ᠤᠯᠠᠮᠵᠢᠯᠠᠯᠳᠤ ᠮᠤᠩᠭᠤᠯ ᠬᠤᠪᠴᠠᠰᠤ ᠵᠠᠰᠠᠯ
ᠨᠡᠶᠢᠲᠡᠯᠡᠭᠰᠡᠨ ᠴᠠᠭ᠄
2023/12/1
    ᠲᠠᠶᠢᠹᠤᠰᠧ ᠤᠨ ᠮᠤᠩᠭᠤᠯᠴᠤᠳ ᠬᠡᠳᠦᠨ ᠵᠠᠭᠤᠨ ᠵᠢᠯ ᠤᠨ ᠲᠤᠷᠰᠢ᠂ ᠤᠯᠠᠮᠵᠢᠯᠠᠯᠳᠤ  ᠮᠤᠩᠭᠤᠯ ᠡᠳ᠋ᠯᠡᠯ ᠵᠠᠰᠠᠯ ᠢᠶᠠᠨ ᠭᠡᠷᠡᠭᠯᠡᠭᠰᠡᠭᠡᠷ  ᠢᠷᠡᠵᠦ᠂ ᠤᠷᠤᠰᠢᠨ ᠰᠠᠭᠤᠭᠰᠠᠨ ᠭᠠᠵᠠᠷ ᠨᠤᠳᠤᠭ᠂ ᠤᠯᠤᠭᠰᠠᠨ ᠬᠦᠷᠳᠡᠭᠰᠡᠨ ᠭᠠᠳᠠᠭᠠᠳᠤ ᠨᠦᠯᠦᠬᠡ ᠠᠴᠠ ᠰᠢᠯᠳᠠᠭᠠᠯᠠᠭᠳᠠᠨ᠂ ᠦᠪᠡᠷᠮᠢᠴᠡ ᠤᠨᠴᠠᠯᠢᠭ ᠢᠶᠠᠨ ᠪᠦᠷᠢᠯᠳᠦᠬᠦᠯᠦᠭᠰᠡᠨ ᠪᠠᠶᠢᠳᠠᠭ᠃      ᠲᠠᠶᠢᠹᠤᠰᠧ ᠡᠷᠡᠭᠳᠡᠶᠢᠴᠤᠳ ᠤᠨ ᠬᠤᠪᠴᠠᠰᠤ ᠵᠠᠰᠠᠯ — ᠡᠷᠡᠭᠳᠡᠶᠢᠴᠤᠳ ᠵᠤᠨ ᠨᠠᠮᠤᠷ  ᠎ ᠲᠠᠭᠠᠨ ᠲᠠᠩ ᠲᠠᠪᠬᠤᠷ  ᠲᠡᠷᠯᠢᠭ᠂ ᠡᠪᠦᠯ ᠬᠠᠪᠤᠷ ᠤᠨ ᠤᠯᠠᠷᠢᠯ ᠳᠤ  ᠬᠦᠪᠦᠩ ᠲᠡᠪᠡᠯ᠂ ᠵᠤᠪᠴᠠᠭ᠎ᠠ᠂ ᠨᠡᠬᠡᠢ ᠲᠡᠪᠡᠯ ᠡᠮᠦᠰᠳᠡᠭ᠃ ᠡᠷᠡᠭᠳᠡᠢ ᠬᠦᠮᠦᠨ ᠤ ᠲᠡᠷᠯᠢᠭ  ᠲᠡᠪᠡᠯ ᠤᠨ ᠦᠩᠬᠡ ᠳᠤ ᠭᠤᠤᠯᠳᠠᠭᠤ ᠬᠦᠭᠡ᠂ ᠴᠡᠩᠭᠡᠷ᠂ ᠪᠤᠷᠤ᠂ ᠬᠦᠷᠡᠩ  ᠪᠤᠷᠤ ᠦᠩᠬᠡ ᠶᠢ ᠰᠤᠩᠭᠤᠳᠠᠭ᠃  ᠡᠩ ᠤᠨ ᠭᠡᠷ ᠵᠠᠭᠤᠷ᠎ᠠ ᠡᠮᠦᠰᠬᠦ  ᠪᠤᠯ ᠲᠠᠯᠢᠩᠪᠤ ᠪᠠᠷ ᠬᠢᠵᠦ᠂  ᠪᠠᠶᠠᠷ ᠨᠠᠶᠢᠷ ᠲᠤ ᠡᠮᠦᠰᠬᠦ ᠭᠤᠶᠤᠯ ᠤᠨ ᠬᠤᠪᠴᠠᠰᠤ ᠶᠢ ᠪᠤᠯ ᠲᠤᠷᠭ᠎ᠠ ᠪᠤᠶᠤ ᠴᠢᠰᠴᠠᠤ ᠪᠠᠷ ᠬᠢᠨ᠎ᠡ᠃  ᠡᠷᠡᠭᠳᠡᠢ ᠬᠦᠮᠦᠨ ᠤ ᠲᠡᠪᠡᠯ ᠲᠡᠷᠯᠢᠭ ᠢ ᠡᠯᠪᠡᠭᠳᠡᠬᠦᠦ ᠰᠢᠭ ᠬᠢᠵᠦ ᠠᠭᠰᠠᠵᠤ ᠡᠮᠦᠰᠦᠨ᠎ᠡ᠃  ᠵᠠᠭᠠᠮ᠎ᠠ᠂ ᠡᠭᠡᠮ᠂ ᠰᠤᠭᠤ᠂ ᠲᠠᠰᠢᠶᠠᠨ ᠳᠠᠭᠠᠨ ᠡᠮᠵᠢᠭᠰᠡᠨ ᠰᠢᠯᠪᠢ ᠪᠤᠶᠤ  ᠰᠢᠯᠪᠢ ᠪᠠᠷ ᠵᠠᠩᠬᠢᠳᠤᠭᠰᠠᠨ ᠲᠤᠪᠴᠢ ᠲᠠᠢ᠃ ᠵᠤᠪᠴᠠᠭ᠎ᠠ ᠨᠡᠭᠡᠢ ᠲᠡᠪᠡᠯ ᠳᠤ ᠭᠠᠤᠯᠢ ᠪᠤᠶᠤ ᠮᠦᠩᠬᠦᠨ ᠲᠤᠪᠴᠢ  ᠤᠯᠠᠨ ᠭᠡᠷᠡᠭᠯᠡᠨ᠎ᠡ᠃  ᠮᠦᠩᠬᠦᠨ ᠲᠤᠪᠴᠢ ᠳᠤ ᠪᠦᠮᠪᠦᠷᠭᠡᠨ ᠲᠤᠪᠴᠢ ᠪᠠ ᠴᠢᠬᠳᠠᠨ ᠲᠤᠪᠴᠢ᠂  ᠵᠤᠭᠤᠰᠤᠨ ᠲᠤᠪᠴᠢ ᠵᠡᠷᠭᠡ ᠪᠤᠢ᠃ ᠲᠠᠶᠢᠹᠤᠰᠧ ᠲᠡᠪᠡᠯ ᠤᠯᠠᠩᠬᠢ ᠨᠢ ᠨᠠᠷᠢᠬᠠᠨ ᠡᠮᠵᠢᠶᠡᠷᠢ ᠲᠠᠢ  ᠂ ᠲᠠᠩ ᠲᠠᠪᠬᠤᠷ  ᠲᠡᠷᠯᠢᠭ ᠲᠤ ᠬᠤᠷᠤᠭᠤ ᠦᠷᠭᠡᠨ ᠲᠠᠩ ᠡᠮᠵᠢᠶᠡᠷᠢ ᠲᠠᠭᠠᠷᠠᠭᠤᠯᠤᠭᠰᠠᠨ ᠪᠤᠶᠤ ᠨᠡᠬᠡᠢ ᠲᠡᠪᠡᠯ ᠳᠤ ᠬᠠᠷ᠎ᠠ ᠡᠮᠵᠢᠶᠡᠷᠢ ᠲᠠᠭᠠᠷᠠᠭᠤᠯᠤᠭᠰᠠᠨ ᠨᠢ ᠬᠠᠶᠠ ᠬᠠᠷᠠᠭᠳᠠᠳᠠᠭ᠃  ᠵᠤᠪᠴᠠᠭ᠎ᠠ ᠳᠤ ᠬᠤᠷᠠᠭᠠᠨ ᠵᠤᠪᠴᠠᠭ᠎ᠠ᠂ ᠰᠠᠩᠰᠠᠨ ᠵᠤᠪᠴᠠᠭ᠎ᠠ᠂  ᠦᠵᠦᠬᠦᠷᠰᠡᠭ ᠵᠤᠪᠴᠠᠭ᠎ᠠ ᠬᠡᠵᠦ ᠪᠠᠶᠢᠬᠤ ᠪᠦᠬᠡᠳ ᠬᠠᠭᠤᠴᠢᠨ ᠤ  ᠪᠠᠶᠠᠳ ᠨᠤᠶᠠᠳ ᠪᠤᠯ ᠦᠨᠡᠬᠡᠨ ᠰᠢᠬᠢᠷ᠎ᠠ ᠶᠢᠨ ᠵᠤᠪᠴᠠᠭ᠎ᠠ᠂ ᠴᠢᠨ᠋ᠸ᠎ᠠ ᠶᠢᠨ ᠰᠢᠬᠢᠷ᠎ᠠ ᠶᠢᠨ ᠵᠤᠪᠴᠠᠭ᠎ᠠ ᠡᠳ᠋ᠯᠡᠨ᠎ᠡ᠃ ᠤᠳᠤᠭᠰᠠᠨ ᠠᠷᠠᠰᠤ ᠪᠠᠷ ᠬᠢᠭᠰᠡᠨ ᠨᠡᠬᠡᠢ ᠲᠡᠪᠡᠯ ᠰᠠᠶᠢᠬᠠᠨ ᠰᠢᠷᠠᠩᠭᠤᠢ ᠦᠩᠬᠡ ᠲᠠᠢ ᠪᠤᠯᠳᠠᠭ᠃  ᠪᠦᠰᠡ ᠶᠢ ᠪᠤᠯ ᠬᠤᠪᠴᠠᠰᠤᠨ ᠤ ᠦᠩᠬᠡ ᠎ ᠲᠠᠢ ᠵᠤᠬᠢᠴᠠᠭᠤᠯᠤᠨ ᠭᠤᠤᠯᠳᠠᠭᠤ ᠰᠢᠷ᠎ᠠ᠂ ᠤᠯᠠᠪᠤᠷ ᠰᠢᠷ᠎ᠠ᠂ ᠬᠦᠭᠡ᠂ ᠴᠡᠩᠭᠡᠷ ᠲᠤᠷᠳᠤᠩ ᠢᠶᠠᠷ ᠬᠢᠳᠡᠭ᠂ ᠨᠢᠭᠡ ᠪᠦᠰᠡᠨ ᠳᠤ ᠪᠠᠷᠤᠭ ᠬᠤᠷᠢᠨ ᠲᠤᠬᠤᠢ ᠲᠤᠷᠳᠤᠩ ᠭᠡᠷᠡᠭᠯᠡᠨ᠎ᠡ᠃ ᠡᠷᠡᠭᠳᠡᠶᠢᠴᠤᠳ ᠭᠤᠤᠯᠳᠠᠭᠤ ᠰᠠᠷᠢᠰᠤᠨ ᠬᠠᠪᠴᠢᠶᠠᠷᠢ ᠲᠠᠢ  ᠱᠦᠪᠦᠭᠡᠷᠭᠡᠨ ᠬᠤᠩᠰᠢᠶᠠᠷ ᠲᠠᠢ ᠪᠤᠯᠢᠭᠠᠷᠢ ᠭᠤᠳᠤᠯ ᠡᠮᠦᠰᠬᠦ ᠪᠠ ᠭᠡ ᠤᠭᠠᠯᠵᠠ ᠭᠠᠷᠭᠠᠵᠤ ᠤᠷᠠᠯᠠᠭᠰᠠᠨ ᠰᠢᠷᠢᠮᠡᠯ ᠪᠦᠰᠡ ᠭᠤᠳᠤᠯ ᠴᠤ ᠡᠮᠦᠰᠦᠨ᠎ᠡ᠃ ᠡᠪᠦᠯ ᠴᠠᠭ ᠲᠤ ᠭᠤᠳᠤᠯ ᠲᠤᠳᠤᠷ᠎ᠠ ᠪᠠᠨ ᠲᠦᠷᠡᠢ ᠶᠢ ᠎ ᠨᠢ ᠭᠡ ᠭᠠᠷᠭᠠᠵᠤ ᠬᠦᠪᠡᠭᠡᠯᠡᠭᠰᠡᠨ ᠢᠰᠡᠭᠡᠢ ᠤᠶᠢᠮᠤᠰᠤ ᠡᠮᠦᠰᠴᠦ᠂ ᠵᠤᠨ ᠪᠤᠯ ᠲᠠᠪᠤᠤ ᠤᠶᠢᠮᠤᠰᠤ  ᠡᠮᠦᠰᠦᠨ᠎ᠡ᠃     ᠡᠷᠡᠭᠳᠡᠢ ᠬᠦᠮᠦᠨ ᠪᠠᠰᠠ ᠤᠯᠤᠩᠳᠠᠢ ᠡᠮᠦᠰᠳᠡᠭ ᠵᠠᠩᠰᠢᠯ ᠲᠠᠢ᠃ ᠤᠯᠤᠩᠳᠠᠢ ᠪᠤᠯ ᠲᠡᠷᠯᠢᠭ ᠤᠨ ᠭᠠᠳᠠᠭᠤᠷ ᠡᠮᠦᠰᠳᠡᠭ᠂ ᠭᠤᠤᠯ ᠢᠶᠠᠷ ᠢᠶᠠᠨ ᠭᠤᠯᠳᠤ ᠡᠩᠭᠡᠷ ᠲᠠᠢ᠂ ᠲᠠᠪᠤᠨ ᠲᠤᠪᠴᠢ ᠲᠠᠢ᠂ ᠬᠠᠨᠴᠤᠢ ᠲᠠᠢ᠂ ᠰᠦᠬᠦᠮ ᠬᠢᠷᠢ ᠤᠨᠤᠭᠤ ᠲᠠᠢ᠂ ᠲᠦᠷᠪᠡᠨ ᠬᠤᠷᠮᠤᠢ ᠲᠠᠢ ᠪᠤᠭᠤᠨᠢ ᠬᠤᠪᠴᠠᠰᠤ ᠪᠤᠯᠤᠨ᠎ᠠ᠃  ᠵᠠᠷᠢᠮ ᠭᠠᠵᠠᠷ ᠲᠤ ᠪᠠᠰᠠ ᠬᠦᠷᠮ᠎ᠡ ᠭᠡᠳᠡᠭ᠃  ᠤᠷᠢᠳᠤ ᠳᠠᠭᠠᠨ ᠤᠯᠤᠩᠳᠠᠢ ᠶᠢ ᠬᠦᠮᠦᠨ ᠪᠦᠬᠦᠨ ᠡᠮᠦᠰᠬᠦ ᠪᠢᠰᠢ᠂ ᠠᠳᠤᠭᠤᠨ ᠲᠠᠷᠤᠭ᠎ᠠ ᠠᠴᠠ ᠲᠡᠭᠡᠭᠰᠢ ᠲᠤᠰᠢᠶᠠᠯ ᠲᠠᠢ ᠬᠦᠮᠦᠨ ᠤ ᠡᠳ᠋ᠯᠡᠬᠦ  ᠲᠦᠷᠦ ᠶᠢᠨ ᠬᠤᠪᠴᠠᠰᠤ ᠪᠠᠶᠢᠵᠠᠢ᠃ ᠭᠡᠪᠡᠴᠦ ᠰᠢᠨ᠎ᠡ ᠬᠦᠷᠭᠡᠨ ᠪᠡᠷᠢ ᠪᠠᠭᠤᠯᠭᠠᠬᠤ ᠪᠠᠷ ᠶᠠᠪᠤᠬᠤ ᠳᠠᠭᠠᠨ ᠵᠠᠪᠠᠯ ᠨᠢᠬᠡ ᠤᠳᠠᠭ᠎ᠠ ᠡᠮᠦᠰᠳᠡᠭ ᠪᠠᠶᠢᠪᠠ᠃  ᠡᠨᠡ  ᠎ ᠨᠢ ᠡᠷᠡᠭᠳᠡᠢ ᠬᠦᠮᠦᠨ ᠢ ︽ᠲᠦᠷᠦ ᠶᠢᠨ ᠬᠠᠷ᠎ᠠ ᠬᠦᠮᠦᠨ︾ ᠬᠡᠵᠦ᠂  ᠬᠤᠷᠢᠮ ᠢ ︽ᠬᠤᠷᠢᠮ ᠲᠦᠷᠦ︾  ᠬᠡᠮᠡᠨ ᠲᠦᠷᠦ ᠶᠤᠰᠤᠨ ᠤ ᠶᠠᠪᠤᠳᠠᠯ ᠬᠡᠮᠡᠨ ᠦᠵᠡᠳᠡᠭ ᠯᠦᠭᠡ ᠬᠤᠯᠪᠤᠭ᠎ᠠ ᠲᠠᠢ ᠠᠵᠢ᠃ ᠤᠯᠤᠩᠳᠠᠢ ᠶᠢ ᠤᠯᠠᠩᠬᠢ ᠳᠠᠭᠠᠨ ᠬᠠᠷ᠎ᠠ ᠲᠤᠷᠭ᠎ᠠ ᠪᠠᠷ ᠬᠢᠳᠡᠭ᠃  ᠯᠠᠮᠠ ᠨᠠᠷ ᠭᠤᠤᠯᠳᠠᠭᠤ ᠬᠦᠷᠡᠩ᠂ ᠰᠢᠷ᠎ᠠ ᠲᠡᠷᠯᠢᠭ ᠡᠮᠦᠰᠬᠦ ᠪᠦᠬᠡᠳ ᠶᠡᠬᠡᠰ ᠯᠠᠮᠠ ᠨᠠᠷ ᠴᠠᠮᠪᠠᠨ ᠤᠯᠤᠩᠳᠠᠢ ᠡᠮᠦᠰᠦᠨ᠎ᠡ᠃ ᠬᠠᠨᠵᠢᠶᠠᠷ ᠪᠤᠯ ᠮᠦᠨ ᠬᠦ᠋ ᠲᠡᠪᠡᠯ ᠤᠨ ᠭᠠᠳᠠᠭᠤᠷ ᠡᠮᠦᠰᠬᠦ ᠬᠠᠨᠴᠤᠢ ᠦᠬᠡᠢ ᠤᠬᠤᠷ ᠬᠤᠪᠴᠠᠰᠤ᠂ ᠬᠠᠷ᠎ᠠ ᠪᠤᠶᠤ ᠬᠦᠷᠡᠩ ᠲᠤᠷᠭ᠎ᠠ ᠪᠠᠷ ᠬᠢᠬᠦ ᠨᠢ ᠤᠯᠠᠨ᠃    ᠡᠷᠡᠭᠳᠡᠶᠢᠴᠤᠳ ᠵᠤᠨ ᠤ ᠴᠠᠭ ᠲᠤ ᠲᠤᠭᠤᠷᠴᠤᠭ᠂ ᠡᠪᠦᠯ ᠳᠡᠭᠡᠨ ᠪᠤᠯ ᠲᠤᠭᠤᠷᠢᠭᠤᠯ ᠮᠠᠯᠠᠭᠠᠢ ᠪᠤᠶᠤ ᠬᠤᠯᠤᠭᠤᠪᠴᠢ ᠡᠮᠦᠰᠳᠡᠭ᠃  ᠲᠤᠭᠤᠷᠴᠤᠭ ᠲᠤ ᠡᠪᠬᠡᠬᠦᠷ ᠲᠤᠭᠤᠷᠴᠤᠭ ᠪᠠ ᠡᠩ ᠤᠨ ᠲᠤᠭᠤᠷᠴᠤᠭ ᠬᠡᠵᠦ ᠪᠤᠢ᠃ ᠲᠤᠭᠤᠷᠴᠤᠭ  ᠪᠦᠷ ᠵᠢᠷᠭᠤᠭᠠᠨ ᠬᠠᠪᠢᠰᠤ ᠲᠠᠢ᠂  ᠡᠪᠬᠡᠬᠦᠷ ᠲᠤᠭᠤᠷᠴᠤᠭ ᠪᠤᠯ  ᠬᠠᠪᠢᠰᠤ ᠲᠠᠭᠠᠤ ᠨᠢ ᠡᠪᠭᠡᠵᠦ ᠰᠢᠬᠦᠷ ᠬᠡᠯᠪᠡᠷᠢ ᠲᠠᠢ ᠪᠤᠯᠭᠠᠵᠤ ᠲᠡᠶᠢᠯᠦᠨ᠎ᠡ᠃ ᠡᠩ ᠤᠨ ᠲᠤᠭᠤᠷᠴᠤᠭ ᠪᠤᠯ ᠬᠠᠳᠠᠭᠤ ᠦᠷᠭᠡᠨ ᠬᠦᠪᠡᠭᠡ ᠲᠠᠢ᠂ ᠴᠠᠷᠳᠠᠵᠤ ᠬᠢᠭᠰᠡᠨ ᠲᠤᠪᠢ ᠮᠠᠯᠠᠭᠠᠢ ᠪᠤᠯᠤᠨ᠎ᠠ᠃  ᠲᠤᠭᠤᠷᠴᠤᠭ  ᠎ ᠨᠢ ᠤᠷᠤᠢ ᠲᠡᠭᠡᠷ᠎ᠡ ᠪᠠᠨ ᠤᠯᠠᠭᠠᠨ ᠰᠤᠸᠠᠮᠫᠠᠨ ᠎ ᠲᠠᠢ᠂ ᠤᠯᠠᠩᠬᠢ ᠨᠢ ᠬᠠᠷ᠎ᠠ ᠲᠤᠷᠭ᠎ᠠ ᠪᠠᠷ ᠭᠠᠳᠠᠷᠯᠠᠭᠰᠠᠨ ᠪᠠᠶᠢᠳᠠᠭ᠃ ᠲᠤᠭᠤᠷᠢᠭᠤᠯ ᠮᠠᠯᠠᠭᠠᠢ ᠶᠢ ᠪᠤᠯ ᠦᠨᠡᠬᠡᠨ ᠠᠷᠠᠰᠤ ᠪᠤᠶᠤ ᠲᠠᠩ ᠦᠩᠬᠡ ᠶᠢᠨ ᠬᠤᠷᠠᠭᠠᠨ ᠠᠷᠠᠰᠤᠨ ᠳᠤ ᠬᠦᠭᠡ ᠪᠤᠶᠤ ᠬᠦᠷᠡᠩ ᠲᠤᠷᠭᠠᠨ ᠭᠠᠳᠠᠷ ᠲᠠᠳᠠᠵᠤ ᠬᠢᠳᠡᠭ᠂ ᠤᠷᠤᠢ ᠲᠡᠭᠡᠷ᠎ᠡ  ᠎ ᠨᠢ ᠤᠯᠠᠭᠠᠨ ᠰᠤᠸᠠᠮᠫᠠᠨ ᠲᠠᠢ᠂ ᠰᠤᠸᠠᠮᠫᠠᠨ ᠢᠶᠠᠨ ᠲᠤᠭᠤᠷᠢᠭᠠᠳ ᠲᠠᠪᠠ ᠲᠠᠢ᠂ ᠰᠢᠯᠢ ᠎ ᠳᠤᠨᠢ ᠬᠤᠶᠠᠷ ᠪᠦᠴᠡ ᠬᠠᠳᠠᠭᠰᠠᠨ ᠪᠠᠶᠢᠳᠠᠭ᠃ ᠬᠤᠯᠤᠭᠤᠪᠴᠢ ᠮᠠᠯᠠᠭᠠᠢ ᠪᠤᠯ ᠮᠦᠨ ᠬᠦ᠋ ᠦᠨᠡᠭᠡᠨ ᠠᠷᠠᠰᠤ ᠪᠤᠶᠤ ᠬᠤᠷᠠᠭᠠᠨ ᠠᠷᠠᠰᠤ ᠳᠤ ᠭᠠᠳᠠᠷ ᠳᠠᠳᠠᠵᠤ ᠬᠢᠭᠰᠡᠨ ᠱᠤᠪᠤᠭᠤᠷ ᠭᠡᠯᠪᠡᠷᠢ ᠲᠠᠢ᠂ ᠰᠢᠯᠢ ᠪᠠᠨ ᠪᠦᠳᠡᠭᠡᠭᠰᠡᠨ ᠬᠤᠷᠮᠤᠢ ᠎ ᠲᠠᠢ᠂ ᠡᠷᠡᠦ ᠳᠡᠭᠡᠨ ᠲᠤᠯᠳᠠᠯ᠎ᠠ ᠪᠦᠴᠡᠯᠡᠵᠦ ᠪᠤᠯᠬᠤ ᠬᠠᠴᠠᠷᠯᠠᠭᠰᠠᠨ ᠴᠢᠬᠢᠪᠴᠢ ᠲᠠᠢ ᠮᠠᠯᠠᠭᠠᠢ᠃  ᠡᠬᠦᠨ ᠠᠴᠠ ᠭᠠᠳᠠᠨ᠎ᠠ᠂ ᠲᠦᠷᠪᠡᠨ ᠬᠤᠷᠤᠭᠤ ᠦᠷᠭᠡᠨ  ᠮᠠᠩᠨᠠᠶᠢᠪᠴᠢ ᠲᠠᠢ᠂ ᠰᠢᠯᠢ ᠲᠠᠢ ᠪᠠᠨ ᠵᠠᠯᠭᠠᠭᠰᠠᠨ ᠬᠤᠶᠠᠷ ᠤᠷᠳᠤ ᠴᠢᠬᠢᠪᠴᠢ ᠲᠠᠢ ᠦᠨᠡᠬᠡᠨ ᠠᠷᠠᠰᠤᠨ ᠮᠠᠯᠠᠭᠠᠢ ᠡᠮᠦᠰᠳᠡᠭ ᠪᠦᠬᠡᠳ  ᠲᠤᠭᠤᠶᠢᠪᠳᠤᠷ ᠮᠠᠩᠨᠠᠶᠢᠪᠴᠢ ᠲᠠᠢ᠂ ᠰᠢᠯᠢ ᠲᠠᠢ ᠎ ᠪᠠᠨ ᠦᠷᠬᠦᠯᠵᠢ ᠪᠤᠭᠤᠨᠢᠪᠳᠤᠷ ᠪᠤᠰᠤᠭ᠎ᠠ ᠴᠢᠬᠢᠪᠴᠢ ᠲᠠᠢ ︽ᠴᠢᠩ ᠭᠧᠩ ᠳ᠋ᠢᠶᠤᠤ ᠮᠠᠯᠠᠭᠠᠢ︾ ᠬᠡᠮᠡᠬᠦ ᠬᠠᠯᠢᠭᠤᠨ ᠮᠠᠯᠠᠭᠠᠢ ᠲᠦᠭᠡᠮᠡᠯ ᠡᠮᠦᠰᠴᠦ ᠪᠠᠶᠢᠪᠠ᠃      ᠡᠷᠡᠭᠳᠡᠶᠢᠴᠤᠳ ᠭᠡᠳᠡ ᠬᠢᠳᠤᠭ᠎ᠠ ᠵᠡᠬᠦᠳᠡᠭ᠃ ᠬᠡᠳᠡ ᠭᠡᠳᠡᠭ ᠪᠤᠯ ᠬᠠᠳᠠᠨ ᠪᠤᠯᠤᠳ ᠰᠠᠭᠤᠯᠭᠠᠵᠤ ᠬᠢᠭᠰᠡᠨ ᠬᠤᠶᠠᠷ ᠬᠤᠷᠤᠭᠤ ᠬᠢᠷᠢ ᠦᠷᠭᠡᠨ᠂ ᠲᠦᠷᠪᠡᠨ ᠬᠤᠷᠤᠭᠤ ᠬᠢᠷᠢ ᠤᠷᠳᠤ᠂ ᠰᠠᠪᠬᠠᠨ ᠠᠴᠠ ᠨᠢᠮᠬᠡᠪᠳᠦᠷ ᠰᠠᠷᠠᠨ ᠰᠦᠬᠡ ᠬᠡᠯᠪᠡᠷᠢ ᠲᠠᠢ ᠲᠡᠮᠦᠷ ᠤᠨ ᠤᠭ ᠲᠤ ᠤᠯᠠᠪᠴᠢ ᠬᠡᠮᠡᠬᠦ ᠰᠢᠷᠢ ᠰᠠᠪᠠ ᠲᠠᠭᠠᠷᠠᠭᠤᠯᠵᠤ ᠵᠤᠬᠢᠶᠠᠭᠰᠠᠨ ᠭᠠᠯ ᠴᠠᠬᠢᠬᠤ ᠭᠡᠷᠡᠭᠰᠡᠯ᠃  ᠰᠢᠷᠢ ᠰᠠᠪᠠᠨ ᠳᠤᠨᠢ ᠤᠯᠠ  ᠡᠪᠡᠰᠦ᠂ ᠴᠠᠬᠢᠭᠤᠷ ᠴᠢᠯᠠᠭᠤ ᠬᠢᠨ᠎ᠡ᠃  ᠤᠯᠠ ᠡᠪᠡᠰᠦ᠂ ᠴᠠᠬᠢᠭᠤᠷ ᠴᠢᠯᠠᠭᠤ ᠪᠠᠨ ᠬᠠᠮᠳᠤ ᠪᠠᠷᠢᠵᠤ᠂ ᠭᠡᠳᠡ ᠶᠢᠨ ᠢᠷ ᠢᠶᠠᠷ ᠬᠠᠪᠢᠷᠤᠨ ᠴᠠᠬᠢᠵᠤ ᠤᠴᠢ ᠦᠰᠦᠷᠭᠡᠨ ᠭᠠᠯ ᠠᠪᠳᠠᠭ ᠲᠤᠯᠠ  ᠭᠡᠳᠡ ᠴᠠᠬᠢᠭᠤᠷ ᠬᠡᠵᠦ ᠨᠡᠷᠡᠯᠡᠳᠡᠭ᠃  ᠡᠷᠳᠡ ᠦᠶ᠎ᠡ ᠳᠤ ᠠᠶᠠᠨ ᠤ ᠬᠦᠮᠦᠨ᠂ ᠮᠠᠯ ᠤᠨ ᠬᠦᠮᠦᠨ᠂ ᠬᠡᠶᠢᠴᠢᠨ ᠵᠤᠴᠢᠨ ᠪᠦᠷ ᠬᠡᠳᠡ ᠴᠠᠬᠢᠭᠤᠷ ᠠᠪᠴᠤ ᠶᠠᠪᠤᠳᠠᠭ᠃ ᠭᠡᠳᠡᠨ ᠤ ᠤᠯᠠᠪᠴᠢ ᠶᠢ ᠮᠦᠩᠬᠦ ᠪᠷ ᠴᠢᠮᠡᠭᠰᠡᠨ ᠪᠤᠯ ᠮᠦᠩᠬᠦᠨ ᠭᠡᠳᠡ ᠭᠡᠳᠡᠭ᠃ ᠡᠷᠡᠭᠳᠡᠶᠢᠴᠤᠳ ᠪᠠᠰᠠ ᠬᠤᠢ ᠲᠠᠢ ᠬᠢᠳᠤᠭ᠎ᠠ ᠵᠡᠬᠦᠵᠦ ᠶᠠᠪᠤᠨ᠎ᠠ᠃ ᠬᠤᠢ ᠶᠢ ᠤᠯᠠᠭᠠᠨ ᠽᠠᠨᠳᠠᠨ ᠪᠤᠶᠤ ᠡᠪᠡᠷ᠂ ᠶᠠᠰᠤ ᠵᠡᠷᠭᠡ ᠪᠠᠷ ᠬᠢᠵᠦ᠂ ᠮᠦᠩᠬᠦ ᠪᠤᠶᠤ ᠵᠡᠰ ᠢᠶᠠᠷ ᠪᠦᠷᠢᠭᠰᠡᠨ ᠪᠠᠶᠢᠳᠠᠭ᠃  ᠬᠤᠢ ᠳᠤ ᠰᠠᠪᠬ᠎ᠠ ᠬᠢᠬᠦ ᠬᠤᠶᠠᠷ ᠨᠦᠬᠡ ᠲᠠᠢ᠂ ᠰᠠᠪᠬ᠎ᠠ ᠨᠢ ᠶᠡᠬᠡᠩᠬᠢ ᠳᠡᠭᠡᠨ ᠦᠮᠦ ᠮᠤᠳᠤ ᠪᠤᠶᠤ ᠶᠠᠰᠤᠨ ᠰᠠᠪᠬ᠎ᠠ ᠪᠠᠶᠢᠳᠠᠭ ᠪᠦᠬᠡᠳ ᠲᠤᠯᠤᠭᠠᠢ ᠶᠢ ᠨᠢ ᠮᠦᠩᠬᠦ ᠪᠠᠷ ᠪᠦᠷᠢᠭᠰᠡᠨ ᠪᠠᠶᠢᠳᠠᠭ᠃  ᠪᠠᠶᠠᠨ ᠬᠦᠮᠦᠨ ᠪᠤᠯ ᠵᠠᠭᠠᠨ ᠤ ᠰᠤᠶᠤᠭᠠᠨ ᠰᠠᠪᠬ᠎ᠠ ᠭᠡᠷᠡᠭᠯᠡᠨ᠎ᠡ᠃ ᠬᠢᠳᠤᠭ᠎ᠠ ᠶᠢᠨ ᠪᠠᠷᠢᠭᠤᠯ ᠢ ᠮᠦᠨ ᠡᠪᠡᠷ ᠪᠤᠶᠤ ᠰᠠᠶᠢᠨ ᠮᠤᠳᠤ ᠪᠠᠷ ᠬᠢᠵᠦ᠂ ᠮᠦᠩᠬᠦ ᠪᠠᠷ ᠴᠢᠮᠡᠭᠰᠡᠨ ᠪᠠᠶᠢᠳᠠᠭ  ᠲᠤᠯᠠ ᠮᠦᠩᠬᠦᠨ ᠬᠢᠳᠤᠭ᠎ᠠ ᠭᠡᠳᠡᠭ᠃ ᠬᠢᠳᠤᠭ᠎ᠠ ᠶᠢ ᠬᠤᠶᠢᠯᠠᠭᠠᠳ ᠪᠠᠷᠢᠭᠤᠯ ᠤᠨ ᠵᠢᠵᠢᠭ ᠭᠠᠷᠠᠬ᠎ᠠ ᠠᠴᠠ ᠬᠤᠢ ᠲᠠᠢ ᠨᠢ ᠬᠤᠯᠪᠤᠵᠤ᠂  ᠨᠠᠷᠢᠨ ᠰᠤᠷ ᠤᠭᠤᠰᠤᠷ ᠢᠶᠠᠷ ᠪᠦᠰᠡᠨ ᠳᠡᠭᠡᠨ ᠬᠠᠪᠴᠢᠭᠤᠯᠵᠤ ᠂ ᠬᠠᠰ ᠲᠡᠭᠡᠭ ᠢᠶᠠᠷ ᠲᠡᠭᠡᠭᠯᠡᠨ᠎ᠡ᠃  ᠡᠷᠡᠭᠳᠡᠶᠢᠴᠤᠳ ᠲᠠᠯᠢᠩ ᠬᠦᠬᠦᠷ ᠭᠡᠷᠡᠭᠯᠡᠳᠡᠭ᠃  ᠲᠠᠯᠢᠩ ᠭᠡᠳᠡᠭ ᠨᠢ ᠲᠤᠳᠤᠷ᠎ᠠ ᠲᠠᠯ᠎ᠠ ᠳᠠᠭᠠᠨ ᠪᠤᠶᠤ ᠬᠠᠵᠠᠭᠤ ᠳᠠᠭᠠᠨ ᠭᠤᠯᠳᠤ ᠠᠮᠠᠰᠠᠷ ᠲᠠᠢ ᠬᠦᠬᠦᠷ ᠠᠭᠤᠯᠬᠤ ᠰᠠᠪᠠ ᠶᠢ ᠬᠡᠯᠡᠨ᠎ᠡ᠃ ᠲᠠᠯᠢᠩ ᠤᠨ ᠨᠢᠭᠤᠷ ᠲᠠᠯ᠎ᠠ ᠶᠢ ᠬᠤᠷᠭᠤᠢ ᠪᠠᠷ ᠭᠠᠳᠠᠷᠯᠠᠬᠤ ᠪᠤᠶᠤ ᠬᠤᠸᠠᠷ ᠬᠠᠳᠬᠤᠵᠤ ᠲᠤᠤᠰᠠ ᠪᠠᠷ ᠬᠦᠪᠡᠬᠡᠯᠡᠨ᠂ ᠦᠩᠬᠡ ᠶᠢᠨ ᠤᠳᠠᠰᠤ ᠪᠠᠷ ᠨᠤᠬᠠᠢ ᠰᠢᠳᠦᠴᠢᠯᠡᠨ ᠤᠶᠤᠵᠤ ᠤᠷᠠᠯᠠᠭᠰᠠᠨ ᠪᠠᠶᠢᠳᠠᠭ᠃ ᠬᠦᠬᠦᠷ ᠲᠤ ᠮᠠᠨᠤ ᠬᠦᠬᠦᠷ᠂ ᠬᠠᠰ ᠬᠦᠬᠦᠷ᠂ ᠱᠠᠭᠠᠵᠠᠩ ᠬᠦᠬᠦᠷ᠂ ᠰᠢᠯ ᠬᠦᠬᠦᠷ ᠵᠡᠷᠭᠡ ᠪᠠᠶᠢᠳᠠᠭ᠃ ᠬᠦᠬᠦᠷ ᠤᠨ ᠲᠠᠭᠯᠠᠭ᠎ᠠ ᠨᠢ ᠮᠦᠩᠬᠦᠨ ᠰᠠᠭᠤᠷᠢ ᠲᠠᠢ᠂ ᠱᠢᠷᠤ ᠪᠤᠶᠤ ᠨᠤᠮᠢᠨ ᠢᠶᠠᠷ ᠲᠠᠪᠠ ᠬᠢᠭᠰᠡᠨ ᠪᠠᠶᠢᠳᠠᠭ ᠪᠦᠬᠡᠳ ᠲᠤᠤᠷ᠎ᠠ ᠨᠢ ᠬᠠᠮᠠᠷ ᠲᠠᠮᠠᠬᠢ ᠤᠳᠬᠤᠬᠤ ᠤᠳᠬᠤᠭᠤᠷ ᠲᠠᠢ ᠪᠠᠶᠢᠳᠠᠭ᠃      ᠡᠷᠡᠭᠳᠡᠶᠢᠴᠤᠳ ᠡᠩ ᠤᠨ ᠦᠶ᠎ᠡ ᠳᠡᠭᠡᠨ ᠲᠠᠮᠠᠬᠢᠯᠠᠵᠤ ᠵᠤᠯᠭᠠᠳᠠᠭ᠃ ᠲᠠᠮᠠᠬᠢᠨ ᠤ ᠡᠳ᠋ᠯᠡᠯ ᠢ ᠶᠡᠭᠡ ᠯᠠ ᠭᠤᠶᠤᠯᠠᠵᠤ ᠭᠡᠷᠡᠭᠯᠡᠨ᠎ᠡ᠃  ᠲᠠᠮᠠᠬᠢᠨ ᠤ ᠤᠭᠤᠳᠠ ᠶᠢ ᠬᠠᠷ᠎ᠠ ᠲᠤᠷᠭᠠᠨ ᠲᠡᠭᠡᠷ᠎ᠡ ᠮᠤᠳᠤ᠂ ᠴᠡᠴᠡᠭ᠂ ᠰᠢᠪᠠᠭᠤ ᠵᠡᠷᠭᠡ ᠎ ᠶᠢ ᠤᠷᠠᠯᠠᠨ ᠬᠠᠳᠬᠤᠬᠤ ᠪᠤᠶᠤ ᠲᠤᠤᠷ᠎ᠠ ᠬᠠᠭᠠᠰ ᠢ ᠨᠢ ᠦᠩᠬᠡ ᠶᠢᠨ ᠬᠤᠷᠭᠤᠢ ᠪᠠᠷ ᠠᠯᠠᠭᠯᠠᠵᠤ ᠤᠶᠤᠭᠰᠠᠨ ᠪᠠᠶᠢᠳᠠᠭ ᠪᠦᠬᠡᠳ ᠵᠠᠷᠢᠮ ᠳᠤᠨᠢ ᠰᠠᠴᠤᠭ ᠲᠠᠭᠠᠷᠠᠭᠤᠯᠤᠭᠰᠠᠨ ᠴᠤ ᠪᠤᠢ᠃ ᠲᠠᠮᠤᠭᠰᠠᠨ ᠪᠤᠶᠤ ᠬᠦᠷᠦᠮᠡᠯ ᠤᠭᠤᠰᠤᠷ ᠎ ᠲᠤ ᠭᠠᠩᠰᠠᠨ ᠤ ᠲᠤᠭᠤᠭ᠎ᠠ ︵ᠡᠰᠡᠬᠦᠯ᠎ᠡ ᠮᠦᠩᠬᠦᠨ ᠵᠤᠭᠤᠰᠤᠨ ᠲᠡᠭᠡᠭ ᠪᠤᠶᠤ ᠬᠠᠰ ᠲᠡᠭᠡᠭ︶ ᠰᠡᠳᠬᠢᠬᠦᠷ ᠢ ᠭᠡᠯᠬᠢᠭᠰᠡᠨ ᠪᠠᠶᠢᠳᠠᠭ᠃ ᠭᠠᠩᠰᠠ ᠪᠠᠨ ᠤᠭᠤᠳᠠᠯᠠᠭᠠᠳ ᠤᠭᠤᠰᠤᠷ ᠢᠶᠠᠷ ᠨᠢ ᠭᠤᠭᠴᠤᠭᠠᠯᠠᠭᠠᠳ ᠵᠡᠬᠦᠨ᠎ᠡ᠃ ᠭᠠᠩᠰᠠᠨ ᠳᠤ ᠲᠦᠭᠡ ᠢᠯᠡᠬᠦᠦ ᠡᠰᠢ ᠲᠠᠢ᠂ ᠴᠠᠭᠠᠨ ᠬᠠᠰ ᠪᠤᠶᠤ ᠢᠨᠳᠡᠷᠨᠢᠯᠠ ᠰᠢᠯᠪᠢ ᠲᠠᠢ᠂  ᠮᠦᠩᠬᠦᠨ  ᠲᠤᠯᠤᠭᠠᠢ ᠲᠠᠢ ᠨᠢ ᠤᠯᠠᠨ ᠪᠠᠶᠢᠳᠠᠭ ᠪᠦᠬᠡᠳ ᠭᠠᠤᠯᠢᠨ ᠲᠤᠯᠤᠭᠠᠢ ᠲᠠᠢ ᠴᠤ ᠪᠤᠢ᠃  ᠲᠠᠮᠠᠭᠢᠯᠠᠵᠤ ᠵᠤᠯᠭᠠᠬᠤ ᠳᠤ ᠲᠠᠮᠠᠬᠢ ᠪᠠᠨ ᠨᠤᠴᠤᠭᠠᠭᠠᠳ᠂ ᠲᠤᠳᠤᠭᠠᠳᠤ ᠡᠩᠬᠡᠷ ᠢᠶᠠᠷ ᠰᠢᠯᠪᠢ ᠶᠢ ᠵᠦᠯᠬᠦᠵᠦ ᠨᠦᠬᠦᠬᠡ ᠬᠦᠮᠦᠨ ᠳᠡᠭᠡᠨ ᠦᠭᠬᠦᠨ᠎ᠡ᠂ ᠠᠪᠤᠭᠰᠠᠨ ᠬᠦᠮᠦᠨ ᠶᠤᠰᠤᠨ ᠤ ᠲᠡᠳᠦᠢ ᠰᠤᠷᠤᠬᠤ ᠪᠤᠶᠤ ᠪᠠᠷᠠᠭᠤᠨ ᠬᠠᠴᠠᠷ ᠲᠠᠭᠠᠨ ᠬᠦᠷᠭᠡᠭᠡᠳ᠂ ᠮᠦᠨ ᠬᠦ᠋ ᠵᠦᠯᠬᠦᠵᠦ ᠪᠤᠴᠠᠭᠠᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号