭᠰᠠᠨ ᠤᠭᠤᠰᠤᠷ ᠲᠦᠷᠪᠡ ︵ᠲᠦᠷᠪᠡᠨ ᠦᠵᠦᠬᠦᠷ ᠢ ᠭᠠᠳᠠᠰᠤᠯᠠᠨ᠎ᠠ︶᠂ ᠲᠤᠮᠤ ᠭᠠᠳᠠᠰᠤ  ᠨᠠᠢᠮᠠ᠂ ᠵᠢᠵᠢᠭ ᠰᠢᠭ ᠭᠠᠳᠠᠰᠤ ᠬᠤᠷᠢᠨ ᠲᠦᠷᠪᠡ ᠪᠠᠶᠢᠳᠠᠭ᠃      ᠲᠠᠶᠢᠹᠤᠰᠧ ᠬᠤᠰᠢᠭᠤ 2015 ᠤᠨ ᠳᠤ  ᠴᠠᠴᠠᠷ ᠤᠷᠠᠯᠠᠬᠤ ᠮᠡᠷᠭᠡᠵᠢᠯ   ᠢ  ᠠᠶᠢᠮᠠᠭ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ  ᠪᠦᠷᠢᠳᠭᠡᠬᠦᠯᠵᠦ᠂  ᠴᠤᠭᠬᠡᠷᠡᠯ ᠠᠶᠢᠮᠠᠭ ᠤᠨ ᠲᠡᠰ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃       ᠤᠯᠠᠮᠵᠢᠯᠠᠭᠴᠢ   ᠶᠢᠨ ᠲᠤᠪᠴᠢ ᠲᠠᠨᠢᠯᠴᠠᠭᠤᠯᠭ᠎ᠠ    ᠄    ᠴᠤᠬᠭᠡᠷᠡᠯ  ᠂   ᠡᠷᠡᠭᠳᠡᠢ  ᠂   ᠮᠤᠩᠭᠤᠯ ᠦᠨᠳᠦᠰᠦᠳᠡᠨ᠂  1986 ᠤᠨ ᠳᠤ ᠲᠦᠷᠦᠪᠡ᠃  ᠲᠠᠶᠢᠹᠤᠰᠧ ᠬᠤᠰᠢᠭᠤᠨ ᠤ ᠬᠦᠨᠪᠤᠯᠠᠭ ᠰᠤᠮᠤ ᠶᠢᠨ ᠬᠦᠮᠦᠨ᠃   ᠴᠤᠬᠭᠡᠷᠡᠯ ᠤᠨ ᠡᠪᠦᠭᠡ ᠨᠢ ᠨᠠᠮᠠᠬᠠᠢ ᠨᠠᠰᠤᠳᠠᠨ ᠲᠡᠭᠡᠷ᠎ᠡ ᠵᠠᠭᠤᠨ ᠤ ᠨᠠᠶᠠᠭᠠᠳ ᠤᠨ   ᠤ ᠡᠬᠢᠨ ᠳᠤ ᠲᠤᠬᠠᠢ ᠶᠢᠨ ᠦᠶ᠎ᠡ ᠶᠢᠨ ᠬᠦᠨᠪᠤᠯᠠᠭ ᠰᠤᠮᠤᠨ ᠤ ᠨᠠᠮ ᠵᠠᠰᠠᠭ ᠤᠨ ᠨᠠᠶᠢᠳᠠᠯᠭ᠎ᠠ ᠶᠢ ᠬᠦᠯᠢᠶᠡᠨ᠂  ᠡᠷᠳᠡ ᠦᠶ᠎ᠡ ᠳᠤ ᠲᠠᠶᠢᠹᠤᠰᠧ ᠨᠤᠳᠤᠭ ᠲᠤ ᠭᠡᠷᠡᠭᠯᠡᠵᠦ ᠪᠠᠶᠢᠭᠰᠠᠨ ᠴᠠᠴᠠᠷ   ᠢ ᠤᠤᠯ ᠭᠡᠪ ᠢᠶᠠᠷ ᠨᠢ ᠰᠡᠷᠬᠦᠬᠡᠨ  ᠤᠶᠤᠵᠤ᠂ 1982 ᠤᠨ ᠳᠤ ᠰᠢᠯᠢ ᠶᠢᠨ ᠬᠤᠳᠠ ᠳᠤ ᠪᠤᠯᠤᠭᠰᠠᠨ ᠰᠢᠯᠢ ᠶᠢᠨ ᠭᠤᠤᠯ ᠠᠶᠢᠮᠠᠭ ᠤᠨ ᠠᠷᠠᠳ ᠤᠨ ᠶᠡᠭᠡ ᠨᠠᠶᠢᠷ ᠲᠡᠭᠡᠷ᠎ᠡ ᠡᠨᠡᠬᠦ ᠲᠤᠮᠤ ᠴᠠᠴᠠᠷ ᠨᠢ ᠬᠦᠮᠦᠰ ᠤᠨ ᠠᠩᠬᠠᠷᠤᠯ ᠪᠠᠭ᠋ᠠᠷᠬᠠᠯ ᠢ ᠶᠡᠬᠡᠪᠡᠷ  ᠲᠠᠳᠠᠭᠰᠠᠨ ᠪᠠᠶᠢᠵᠠᠢ᠃ ᠲᠡᠬᠦᠨ ᠠᠴᠠ ᠡᠬᠢᠯᠡᠭᠡᠳ ︽ᠲᠠᠶᠢᠹᠤᠰᠧ ᠴᠠᠴᠠᠷ︾   ᠨᠢ ᠲᠠᠶᠠᠭᠠᠷ ᠲᠤ ᠠᠯᠳᠠᠷᠰᠢᠭᠰᠠᠨ ᠪᠦᠬᠡᠳ ᠡᠨᠡᠬᠦ ᠴᠠᠴᠠᠷ ᠤᠨ ᠭᠡᠯᠪᠡᠷᠢ ᠮᠠᠶ᠋ᠢᠭ ᠢᠶᠠᠷ ᠮᠠᠨ ᠤ ᠠᠶᠢᠮᠠᠭ ᠤᠨ ᠲᠤᠳᠤᠷ᠎ᠠ ᠭᠠᠳᠠᠨ᠎ᠠ ᠮᠠᠰᠢ ᠤᠯᠠᠨ ᠴᠠᠴᠠᠷ ᠢ ᠦᠢᠯᠡᠳᠴᠦ ᠬᠢᠭᠰᠡᠨ ᠪᠠᠶᠢᠨ᠎ᠠ  ᠃  ᠡᠪᠦᠭᠡ ᠠᠪᠤ  ᠶᠢᠨ   ᠢᠶᠠᠨ  ᠤᠷᠠᠨ ᠦᠢᠯᠡ ᠶᠢ  ᠤᠳᠤᠮᠯᠠᠨ ᠲᠠᠭᠤᠷᠢᠶᠠᠭᠰᠠᠨ ᠴᠤᠭᠬᠡᠷᠡᠯ ᠬᠠᠷ᠎ᠠ ᠪᠠᠭ᠎ᠠ ᠠᠴᠠ ᠪᠠᠨ  ᠤᠷᠠᠨ ᠵᠢᠷᠤᠭ   ᠲᠤ ᠠᠪᠢᠶᠠᠰ ᠪᠠᠭ᠋ᠠᠳᠠᠢ ᠪᠠᠶᠢᠵᠤ᠂ ᠪᠠᠭ᠎ᠠ ᠰᠤᠷᠭᠠᠭᠤᠯᠢ  ᠂ ᠲᠤᠮᠳᠠᠳᠤ  ᠰᠤᠷᠭᠠᠭᠤᠯᠢ᠂ ᠶᠡᠭᠡ ᠰᠤᠷᠭᠠᠭᠤᠯᠢ   ᠶᠢᠨ ᠠᠯᠢᠨ ᠱᠠᠳᠤᠨ ᠳᠤᠨᠢ ᠪᠠᠶᠢᠬᠤ   ᠳᠠᠭᠠᠨ ᠴᠤ ᠰᠤᠷᠭᠠᠭᠤᠯᠢ ᠶᠢᠨ ᠢᠶᠠᠨ ᠵᠢᠷᠤᠭ ᠪᠢᠴᠢᠯᠭᠡ ᠶᠢᠨ ᠮᠦᠷᠦᠶᠢᠴᠡᠭᠡᠨ ᠳᠤ ᠤᠷᠤᠶᠢᠯᠠᠵᠤ᠂ ᠱᠠᠩ ᠲᠤᠰᠴᠤ ᠶᠠᠪᠤᠳᠠᠭ ᠪᠠᠶᠢᠵᠠᠢ᠃ 2002 ᠤᠨ ᠳᠤ ᠰᠤᠷᠭᠠᠭᠤᠯᠢ  ᠲᠡᠬᠦᠰᠦᠭᠡᠳ ᠦᠪᠡᠷᠦᠨ ᠭᠡᠰᠡᠨ ᠦᠢᠯᠡᠰ ᠢᠶᠠᠨ ᠵᠤᠷᠢᠵᠤ ᠭᠠᠷ ᠤᠷᠠᠯᠠᠯ ᠢᠶᠠᠨ ᠤᠷᠤᠯᠳᠤᠵᠤ ᠡᠬᠢᠯᠡᠭᠰᠡᠨ ᠠᠴᠠ ᠠᠪᠤᠭᠠᠳ  ᠲᠡᠷᠡᠪᠡᠷ  ᠴᠠᠴᠠᠷ ᠮᠠᠶᠢᠬᠠᠨ ᠵᠢᠷᠤᠵᠤ ᠲᠦᠯᠦᠪᠯᠡᠬᠦ᠂  ᠨᠠᠶᠢᠷ ᠨᠠᠭᠠᠳᠤᠮ ᠤᠨ ᠲᠤᠭᠯᠠᠯᠳᠠ ᠶᠢᠨ ᠭᠡᠷᠡᠭᠰᠡᠯ ᠢ ᠲᠦᠰᠦᠪᠯᠡᠨ ᠦᠢᠯᠡᠳᠬᠦ᠂ ᠺᠢᠨᠤ᠋ ᠲᠧᠯᠸᠢᠰ ᠲᠤ ᠤᠷᠠᠨ ᠵᠢᠷᠤᠭ ᠤᠨ ᠲᠤᠰᠠᠯᠠᠭᠴᠢ ᠪᠠᠷ ᠠᠵᠢᠯᠯᠠᠬᠤ ᠵᠡᠷᠭᠡ  ᠡᠯᠳᠡᠪ ᠠᠵᠢᠯ   ᠢ ᠬᠢᠵᠦ᠂ ᠰᠤᠷᠤᠭᠰᠠᠨ  ᠮᠡᠷᠭᠡᠵᠢᠯ ᠢᠶᠠᠷ ᠢᠶᠠᠨ ᠦᠢᠯᠡᠰ  ᠪᠦᠳᠦᠭᠡᠵᠤ  ᠶᠠᠪᠤᠭᠰᠠᠨ ᠪᠠᠶᠢᠯ᠎ᠠ᠃   ᠴᠤᠭᠭᠡᠷᠡᠯ   ᠤᠨ  ᠤᠷᠠᠯᠠᠵᠤ ᠬᠢᠭᠰᠡᠨ  ᠮᠤᠩᠭᠤᠯ ᠴᠠᠴᠠᠷ  ᠵᠢᠴᠢ ᠬᠤᠷᠤᠳ ᠤᠨ ᠭᠡᠪ᠂ ᠮᠢᠬᠠᠨ ᠤ  ᠫᠢᠯᠠ᠂ ᠰᠡᠶᠢᠯᠦᠮᠡᠯ ᠡᠮᠡᠭᠡᠯ  ᠵᠡᠷᠭᠡ ᠤᠷᠠᠨ ᠪᠦᠳᠦᠭᠡᠯ ᠨᠢ  ᠰᠢᠯᠢ ᠶᠢᠨ ᠭᠤᠤᠯ ᠠᠶᠢᠮᠠᠭ ᠠᠴᠠ   ᠪᠠᠨ ᠭᠠᠳᠠᠨ᠎ᠠ  ᠪᠠᠰᠠ ᠬᠦᠬᠡᠬᠤᠳᠠ᠂ ᠤᠷᠳᠤᠰ ᠵᠢᠴᠢ  ᠪᠡᠬᠡᠵᠢᠩ  ᠂ ᠾᠧᠪᠸᠢ  ᠵᠡᠷᠭᠡ ᠭᠠᠵᠠᠷ  ᠤᠷᠤᠨ ᠤ ᠵᠤᠭᠠᠴᠠᠯ ᠤᠨ ᠭᠠᠵᠠᠷ᠂ ᠨᠠᠶᠢᠷ ᠨᠠᠭᠠᠳᠤᠮ ᠤᠨ ᠲᠠᠯᠠᠪᠠᠢ ᠪᠠᠷ ᠵᠦᠩᠳᠡᠭᠡᠨ ᠬᠠᠷᠠᠭᠳᠠᠬᠤ ᠪᠤᠯᠵᠠᠢ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号