ᠤᠯᠠᠮᠵᠢᠯᠠᠯᠳᠤ ᠤᠷ᠎ᠠ ᠮᠡᠷᠭᠡᠵᠢᠯ —  ᠭᠤᠯᠢᠷ ᠱᠤᠭᠤᠮᠠᠯ ᠬᠢᠬᠦ
ᠨᠡᠶᠢᠲᠡᠯᠡᠭᠰᠡᠨ ᠴᠠᠭ᠄
2023/12/1
    ᠲᠤᠮᠳᠠᠳᠤ ᠤᠯᠤᠰ ᠲᠤ ᠴᠤᠬᠤᠮ ᠠᠯᠢ ᠦᠶ᠎ᠡ ᠠᠴᠠ  ᠭᠤᠯᠢᠷ ᠱᠤᠭᠤᠮᠠᠯ ᠬᠢᠵᠦ ᠡᠬᠢᠯᠡᠭᠰᠡᠨ ᠢ ᠤᠨᠤᠴᠢᠳᠠᠢ ᠮᠠᠭᠠᠳᠯᠠᠵᠤ ᠲᠡᠶᠢᠯᠬᠦ ᠦᠬᠡᠢ ᠴᠤ ᠠᠳᠠᠭ ᠲᠠᠭᠠᠨ  ᠮᠢᠩᠭ᠎ᠠ ᠲᠦᠷᠪᠡᠨ ᠵᠠᠭᠤᠨ ᠵᠢᠯ ᠤᠨ ᠲᠡᠦᠬᠡ ᠲᠠᠢ ᠭᠡᠰᠡᠨ ᠲᠠᠭᠠᠮᠠᠭ ᠪᠤᠢ᠃  ᠠᠷᠠᠳ ᠤᠨ ᠲᠤᠮᠳᠠ ᠭᠤᠯᠢᠷ ᠱᠤᠭᠤᠮᠠᠯ ᠤᠨ ᠲᠤᠬᠠᠢ ᠨᠢᠬᠡᠨ ᠲᠤᠮᠤᠭ ᠶᠠᠷᠢᠭᠳᠠᠵᠤ ᠪᠠᠶᠢᠳᠠᠭ᠃  ᠭᠤᠷᠪᠠᠨ ᠤᠯᠤᠰ ᠤᠨ ᠦᠶ᠎ᠡ ᠳᠤ ᠵᠤ᠋ ᠭᠧ ᠯᠢᠶᠠᠩ ᠡᠮᠦᠨᠡᠳᠦ ᠤᠷᠤᠨ ᠤ ᠦᠨᠳᠦᠰᠦᠳᠡᠨ ᠢ ᠲᠠᠶᠢᠯᠠᠬᠤ ᠦᠶᠡᠰ᠂  ᠯᠤ᠋ ᠵᠢᠶᠠᠩ ᠮᠦᠷᠡᠨ ᠢ ᠭᠠᠳᠤᠯᠬᠤ ᠳᠠᠭᠠᠨ ᠲᠤᠭᠰᠢᠨ ᠰᠠᠯᠬᠢ ᠳᠤ ᠲᠠᠭᠠᠷᠢᠭᠳᠠᠵᠠᠢ᠃  ᠵᠤ᠋ ᠭᠧ ᠯᠢᠶᠠᠩ ᠬᠡᠮᠡᠭᠴᠢ ᠰᠡᠴᠡᠨ ᠮᠡᠷᠭᠡᠨ ᠬᠦᠮᠦᠨ ᠪᠤᠯᠬᠤᠷ ᠪᠠᠶᠢᠳᠠᠯ ᠮᠠᠭᠤ ᠪᠤᠯᠤᠭᠰᠠᠨ ᠢ ᠰᠡᠷᠡᠵᠦ ᠮᠡᠳᠡᠮᠡᠭᠴᠡ ᠪᠠᠨ ᠲᠠᠷᠤᠢ  ᠲᠦᠷᠭᠡᠨ ᠬᠦᠮᠦᠨ ᠤ ᠲᠤᠯᠤᠭᠠᠢ ᠪᠠ ᠡᠯᠳᠡᠪ ᠠᠮᠢᠳᠠᠨ ᠤ ᠲᠦᠷᠢ ᠲᠠᠢ ᠲᠠᠬᠢᠯᠭ᠎ᠠ ᠶᠢᠨ ᠶᠠᠭᠤᠮ᠎ᠠ ᠶᠢ ᠭᠤᠯᠢᠷ ᠢᠶᠠᠷ ᠱᠤᠭᠤᠵᠤ᠂  ᠶᠡᠭᠡ ᠮᠦᠷᠡᠨ ᠳᠤ ᠲᠠᠬᠢᠯᠭ᠎ᠠ ᠡᠷᠬᠦᠭᠰᠡᠨ ᠢᠶᠠᠷ ᠴᠡᠷᠢᠭ ᠠᠩᠬᠢ ᠨᠢ ᠠᠮᠤᠷ ᠲᠦᠪᠰᠢᠨ ᠢᠶᠠᠷ ᠮᠦᠷᠡᠨ ᠭᠠᠳᠤᠯᠵᠤ᠂  ᠲᠠᠶᠢᠰᠤᠨ ᠢᠶᠠᠨ ᠲᠠᠷᠤᠭᠠᠳ ᠢᠷᠡᠵᠦ ᠬᠡᠨ᠎ᠡ᠃   ᠡᠶᠢᠮᠦ ᠠᠴᠠ ᠭᠤᠯᠢᠷ ᠱᠤᠭᠤᠮᠠᠯ ᠤᠨ ᠤᠷᠠᠴᠤᠳ ᠵᠤ᠋ ᠭᠧ ᠯᠢᠶᠠᠩ  ᠢ ᠡᠪᠦᠭᠡ ᠪᠠᠭᠰᠢ ᠬᠡᠮᠡᠨ ᠰᠢᠳᠦᠨ ᠲᠠᠬᠢᠳᠠᠭ ᠪᠤᠯᠵᠠᠢ ᠬᠡᠯᠴᠡᠳᠡᠭ᠃      ᠲᠠᠶᠢᠹᠤᠰᠧ ᠤᠨ ᠭᠤᠯᠢᠷ ᠱᠤᠭᠤᠮᠠᠯ ᠤᠨ ᠮᠡᠷᠭᠡᠵᠢᠯ ᠢ  ᠱᠠᠨ ᠰᠢ ᠠᠴᠠ ᠨᠡᠬᠦᠳᠡᠯᠯᠡᠵᠦ ᠢᠷᠡᠭᠰᠡᠨ  ᠬᠢᠳᠠᠳᠴᠤᠳ ᠤᠯᠠᠮᠵᠢᠯᠠᠵᠤ  ᠠᠪᠴᠢᠷᠠᠯ᠎ᠠ ᠭᠡᠳᠡᠭ᠃  ᠵᠢᠯ ᠴᠠᠭᠠᠨ ᠰᠠᠷ᠎ᠠ᠂ ᠤᠯᠠᠭᠠᠨ ᠴᠠᠭᠠᠨ ᠤ ᠶᠠᠪᠤᠳᠠᠯ᠂ ᠰᠢᠳᠦᠯᠬᠡ ᠲᠠᠬᠢᠯᠭ᠎ᠠ ᠪᠤᠶᠤ ᠪᠠᠶᠠᠷ ᠲᠤᠷᠠᠰᠬᠠᠯ ᠤᠨ ᠡᠳᠦᠷ  ᠪᠤᠯᠬᠤ ᠳᠤ ᠬᠢᠳᠠᠳᠴᠤᠳ ᠭᠤᠯᠢᠷ ᠢᠶᠠᠷ ᠬᠦᠮᠦᠨ ᠠᠮᠢᠳᠠᠨ ᠤ ᠲᠦᠷᠢ ᠪᠤᠶᠤ ᠡᠯᠳᠡᠪ ᠵᠦᠢᠯ ᠤᠨ ᠴᠡᠴᠡᠭ ᠬᠤᠸᠠᠷ ᠱᠤᠭᠤᠵᠤ᠂  ᠠᠵᠤ ᠠᠮᠢᠳᠤᠷᠠᠯ ᠤᠨ ᠢᠶᠠᠨ ᠦᠬᠡᠳᠡ ᠡᠰᠡᠷᠡᠭ ᠪᠠᠶᠢᠬᠤ ᠶᠢ ᠪᠡᠯᠭᠡᠰᠢᠶᠡᠳᠡᠭ ᠪᠠᠶᠢᠵᠠᠢ᠃      ᠭᠤᠯᠢᠷ ᠱᠤᠭᠤᠮᠠᠯ ᠢ ᠭᠤᠤᠯᠳᠠᠭᠤ ᠲᠤᠳᠤᠷᠭᠠᠨ ᠭᠤᠯᠢᠷ ᠢᠶᠠᠷ ᠬᠢᠨ᠎ᠡ᠃ ᠤᠴᠢᠷ ᠨᠢ ᠲᠤᠳᠤᠷᠭᠠᠨ ᠭᠤᠯᠢᠷ   ᠤᠨ ᠨᠠᠩᠬᠢ ᠴᠢᠨᠠᠷ ᠨᠢ ᠶᠡᠭᠡ ᠪᠠᠶᠢᠳᠠᠭ᠃ ᠭᠤᠯᠢᠷ ᠱᠤᠭᠤᠮᠠᠯ ᠬᠢᠬᠦ ᠳᠤ ᠲᠤᠳᠤᠷᠭᠠᠨ ᠭᠤᠯᠢᠷ ᠳᠠᠭᠠᠨ ᠡᠯᠳᠡᠪ ᠵᠦᠢᠯ  ᠤᠨ ᠦᠩᠬᠡ ᠪᠤᠳᠤᠭ ᠤᠷᠤᠭᠤᠯᠤᠭᠠᠳ᠂  ᠰᠠᠮ᠂ ᠬᠠᠶᠢᠴᠢ᠂  ᠰᠢᠪᠦᠭᠡ ᠮᠡᠳᠦ ᠶᠢᠨ ᠪᠠᠭᠠᠵᠢ ᠭᠡᠷᠡᠭᠰᠡᠵᠦ᠂ ᠭᠡᠷᠴᠢᠬᠦ ᠂ ᠬᠠᠶᠢᠴᠢᠯᠠᠬᠤ᠂  ᠴᠤᠭᠤᠯᠬᠤ  ᠂  ᠪᠠᠵᠠᠬᠤ᠂  ᠴᠢᠮᠬᠢᠬᠦ᠂ ᠰᠢᠬᠠᠬᠤ᠂  ᠲᠠᠷᠤᠬᠤ ᠵᠡᠷᠭᠡ ᠠᠷᠭ᠎ᠠ ᠪᠠᠷ ᠬᠢᠨ᠎ᠡ᠃ ᠲᠡᠭᠡᠬᠦ ᠳᠡᠭᠡᠨ᠂  ᠭᠤᠯᠢᠷ ᠢ  ᠨᠡᠶᠢᠴᠡᠬᠦᠯᠵᠦ ᠨᠤᠬᠤᠬᠤ   ᠠᠴᠠ ᠡᠬᠢᠯᠡᠭᠡᠳ᠂  ᠦᠩᠬᠡ ᠪᠤᠳᠤᠭ ᠲᠠᠭᠠᠷᠠᠭᠤᠯᠬᠤ᠂  ᠤᠷᠠᠯᠠᠵᠤ ᠬᠢᠬᠦ  ᠵᠡᠷᠭᠡ ᠲᠠᠯᠠᠪᠠᠷ  ᠮᠠᠰᠢ ᠴᠢᠩᠭ᠎ᠠ  ᠤᠷ᠎ᠠ ᠮᠡᠷᠭᠡᠵᠢᠯ ᠱᠭᠠᠷᠳᠠᠭᠳᠠᠨ᠎ᠡ᠃       ᠬᠠᠭᠤᠴᠢᠨ ᠨᠡᠶᠢᠬᠡᠮ ᠳᠤ ᠭᠤᠯᠢᠷ ᠱᠤᠭᠤᠮᠠᠯ ᠬᠢᠬᠦ ᠨᠢ ᠠᠵᠤ ᠲᠦᠷᠦᠵᠦ ᠠᠮᠢ ᠪᠠᠨ ᠠᠷᠭᠠᠴᠠᠬᠤ ᠨᠢᠬᠡ ᠵᠦᠢᠯ ᠤᠨ ᠠᠷᠭ᠎ᠠ ᠬᠡᠯᠪᠡᠷᠢ ᠪᠤᠯᠵᠤ᠂  ᠭᠤᠯᠢᠷ ᠱᠤᠭᠤᠮᠠᠯ   ᠤᠨ ᠭᠠᠷ ᠤᠷᠠᠴᠤᠳ ᠴᠤ  ᠤᠯᠠᠨ ᠪᠠᠶᠢᠵᠤ᠂ ᠪᠠᠭᠠᠵᠢ ᠭᠡᠷᠡᠭᠰᠡᠯ ᠢᠶᠠᠨ ᠬᠠᠶᠢᠷᠴᠠᠭᠯᠠᠨ ᠲᠠᠮᠨᠠᠭᠠᠳ᠂ ᠵᠡᠬᠡᠯᠢ ᠭᠤᠳᠤᠮᠵᠢ ᠪᠠᠷ ᠲᠤᠭᠤᠷᠢᠨ ᠬᠤᠳᠠᠯᠳᠤᠵᠤ ᠪᠠᠶᠢᠪᠠ᠃  ᠲᠡᠳᠡᠨ  ᠤ ᠱᠤᠭᠤᠵᠤ ᠪᠦᠳᠦᠭᠡᠭᠰᠡᠨ ᠦᠵᠡᠰᠬᠦᠯᠡᠩ ᠭᠤᠸ᠎ᠠ ᠦᠬᠢᠨ᠂ ᠴᠤᠪᠤᠭᠤ ᠪᠢᠴᠢᠬᠠᠨ ᠬᠡᠦᠭᠡᠳ᠂  ᠤᠷᠳᠤ ᠰᠠᠬᠠᠯ ᠲᠠᠢ  ᠡᠪᠦᠬᠡᠨ ᠵᠢᠴᠢ ᠦᠯᠢᠬᠡᠷ ᠲᠡᠦᠬᠡ᠂ ᠰᠢ ᠵᠦᠴᠦᠭᠡ ᠳᠤ ᠭᠠᠷᠳᠠᠭ  ᠠᠮᠢᠳᠤ ᠲᠦᠷᠰᠦᠯᠢᠭ ᠤᠷᠠᠨ ᠲᠦᠷᠢ ᠤᠳ ᠨᠢ    ᠬᠦᠮᠦᠨ ᠠᠷᠠᠳ ᠤᠨ ᠪᠠᠭ᠋ᠠᠷᠬᠠᠯ ᠰᠤᠨᠢᠷᠬᠠᠯ ᠢ ᠲᠠᠳᠠᠵᠤ᠂  ᠬᠦᠮᠦᠰ ᠬᠤᠳᠠᠯᠳᠤᠵᠤ ᠠᠪᠤᠭᠠᠳ ᠰᠢᠯ ᠰᠠᠪᠠ ᠪᠤᠶᠤ ᠰᠢᠯ ᠬᠦᠷᠢᠶᠡᠨ ᠳᠤ ᠬᠢᠭᠡᠳ᠂ ᠤᠷᠠᠯᠢᠭ ᠤᠨ ᠪᠦᠳᠦᠭᠡᠭᠳᠡᠬᠦᠨ  ᠪᠤᠯᠭᠠᠨ ᠬᠠᠳᠠᠭᠠᠯᠠᠵᠤ ᠪᠠᠶᠢᠳᠠᠭ᠃  ᠬᠢᠳᠠᠳᠴᠤᠳ ᠪᠠᠰᠠ ᠭᠠᠯ ᠲᠠᠬᠢᠬᠤ ᠳᠠᠭᠠᠨ  ᠭᠤᠯᠢᠷ ᠢᠶᠠᠷ ᠮᠤᠷᠢ᠂ ᠲᠠᠬᠢᠶ᠎ᠠ ᠮᠡᠳᠦ ᠶᠢᠨ  ᠠᠮᠢᠳᠠᠨ ᠵᠢᠬᠦᠷᠳᠡᠨ ᠬᠢᠵᠦ᠂  ᠵᠤᠤᠬᠠᠨ  ᠳᠠᠭᠠᠨ ᠲᠠᠬᠢᠯᠭ᠎ᠠ ᠡᠷᠬᠦᠳᠡᠭ ᠪᠦᠬᠡᠳ ᠲᠠᠬᠢᠵᠤ ᠪᠠᠷᠠᠭᠰᠠᠨ ᠤ ᠲᠠᠷᠠᠭ᠎ᠠ ᠲᠡᠬᠦᠨ ᠢᠶᠠᠨ ᠢᠳᠡᠵᠦ ᠪᠤᠯᠳᠠᠭ᠃ ᠶᠡᠷᠦ ᠨᠢ ᠭᠤᠯᠢᠷ ᠱᠤᠭᠤᠮᠠᠯ ᠢ ᠲᠡᠬᠦᠨ ᠤ ᠦᠢᠯᠡᠳᠦᠯ ᠭᠡᠷᠡᠭᠴᠡᠭᠡ ᠪᠠᠷ ᠨᠢ  ᠬᠠᠳᠠᠭᠠᠯᠠᠬᠤ ᠱᠤᠭᠤᠮᠠᠯ ᠪᠠ  ᠢᠳᠡᠬᠦ  ᠱᠤᠭᠤᠮᠠᠯ ᠭᠡᠮᠡᠨ ᠬᠤᠶᠠᠷ ᠵᠦᠢᠯ ᠬᠤᠪᠢᠶᠠᠵᠤ ᠪᠠᠶᠢᠪᠠ᠃ ᠬᠠᠳᠠᠭᠠᠯᠠᠬᠤ ᠱᠤᠭᠤᠮᠠᠯ ᠢ ᠪᠤᠯ ᠶᠡᠷᠦ ᠳᠡᠭᠡᠨ ᠲᠤᠳᠤᠷᠭᠠᠨ ᠭᠤᠯᠢᠷ  ᠂ ᠲᠠᠪᠤᠰᠤ᠂  ᠢᠯᠵᠡᠷᠡᠬᠦ ᠶᠢ ᠡᠰᠡᠷᠬᠦᠴᠡᠬᠦ ᠨᠡᠮᠡᠯᠳᠡ ᠡᠳ᠋᠂ ᠰᠢᠶᠠᠩᠶ᠋ᠢᠦ ᠲᠤᠰᠤ ᠵᠡᠷᠭᠡ ᠪᠠᠷ ᠬᠢᠵᠦ᠂  ᠢᠳᠡᠬᠦ ᠱᠤᠭᠤᠮᠠᠯ  ᠢ ᠪᠤᠯ ᠴᠠᠭᠠᠨ ᠭᠤᠯᠢᠷ ᠢᠶᠠᠷ ᠬᠤᠯᠢᠴᠠ ᠦᠬᠡᠢ ᠬᠢᠳᠡᠭ᠃    ᠨᠡᠶᠢᠬᠡᠮ ᠤᠨ  ᠬᠦᠭᠵᠢᠯᠳᠡ᠂ ᠬᠤᠭᠤᠯᠠ ᠪᠤᠳᠠᠭᠠᠨ ᠤ ᠪᠦᠷᠢᠯᠳᠦᠴᠡ ᠪᠠ ᠠᠮᠢᠳᠤᠷᠠᠯ ᠤᠨ ᠭᠡᠪ ᠵᠠᠩᠰᠢᠯ ᠬᠤᠪᠢᠷᠠᠬᠤ ᠶᠢ ᠲᠠᠭᠠᠯᠳᠤᠭᠠᠳ᠂  ᠡᠳᠦᠭᠡ ᠪᠤᠯᠬᠤ ᠳᠤ  ᠭᠤᠯᠢᠷ ᠱᠤᠭᠤᠮᠠᠯ ᠬᠢᠬᠦ ᠬᠦᠮᠦᠨ ᠲᠤᠩ ᠬᠤᠪᠤᠷᠳᠠᠵᠤ᠂ ᠵᠦᠪᠬᠡᠨ ᠲᠠᠷᠢᠶᠠᠯᠠᠬᠤ ᠤᠷᠤᠨ ᠤ ᠵᠠᠷᠢᠮ ᠨᠠᠰᠤᠳᠠᠶᠢᠴᠤᠳ ᠤᠨ ᠲᠤᠳᠤᠷ᠎ᠠ ᠠᠴᠠ ᠨᠢᠬᠡ ᠬᠤᠶᠠᠷ ᠬᠦᠮᠦᠨ ᠯᠠ ᠭᠤᠯᠢᠷ ᠱᠤᠭᠤᠮᠠᠯ ᠬᠢᠵᠦ ᠴᠢᠳᠠᠬᠤ ᠪᠤᠯᠤᠭᠠᠳ᠂ ᠲᠤᠰ ᠮᠡᠷᠭᠡᠵᠢᠯ ᠨᠢ ᠤᠰᠠᠳᠬᠤ ᠬᠡᠮᠵᠢᠶᠡᠨ ᠳᠤ ᠬᠦᠷᠴᠡᠢ᠃     ᠲᠠᠶᠢᠹᠤᠰᠧ ᠬᠤᠰᠢᠭᠤ  ᠭᠤᠯᠢᠷ ᠱᠤᠭᠤᠮᠠᠯ ᠬᠢᠬᠦ ᠮᠡᠷᠭᠡᠵᠢᠯ ᠢ ᠬᠤᠰᠢᠭᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ  ᠲᠡᠮᠳᠡᠭᠯᠡᠵᠦ᠂  ᠰᠢᠨ ᠢᠤᠢ ᠶᠢᠨ  ᠲᠦᠯᠦᠭᠡᠯᠡᠭᠴᠢ ᠴᠢᠨᠠᠷᠳᠠᠢ ᠦᠪᠯᠡᠨ ᠤᠯᠠᠮᠵᠢᠯᠠᠭᠴᠢ ᠪᠤᠯᠵᠠᠢ᠃       ᠤᠯᠠᠮᠵᠢᠯᠠᠭᠴᠢ   ᠶᠢᠨ ᠲᠤᠪᠴᠢ ᠲᠠᠨᠢᠯᠴᠠᠭᠤᠯᠭ᠎ᠠ᠄   ᠰᠢᠨ ᠢᠤᠢ ᠶᠢᠨ᠂  ᠡᠷᠡᠭᠳᠡᠢ᠂  ᠬᠢᠳᠠᠳ ᠦᠨᠳᠦᠰᠦᠳᠡᠨ᠂ 1943 ᠤᠨ ᠳᠤ ᠲᠦᠷᠦᠪᠡ᠃ ᠲᠠᠶᠢᠹᠤᠰᠧ ᠬᠤᠰᠢᠭᠤᠨ ᠤ ᠬᠦᠮᠦᠨ᠃ 26 ᠨᠠᠰᠤᠳᠠᠢ ᠳᠠᠭᠠᠨ ᠭᠤᠯᠢᠷ ᠱᠤᠭᠤᠮᠠᠯ  ᠬᠢᠬᠦ ᠳᠡᠭᠡᠨ ᠴᠠᠭᠠᠷᠠᠵᠤ᠂   ᠬᠢᠭᠰᠡᠨ ᠱᠤᠭᠤᠮᠠᠯ ᠨᠢ  ᠨᠤᠳᠤᠭ ᠤᠨ ᠤᠯᠠᠨ   ᠳᠠᠭᠠᠨ ᠲᠠᠭᠠᠯᠠᠭᠳᠠᠵᠤ ᠪᠠᠶᠢᠪᠠ᠃   ᠤᠷᠳᠤ ᠤᠳᠠᠭᠠᠨ ᠤ ᠦᠢᠯᠡᠳᠦᠯᠬᠡ ᠶᠢᠨ ᠲᠤᠮᠳᠠ ᠪᠠᠨ ᠲᠡᠷᠡᠪᠡᠷ ᠢᠯᠡᠬᠦᠦ ᠰᠤᠷᠴᠤ᠂ ᠢᠯᠡᠬᠦᠦ ᠬᠠᠷᠠᠵᠤ᠂ ᠢᠯᠡᠬᠦᠦ ᠰᠡᠳᠬᠢᠵᠦ᠂ ᠢᠯᠡᠬᠦᠦ ᠤᠷᠤᠯᠳᠤᠵᠤ  ᠴᠢᠷᠮᠠᠶᠢᠭᠰᠠᠨ ᠢᠶᠠᠷ ᠬᠢᠭᠰᠡᠨ ᠱᠤᠭᠤᠮᠠᠯ ᠨᠢ ᠤᠯᠠᠮ ᠨᠠᠷᠢᠯᠢᠭ᠂  ᠪᠦᠳᠦᠭᠡᠭᠰᠡᠨ ᠲᠦᠷᠢ ᠨᠢ ᠤᠯᠠᠮ ᠠᠮᠢᠳᠤᠯᠢᠭ ᠪᠤᠯᠵᠤ᠂    ᠪᠠᠶᠠᠷ ᠲᠤᠷᠠᠰᠬᠠᠯ ᠤᠨ ᠡᠳᠦᠷ ᠢᠶᠠᠷ ᠬᠠᠶᠠ ᠪᠠᠰᠠ ᠵᠠᠬ᠎ᠠ ᠲᠡᠯᠬᠡᠬᠦᠷ ᠲᠤ ᠭᠠᠷᠳᠠᠭ ᠴᠤ ᠪᠤᠯᠵᠠᠢ᠃ ᠤᠳᠤ ᠲᠡᠷᠡᠪᠡᠷ ᠬᠠᠵᠠᠭᠤ ᠬᠠᠪᠢ ᠠᠴᠠ ᠪᠠᠨ ᠨᠢᠬᠡ ᠪᠦᠯᠦᠭ ᠱᠠᠪᠢ ᠡᠯᠰᠡᠵᠦ᠂ ᠤᠰᠠᠳᠬᠤ ᠰᠢᠬᠠᠭᠰᠠᠨ ᠡᠨᠡᠬᠦ ᠮᠡᠷᠭᠡᠵᠢᠯ ᠢ  ᠤᠯᠠᠮᠵᠢᠯᠠᠨ ᠵᠠᠯᠭᠠᠮᠵᠢᠯᠠᠬᠤ   ᠪᠠᠷ ᠴᠢᠷᠮᠠᠶᠢᠵᠤ ᠶᠠᠪᠤᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号