ᠬᠠᠭᠤᠴᠢ  ᠪᠠᠭᠤᠷᠢ —  ᠦᠴᠢ  ᠤᠪᠤᠭ᠎ᠠ ᠳᠠᠬᠢ ᠠᠮᠪᠠᠨ ᠤ ᠬᠦᠷᠢᠶ᠎ᠡ
ᠨᠡᠶᠢᠲᠡᠯᠡᠭᠰᠡᠨ ᠴᠠᠭ᠄
2024/6/17
   ᠲᠠᠶᠢᠹᠤᠰᠧ ᠵᠡᠬᠦᠨ ᠭᠠᠷ ᠰᠦᠷᠦᠭ ᠤᠨ  ᠬᠠᠩᠬᠢᠨ ᠤᠪᠤᠭ ᠤᠨ ᠬᠢᠨ ᠲᠤᠰ ᠰᠦᠷᠦᠭ ᠤᠨ ᠨᠤᠶᠠᠷᠬᠠᠬᠤ ᠪᠠᠶᠢᠷᠢ  ᠳᠤ ᠤᠳᠠᠭᠠᠨ ᠵᠢᠯ ᠪᠠᠶᠢᠵᠤ᠂  ᠨᠢᠬᠡ ᠭᠡᠷ ᠤᠭᠰᠠᠭᠠᠨ ᠠᠴᠠ ᠰᠡᠷᠡᠩᠳᠤᠩᠷᠤᠪ᠂  ᠰᠠᠮᠳᠠᠩᠯᠦ᠋ᠩᠷᠦᠪ᠂᠂᠂᠂ ᠵᠡᠷᠭᠡ ᠲᠤᠯᠤᠭᠠᠨ ᠬᠦᠮᠦᠨ ᠠᠮᠪᠠᠨ ᠰᠠᠭᠤᠵᠤ ᠦᠩᠭᠡᠷᠡᠵᠡᠢ  ᠃  ᠡᠳᠡᠨᠡᠶᠢᠬᠢᠨ ᠤ ᠰᠠᠭᠤᠵᠤ ᠪᠠᠶᠢᠬᠰᠠ ᠭᠡᠷ ᠬᠦᠷᠢᠶ᠎ᠠ ᠶᠢ ᠵᠡᠭᠦᠨ ᠭᠠᠷ  ᠲᠠᠶᠢᠹᠤᠰᠧ   ᠤᠨ ᠬᠢᠨ ︽ᠡᠮᠦᠨ᠎ᠡ ᠬᠦᠷᠢᠶ᠎ᠡ︾ ᠪᠤᠶᠤ ︽ᠰᠠ᠊ ᠠᠮᠪᠠᠨ ᠤ ᠬᠦᠷᠢᠶ᠎ᠡ  ︾ ᠭᠡᠵᠦ ᠬᠡᠳᠡᠭ᠃  ᠬᠤᠷᠢᠳᠤᠭᠠᠷ ᠵᠠᠭᠤᠨ ᠳᠤ ᠲᠤᠰ ᠡᠷᠦᠬᠡ ᠶᠢᠨ ᠦᠷ᠎ᠡ ᠬᠤᠶᠢᠴᠢᠰ ᠠᠴᠠ ᠪᠠᠰᠠ ᠲᠡᠯᠡᠬᠡᠢ ᠶᠢᠨ ᠮᠤᠩᠭᠤᠯ ᠰᠤᠳᠤᠯᠤᠯ ᠤᠨ  ᠲᠤᠮᠤ ᠡᠷᠳᠡᠮᠳᠡᠨ ᠬᠠᠩᠭᠢᠨ᠂ ᠭᠤᠮᠪᠤᠵᠠᠪ  ᠂  ᠨᠡᠷ᠎ᠡ ᠬᠦᠨᠳᠦᠳᠡᠢ ᠲᠠᠭᠤᠤ ᠬᠦᠭᠵᠢᠮ ᠤᠨ ᠵᠤᠬᠢᠶᠠᠯᠴᠢ ᠮᠡᠷᠭᠡᠵᠢᠬᠦ  ᠵᠡᠷᠭᠡ ᠡᠷᠳᠡᠮᠳᠠᠨ ᠮᠡᠷᠭᠡᠳ ᠴᠤᠯᠭᠤᠷᠠᠨ ᠭᠠᠷᠴᠤ ᠲᠡᠯᠡᠬᠡᠢ ᠨᠡᠶᠢᠳᠡ ᠳᠤ ᠮᠡᠳᠡᠷᠡᠭᠳᠡᠭᠰᠡᠨ ᠪᠠᠶᠢᠨ᠎ᠠ᠃      ︽ᠡᠮᠦᠨ᠎ᠡ ᠬᠦᠷᠢᠶ᠎ᠡ︾ ᠨᠢ ᠡᠬᠢᠯᠡᠵᠦ  ᠪᠠᠶᠢᠭᠤᠯᠤᠬᠳᠠᠬᠰᠠᠨ ᠠᠴᠠ ᠪᠠᠨ ᠬᠤᠶᠠᠷ ᠵᠠᠭᠤ ᠭᠠᠷᠤᠢ ᠵᠢᠯ ᠢ ᠦᠡᠭᠭᠡᠷᠡᠭᠡᠵᠦ᠂ ᠬᠤᠶᠠᠷ ᠶᠡᠭᠡ ᠬᠦᠷᠢᠶ᠎ᠡ ᠬᠠᠰᠢᠶ᠎ᠠ ᠲᠠᠢ ᠪᠤᠯᠵᠤ ᠪᠤᠵᠠᠭᠠᠶᠢᠷᠠᠭᠠᠳ᠂ ᠲᠠᠶᠢᠹᠤᠰᠧ ᠨᠤᠳᠤᠭ ᠲᠠᠭᠠᠨ ᠬᠠᠮᠤᠭ ᠤᠨ ᠶᠡᠭᠡ ᠪᠠᠷᠢᠯᠭ᠎ᠠ ᠨᠢ ᠪᠠᠶᠢᠵᠠᠢ᠃  ᠬᠠᠩᠬᠢᠨ ᠤᠪᠤᠭᠳᠤ ᠶᠢᠨ ᠲᠤᠷᠡᠰᠤᠮᠵᠢ ᠳᠤ ︽ ᠬᠦᠷᠢᠶ᠎ᠡ ᠶᠢ ᠵᠡᠭᠦᠨ ᠪᠠᠷᠠᠭᠤᠨ ᠬᠤᠶᠠᠷ ᠬᠤᠪᠢᠶᠠᠵᠤ᠂ ᠪᠠᠷᠠᠭᠤᠨ ᠬᠦᠷᠢᠶ᠎ᠡ ᠢᠨᠦ ᠰᠦᠮ᠎ᠡ ᠶᠢᠨ ᠬᠦᠷᠢᠶ᠎ᠡ  ᠂ ᠲᠡᠭᠦᠨ ᠤ ᠭᠤᠤᠯ ᠬᠠᠭᠠᠯᠭ᠎ᠠ  ᠶᠢ ᠶᠡᠷᠦ ᠶᠢᠨ ᠴᠠᠭ ᠲᠤ ᠨᠡᠭᠡᠭᠡᠬᠦ ᠦᠭᠡᠢ᠂ ᠵᠡᠭᠦᠨ ᠬᠦᠷᠢᠶ᠎ᠡ ᠢᠨᠦ ᠪᠢᠳᠡᠨ ᠤ ᠰᠠᠭᠤᠬᠤ ᠭᠡᠷ ᠬᠦᠷᠢᠶ᠎ᠡ ᠪᠤᠯᠠᠢ᠃ ᠵᠡᠭᠦᠨ ᠬᠦᠷᠢᠶᠡᠨ ᠤ  ᠬᠠᠭᠠᠯᠭ᠎ᠠ ᠠᠨᠤ ᠬᠦᠷᠢᠶᠡᠨ ᠤ ᠪᠠᠷᠠᠭᠤᠨ ᠡᠮᠦᠨ᠎ᠡ ᠲᠠᠯ᠎ᠠ ᠳᠤ ᠪᠠᠶᠢᠨ᠎ᠠ᠃ ᠬᠠᠭᠠᠯᠠᠭ᠎ᠠ ᠪᠠᠷ ᠤᠷᠤᠵᠤ ᠵᠡᠭᠦᠨᠰᠢ ᠮᠤᠷᠤᠶᠢᠵᠤ ᠫᠢᠩ ᠮᠧᠨ  ︵平门︶ ᠢᠶᠠᠷ ᠰᠠᠭᠤᠬᠤ ᠭᠡᠷ ᠬᠦᠷᠢᠶᠡᠨ ᠳᠡᠭᠡᠨ ᠤᠷᠤᠮᠤᠢ᠂ ᠪᠠᠷᠠᠭᠤᠨᠰᠢ  ᠮᠤᠰᠬᠢᠪᠠᠯ ᠨᠢᠭᠡᠨ ᠪᠠᠭ᠎ᠠ ᠡᠭᠦᠳᠡ ᠪᠠᠶᠢᠵᠤ ᠲᠡᠭᠦᠨ ᠢᠶᠠᠷ ᠰᠦᠮ᠎ᠡ ᠶᠢᠨ ᠬᠦᠷᠢᠶᠡᠨ ᠳᠤ ᠤᠷᠤᠮᠤᠢ᠃ ᠰᠦᠮ᠎ᠡ ᠶᠢᠨ ᠬᠦᠷᠢᠶ᠎ᠡ ᠶᠢ ᠡᠮᠦᠨ᠎ᠡ ᠬᠤᠶᠢᠨ᠎ᠠ ᠬᠤᠶᠠᠷ ᠬᠤᠪᠢᠶᠠᠵᠤ ᠡᠮᠦᠨ᠎ᠡ ᠬᠦᠷᠢᠶᠡᠨ ᠳᠤ ᠬᠤᠶᠠᠷ ᠬᠤᠩᠬᠤᠨ ᠠᠰᠠᠷ  ᠪᠤᠯᠤᠨ ᠬᠡᠩᠭᠡᠷᠭᠡ ᠶᠢᠨ ᠠᠰᠠᠷ ᠲᠠᠢ  ᠂ ᠪᠠᠰᠠ ᠨᠢᠭᠡᠨ ᠬᠠᠶᠢᠯᠠᠰᠤᠨ ᠮᠤᠳᠤ ᠲᠠᠢ᠂ ᠲᠤᠳᠤᠬᠰᠢ ᠤᠷᠤᠬᠤ ᠬᠦᠷᠢᠶᠡᠨ ᠤ ᠡᠭᠦᠳᠡ ᠤ ᠬᠤᠶᠠᠷ ᠲᠠᠯ᠎ᠠ ᠳᠤ ᠬᠤᠶᠠᠷ  ᠴᠢᠯᠠᠭᠤᠨ ᠠᠷᠰᠯᠠᠨ ᠲᠠᠢ᠂ ᠲᠤᠳᠤᠷ᠎ᠠ ᠬᠦᠷᠢᠶᠡᠨ ᠳᠤ ᠬᠤᠶᠢᠨ᠎ᠠ ᠪᠠᠨ ᠲᠤᠭᠠᠩ ᠲᠠᠢ᠂ ᠵᠡᠭᠦᠨ ᠪᠠᠷᠠᠭᠤᠨ ᠬᠤᠶᠠᠷ ᠲᠠᠯ᠎ᠠ ᠳᠤ ᠭᠤᠷᠪᠠ ᠭᠤᠷᠪᠠᠨ ᠲᠠᠰᠤᠯᠭ᠎ᠠ ᠪᠠᠶᠢᠰᠢᠩ ᠲᠠᠢ᠂ ᠲᠤᠭᠠᠩ ᠪᠠ ᠪᠠᠶᠢᠰᠢᠩ ᠤᠨ ᠡᠮᠦᠨ᠎ᠡ  ᠬᠠᠰᠢᠯᠭ᠎ᠠ ᠪᠤᠯᠤᠨ ᠲᠡᠭᠳᠡᠷ   ᠲᠠᠢ᠃  ᠲᠤᠭᠠᠩ ᠤᠨ ᠡᠭᠦᠳᠡᠨ ᠤ ᠬᠤᠶᠠᠷ ᠲᠠᠯ᠎ᠠ ᠳᠤ ᠬᠤᠶᠠᠷ ᠪᠦᠳᠦᠭᠦᠨ ᠬᠤᠷᠯᠤ   ᠲᠠᠢ  ᠃  ᠮᠠᠨ ᠤ ᠵᠡᠭᠦᠨ ᠬᠦᠷᠢᠶᠡᠨ ᠳᠤ ᠤᠷᠤᠮᠠᠬᠴᠠ ᠪᠠᠷᠠᠭᠤᠨ ᠲᠠᠯ᠎ᠠ  ᠳᠤ ᠨᠢᠭᠡᠨ ᠲᠠᠰᠤᠯᠭ᠎ᠠ ᠪᠠᠶᠢᠰᠢᠩ ᠠᠨᠤ ᠡᠭᠦᠳᠡᠨ ᠭᠡᠷ ᠪᠤᠯᠡᠢ᠂  ᠲᠤᠭᠤᠰᠬᠠᠨ ᠵᠠᠮ ᠢᠶᠠᠷ ᠶᠠᠪᠤᠵᠤ ᠬᠦᠷᠢᠶᠡᠨ ᠲᠦᠪ  ᠳᠤ  ᠬᠦᠷᠤᠨ᠎ᠡ᠂ ᠬᠦᠷᠢᠶᠡᠨ ᠤ ᠡᠮᠦᠨ᠎ᠡ ᠲᠠᠯ᠎ᠠ ᠳᠤ ᠮᠤᠩᠭᠤᠯ ᠭᠡᠷ ᠪᠠᠶᠢᠬᠰᠠᠨ ᠢᠶᠠᠨ ᠬᠤᠷᠢᠶᠠᠵᠤ ᠤᠷᠤᠨ ᠳᠤᠨᠢ ᠤᠷᠳᠤ ᠲᠦᠷᠪᠡᠯᠵᠢᠨ  ᠴᠡᠴᠡᠭᠯᠢᠭ  ᠪᠤᠯᠭᠠᠵᠠᠢ᠃ ᠲᠡᠭᠦᠨ ᠤ ᠵᠡᠭᠦᠨ ᠪᠠᠷᠠᠭᠤᠨ ᠲᠠᠯ᠎ᠠ ᠳᠤ ᠬᠤᠶᠠᠷ ᠬᠤᠶᠠᠷ ᠬᠠᠶᠢᠯᠠᠰᠤᠨ ᠮᠤᠳᠤ ᠨᠡᠶᠢᠳᠡ ᠲᠦᠷᠪᠡᠨ ᠮᠤᠳᠤ ᠪᠠᠶᠢᠵᠠᠢ᠃ ᠬᠦᠷᠢᠶᠡᠨ ᠲᠤᠮᠳᠠ ᠪᠠᠨ ᠪᠠᠰᠠ ᠲᠦᠷᠪᠡᠨ ᠲᠤᠭᠤᠷᠢᠭ  ᠴᠡᠴᠡᠭᠯᠢᠭ ᠲᠠᠢ᠂ ᠬᠦᠷᠢᠶᠡᠨ ᠤ ᠬᠤᠶᠢᠳᠤ ᠲᠠᠯ᠎ᠠ ᠳᠤ ᠨᠡᠶᠢᠳᠡ ᠲᠤᠯᠤᠭᠠᠨ ᠲᠠᠰᠤᠯᠭ᠎ᠠ ᠪᠠᠶᠢᠰᠢᠩ ᠪᠠᠶᠢᠬᠰᠠᠨ᠂ ᠲᠡᠭᠦᠨ ᠤ ᠭᠤᠤᠯ ᠭᠤᠷᠪᠠᠨ ᠲᠠᠰᠤᠯᠭ᠎ᠠ ᠠᠨᠤ ᠵᠤᠴᠢᠳ ᠤᠨ ᠦᠷᠦᠭᠡ᠂ ᠬᠠᠵᠠᠭᠤ ᠳᠠᠬᠢ ᠬᠤᠶᠠᠷ  ᠬᠤᠶᠠᠷ ᠲᠠᠰᠤᠯᠭ᠎ᠠ ᠭᠡᠷ ᠨᠢ ᠪᠢᠳᠡᠨ ᠤ ᠰᠠᠭᠤᠬᠤ ᠭᠡᠷ᠂ ᠵᠡᠭᠦᠨ ᠪᠠᠷᠠᠭᠤᠨ ᠬᠤᠶᠠᠷ ᠲᠠᠯ᠎ᠠ ᠳᠤ ᠲᠠᠪᠤ ᠲᠠᠪᠤᠨ ᠲᠠᠰᠤᠯᠭ᠎ᠠ ᠪᠠᠶᠢᠰᠢᠩ ᠲᠠᠢ᠂ ᠵᠡᠭᠦᠨ ᠲᠠᠯ᠎ᠠ ᠶᠢᠨ ᠲᠠᠪᠤᠨ ᠲᠠᠰᠤᠯᠭ᠎ᠠ ᠪᠠᠶᠢᠰᠢᠩ ᠤᠨ ᠠᠷᠤ ᠲᠠᠯ᠎ᠠ ᠳᠤ ᠪᠠᠰᠠ ᠲᠠᠪᠤᠨ ᠲᠠᠰᠤᠯᠭ᠎ᠠ ᠪᠠᠶᠢᠰᠢᠩ ᠲᠠᠢ᠂ ᠲᠡᠭᠦᠨ ᠤ ᠭᠤᠷᠪᠠᠨ ᠲᠠᠰᠤᠯᠭ᠎ᠠ ᠨᠢ ᠬᠡᠷᠡᠭ ᠵᠦᠪᠳᠡᠯᠴᠡᠬᠦ ᠭᠡᠷ  ᠂ ᠨᠦᠭᠦᠭᠡ ᠬᠤᠶᠠᠷ ᠲᠠᠰᠤᠯᠭ᠎ᠠ ᠠᠨᠤ  ᠭᠤᠴᠤᠭ ᠨᠠᠷ ᠤᠨ ᠰᠠᠭᠤᠬᠤ ᠭᠡᠷ ᠪᠤᠯᠠᠢ᠃ ᠲᠡᠭᠦᠨ ᠤ ᠬᠤᠶᠢᠳᠦ ᠲᠠᠯ᠎ᠠ ᠳᠤ ᠡᠪᠡᠰᠦ ᠬᠤᠷᠢᠶᠠᠬᠤ ᠪᠠᠭ᠎ᠠ ᠬᠦᠷᠢᠶ᠎ᠡ᠂ ᠲᠡᠭᠦᠨ ᠤ ᠵᠡᠭᠦᠨ ᠬᠤᠶᠢᠳᠤ ᠪᠤᠯᠤᠩ ᠳᠤ ᠲᠡᠷᠭᠡᠨ ᠤ ᠬᠦᠮᠦᠷᠭᠡ ᠪᠠᠶᠢᠨ᠎ᠠ᠃ ᠬᠦᠷᠢᠶᠡᠨ ᠤ  ᠪᠡᠷᠡᠭᠤᠨ‌ᠡᠮᠦᠨ᠎ᠡ ᠲᠠᠯ᠎ᠠ ᠶᠢᠨ ᠡᠭᠦᠳᠡᠨ ᠭᠡᠷ  ᠪᠠ ᠪᠠᠷᠠᠭᠤᠨ ᠬᠤᠶᠢᠳᠤ ᠲᠠᠯ᠎ᠠ ᠶᠢᠨ  ᠠᠳᠤᠭᠤᠨ ᠬᠤᠷᠤᠭᠠᠨ ᠤ ᠬᠤᠭᠤᠷᠤᠨᠳᠤ ᠨᠢᠭᠡᠨ ᠪᠠᠭ᠎ᠠ ᠡᠭᠦᠳᠡ ᠢᠨᠦ ᠮᠠᠨ ᠤ ᠬᠦᠷᠢᠶᠡᠨ ᠤ ᠠᠷᠤ ᠡᠭᠦᠳᠡ ᠪᠤᠯᠠᠢ᠃ ᠦᠬᠡᠷ ᠤᠨ  ᠬᠤᠷᠤᠭ᠎ᠠ ᠪᠤᠯ ᠰᠦᠮ᠎ᠡ ᠶᠢᠨ ᠬᠦᠷᠢᠶᠡᠨ ᠤ ᠠᠷᠤ ᠲᠠᠯ᠎ᠠ ᠳᠤ ᠪᠠᠶᠢᠨ᠎ᠠ᠂ ᠪᠦᠬᠦᠯᠢ ᠬᠦᠷᠢᠶ᠎ᠡ ᠲᠦᠷᠪᠡᠨ ᠦᠨᠴᠦᠭ ᠲᠤ ᠲᠦᠷᠪᠡᠨ ᠫᠤᠤᠲ᠋ᠠᠢ ᠲᠠᠢ ᠪᠤᠯᠠᠢ  ᠁︾ ᠭᠡᠵᠦ  ᠲᠤᠳᠤᠷᠬᠠᠢ ᠲᠡᠮᠳᠡᠭᠯᠡᠭᠰᠡᠨ ᠪᠠᠶᠢᠳᠠᠭ᠃    ᠴᠢᠯᠦᠭᠡᠯᠡᠭᠳᠡᠭᠰᠡᠨ ᠤ ᠲᠠᠷᠠᠭᠠᠬᠨ ᠬᠤᠰᠢᠭᠤ ᠵᠠᠰᠠᠭ ᠤᠨ ᠤᠷᠳᠤᠨ ᠠᠴᠠ ︽ᠡᠮᠦᠨ᠎ᠡ ᠬᠦᠷᠢᠶ᠎ᠡ︾ ᠶᠢ ᠠᠯᠪᠠᠨ ᠶᠤᠰᠤᠭᠠᠷ ᠪᠠᠭᠤᠯᠭᠠᠨ ᠨᠤᠷᠠᠭᠠᠵᠤ᠂  ᠬᠡᠷᠡᠭᠯᠡᠵᠦ ᠪᠤᠯᠬᠤ ᠮᠤᠳᠤ ᠴᠢᠯᠠᠭᠤ᠂ ᠸᠠᠭᠠᠷ ᠲᠤᠭᠤᠰᠬ᠎ᠠ ᠶᠢ  ᠨᠢᠬᠡᠳᠦᠯ ᠤᠨ ᠬᠤᠷᠰᠢᠶ᠎ᠠ᠂ ᠰᠤᠷᠭᠠᠭᠤᠯᠢ ᠵᠡᠷᠭᠡ ᠪᠠᠷᠢᠯᠭ᠎ᠠ ᠳᠤ ᠬᠡᠷᠡᠭᠯᠡᠵᠡᠢ᠃  ᠤᠳᠤ ︽ᠡᠮᠦᠨ᠎ᠡ ᠬᠦᠷᠢᠶᠡᠨ︾   ᠤ  ᠪᠠᠭᠤᠷᠢ ᠨᠢ ᠵᠡᠬᠦᠨᠰᠢ ᠪᠠᠷᠠᠭᠤᠨᠰᠢ ᠤᠷᠳᠤ ᠪᠠᠷ ᠢᠶᠠᠨ 94 ᠮᠧᠲᠷ᠂ ᠡᠮᠦᠨᠡᠰᠢ ᠬᠤᠶᠢᠰᠢ ᠦᠷᠭᠡᠨ ᠢᠶᠠᠷ ᠢᠶᠠᠨ 56 ᠮᠧᠲᠷ᠂ ᠨᠡᠶᠢᠳᠡ ᠲᠠᠯᠠᠪᠠᠢ ᠨᠢ 5624 ᠬᠠᠪᠳᠠᠭᠠᠢ ᠲᠦᠷᠪᠡᠯᠵᠢᠨ ᠮᠧᠲᠷ  ᠬᠢᠷᠢᠳᠡᠢ ᠪᠠᠶᠢᠵᠤ᠂  ᠬᠦᠷᠢᠶᠡᠨ ᠤ ᠵᠡᠬᠦᠨ ᠡᠮᠦᠨ᠎ᠡ  ᠪᠠᠷᠠᠭᠤᠨ ᠡᠮᠦᠨ᠎ᠡ ᠪᠤᠯᠤᠩ ᠳᠤ ᠲᠤᠰᠪᠤᠷᠢ  ᠳ᠋ᠢᠶᠠᠮᠧᠲᠷ ᠨᠢ 15 ᠮᠧᠲᠷ  ᠂  ᠦᠨᠳᠦᠷ ᠨᠢ 1.5 ᠮᠧᠲᠷ ᠤᠨ ᠫᠤᠤᠲ᠋ᠠᠢ ︵ᠬᠠᠷᠠᠭᠤᠯ ᠤᠨ ᠠᠰᠠᠷ︶ ᠶᠢᠨ ᠪᠠᠭᠤᠷᠢ ᠬᠠᠷᠠᠭᠳᠠᠨ᠎ᠠ᠃  ᠡᠬᠦᠨ ᠠᠴᠠ ᠭᠠᠳᠠᠨ᠎ᠠ᠂ ᠬᠦᠷᠢᠶᠡᠨ ᠠᠴᠠ ᠡᠮᠦᠨ᠎ᠡ ᠵᠦᠭ ᠲᠤ 20 ᠮᠧᠲᠷ ᠤᠨ ᠵᠠᠶᠢᠳᠠᠢ ᠭᠠᠵᠠᠷ ᠲᠤ  ᠪᠠᠶᠢᠭ᠎ᠠ ᠦᠨᠳᠦᠷ   ᠢᠶᠠᠷ ᠢᠶᠠᠨ 2.5 ᠮᠧᠲᠷ   ᠤᠨ ᠲᠦᠷᠪᠡᠯᠵᠢᠨ ᠬᠡᠯᠪᠡᠷᠢᠳᠡᠢ ᠴᠢᠯᠠᠭᠤᠨ ᠪᠠᠭᠠᠨ᠎ᠠ ︵ᠮᠤᠷᠢᠨ ᠤᠶᠠᠭ᠎ᠠ︶   ᠬᠢᠭᠡᠳ  ᠬᠦᠷᠢᠶᠡᠨ ᠤ ᠲᠤᠳᠤᠷ᠎ᠠ ᠤᠷᠭᠤᠭᠰᠠᠨ 3 ᠲᠤᠮᠤ ᠬᠦᠭᠰᠢᠨ ᠬᠠᠶᠢᠯᠠᠰᠤ ᠨᠢ  ᠬᠡᠳᠦᠨ ᠵᠠᠭᠤᠨ ᠵᠢᠯ ᠤᠨ ᠰᠠᠯᠬᠢᠨ ᠪᠤᠷᠤᠭᠠᠨ ᠢ ᠡᠯᠡᠭᠡᠵᠦ᠂ ᠴᠤᠤᠳᠤ ᠨᠤᠳᠤᠭ ᠤᠨ ᠢᠶᠠᠨ ᠪᠠᠭᠤᠷᠢ ᠶᠢ ᠰᠠᠬᠢᠵᠤ  ᠦᠨᠦ ᠳᠤ ᠬᠦᠷᠦᠭᠰᠡᠨ ᠪᠠᠶᠢᠭ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号