ᠬᠠᠭᠤᠴᠢ  ᠪᠠᠭᠤᠷᠢ —  ᠠᠯᠳᠠᠨ ᠤᠯᠤᠰ ᠤᠨ ᠭᠡᠷᠡᠮ
ᠨᠡᠶᠢᠲᠡᠯᠡᠭᠰᠡᠨ ᠴᠠᠭ᠄
2024/4/3
    ᠪᠠᠰᠠ ᠠᠯᠳᠠᠨ ᠤᠯᠤᠰ ᠤᠨ ᠬᠢᠯᠢ ᠶᠢᠨ ᠵᠠᠭᠠᠭ ᠭᠡᠳᠡᠭ᠃ ᠲᠠᠶᠢᠹᠤᠰᠧ ᠨᠤᠳᠤᠭ ᠲᠤ ᠵᠠᠬ᠎ᠠ ᠶᠢᠨ ᠬᠡᠷᠡᠮ ︵边墙) ᠬᠡᠵᠦ ᠨᠡᠷᠡᠯᠡᠳᠡᠭ᠃  ᠤᠨ ᠲᠤᠭᠠᠯᠠᠯ ᠤᠨ1115 —1234 ᠤᠨ ᠳᠤ ᠪᠠᠶᠢᠭᠤᠯᠤᠭᠰᠠᠨ ᠠᠯᠳᠠᠨ ᠤᠯᠤᠰ  ᠤᠨ ᠤᠮᠠᠷᠠᠳᠤ ᠶᠢᠨ ᠴᠡᠷᠢᠭ ᠤᠨ ᠶᠠᠪᠤᠳᠠᠯ ᠤᠨ ᠰᠡᠷᠭᠡᠶᠢᠯᠡᠯᠳᠡ ᠶᠢᠨ ᠪᠠᠷᠢᠯᠭ᠎ᠠ  ᠪᠠᠶᠢᠵᠤ᠂ ᠤᠳᠤ ᠨᠢᠬᠡᠨᠳᠡ 800 ᠭᠠᠷᠤᠢ ᠵᠢᠯ ᠤᠨ ᠲᠡᠦᠭᠡ ᠲᠠᠢ  ᠪᠤᠯᠵᠠᠢ᠃  ᠪᠦᠬᠦ ᠤᠷᠳᠤ ᠨᠢ  ᠪᠠᠷᠤᠭ 1926  ᠺᠢᠯᠤᠮᠧᠲᠷ᠃   ᠠᠯᠳᠠᠨ ᠤᠯᠤᠰ ᠨᠢ ᠨᠡᠶᠢᠳᠡ ᠬᠤᠶᠠᠷ  ᠰᠠᠯᠠᠭ᠎ᠠ  ᠤᠷᠳᠤ ᠴᠠᠭᠠᠨ ᠭᠡᠷᠡᠮ ᠢ ᠪᠠᠶᠢᠭᠤᠯᠵᠠᠢ᠂  ᠨᠢᠬᠡ   ᠨᠢ ᠮᠢᠩ ᠴᠠᠩ ᠤᠨ ᠰᠡᠬᠦᠯᠴᠢ ᠶᠢᠨ ᠤᠨ ᠠᠴᠠ ᠴᠧᠩ ᠠᠨ ᠤ ᠡᠬᠢᠨ ᠤ ᠤᠨ  ᠬᠦᠷᠳᠡᠯᠡᠬᠢ ᠬᠤᠭᠤᠴᠠᠭᠠᠨ ᠳᠤ ᠪᠠᠶᠢᠭᠤᠯᠤᠭᠳᠠᠵᠤ᠂  ᠮᠢᠩ ᠴᠠᠩ ᠭᠡᠷᠡᠮ ᠭᠡᠵᠦ ᠨᠡᠷᠡᠯᠡᠳᠡᠭ᠂  ᠵᠡᠬᠦᠨ ᠦᠵᠦᠬᠦᠷ ᠨᠢ  ᠬᠦᠯᠦᠨ ᠪᠤᠶᠢᠷ  ᠬᠤᠳᠠ ᠶᠢᠨ ᠮᠤᠷᠢᠨᠳᠠᠪᠠᠭ᠎ᠠ ᠲᠠᠭᠤᠷ ᠦᠨᠳᠦᠰᠦᠳᠡᠨ ᠤ ᠦᠪᠡᠷᠳᠡᠭᠡᠨ ᠵᠠᠰᠠᠬᠤ  ᠬᠤᠰᠢᠭᠤᠨ ᠤ ᠴᠢ ᠵᠢᠶᠠ ᠶᠢᠩᠽᠢ ᠠᠴᠠ ᠡᠬᠢ ᠠᠪᠴᠤ᠂  ᠬᠦᠬᠡᠬᠤᠳᠠ ᠶᠢᠨ ᠦᠴᠤᠸᠠᠨ ᠰᠢᠶᠠᠨ ᠤ ᠱᠠᠨ ᠮᠢᠶᠤᠤ ᠭᠸᠦ ᠬᠦᠷᠳᠡᠭ  ᠂  ᠪᠦᠬᠦ ᠤᠷᠳᠤ ᠨᠢ ᠪᠠᠷᠤᠭ 1650 ᠺᠢᠯᠤᠮᠧᠲᠷ᠃ ᠨᠦᠬᠦᠬᠡ ᠨᠢᠬᠡ ᠶᠢ ᠨᠢ  ᠳ᠋ᠠ ᠠᠨ ᠤ ᠬᠤᠶᠠᠳᠤᠭᠠᠷ ᠤᠨ ᠠᠴᠠ ᠳ᠋ᠠ ᠠᠨ ᠤ ᠭᠤᠷᠪᠠᠳᠤᠭᠠᠷ ᠤᠨ ᠤ ᠦᠶᠡᠰ ᠪᠠᠶᠢᠭᠤᠯᠵᠤ᠂  ᠳ᠋ᠠ ᠠᠨ ᠭᠡᠷᠡᠮ  ᠭᠡᠵᠦ ᠨᠡᠷᠡᠯᠡᠳᠡᠭ᠃  ᠵᠡᠬᠦᠨ ᠦᠵᠦᠬᠦᠷ ᠨᠢ ᠾᠧᠪᠸᠢ ᠮᠤᠵᠢ ᠶᠢᠨ ᠹᠧᠩ ᠨᠢᠩ ᠰᠢᠶᠠᠨ   ᠤ ᠱᠦᠢ ᠴᠢᠤᠸᠠᠨ ᠭᠸᠦ ᠠᠴᠠ ᠡᠬᠢᠯᠡᠵᠦ᠂ ᠪᠠᠷᠠᠭᠤᠨᠰᠢ ᠦᠪᠦᠷ  ᠮᠤᠩᠭᠤᠯ ᠤᠨ ᠵᠢᠨᠢᠩ ᠬᠤᠳᠠ ᠶᠢᠨ  ᠱᠠᠩᠳᠤ ᠰᠢᠶᠠᠨ  ᠬᠦᠷᠦᠭᠡᠳ ᠮᠢᠩ ᠴᠠᠩ ᠭᠡᠷᠡᠮ ᠲᠠᠢ  ᠵᠠᠯᠭᠠᠨ᠎ᠠ᠂ ᠪᠦᠬᠦ ᠤᠷᠳᠤ ᠨᠢ ᠪᠠᠷᠤᠭ 276 ᠺᠢᠯᠤᠮᠧᠲᠷ᠃       ᠲᠠᠶᠢᠹᠤᠰᠧ ᠬᠤᠰᠢᠭᠤᠨ ᠤ ᠬᠢᠯᠢ ᠳᠠᠬᠢ ︽ᠠᠯᠳᠠᠨ ᠤᠯᠤᠰ ᠤᠨ ᠭᠡᠷᠡᠮ︾ ᠨᠢ ᠠᠯᠳᠠᠨ ᠤᠯᠤᠰ ᠤᠨ ᠵᠠᠩᠽᠦ᠋ᠩ ᠬᠠᠭᠠᠨ ᠤ ᠦᠶ᠎ᠡ ᠳᠤ ᠪᠠᠶᠢᠭᠤᠯᠤᠭᠳᠠᠭᠰᠠᠨ ᠭᠡᠳᠡᠭ᠃ ᠪᠦᠬᠦ ᠤᠷᠳᠤ ᠨᠢ 91 ᠺᠢᠯᠤᠮᠧᠲᠷ  ᠂  ᠵᠡᠬᠦᠨ ᠪᠠᠷᠠᠭᠤᠨ ᠢᠶᠠᠷ ᠢᠶᠠᠨ ᠲᠤᠰᠪᠤᠷᠢ ᠰᠢᠯᠤᠭᠤᠨ ᠬᠦᠬᠡ ᠬᠤᠰᠢᠭᠤ  ᠪᠠ ᠾᠧᠪᠸᠢ ᠮᠤᠵᠢ ᠶᠢᠨ ᠺᠠᠩ ᠪᠤᠤ ᠰᠢᠶᠠᠨ   ᠲᠠᠢ  ᠵᠠᠯᠭᠠᠵᠤ᠂ ᠲᠠᠶᠢᠹᠤᠰᠧ ᠬᠤᠰᠢᠭᠤᠨ ᠤ ᠲᠤᠯᠤᠭᠠᠨ ᠰᠤᠮᠤ ᠰᠢᠶᠠᠩ ᠪᠠᠯᠭᠠᠰᠤ ᠶᠢ ᠲᠠᠭᠠᠷᠢᠨ ᠦᠩᠭᠡᠷᠡᠨ᠎ᠡ᠃ ᠠᠯᠳᠠᠨ ᠤᠯᠤᠰ ᠤᠨ ᠭᠡᠷᠡᠮ ᠪᠤᠯ ᠭᠤᠤᠯᠳᠠᠭᠤ ᠭᠤᠤ ᠰᠤᠪᠠᠭ᠂  ᠬᠤᠳᠠ ᠶᠢᠨ ᠭᠡᠷᠡᠮ᠂ ᠤᠯᠠᠭ᠎ᠠ ᠦᠷᠳᠡᠭᠡ᠂  ᠪᠠᠬᠢᠯᠡᠯᠳᠡ ᠪᠤᠭᠤᠮᠳᠠ ᠵᠡᠷᠭᠡ ᠪᠠᠷ  ᠪᠦᠷᠢᠯᠳᠦᠭᠰᠡᠨ  ᠂ ᠲᠡᠰ ᠲᠠᠪᠬᠤᠷᠭ᠎ᠠ ᠲᠠᠢ᠂ ᠰᠢᠰᠲ᠋ᠧᠮ ᠲᠠᠢ ᠴᠡᠷᠢᠭ ᠤᠨ ᠶᠠᠪᠤᠳᠠᠯ ᠤᠨ ᠰᠡᠷᠭᠡᠶᠢᠯᠡᠯᠳᠡ ᠶᠢᠨ ᠪᠠᠷᠢᠯᠭ᠎ᠠ ᠪᠤᠯᠤᠨ᠎ᠠ᠃ ᠲᠠᠶᠢᠹᠤᠰᠧ ᠬᠤᠰᠢᠭᠤᠨ ᠤ ᠬᠢᠯᠢ ᠳᠠᠬᠢ ︽ᠠᠯᠳᠠᠨ ᠤᠯᠤᠰ ᠤᠨ ᠭᠡᠷᠡᠮ︾ ᠨᠢ ᠨᠡᠯᠢᠶᠡᠳ ᠪᠦᠷᠢᠨ ᠪᠦᠳᠦᠨ ᠢᠶᠠᠷ ᠢᠶᠠᠨ ᠬᠠᠳᠠᠭᠠᠯᠠᠭᠳᠠᠵᠤ  ᠂  ᠵᠠᠷᠢᠮ ᠭᠡᠰᠡᠭ ᠲᠤᠨᠢ  ᠲᠠᠪᠬᠤᠷ ᠭᠡᠷᠡᠮ ᠬᠤᠤᠰ ᠭᠤᠤ ᠶᠢᠨ ᠪᠠᠭᠤᠷᠢ ᠬᠠᠷᠠᠭᠳᠠᠨ᠎ᠠ᠃  ᠤᠳᠤ ᠰᠡᠷᠭᠡᠶᠢᠯᠡᠯᠳᠡ ᠶᠢᠨ ᠲᠠᠶᠢᠰᠠ 260 ᠰᠠᠭᠤᠷᠢ᠂  ᠵᠠᠬ᠎ᠠ ᠶᠢᠨ ᠪᠠᠬᠢᠯᠡᠯᠳᠡ 4 ᠰᠠᠭᠤᠷᠢ᠂  ᠭᠤᠤᠯ ᠪᠠᠬᠢᠯᠡᠯᠳᠡ 2 ᠰᠠᠭᠤᠷᠢ ᠪᠠᠶᠢᠨ᠎ᠠ᠃  ᠵᠠᠷᠢᠮ ᠭᠠᠵᠠᠷ ᠤᠨ ᠭᠡᠷᠡᠮ ᠤᠨ ᠪᠠᠭᠤᠷᠢ   ᠨᠢ ᠦᠷᠭᠡᠨ ᠢᠶᠠᠷ ᠢᠶᠠᠨ 3.6 — 10 ᠮᠧᠲᠷ᠂  ᠦᠨᠳᠦᠷ   ᠢᠶᠠᠷ ᠢᠶᠠᠨ 0.5 —3 ᠮᠧᠲᠷ ᠪᠤᠢ᠃  ᠭᠡᠷᠡᠮ   ᠨᠢ  ᠰᠢᠪᠠᠷ ᠰᠢᠷᠤᠢ ᠪᠠᠷ  ᠴᠤᠭᠴᠠᠯᠠᠭᠳᠠᠵᠤ᠂ ᠬᠠᠷ᠎ᠠ ᠬᠦᠷᠡᠩ ᠪᠤᠶᠤ ᠬᠠᠷ᠎ᠠ ᠦᠩᠬᠡ ᠲᠠᠢ ᠪᠠᠶᠢᠳᠠᠭ᠃ ᠭᠡᠷᠡᠮ ᠤᠨ  ᠲᠤᠳᠤᠷ᠎ᠠ ᠲᠠᠯ᠎ᠠ ᠳᠤ ᠠᠷᠪᠠᠭᠠᠳ ᠭᠠᠵᠠᠷ ᠶᠠᠪᠤᠬᠤ ᠪᠦᠷᠢ ᠴᠡᠷᠢᠭ ᠤᠨ ᠰᠠᠬᠢᠨ ᠬᠠᠮᠠᠭᠠᠯᠠᠬᠤ ᠰᠠᠭᠤᠷᠢᠨ  ᠪᠤᠯᠬᠤ ᠵᠢᠵᠢᠭ ᠪᠠᠯᠭᠠᠰᠤ ᠪᠠᠶᠢᠭᠤᠯᠵᠠᠢ᠃  ᠲᠤᠬᠠᠶᠢᠯᠠᠪᠠᠯ᠂  ᠦᠷᠳᠡᠭᠡᠨ  ᠤᠪᠤᠭ᠎ᠠ  ᠂ ᠵᠢᠷᠠᠨ  ᠤᠰᠤ᠂   ᠪᠤᠷᠤᠬᠤᠳᠠ᠂  ᠡᠤ ᠵᠢᠶᠠᠨ ᠹᠠᠩ᠂ ᠮᠠ ᠲᠢ ᠭᠸᠦ  ᠂ ᠾᠧ ᠼᠤᠤ ᠵᠡᠷᠭᠡ ᠭᠠᠴᠠᠭ᠎ᠠ ᠲᠤᠰᠬᠤᠨ   ᠳᠤ  ᠵᠢᠵᠢᠭ ᠪᠠᠯᠭᠠᠰᠤ ᠶᠢᠨ ᠰᠠᠭᠤᠷᠢ ᠪᠠᠶᠢᠭ᠎ᠠ᠃  ᠭᠡᠷᠡᠮ ᠤᠨ ᠭᠠᠳᠠᠷ ᠲᠠᠯ᠎ᠠ   ᠶᠢ ᠨᠢ ᠲᠠᠭᠠᠵᠤ᠂ 200 —300 ᠮᠧᠲᠷ ᠲᠤ ᠨᠢᠬᠡ ᠠᠯᠤᠰ ᠢ ᠪᠠᠷᠠᠯᠠᠬᠤ  ᠲᠠᠶᠢᠰᠠ ᠲᠠᠢ  ᠃     ᠠᠷᠠᠳ ᠤᠨ  ᠤᠯᠠᠮᠵᠢᠯᠠᠯ  ᠶᠠᠷᠢᠶᠠᠨ ᠳᠤ ᠲᠤᠰ ᠭᠡᠷᠡᠮ ᠢ ᠪᠠᠰᠠ ᠯᠢᠶᠤᠤ ᠤᠯᠤᠰ ᠤᠨ ᠭᠡᠷᠡᠮ ᠤᠨ ᠵᠠᠮ ᠪᠤᠶᠤ ᠭᠤᠷᠪᠠᠳᠤᠭᠠᠷ ᠴᠠᠭᠠᠨ ᠭᠡᠷᠡᠮ ᠭᠡᠵᠦ ᠶᠠᠷᠢᠳᠠᠭ᠃  ︽ᠲᠠᠶᠢᠹᠤᠰᠧ ᠵᠡᠬᠦᠨ ᠭᠠᠷ ᠰᠦᠷᠦᠭ ︵ᠬᠤᠰᠢᠭᠤ︶ ᠤᠨ ᠲᠡᠦᠬᠡᠨ ᠲᠡᠮᠳᠡᠭᠯᠡᠯ ᠤᠨ ᠲᠤᠪᠴᠢ︾ ᠭᠡᠰᠡᠨ ᠨᠤᠮ ᠳᠤ  ᠪᠠᠰᠠ ︽ᠬᠠᠨ ᠤᠯᠤᠰ ᠤᠨ ᠡᠬᠢᠨ ᠤ ᠦᠶ᠎ᠡ ᠳᠤ ᠲᠤᠮᠳᠠᠳᠤ ᠤᠷᠤᠨ ᠠᠴᠠ ᠮᠤᠨᠢ ᠠᠭᠤᠯᠠ   ᠶᠢᠨ ᠠᠷᠤ ᠳᠠᠬᠢ ᠾᠦᠩᠨᠤ ᠶᠢᠨ ᠨᠤᠳᠤᠭ ᠬᠦᠷᠳᠡᠯ᠎ᠡ ᠬᠦᠨᠳᠡᠯᠡᠨ ᠭᠤᠤ ᠮᠠᠯᠳᠠᠵᠤ ᠭᠤᠤ ᠵᠠᠮ ᠭᠡᠵᠦ ᠨᠡᠷᠡᠯᠡᠳᠡᠭ ᠪᠠᠶᠢᠵᠠᠢ  ᠃ ᠬᠠᠨ ᠡᠤ ᠳ᠋ᠢ ᠬᠠᠭᠠᠨ ᠤ ᠦᠶᠡᠰ ᠡᠨᠡᠬᠦ ᠬᠦᠴᠦᠨ ᠤ ᠬᠦᠷᠢᠶ᠎ᠡ  ᠪᠠᠨ ᠮᠤᠨᠢ ᠠᠭᠤᠯᠠ ᠠᠴᠠ ᠤᠷᠤᠭᠰᠢ ᠦᠷᠭᠡᠳᠭᠡᠵᠦ᠂ ᠤᠳᠤ ᠶᠢᠨ ᠴᠤᠭ ᠬᠤᠰᠢᠭᠤ᠂ ᠤᠷᠠᠳ ᠤᠨ ᠲᠤᠮᠳᠠᠳᠤ ᠬᠤᠰᠢᠭᠤ᠂ ᠲᠠᠷᠬᠠᠨ ᠮᠤᠤᠮᠢᠩᠭᠠᠨ᠂ ᠡᠤ ᠴᠢᠤᠸᠠᠨ᠂ ᠲᠦᠷᠪᠡᠳ ᠬᠤᠰᠢᠭᠤ ᠵᠢᠴᠢ ᠰᠢᠯᠢ ᠶᠢᠨ ᠭᠤᠤᠯ   ᠤᠨ ᠡᠮᠦᠨᠡᠳᠦ ᠭᠡᠳᠦᠨ ᠬᠤᠰᠢᠭᠤ ᠰᠢᠶᠠᠨ ᠢ  ᠲᠠᠭᠠᠷᠢᠨ᠂ ᠬᠦᠯᠦᠨ ᠪᠤᠶᠢᠷ ᠬᠦᠷᠬᠦ ᠬᠢᠵᠠᠭᠠᠷ ᠤᠨ ᠱᠤᠭᠤᠮ ᠢᠶᠠᠷ ᠤᠷᠳᠤ ᠭᠡᠷᠡᠮ ᠪᠠᠷᠢᠵᠤ᠂  ︿ᠬᠢᠯᠢ ᠶᠢᠨ ᠴᠠᠭᠠᠨ ᠭᠡᠷᠡᠮ﹀ ᠬᠡᠵᠦ  ᠨᠡᠷᠡᠯᠡᠳᠡᠭ ᠪᠠᠶᠢᠪᠠ᠃ ᠡᠨᠡ ᠭᠡᠷᠡᠮ ᠤᠨ ᠲᠠᠭᠠᠤ  ᠴᠡᠷᠢᠭ ᠰᠠᠭᠤᠯᠭᠠᠵᠤ ᠬᠢᠯᠢ ᠪᠠᠨ ᠬᠠᠮᠠᠭᠠᠯᠠᠵᠤ ᠪᠠᠶᠢᠭᠰᠠᠨ ᠲᠤᠯᠠ᠂ ᠵᠢᠵᠢᠭ ᠪᠠᠯᠭᠠᠰᠤᠨ ᠤ ᠪᠠᠭᠤᠷᠢ ᠠᠷᠪᠢᠨ ᠪᠠᠶᠢᠳᠠᠭ︾ ᠬᠡᠵᠦ ᠲᠡᠮᠳᠡᠭᠯᠡᠵᠡᠢ᠃ ᠡᠬᠦᠨ ᠠᠴᠠ ᠦᠵᠡᠬᠦ ᠳᠤ᠂ ᠲᠤᠰ ᠭᠡᠷᠡᠮ ᠨᠢ ᠬᠠᠨ ᠤᠯᠤᠰ ᠤᠨ ᠦᠶ᠎ᠡ ᠳᠤ ᠪᠤᠢ ᠪᠤᠯᠤᠭᠰᠠᠨ ᠪᠠᠶᠢᠵᠤ ᠴᠤ ᠮᠡᠳᠡᠨ᠎ᠡ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号