ᠤᠯᠠᠮᠵᠢᠯᠠᠯᠳᠤ ᠵᠢᠷᠤᠭ ᠣᠷᠠᠯᠠᠯ —  ᠴᠠᠭᠠᠨ ᠰᠠᠷ᠎ᠠ ᠶᠢᠨ ᠪᠡᠯᠭᠡᠳᠦ ᠵᠢᠷᠤᠭ
ᠨᠡᠶᠢᠲᠡᠯᠡᠭᠰᠡᠨ ᠴᠠᠭ᠄
2024/2/5
   ᠴᠠᠭᠠᠨ ᠰᠠᠷ᠎ᠠ ᠶᠢᠨ ᠪᠡᠯᠭᠡᠳᠦ ᠵᠢᠷᠤᠭ ᠪᠤᠯ ᠬᠢᠳᠠᠳ ᠵᠢᠷᠤᠭ ᠤᠨ ᠨᠢᠬᠡ ᠲᠦᠷᠦᠯ ᠪᠠᠶᠢᠵᠤ᠂ ᠬᠦᠳᠡᠭᠡ ᠲᠤᠰᠬᠤᠨ  ᠳᠤ  ᠨᠡᠶᠢᠳᠡᠮ ᠲᠡᠯᠬᠡᠷᠡᠵᠦ ᠪᠠᠶᠢᠳᠠᠭ᠃  ᠲᠡᠷᠡ ᠨᠢ ︽ᠡᠬᠦᠳᠡᠨ ᠰᠠᠬᠢᠭᠤᠯᠰᠤᠨ ᠤ ᠵᠢᠷᠤᠭ︾ ᠠᠴᠠ ᠢᠷᠡᠯᠳᠡ ᠲᠠᠢ ᠪᠠᠶᠢᠵᠤ᠂  ᠴᠢᠩ ᠤᠯᠤᠰ ᠤᠨ ᠪᠠᠳᠠᠷᠠᠭᠤᠯᠳᠤ ᠲᠦᠷᠦ ᠶᠢᠨ ᠦᠶ᠎ᠡ ᠳᠤ ᠵᠢᠩᠬᠢᠨᠢ ᠪᠠᠷ ᠴᠠᠭᠠᠨ ᠰᠠᠷ᠎ᠠ ᠶᠢᠨ ᠪᠡᠯᠭᠡᠳᠦ ᠵᠢᠷᠤᠭ ᠬᠡᠮᠡᠨ ᠨᠡᠷᠡᠶᠢᠳᠦᠭᠰᠡᠨ ᠭᠡᠳᠡᠭ᠃    ᠴᠠᠭᠠᠨ ᠰᠠᠷ᠎ᠠ ᠶᠢᠨ ᠵᠢᠷᠤᠭ   ᠨᠢ ᠭᠡᠷ ᠡᠷᠦᠬᠡ ᠪᠠᠨ ᠴᠢᠮᠡᠬᠦ ᠠᠴᠠ ᠭᠠᠳᠠᠨ᠎ᠠ᠂ ᠦᠯᠵᠡᠢ ᠪᠡᠯᠭᠡᠳᠦ ᠰᠢᠨ᠎ᠡ ᠵᠢᠯ ᠴᠠᠭᠠᠨ ᠰᠠᠷ᠎ᠠ ᠪᠠᠨ ᠤᠭᠳᠤᠨ ᠪᠡᠯᠭᠡᠯᠡᠬᠦ ᠠᠭᠤᠯᠭ᠎ᠠ ᠲᠠᠢ ᠪᠠᠶᠢᠵᠤ᠂ ᠭᠤᠤᠯᠳᠠᠭᠤ ᠤᠯᠠᠭᠠᠨ ᠨᠤᠭᠤᠭᠠᠨ ᠬᠤᠪᠴᠠᠰᠤ ᠡᠮᠦᠰᠦᠭᠰᠡᠨ  ᠮᠠᠨᠳᠠᠭᠠᠷ ᠲᠠᠷᠭᠤᠨ ᠵᠢᠭᠠᠯ  ᠪᠤᠶᠤ ᠴᠡᠴᠡᠭ ᠬᠤᠸᠠᠷ  ᠂  ᠵᠢᠬᠦᠷᠳᠡᠨ ᠰᠢᠪᠠᠭᠤ᠂ ᠵᠢᠭᠠᠰᠤ ᠲᠠᠬᠢᠶ᠎ᠠ ᠵᠡᠷᠭᠡ ᠶᠢ  ᠵᠢᠷᠤᠳᠠᠭ᠃  ᠵᠢᠯ ᠴᠠᠭᠠᠨ ᠰᠠᠷ᠎ᠠ ᠪᠤᠯᠬᠤ ᠳᠤ ᠤᠯᠠᠩᠬᠢ ᠬᠢᠳᠠᠳ ᠠᠶᠢᠯ ᠤᠳ  ᠡᠬᠦᠳᠡ ᠬᠠᠭᠠᠯᠭ᠎ᠠ  ᠬᠢᠭᠡᠳ ᠦᠷᠦᠭᠡ ᠭᠡᠷ   ᠲᠡᠭᠡᠨ ᠪᠦᠷ ᠡᠶᠢᠮᠦᠷᠬᠦ ᠦᠯᠵᠡᠶᠢᠳᠦ ᠵᠢᠷᠤᠭ ᠨᠠᠭᠠᠭᠰᠠᠨ ᠬᠠᠷᠠᠭᠳᠠᠵᠤ᠂  ᠪᠠᠶᠠᠷ ᠤᠨ ᠡᠳᠦᠷ  ᠤᠨ ᠠᠭᠤᠷ ᠠᠮᠢᠰᠬᠤᠯ ᠪᠢᠯᠬᠠᠵᠤ ᠪᠠᠶᠢᠳᠠᠭ᠃     ᠴᠠᠭᠠᠨ ᠰᠠᠷ᠎ᠠ ᠶᠢᠨ ᠪᠡᠯᠭᠡᠳᠦ ᠵᠢᠷᠤᠭ ᠪᠤᠯ ᠲᠤᠮᠳᠠᠳᠤ ᠤᠯᠤᠰ ᠤᠨ  ᠰᠤᠶᠤᠯ ᠲᠡᠦᠬᠡ  ᠂  ᠠᠵᠤ ᠠᠮᠢᠳᠤᠷᠠᠯ᠂ ᠱᠠᠰᠢᠨ ᠰᠢᠳᠦᠯᠬᠡ᠂ ᠵᠠᠩ ᠢᠷᠭᠡᠨᠰᠢᠯ ᠢ  ᠬᠤᠷᠢᠶᠠᠩᠭᠤᠢ ᠬᠠᠷᠠᠭᠤᠯᠤᠭᠰᠠᠨ᠂ ᠠᠷᠠᠳ ᠲᠦᠮᠡᠨ ᠤ ᠠᠵᠠ ᠵᠢᠷᠭᠠᠯᠳᠤ ᠠᠮᠢᠳᠤᠷᠠᠯ᠂ ᠠᠰᠤᠷᠤ ᠰᠠᠶᠢᠬᠠᠨ ᠢᠷᠡᠭᠡᠳᠦᠢ ᠪᠠᠨ ᠵᠢᠷᠤᠭᠯᠠᠭᠰᠠᠨ ᠤᠷᠠᠯᠢᠭ ᠤᠨ ᠢᠯᠡᠳᠭᠡᠬᠦᠷ ᠪᠤᠯᠤᠨ᠎ᠠ᠃ ᠲᠡᠷᠡ   ᠨᠢ ᠠᠷᠠᠳ ᠲᠦᠮᠡᠨ ᠲᠠᠢ ᠲᠤᠩ ᠤᠶᠢᠷᠠᠬᠠᠨ ᠪᠠᠶᠢᠵᠤ᠂  ᠡᠯ᠎ᠡ ᠴᠠᠭ ᠦᠶ᠎ᠡ ᠶᠢᠨ ᠨᠡᠶᠢᠬᠡᠮ ᠤᠨ ᠪᠠᠶᠢᠳᠠᠯ᠂ ᠠᠷᠠᠳ  ᠤᠨ ᠠᠮᠢᠳᠤᠷᠠᠯ   ᠢ ᠬᠠᠷᠠᠭᠤᠯᠳᠠᠭ ᠢᠶᠠᠷ ᠢᠶᠠᠨ ᠬᠦᠮᠦᠨ ᠠᠷᠠᠳ ᠤᠨ ᠪᠠᠭ᠋ᠠᠷᠬᠠᠵᠤ ᠰᠤᠨᠢᠷᠬᠠᠭᠤᠰᠢᠳᠠᠢ ᠤᠷᠠᠯᠢᠭ   ᠤᠨ ᠬᠡᠯᠪᠡᠷᠢ ᠪᠤᠯᠤᠭᠰᠠᠨ ᠪᠠᠶᠢᠨ᠎ᠠ᠃     ᠲᠠᠶᠢᠹᠤᠰᠧ  ᠨᠤᠳᠤᠭ ᠤᠨ  ᠴᠠᠭᠠᠨ ᠰᠠᠷ᠎ᠠ ᠶᠢᠨ ᠪᠡᠯᠭᠡᠳᠦ ᠵᠢᠷᠤᠭ ᠨᠢ  ᠲᠡᠦᠬᠡ ᠶᠢᠨ ᠤᠯᠠᠷᠢᠯ᠂ ᠨᠡᠶᠢᠬᠡᠮ ᠤᠨ ᠬᠦᠭᠵᠢᠯ ᠢ ᠲᠠᠭᠠᠯᠳᠤᠭᠠᠳ᠂ ᠲᠠᠰᠤᠷᠠᠯᠳᠠ ᠦᠬᠡᠢ ᠬᠤᠪᠢᠷᠠᠨ ᠬᠦᠭᠵᠢᠵᠦ᠂  ᠤᠷᠢᠳᠤ ᠳᠠᠭᠠᠨ ᠡᠳ᠋ ᠤᠨ ᠰᠠᠬᠢᠭᠤᠰᠤ ᠪᠢᠰᠢ ᠪᠤᠯ ᠴᠠᠭᠠᠨ ᠡᠪᠦᠬᠡᠨ᠂ ᠲᠠᠷᠭᠤᠨ ᠬᠦᠪᠡᠬᠦᠨ  ᠮᠡᠳᠦ ᠶᠢᠨ ᠬᠦᠷᠦᠭ ᠲᠦᠷᠢ   ᠪᠠᠷ ᠭᠤᠤᠯᠯᠠᠳᠠᠭ ᠪᠠᠶᠢᠭᠰᠠᠨ  ᠢᠶᠠᠨ ᠤᠳᠤ ᠪᠤᠯᠬᠤ ᠳᠤ  ᠨᠡᠶᠢᠬᠡᠮ ᠤᠨ ᠪᠠᠶᠢᠳᠠᠯ ᠪᠠ ᠠᠷᠠᠳ ᠤᠨ ᠠᠮᠢᠳᠤᠷᠠᠯ ᠢ ᠲᠤᠰᠬᠠᠭᠰᠠᠨ ᠡᠯᠪᠡᠭ ᠪᠠᠶᠠᠨ ᠠᠭᠤᠯᠭ᠎ᠠ ᠰᠡᠳᠦᠪ   ᠢ ᠪᠠᠭᠳᠠᠭᠠᠬᠤ ᠪᠤᠯᠵᠠᠢ᠃  ᠲᠠᠶᠢᠹᠤᠰᠧ  ᠨᠤᠳᠤᠭ ᠤᠨ  ᠴᠠᠭᠠᠨ ᠰᠠᠷ᠎ᠠ ᠶᠢᠨ ᠪᠡᠯᠭᠡᠳᠦ ᠵᠢᠷᠤᠭ  ᠲᠤ ︽ᠠᠷᠪᠠᠨ ᠬᠤᠶᠠᠷ ᠵᠢᠯ ᠤᠨ ᠵᠢᠷᠤᠭ︾᠂ ︽ᠡᠯᠪᠡᠭ ᠬᠤᠷᠢᠶᠠᠯᠳᠠ ᠪᠠᠨ ᠪᠡᠯᠭᠡᠳᠡᠨᠡᠮ︾᠂ ︽  ᠪᠠᠶᠠᠷ ᠬᠦᠷ  ᠲᠠᠢ ᠴᠠᠭᠠᠨ ᠰᠠᠷ᠎ᠠ  ︾᠂ ︽ ᠠᠵᠠ ᠵᠢᠷᠭᠠᠯ ᠤᠨ ᠲᠠᠯᠠᠯᠭ᠎ᠠ︾᠂ ︽ ᠦᠬᠡᠳᠡ ᠡᠰᠡᠷᠡᠭ ᠤᠨ ᠵᠢᠯ︾ ᠵᠡᠷᠭᠡ ᠵᠠᠭᠤ ᠭᠠᠷᠤᠢ ᠪᠦᠳᠦᠭᠡᠯ ᠪᠠᠶᠢᠭ᠎ᠠ᠃     2017 ᠤᠨ ᠳᠤ ᠲᠠᠶᠢᠹᠤᠰᠧ ᠬᠤᠰᠢᠭᠤ  ᠴᠠᠭᠠᠨ ᠰᠠᠷ᠎ᠠ ᠶᠢᠨ ᠪᠡᠯᠭᠡᠳᠦ ᠵᠢᠷᠤᠭ ᠢ ᠠᠶᠢᠮᠠᠭ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ  ᠪᠦᠷᠢᠳᠭᠡᠬᠦᠯᠵᠦ᠂  ᠳ᠋ᠦᠩ ᠵᠢᠶᠦ᠋ᠨ ᠠᠶᠢᠮᠠᠭ ᠤᠨ ᠲᠡᠰ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃    ᠤᠯᠠᠮᠵᠢᠯᠠᠭᠴᠢ   ᠶᠢᠨ ᠲᠤᠪᠴᠢ ᠲᠠᠨᠢᠯᠴᠠᠭᠤᠯᠭ᠎ᠠ᠄  ᠳ᠋ᠦᠩ ᠵᠢᠶᠦ᠋ᠨ᠂ ᠡᠷᠡᠭᠳᠡᠢ᠂ ᠬᠢᠳᠠᠳ ᠦᠨᠳᠦᠰᠦᠳᠡᠨ᠂ 1944 ᠤᠨ ᠳᠤ ᠲᠦᠷᠦᠪᠡ᠃ ᠲᠠᠶᠢᠹᠤᠰᠧ ᠬᠤᠰᠢᠭᠤᠨ ᠤ ᠬᠦᠮᠦᠨ᠃ 1965 ᠤᠨ ᠳᠤ ᠪᠤᠤᠴᠠᠩ ᠤᠨ ᠨᠢᠬᠡᠳᠦᠭᠡᠷ ᠲᠤᠮᠳᠠᠳᠤ ᠰᠤᠷᠭᠠᠭᠤᠯᠢ ᠠᠴᠠ ᠲᠡᠬᠦᠰᠴᠦ ᠰᠡᠭᠡᠭᠡᠳᠡᠨ ᠢᠶᠠᠷ ᠬᠦᠳᠡᠭᠡ ᠪᠠᠭᠤᠵᠠᠢ᠃ 1971 ᠤᠨ ᠳᠤ ᠠᠵᠢᠯ ᠳᠤ ᠭᠠᠷᠴᠤ᠂ ᠤᠷᠢᠳ ᠬᠤᠵᠢᠳ  ᠪᠤᠤᠴᠠᠩ ᠤᠨ  ᠭᠤᠷᠪᠠᠳᠤᠭᠠᠷ ᠪᠠᠭ᠎ᠠ ᠰᠤᠷᠭᠠᠭᠤᠯᠢ  ᠂ ᠨᠢᠬᠡᠳᠦᠭᠡᠷ ᠲᠤᠮᠳᠠᠳᠤ ᠰᠤᠷᠭᠠᠭᠤᠯᠢ  ᠂  ᠬᠤᠰᠢᠭᠤᠨ ᠤ ᠰᠤᠶᠤᠯ ᠤᠨ ᠤᠷᠳᠤᠨ᠂ ᠰᠤᠶᠤᠯ ᠤᠨ ᠲᠤᠪᠴᠢᠶ᠎ᠠ ᠳᠤ ᠠᠵᠢᠯᠯᠠᠵᠤ᠂  1998 ᠤᠨ ᠳᠤ ᠠᠵᠢᠯ   ᠠᠴᠠ ᠪᠠᠨ ᠠᠮᠠᠷᠠᠪᠠ᠃ ᠦᠪᠦᠷ ᠮᠤᠩᠭᠤᠯ ᠤᠨ ᠤᠷᠤᠨ ᠵᠢᠷᠤᠭᠴᠢᠳ ᠤᠨ ᠨᠡᠶᠢᠬᠡᠮᠯᠢᠭ  ᠤᠨ ᠭᠡᠰᠢᠬᠦᠨ᠂ ᠰᠢᠯᠢ ᠶᠢᠨ ᠭᠤᠤᠯ ᠠᠶᠢᠮᠠᠭ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠲᠡᠳ᠋ ᠲᠡᠷᠢᠬᠦᠯᠡᠭᠴᠢ ᠪᠠᠷ ᠠᠵᠢᠯᠯᠠᠵᠤ ᠪᠠᠶᠢᠪᠠ᠃   ᠲᠡᠬᠦᠨ ᠤ ᠵᠢᠷᠤᠭᠰᠠᠨ  ᠴᠠᠭᠠᠨ ᠰᠠᠷ᠎ᠠ ᠶᠢᠨ ᠪᠡᠯᠭᠡᠳᠦ ᠵᠢᠷᠤᠭ ᠨᠢ ᠱᠠᠩᠬᠠᠢ᠂ ᠲᠢᠶᠠᠨᠵᠢᠨ᠂ ᠦᠪᠦᠷ ᠮᠤᠩᠭᠤᠯ ᠤᠨ ᠭᠡᠪᠯᠡᠯ ᠤᠨ ᠬᠤᠷᠢᠶ᠎ᠠ   ᠪᠠᠷ ᠲᠠᠮᠵᠢᠨ ᠭᠡᠪᠯᠡᠭᠳᠡᠭᠡᠳ ᠪᠦᠬᠦ ᠤᠯᠤᠰ  ᠤᠨ ᠡᠯ᠎ᠡ ᠭᠠᠵᠠᠷ ᠲᠤ ᠲᠠᠷᠬᠠᠭᠰᠠᠨ ᠪᠠᠶᠢᠳᠠᠭ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号