ᠬᠠᠭᠤᠴᠢ  ᠪᠠᠭᠤᠷᠢ —  ᠸᠠᠰᠠ ᠶᠢᠨ ᠶᠠᠮᠤᠨ
ᠨᠡᠶᠢᠲᠡᠯᠡᠭᠰᠡᠨ ᠴᠠᠭ᠄
2024/5/7
  ᠭᠦᠨᠪᠤᠯᠠᠬ ᠰᠤᠮᠤᠨ ᠤ ᠨᠤᠳᠤᠬ ᠲᠠᠬᠢ ᠮᠠᠯᠠᠭᠠᠢ ᠶᠢᠨ ᠰᠦᠮ᠎ᠡ ᠶᠢᠨ ᠶᠡᠷᠨᠠᠢ ᠶᠢᠨ ᠤᠪᠤᠭ᠎ᠠ ᠠᠴᠠ ᠡᠮᠤᠨᠡᠰᠢ ᠳᠠᠪᠤᠨ ᠭᠠᠵᠠᠷ ᠵᠠᠶᠢᠳᠠᠢ ᠪᠠᠶᠢᠳᠠᠬ ᠪᠤᠮᠪᠤᠭᠤᠷ ᠪᠤᠷᠤ ᠳᠤᠯᠤᠭᠠᠢ ᠶᠢ ᠸᠠᠰᠠ ᠭᠡᠵᠥ ᠳᠠᠭᠤᠳᠠᠳᠠᠬ ᠪᠤᠯᠪᠠᠴᠤ ᠶᠠᠮᠠᠷ ᠤᠳᠬ᠎ᠠ ᠲᠠᠢ ᠨᠡᠷ᠎ᠡ ᠪᠤᠯᠬᠤ᠂ ᠭᠡᠵᠢᠶ᠎ᠡ ᠭᠡᠨ ᠢᠩᠭᠢᠵᠥ ᠨᠡᠷᠡᠯᠡᠭᠰᠡᠡ ᠳᠤᠬᠠᠢ ᠨᠢ ᠤᠳᠤ ᠪᠤᠯᠳᠠᠯ᠎ᠠ ᠳᠤᠳᠤᠷᠬᠠᠢ ᠦᠭᠡᠢ ᠃  ᠪᠠᠳᠠᠷᠠᠭᠤᠯᠳᠤ ᠲᠦᠷᠦ ᠶᠢᠨ ᠦᠶᠡᠰ ︵1907 ᠤᠨ︶ ᠸᠠᠰᠠ ᠶᠢᠨ ᠡᠩᠬᠡᠷ ᠲᠤ ᠳᠠᠶᠢᠹᠦᠰᠧ ᠵᠡᠭᠦᠨ ᠪᠠᠷᠠᠭᠤᠨ ᠬᠤᠶᠠᠷ ᠭᠠᠷ ᠢ ᠶᠡᠷᠦᠩᠬᠡᠶᠢᠯᠡᠨ ᠵᠠᠬᠢᠷᠬᠤ ᠨᠡᠶᠢᠳᠡ ᠶᠢᠨ ᠲᠠᠷᠤᠭ᠎ᠠ ᠶᠢᠨ ᠶᠠᠮᠤᠨ ᠢ  ᠪᠠᠶᠢᠭᠤᠯᠵᠤ᠂ ᠡᠷᠬᠢᠨ ᠲᠤᠭᠤᠷᠢᠨ ᠦᠨᠳᠦᠷ ᠭᠡᠷᠡᠮ ᠴᠤᠭᠴᠠᠯᠠᠨ᠂ ᠸᠠᠭᠠᠷ ᠲᠤᠭᠤᠰᠬᠠᠨ ᠪᠦᠳᠦᠴᠡ ᠲᠠᠢ ᠭᠡᠷ ᠪᠠᠶᠢᠰᠢᠩ ᠪᠠᠷᠢᠭᠰᠠᠨ ᠪᠠᠶᠢᠵᠠᠢ᠃  ᠭᠦᠮᠦᠰ ᠳᠦᠭᠦᠮᠴᠢᠯᠡᠭᠡᠳ ︽ᠸᠠᠰᠠ ᠶᠢᠨ ᠶᠠᠮᠤᠨ︾ ᠭᠡᠵᠥ ᠨᠡᠷᠡᠯᠡᠭᠰᠡᠡ ᠪᠠᠶᠢᠳᠠᠬ᠃ ᠬᠦᠷᠢᠶᠡᠨ ᠤ ᠡᠷᠬᠢᠨ ᠲᠤᠭᠤᠷᠢᠨ ᠳᠤ ᠲᠠᠪᠬᠤᠷ ᠲᠠᠪᠬᠤᠷ ᠮᠤᠳᠤ ᠲᠠᠷᠢᠭᠰᠠᠨ ᠢᠶᠠᠷ ᠨᠤᠭᠤᠭᠠᠷᠠᠨ ᠬᠦᠭᠡᠷᠴᠦ᠂ ᠶᠠᠭ ᠨᠢᠬᠡᠨ ᠭᠡᠰᠡᠭ ᠰᠢᠭᠤᠢ ᠰᠢᠭ ᠬᠠᠷᠠᠭᠳᠠᠳᠠᠭ ᠭᠡᠨ᠎ᠡ᠃ ᠭᠡᠪᠳᠤ ᠶᠤᠰᠤᠳᠤ ᠶᠢᠨ ᠦᠶ᠎ᠡ ᠳᠤ ᠠᠳᠡ  ᠪᠠᠰᠠ ᠬᠤᠶᠠᠷ ᠭᠠᠷ ᠤᠨ ᠠᠳᠠᠷ ᠬᠠᠭᠠᠯᠪᠦᠷᠢᠯᠠᠬᠤ ᠳᠤᠪᠴᠢᠶ᠎ᠠ ᠶᠢ ᠪᠠᠶᠢᠭᠤᠯᠵᠥ᠂ ᠢᠷᠭᠡᠨ ᠤᠯᠤᠰ ᠤᠨ ᠦᠶ᠎ᠡ ᠳᠤ ᠴᠡᠷᠢᠭ ᠤᠨ ᠠᠬᠳᠠ ᠶᠢᠨ ᠳᠠᠯᠠᠪᠠᠢ ᠪᠤᠯᠭᠠᠵᠥ᠂  ᠶᠠᠮᠤᠨ ᠲᠡᠭᠡᠷ᠎ᠡ ᠴᠡᠷᠢᠭ ᠰᠠᠭᠤᠯᠭᠠᠨ᠂  ᠠᠳᠤᠭᠤ ᠮᠠᠯᠵᠢᠬᠤ ᠫᠧᠩ ᠬᠤᠷᠤᠭ᠎ᠠ ᠪᠠᠷᠢᠵᠤ᠂ ᠰᠠᠶᠢᠨ ᠡᠬᠦᠯᠳᠡᠷ ᠤᠨ ᠠᠵᠢᠷᠭ᠎ᠠ ᠤᠷᠤᠭᠤᠯᠤᠨ᠂ ᠡᠬᠦᠯᠳᠡᠷ ᠰᠠᠶᠢᠵᠢᠷᠠᠭᠤᠯᠬᠤ ᠠᠵᠢᠯ ᠬᠢᠭᠰᠡᠨ ᠪᠤᠯᠪᠠᠴᠤ ᠠᠵᠢᠷᠭ᠎ᠠ ᠨᠢ ᠡᠪᠦᠯ  ᠤᠨ ᠬᠦᠢᠳᠡᠨ ᠳᠤ ᠬᠦᠯᠳᠡᠵᠦ ᠦᠬᠦᠭᠡᠳ ᠠᠵᠢᠯ ᠨᠢ ᠶᠠᠪᠤᠭᠳᠠᠵᠤ ᠲᠡᠶᠢᠯᠦᠭᠰᠡᠨ ᠦᠬᠡᠢ ᠭᠡᠳᠡᠭ᠃  ᠦᠭᠡᠷ ᠵᠢᠯ ᠤᠨ ᠦᠢᠮᠡᠭᠡᠨ ︵1913 ᠤᠨ︶ ᠳᠤ ᠢᠷᠭᠡᠨ ᠤᠯᠤᠰ ᠤᠨ ᠴᠡᠷᠢᠭ ᠨᠢ ᠬᠠᠯᠬ᠎ᠠ ᠶᠢᠨ ᠴᠡᠷᠢᠭ ᠲᠤ ᠴᠤᠭᠢᠬᠳᠠᠨ ᠤᠬᠤᠷᠢᠬᠰᠠᠠ ᠠᠴᠠ ᠬᠤᠶᠢᠰᠢ  ᠠᠳᠡ  ᠴᠡᠷᠢᠭ ᠰᠠᠭᠤᠬᠤ ᠪᠠᠨ ᠪᠤᠯᠢᠵᠡᠢ᠃ 1916 ᠤᠨ ᠳᠤ ᠶᠠᠮᠤᠨ ᠤ ᠭᠦᠷᠢᠶ᠎ᠡ  ᠶᠢ ᠰᠡᠯᠪᠢᠨ ᠵᠠᠰᠠᠭᠠᠳ  ᠲᠠᠶᠢᠹᠤᠰᠧ ᠵᠡᠬᠦᠨ ᠭᠠᠷ ᠤᠨ ᠠᠩᠬᠠᠳᠤᠭᠴᠢ ᠤᠯᠤᠰ ᠠᠷᠠᠳ ᠤᠨ ᠰᠤᠷᠭᠠᠭᠤᠯᠢ ᠶᠢ ᠪᠠᠶᠢᠭᠤᠯᠵᠥ᠂  1920 ᠤᠨ ᠳᠤ ᠳᠤᠰ ᠰᠤᠷᠭᠠᠭᠤᠯᠢ ᠨᠢ ᠦᠴᠢ ᠶᠢᠨ ᠤᠪᠤᠭᠠᠨ ᠳᠠᠬᠢ ᠳᠠᠶᠢᠹᠦᠰᠧ ᠵᠡᠭᠦᠨ ᠭᠠᠷ ᠬᠤᠰᠢᠭᠤᠨ ᠤ ᠳᠦᠪ ᠲᠤ ᠰᠢᠯᠵᠢᠭᠡᠳ ᠭᠡᠷ ᠬᠦᠷᠢᠶ᠎ᠡ ᠶᠢ ᠨᠤᠷᠠᠭᠠᠵᠠᠢ᠃  ᠸᠠᠰᠠ ᠶᠢᠨ ᠶᠠᠮᠤᠨ ᠤ ᠪᠠᠭᠤᠷᠢ ᠶᠢ ᠤᠳᠤ ᠳᠠᠶᠢᠹᠦᠰᠧ ᠬᠤᠰᠢᠭᠤ ᠳᠡᠤᠭᠡ ᠳᠤᠷᠠᠰᠬᠠᠯ ᠤᠨ ᠦᠯᠡᠳᠡᠭᠳᠡᠯ ᠢᠶᠠᠷ ᠬᠠᠮᠠᠭᠠᠯᠠᠵᠥ ᠪᠠᠶᠢᠨ᠎ᠠ᠃ ᠡᠮᠦᠨᠡᠰᠢ ᠬᠤᠶᠢᠰᠢ ᠤᠷᠳᠤ ᠨᠢ 236 ᠮᠧᠲᠷ᠂  ᠵᠡᠬᠦᠨᠰᠢ ᠪᠠᠷᠠᠭᠤᠨᠰᠢ ᠦᠷᠭᠡᠨ ᠨᠢ 163 ᠮᠧᠲᠷ᠂ ᠲᠠᠯᠠᠪᠠᠢ ᠨᠢ 38468 ᠬᠠᠪᠳᠠᠭᠠᠢ ᠲᠦᠷᠪᠡᠯᠵᠢᠨ ᠮᠧᠲᠷ᠃  ᠲᠤᠳᠤᠷ᠎ᠠ ᠭᠠᠳᠠᠨ᠎ᠠ ᠬᠤᠶᠠᠷ ᠲᠠᠪᠬᠤᠷ ᠰᠢᠪᠠᠷ ᠬᠡᠷᠡᠮ ᠢᠶᠠᠷ ᠪᠦᠳᠦᠵᠦ᠂  ᠬᠤᠶᠠᠷ ᠭᠡᠷᠡᠮ ᠤᠨ ᠬᠤᠭᠤᠷᠤᠨᠳᠤᠬᠢ ᠵᠠᠢ ᠨᠢ ᠠᠳᠠᠯᠢ ᠦᠬᠡᠢ  ᠃ ᠲᠤᠬᠠᠶᠢᠯᠠᠪᠠᠯ ᠵᠡᠬᠦᠨ ᠲᠠᠯ᠎ᠠ  28 ᠮᠧᠲᠷ᠂  ᠪᠠᠷᠠᠭᠤᠨ ᠲᠠᠯ᠎ᠠ 35 ᠮᠧᠲᠷ᠂  ᠬᠤᠶᠢᠳᠤ ᠲᠠᠯ᠎ᠠ 38 ᠮᠧᠲᠷ᠂  ᠡᠮᠦᠨ᠎ᠡ ᠲᠠᠯ᠎ᠠ 70 ᠮᠧᠲᠷ᠃ ᠲᠤᠳᠤᠷ᠎ᠠ ᠭᠡᠷᠡᠮ  ᠨᠢ ᠵᠡᠬᠦᠨᠰᠢ ᠪᠠᠷᠠᠭᠤᠨᠰᠢ 128 ᠮᠧᠲᠷ᠂ ᠡᠮᠦᠨᠡᠰᠢ ᠬᠤᠶᠢᠰᠢ 100 ᠮᠧᠲᠷ  ᠃ ᠬᠦᠷᠢᠶᠡᠨ ᠳᠤ 11 ᠲᠠᠰᠤᠯᠭ᠎ᠠ  ᠬᠦᠭᠡ ᠲᠤᠭᠤᠰᠬ᠎ᠠ   ᠪᠠᠷ ᠪᠤᠰᠬᠠᠵᠤ᠂  ᠬᠦᠬᠡ ᠸᠠᠭᠠᠷ ᠢᠶᠠᠷ ᠸᠠᠭᠠᠷᠯᠠᠭᠰᠠᠨ ᠭᠡᠷ ᠪᠠᠶᠢᠰᠢᠩ ᠲᠠᠢ ᠪᠠᠶᠢᠵᠠᠢ᠃ ᠭᠡᠷ ᠪᠠᠶᠢᠰᠢᠩ ᠤᠨ ᠪᠠᠭᠤᠷᠢ ᠶᠢᠨ ᠤᠷᠳᠤ ᠦᠷᠭᠡᠨ ᠨᠢ 0.5 —0.8 ᠮᠧᠲᠷ᠂  ᠦᠨᠳᠦᠷ ᠨᠢ 0.3 ᠮᠧᠲᠷ ᠬᠢᠷᠢᠳᠡᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号