ᠬᠠᠭᠤᠴᠢ  ᠪᠠᠭᠤᠷᠢ —  ᠪᠤᠷᠤ ᠬᠤᠳᠠ ᠶᠢᠨ ᠪᠠᠭᠤᠷᠢ
ᠨᠡᠶᠢᠲᠡᠯᠡᠭᠰᠡᠨ ᠴᠠᠭ᠄
2024/9/5
  ᠬᠦᠨᠪᠤᠯᠠᠭ ᠰᠤᠮᠤᠨ ᠤ ᠪᠤᠷᠤᠬᠤᠳᠠ ᠭᠠᠴᠠᠭᠠᠨ  ᠎ ᠤ ᠡᠮᠦᠨᠡᠬᠡᠨ 500 ᠮᠧᠲᠷ ᠤᠨ ᠵᠠᠶᠢᠳᠠᠢ  ᠠᠭᠤᠯᠠᠨ ᠬᠤᠷᠮᠤᠢ ᠎ ᠳᠤ ᠪᠠᠶᠢᠷᠢᠯᠠᠨ᠎ᠠ  ᠃ ᠪᠤᠷᠤᠬᠤᠳᠠ ᠭᠠᠴᠠᠭᠠᠨ ᠤ ᠨᠡᠷ᠎ᠡ  ᠴᠤ  ᠡᠨᠡᠬᠦ ᠡᠷᠳᠡᠨ ᠤ ᠬᠤᠳᠠ ᠠᠴᠠ ᠢᠷᠡᠯ ᠲᠠᠢ᠃   ᠪᠤᠷᠤ ᠬᠤᠳᠠ ᠶᠢᠨ ᠪᠠᠭᠤᠷᠢ ᠨᠢ ᠤᠷᠳᠤ ᠲᠦᠷᠪᠡᠯᠵᠢᠨ ᠬᠡᠯᠪᠡᠷᠢᠳᠡᠢ  ᠂ ᠤᠷᠤᠭᠰᠢ ᠬᠤᠶᠢᠰᠢ  505 ᠮᠧᠲᠷ᠂ ᠵᠡᠬᠦᠨᠰᠢ ᠪᠠᠷᠠᠭᠤᠨᠰᠢ 310 ᠮᠧᠲᠷ  ᠂  ᠶᠡᠷᠦᠩᠬᠡᠢ ᠲᠠᠯᠠᠪᠠᠢ ᠨᠢ 158449.5 ᠬᠠᠪᠳᠠᠭᠠᠢ ᠲᠦᠷᠪᠡᠯᠵᠢᠨ ᠮᠧᠲᠷ᠃  ᠡᠮᠦᠨ᠎ᠡ ᠪᠠ ᠪᠠᠷᠠᠭᠤᠨ  ᠲᠠᠯ᠎ᠠ ᠳᠠᠭᠠᠨ ᠲᠤᠰᠪᠤᠷᠢ ᠨᠢᠬᠡ ᠡᠬᠦᠳᠡ ᠲᠠᠢ  ᠪᠦᠬᠡᠳ ᠬᠤᠶᠠᠷ ᠡᠬᠦᠳᠡᠨ ᠤ ᠭᠠᠳᠠᠨ᠎ᠠ ᠲᠤᠰᠪᠤᠷᠢ ᠪᠠᠬᠢᠯᠡᠯᠳᠡ  ︵瓮城︶᠎ ᠲᠠᠢ᠃ ᠡᠮᠦᠨ᠎ᠡ  ᠡᠬᠦᠳᠡ ᠪᠠ ᠪᠠᠷᠠᠭᠤᠨ ᠡᠬᠦᠳᠡᠨ ᠤ ᠪᠠᠬᠢᠯᠡᠯᠳᠡ  ᠎ ᠶᠢᠨ ᠲᠠᠯᠠᠪᠠᠢ ᠨᠢ ᠲᠤᠰᠪᠤᠷᠢ 722 ᠬᠠᠪᠳᠠᠭᠠᠢ ᠲᠦᠷᠪᠡᠯᠵᠢᠨ ᠮᠧᠲᠷ ᠪᠠ 1177.5 ᠬᠠᠪᠳᠠᠭᠠᠢ ᠲᠦᠷᠪᠡᠯᠵᠢᠨ ᠮᠧᠲᠷ  ᠃ ᠬᠤᠳᠠ ᠶᠢᠨ ᠡᠮᠦᠨ᠎ᠡ ᠬᠡᠷᠡᠮ ᠠᠴᠠ ᠬᠤᠶᠢᠰᠢ 130 ᠮᠧᠲᠷ ᠤᠨ  ᠵᠠᠢ ᠳᠤ  ᠵᠡᠬᠦᠨᠰᠢ ᠪᠠᠷᠠᠭᠤᠰᠢ  ᠴᠢᠭᠯᠡᠯ ᠲᠠᠢ ᠰᠢᠪᠠᠷ ᠭᠡᠷᠡᠮ ᠪᠠᠶᠢᠵᠤ᠂ ᠬᠤᠳᠠ ᠶᠢ ᠡᠮᠦᠨ᠎ᠡ ᠬᠤᠶᠢᠨ᠎ᠡ  ᠬᠤᠶᠠᠷ ᠭᠡᠰᠡᠭ ᠬᠤᠪᠢᠶᠠᠵᠠᠢ᠃ ᠬᠤᠳᠠ ᠶᠢᠨ ᠪᠠᠭᠤᠷᠢ  ᠎ ᠶᠢ ᠠᠵᠢᠬᠯᠠᠬᠤ ᠳᠤ ᠲᠡᠭᠰᠢ ᠲᠡᠯᠬᠡᠬᠦᠦ ᠪᠠᠶᠢᠵᠤ᠂ ᠵᠡᠭᠡᠯᠢ ᠭᠤᠳᠤᠮᠵᠢ ᠪᠠ ᠭᠡᠷ ᠪᠠᠶᠢᠰᠢᠩ ᠤᠨ ᠤᠷᠤ ᠮᠦᠷ ᠢᠯᠡᠷᠭᠡᠢ ᠮᠡᠳᠡᠭᠳᠡᠨ  ᠂  ᠸᠠᠭᠠᠷ ᠰᠠᠪᠠ  ᠂  ᠠᠶᠠᠭ᠎ᠠ ᠱᠠᠭᠠᠵᠠᠩ ᠤᠨ ᠭᠡᠯᠳᠡᠷᠭᠡᠢ ᠵᠦᠩᠳᠡᠭᠡᠨ ᠬᠠᠷᠠᠭᠳᠠᠨ᠎ᠠ᠃  ᠡᠳᠡᠭᠡᠷ ᠠᠴᠠ ᠦᠵᠡᠬᠦ ᠳᠤ ᠪᠤᠷᠤ ᠬᠤᠳᠠ ᠨᠢ ᠬᠢᠯᠢ ᠶᠢᠨ ᠭᠡᠷᠡᠮ ᠲᠠᠭᠠᠤ ᠪᠠᠷᠢᠭᠰᠠᠨ ᠴᠡᠷᠢᠭ ᠰᠠᠭᠤᠳᠠᠭ ᠬᠤᠳᠠ ᠪᠤᠯᠬᠤ ᠨᠢ ᠲᠤᠳᠤᠷᠬᠠᠢ ᠪᠠᠶᠢᠭ᠎ᠠ᠃  ᠬᠤᠳᠠ ᠶᠢᠨ ᠪᠠᠭᠤᠷᠢ ᠶᠢᠨ ᠬᠦᠷᠢᠶ᠎ᠡ ᠭᠡᠪᠴᠢᠶ᠎ᠡ ᠪᠠ ᠭᠠᠵᠠᠷ ᠵᠦᠢ ᠶᠢᠨ ᠪᠠᠶᠢᠷᠢᠰᠢᠯ ᠵᠢᠴᠢ  ᠮᠠᠯᠳᠠᠵᠤ ᠭᠠᠷᠭᠠᠭᠰᠠᠨ ᠡᠳ᠋ ᠪᠤᠳᠠᠰ  ᠵᠡᠷᠭᠡ ᠶᠢ  ᠦᠨᠳᠦᠰᠦᠯᠡᠭᠡᠳ ᠬᠠᠭᠤᠴᠢ ᠰᠤᠳᠤᠯᠤᠭᠠᠴᠢᠳ ︽ᠲᠤᠰ ᠬᠤᠳᠠ ᠎ ᠶᠢᠨ ᠪᠠᠭᠤᠷᠢ ᠪᠤᠯ ᠶᠤᠸᠠᠨ ᠤᠯᠤᠰ ᠤᠨ ᠦᠶ᠎ᠡ ᠶᠢᠨ ᠡᠷᠳᠡᠨ ᠤ ᠬᠤᠳᠠ᠂ ᠶᠤᠸᠠᠨ ᠤᠯᠤᠰ ᠤᠨ ᠭᠤᠪᠢ ᠶᠢᠨ ᠬᠤᠶᠢᠨᠠᠬᠢ ᠮᠤᠩᠭᠤᠯ ᠳᠤ ᠨᠡᠪᠳᠡᠷᠡᠬᠦ ᠴᠢᠬᠤᠯᠠ  ᠠᠷᠠᠯᠵᠢᠶᠠᠨ ᠤ ᠵᠠᠮ᠂ ᠠᠮᠤ ᠪᠤᠳᠠᠭᠠᠨ ᠤ ᠵᠦᠬᠡᠬᠡᠪᠦᠷᠢ ᠶᠢᠨ ᠵᠠᠪᠠᠯ ᠦᠩᠬᠡᠷᠡᠬᠦ ᠨᠢᠬᠡᠨ ᠤᠷᠤᠨ ᠰᠠᠭᠤᠴᠠ ᠪᠠᠶᠢᠵᠤ᠂ ᠴᠡᠷᠢᠭ ᠤᠨ ᠶᠠᠪᠤᠳᠠᠯ ᠤᠨ ᠲᠠᠯᠠᠪᠠᠷ ᠶᠤᠸᠠᠨ ᠤ ᠲᠡᠭᠡᠳᠦ ᠨᠡᠶᠢᠰᠯᠡᠯ ᠎ ᠢ ᠬᠠᠮᠠᠭᠠᠯᠠᠬᠤ ᠰᠢᠳᠠᠷ ᠴᠡᠷᠢᠭ ᠤᠨ ᠦᠢᠯᠡᠳᠦᠯ ᠲᠠᠢ ᠪᠠᠶᠢᠵᠠᠢ᠃  ᠪᠠᠬᠢᠯᠡᠯᠳᠡ ᠬᠤᠳᠠ ᠶᠢᠨ ᠪᠦᠳᠦᠴᠡ ᠨᠢ ᠶᠤᠸᠠᠨ ᠎ ᠤ ᠲᠡᠭᠡᠳᠦ ᠨᠡᠶᠢᠰᠯᠡᠯ ᠤᠨ ᠪᠦᠳᠦᠴᠡ ᠲᠠᠢ ᠪᠦᠷᠢᠮᠦᠰᠦᠨ ᠠᠳᠠᠯᠢ  ︾ ᠬᠡᠵᠦ ᠠᠩᠬ᠎ᠠ ᠠᠯᠬᠤᠮ ᠮᠠᠭᠠᠳᠯᠠᠵᠠᠢ᠃  ᠬᠤᠳᠠ ᠶᠢᠨ ᠬᠡᠷᠡᠮ ᠤᠨ ᠲᠤᠳᠤᠷ᠎ᠠ ᠨᠢ ᠰᠢᠷᠤᠢ ᠪᠠᠷ ᠲᠠᠪᠳᠠᠭᠰᠠᠨ ᠭᠡᠷᠡᠮ ᠪᠠᠶᠢᠵᠤ᠂  ᠭᠠᠳᠠᠭᠤᠷ ᠨᠢ ᠬᠠᠪᠳᠠᠭᠠᠢ ᠴᠢᠯᠠᠭᠤ ᠪᠠᠷ ᠪᠦᠷᠢᠵᠡᠢ᠃ ᠬᠤᠳᠠ ᠶᠢᠨ ᠡᠮᠦᠨ᠎ᠡ ᠡᠬᠦᠳᠡᠨ ᠳᠤ ᠡᠷᠳᠡᠨ ᠤ ᠵᠠᠮ ᠤᠨ ᠤᠯᠠ  ᠮᠦᠷ  ᠮᠡᠳᠡᠭᠳᠡᠨ᠎ᠡ᠃   ᠪᠤᠷᠤᠬᠤᠳᠠ ᠭᠠᠴᠠᠭᠠᠨ ᠤ ᠨᠡᠷ᠎ᠡ ᠪᠤᠯ ᠲᠠᠷᠤᠢ ᠡᠨᠡ ᠬᠦ᠋ ᠪᠤᠷᠤ ᠬᠤᠳᠠ ᠠᠴᠠ ᠢᠷᠡᠯ ᠲᠠᠢ ᠶᠤᠮ᠃   ᠪᠤᠷᠤᠬᠤᠳᠠ ᠪᠤᠯ ᠤᠤᠯ ᠤᠨ ᠲᠠᠶᠢᠹᠤᠰᠧ ᠵᠡᠬᠦᠨ ᠭᠠᠷ ᠰᠦᠷᠦᠭ ᠤᠨ ᠠᠭᠳᠠᠨ ᠬᠤᠰᠢᠭᠤᠨ ᠤ ᠨᠤᠳᠤᠭ ᠪᠠᠶᠢᠵᠤ᠂ ᠮᠠᠨᠵᠤ ᠴᠢᠩ ᠎ ᠤᠨ ᠦᠶ᠎ᠡ ᠳᠤ ᠠᠳᠡ ᠰᠠᠷᠠᠯ ᠵᠢᠰᠦᠮ ᠤᠨ ᠠᠭᠳᠠ ᠮᠠᠯᠵᠢᠵᠤ ᠪᠠᠶᠢᠵᠠᠢ᠃ ᠲᠡᠬᠡᠬᠦ ᠪᠠᠷ ᠢᠶᠠᠨ ᠬᠢᠳᠠᠳ ᠤᠳ ᠪᠠᠰᠠ ︽ᠰᠠᠷᠠᠯ ᠠᠭᠳᠠ ᠶᠢᠨ ᠰᠦᠷᠦᠭ︾ ︵白马群) ᠬᠡᠵᠦ ᠲᠠᠭᠤᠳᠠᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号