ᠮᠤᠩᠭᠤᠯᠴᠤᠳ ᠪᠢᠯᠢᠭ ᠤᠨ ᠤᠯᠠᠷᠢᠯ ᠤᠨ ᠰᠢᠨ᠎ᠡ ᠵᠢᠯ ᠢ ︽ᠴᠠᠭᠠᠨ ᠰᠠᠷ᠎ᠠ︾ ᠭᠡᠳᠡᠭ᠃ ᠡᠨᠡ ᠨᠢ | ᠮᠤᠩᠭᠤᠯᠴᠤᠳ ᠡᠷᠳᠡᠨ ᠠᠴᠠ ᠴᠠᠭᠠᠨ ᠦᠩᠬᠡ ᠶᠢ ᠴᠡᠪᠡᠷ ᠠᠷᠢᠭᠤᠨ᠂ ᠡᠷᠬᠢᠮ ᠳᠡᠭᠡᠳᠦ ᠦᠩᠬᠡ ᠪᠠᠷ ᠳᠡᠭᠡᠳᠦᠯᠡᠵᠦ | ᠢᠷᠡᠭᠰᠡᠨ ᠲᠠᠢ ᠬᠤᠯᠪᠤᠭᠳᠠᠨ᠎ᠠ᠃ ᠲᠠᠶᠢᠹᠤᠰᠧ ᠶᠢᠨ ᠮᠤᠩᠭᠤᠯᠴᠤᠳ ᠦᠨᠦ ᠪᠤᠯᠳᠠᠯ᠎ᠠ ᠴᠠᠭᠠᠨ ᠰᠠᠷ᠎ᠠ | ᠦᠩᠭᠡᠷᠡᠭᠡᠬᠦ ᠤᠯᠠᠮᠵᠢᠯᠠᠯᠳᠤ ᠵᠠᠩᠰᠢᠯ ᠢᠶᠠᠨ ᠦᠨᠳᠦᠰᠦᠨ ᠳᠡᠭᠡᠨ ᠭᠡᠪ ᠢᠶᠠᠷ ᠨᠢ ᠵᠠᠯᠭᠠᠮᠵᠢᠯᠠᠨ ᠬᠠᠳᠠᠭᠠᠯᠠᠵᠤ | ᠢᠷᠡᠭᠰᠡᠨ ᠪᠠᠶᠢᠨ᠎ᠠ᠃ | ᠭᠠᠯ ᠲᠠᠬᠢᠬᠤ ᠠᠴᠠ ᠪᠢᠳᠡᠭᠦᠨ ᠬᠦᠷᠳᠡᠯᠡᠬᠢ ᠲᠤᠯᠤᠭᠠᠨ ᠡᠳᠦᠷ ᠪᠤᠯ ᠰᠢᠨ᠎ᠡ ᠶᠢᠨ ᠪᠡᠯᠡᠳᠭᠡᠯ ᠤᠨ | ᠬᠠᠮᠤᠭ ᠶᠠᠭᠠᠷᠠᠤ ᠬᠤᠭᠤᠴᠠᠭ᠎ᠠ ᠃ ᠪᠤᠤᠪᠤ ᠪᠤᠭᠤᠷᠰᠤᠭ ᠬᠠᠭᠠᠷᠢᠬᠤ᠂ ᠰᠢᠨ᠎ᠡ ᠶᠢᠨ ᠱᠦᠯᠦᠨ ᠤ ᠶᠠᠭᠤᠮ᠎ᠠ | ᠪᠡᠯᠡᠳᠭᠡᠬᠦ᠂ ᠪᠡᠯᠡᠭ ᠰᠡᠯᠳᠡ ᠲᠦᠬᠦᠭᠡᠷᠬᠦ᠂ ᠪᠠᠩᠰᠢ ᠪᠤᠤᠽᠢ ᠪᠠᠷᠢᠬᠤ ᠵᠡᠷᠭᠡ ᠠᠵᠢᠯ ᠳᠤ ᠶᠠᠭᠠᠷᠠᠨ᠎ᠠ᠃ ᠴᠠᠭᠠᠨ | ᠢᠳᠡᠭᠡ ᠶᠢ ᠪᠤᠯ ᠨᠠᠮᠤᠷ ᠠᠴᠠ ᠡᠬᠢᠯᠡᠨ ᠪᠡᠯᠡᠳᠭᠡᠵᠦ ᠨᠦᠬᠡᠬᠦ ᠪᠠ ᠮᠢᠬ᠎ᠠ ᠱᠦᠯᠦ ᠶᠢ ᠪᠤᠯ ᠡᠪᠦᠯ ᠤᠨ ᠢᠳᠡᠰᠢ | ᠢᠳᠡᠬᠦ ᠦᠶ᠎ᠡ ᠳᠤ ᠪᠡᠯᠡᠳᠭᠡᠵᠦ ᠲᠠᠯᠪᠢᠨ᠎ᠠ᠃ ᠡᠮᠡᠭᠳᠡᠶᠢᠴᠤᠳ ᠰᠢᠨ᠎ᠡ ᠶᠢᠨ ᠬᠤᠪᠴᠠᠰᠤ ᠤᠶᠤᠨ᠎ᠠ ᠭᠡᠮᠡᠨ ᠡᠪᠦᠯ ᠤᠨ | ᠰᠦᠨᠢ ᠶᠢᠨ ᠤᠷᠳᠤ ᠶᠢ ᠠᠰᠢᠭᠯᠠᠨ᠂ ᠡᠳᠦᠷ ᠰᠦᠨᠢ ᠦᠬᠡᠢ ᠤᠶᠤᠳᠠᠯ ᠳᠤ ᠶᠠᠭᠠᠷᠠᠵᠤ᠂ ᠭᠡᠷ ᠪᠦᠯᠢ ᠪᠠᠷ ᠢᠶᠠᠨ | ᠨᠠᠭᠠᠳᠤ ᠵᠠᠬ᠎ᠠ ᠳᠠᠭᠠᠨ ᠨᠢᠬᠡ ᠵᠠᠬ᠎ᠠ ᠰᠢᠨ᠎ᠡ ᠬᠤᠪᠴᠠᠰᠤ ᠲᠠᠢ ᠰᠢᠨᠡᠯᠡᠬᠦᠯᠬᠦ ᠬᠡᠵᠦ ᠴᠢᠷᠮᠠᠶᠢᠳᠠᠭ᠃ ᠠᠶᠢᠯ ᠬᠤᠳᠠᠨ | ᠤ ᠪᠦᠰᠡᠬᠦᠶᠢᠴᠤᠳ ᠬᠤᠭᠤᠷᠤᠨᠳᠤ ᠪᠠᠨ ᠪᠠᠰᠠ ᠬᠠᠮᠵᠢᠯᠴᠠᠵᠤ ᠤᠶᠤᠨ᠎ᠠ᠃ ᠡᠷᠡᠭᠳᠡᠢ ᠳᠡᠭᠡᠨ ᠲᠡᠪᠡᠯ ᠤᠶᠤᠪᠠᠯ | ᠴᠤᠬᠤᠮ ᠭᠠᠷ ᠤᠨ ᠡᠷᠳᠡᠮ ᠢᠶᠠᠨ ᠭᠠᠷᠭᠠᠵᠤ ᠤᠶᠤᠳᠠᠭ ᠭᠡᠨ᠎ᠡ᠂ ᠡᠨᠡ ᠨᠢ ᠲᠡᠬᠦᠨ ᠤ ᠨᠡᠷ᠎ᠡ ᠲᠦᠷᠦ ᠲᠠᠢ | ᠬᠤᠯᠪᠤᠭᠳᠠᠬᠤ ᠪᠤᠯᠤᠨ᠎ᠠ᠃ ᠡᠷᠡᠭᠳᠡᠶᠢᠴᠤᠳ ᠰᠢᠨ᠎ᠡ ᠪᠠᠷ ᠠᠶᠢᠯᠴᠢᠯᠠᠵᠤ ᠶᠠᠪᠤᠬᠤ ᠳᠤ ᠬᠢᠷᠠᠬᠠᠢ ᠮᠤᠩᠭᠤᠯ | ᠪᠦᠰᠡᠬᠦᠶᠢᠴᠤᠳ ᠬᠡᠨ ᠤ ᠬᠢᠨᠢ ᠲᠡᠪᠡᠯ ᠤᠨ ᠤᠶᠤᠳᠠᠯ ᠰᠠᠶᠢᠨ ᠭᠡᠳᠡᠭ ᠢ ᠠᠵᠢᠵᠤ ᠠᠮᠵᠢᠳᠠᠭ ᠪᠠᠶᠢᠵᠠᠢ᠃ ᠰᠢᠨ᠎ᠡ | ᠶᠢᠨ ᠶᠠᠭᠤᠮ᠎ᠠ ᠲᠦᠬᠦᠭᠡᠷᠦᠬᠦ ᠪᠠᠷ ᠬᠤᠯᠠ ᠤᠶᠢᠷ᠎ᠠ ᠶᠢᠨ ᠮᠠᠶᠢᠮᠠᠢ ᠳᠤ ᠶᠠᠪᠤᠵᠤ᠂ ᠪᠤᠤᠪᠤ ᠪᠤᠭᠤᠷᠰᠤᠭ᠂ ᠰᠢᠬᠢᠷ | ᠪᠤᠷᠠᠮ᠂ ᠠᠷᠢᠬᠢ ᠲᠠᠮᠠᠬᠢ᠂ ᠦᠵᠦᠮ ᠴᠢᠪᠠᠭ᠎ᠠ᠂ ᠫᠤᠤᠵᠢᠩ ᠵᠡᠷᠭᠡ ᠭᠡᠷᠡᠭᠴᠡᠭᠡᠨ ᠤ ᠶᠠᠭᠤᠮᠠᠰ ᠢ ᠪᠡᠯᠡᠳᠭᠡᠨ᠎ᠡ᠃ | ᠤᠷᠢᠳᠤ ᠳᠠᠭᠠᠨ ᠦᠷᠦᠭᠡᠰᠦᠨ ᠴᠢᠯᠠᠭᠤᠨ ᠬᠠᠭᠠᠯᠭ᠎ᠠ ᠪᠤᠶᠤ ᠬᠠᠷ᠎ᠠ ᠪᠠᠯᠭᠠᠰᠤ᠂ ᠴᠢᠭᠤᠯᠤᠯᠳᠤ ᠬᠠᠭᠠᠯᠭ᠎ᠠ ᠳᠤ | ᠬᠦᠷᠴᠦ ᠲᠦᠬᠦᠭᠡᠷᠳᠡᠭ ᠪᠠᠶᠢᠵᠠᠢ᠃ ᠴᠠᠭᠠᠨ ᠰᠠᠷ᠎ᠠ ᠭᠠᠷ ᠲᠠᠳᠠᠭᠤ ᠪᠠᠶᠢᠬᠤ ᠶᠢ ᠴᠡᠭᠡᠷᠯᠡᠵᠦ᠂ ᠴᠢᠳᠠᠬᠤ ᠶᠢᠨ ᠬᠢᠷᠢ | ᠪᠠᠷ ᠡᠯᠪᠡᠭ ᠲᠡᠯᠪᠡᠭ ᠪᠡᠯᠡᠳᠭᠡᠳᠡᠭ᠃ ᠠᠶᠢᠯ ᠪᠦᠷᠢ ᠭᠡᠳᠦᠨ ᠵᠠᠭᠤ ᠠᠴᠠ ᠬᠡᠳᠦᠨ ᠮᠢᠩᠭᠠᠭᠠᠳ ᠪᠠᠩᠰᠢ ᠪᠠᠷᠢᠵᠤ | ᠬᠦᠯᠳᠡᠭᠡᠬᠦ ᠪᠦᠭᠡᠳ ᠪᠠᠩᠰᠢ ᠲᠤᠳᠤᠷ᠎ᠠ ᠪᠠᠨ ᠠᠷᠢᠭᠤᠳᠬᠠᠵᠤ ᠴᠡᠪᠡᠷᠯᠡᠭᠰᠡᠨ ᠵᠢᠵᠢᠭ ᠮᠦᠩᠬᠦᠨ ᠵᠤᠭᠤᠰ᠂ ᠭᠠᠤᠯᠢᠨ | ᠵᠤᠭᠤᠰ᠂ ᠵᠠᠷᠢᠮ ᠳᠤᠨᠢ ᠴᠠᠭᠠᠨ ᠤᠳᠠᠰᠤ ᠬᠢᠵᠦ ᠪᠤᠭᠤᠳᠠᠭ᠃ ᠵᠤᠭᠤᠰ ᠲᠠᠢ ᠪᠠᠩᠰᠢ ᠤᠯᠵᠤ ᠢᠳᠡᠭᠰᠡᠨ ᠬᠦᠮᠦᠨ ᠢ | ᠤᠯᠵᠠ ᠤᠯᠤᠨ᠎ᠠ ᠭᠡᠬᠦ ᠪᠠ ᠤᠳᠠᠰᠤ ᠲᠠᠢ ᠪᠠᠩᠰᠢ ᠲᠠᠭᠠᠷᠠᠭᠰᠠᠨ ᠬᠦᠮᠦᠨ ᠢ ᠤᠷᠳᠤ ᠨᠠᠰᠤᠯᠠᠨ᠎ᠠ ᠬᠡᠮᠡᠨ | ᠪᠡᠯᠭᠡᠰᠢᠶᠡᠳᠡᠭ᠃ ᠪᠢᠳᠡᠭᠦᠨ ᠠᠴᠠ ᠡᠮᠦᠨ᠎ᠡ ᠬᠠᠭᠤᠴᠢᠨ ᠵᠢᠯ ᠳᠡᠭᠡᠨ ᠬᠠᠷᠢ ᠳᠤ ᠮᠤᠷᠳᠠᠭᠰᠠᠨ ᠬᠡᠦᠭᠡᠨ ᠢᠶᠠᠨ | ᠡᠷᠬᠢᠨ᠎ᠡ᠃ ᠬᠡᠦᠭᠡᠨ ᠡᠷᠬᠢᠬᠦ ᠳᠤ ᠭᠤᠤᠯᠳᠠᠭᠤ ᠪᠤᠯᠭᠤᠭᠰᠠᠨ ᠬᠤᠨᠢᠨ ᠤ ᠮᠢᠬ᠎ᠠ ᠪᠤᠶᠤ ᠴᠠᠭᠠᠨ ᠢᠳᠡᠭᠡ ᠂ ᠪᠤᠤᠪᠤ | ᠪᠤᠭᠤᠷᠰᠤᠭ ᠭᠡᠷᠡᠭᠯᠡᠨ᠎ᠡ᠃ ᠤᠶᠢᠷ᠎ᠠ ᠬᠠᠪᠢ ᠳᠠᠭᠠᠨ ᠪᠤᠯ ᠪᠢᠳᠡᠬᠦᠨ ᠤ ᠡᠳᠦᠷ ᠡᠷᠭᠢᠭᠰᠡᠨ ᠴᠤ ᠪᠤᠯᠤᠨ᠎ᠠ᠃ | ᠪᠢᠳᠡᠬᠦᠯᠡᠬᠦ — ᠪᠢᠳᠡᠬᠦᠯᠡᠬᠦ ᠪᠠ ᠰᠢᠨᠡᠯᠡᠬᠦ ᠪᠤᠯ ᠬᠤᠨᠤᠭ ᠤᠨ ᠬᠤᠭᠤᠷᠤᠨᠳᠤ ᠵᠠᠯᠭᠠᠯᠳᠤᠭᠰᠠᠨ᠂ ᠬᠠᠭᠤᠴᠢᠨ | ᠵᠢᠯ ᠢᠶᠠᠨ ᠦᠳᠡᠵᠦ ᠰᠢᠨ᠎ᠡ ᠵᠢᠯ ᠢᠶᠠᠨ ᠤᠭᠳᠤᠨ᠂ ᠨᠠᠰᠤ ᠨᠡᠮᠡᠭᠰᠡᠨ ᠪᠠᠶᠠᠷ ᠢ ᠪᠡᠯᠬᠡᠯᠡᠬᠦ ᠬᠠᠮ ᠪᠠᠶᠠᠷ ᠨᠠᠶᠢᠷ ᠪᠤᠯᠤᠨ᠎ᠠ | ᠃ ᠪᠢᠳᠡᠬᠦᠨ ᠤ ᠡᠳᠦᠷ ᠪᠤᠯᠬᠤ ᠳᠤ ᠬᠡᠷ ᠲᠡᠷᠭᠡ᠂ ᠡᠬᠦᠳᠡ ᠬᠠᠭᠠᠯᠭ᠎ᠠ᠂ ᠬᠦᠷᠢᠶ᠎ᠡ ᠬᠠᠰᠢᠶ᠎ᠠ ᠪᠠᠨ ᠬᠢᠯ᠎ᠠ ᠪᠠᠭᠤᠳᠠᠯ᠎ᠠ | ᠴᠡᠪᠡᠷᠯᠡᠵᠦ᠂ ᠮᠤᠷᠢ ᠤᠨᠤᠭᠠᠨ ᠤ ᠪᠠᠨ ᠲᠠᠯ ᠰᠡᠬᠦᠯ ᠢ ᠵᠠᠰᠠᠨ᠂ ᠡᠮᠡᠬᠡᠯ ᠬᠠᠵᠠᠭᠠᠷ ᠢᠶᠠᠨ ᠭᠠᠩᠭᠠᠯᠠᠵᠤ᠂ ᠴᠠᠭᠠᠨ | ᠰᠠᠷ᠎ᠠ ᠳᠤ ᠡᠮᠦᠰᠬᠦ ᠲᠡᠪᠡᠯ᠂ ᠪᠦᠰᠡ᠂ ᠮᠠᠯᠠᠭᠠᠢ᠂ ᠭᠤᠳᠤᠯ᠂ ᠵᠠᠰᠠᠯ ᠵᠢᠮᠰᠡᠭ ᠢᠶᠠᠨ ᠪᠡᠯᠡᠳᠭᠡᠬᠦ ᠶᠢᠨ ᠬᠠᠮᠳᠤ᠂ | ᠵᠦᠯᠬᠦᠵᠦ ᠠᠷᠴᠢᠬᠤ᠂ ᠦᠰᠦ ᠲᠤᠯᠤᠭᠠᠢ ᠪᠠᠨ ᠤᠬᠢᠶᠠᠬᠤ᠂ ᠴᠠᠭᠠᠨ ᠢᠳᠡᠭᠡ ᠵᠠᠰᠠᠬᠤ᠂ ᠤᠯᠪᠤᠭ ᠰᠢᠷᠳᠡᠭ ᠲᠡᠪᠢᠰᠬᠦ | ᠂ ᠬᠤᠤᠰ ᠤᠶᠠᠩᠭ᠎ᠠ ᠨᠠᠭᠠᠬᠤ᠂ ᠲᠡᠭᠷᠢ ᠶᠢᠨ ᠵᠤᠯᠠ ᠤᠷᠢᠶᠠᠬᠤ᠂ ᠮᠦᠷ ᠤᠨ ᠵᠦᠭ ᠦᠵᠡᠬᠦᠯᠬᠦ ᠵᠡᠷᠭᠡ ᠠᠵᠢᠯ ᠤᠳ | ᠢ ᠠᠮᠵᠢᠨ ᠬᠦᠢᠴᠡᠳᠭᠡᠬᠦ ᠪᠠ ᠪᠤᠷᠬᠠᠨ ᠢᠶᠠᠨ ᠠᠷᠴᠢᠵᠤ ᠵᠦᠯᠬᠦᠨ᠂ ᠲᠠᠬᠢᠯ ᠴᠦᠬᠦᠴᠡ ᠶᠢ ᠠᠷᠢᠭᠤᠳᠬᠠᠵᠤ᠂ | ᠨᠢᠨᠳᠡᠷ ᠬᠠᠳᠠᠭ ᠡᠯᠬᠦᠨ᠂ ᠤᠰᠤᠨ ᠲᠠᠬᠢᠯ ᠲᠠᠬᠢᠨ᠎ᠠ᠃ ᠪᠠᠰᠠ ᠰᠢᠨ᠎ᠡ ᠶᠢᠨ ᠨᠢᠭᠡᠨ ᠤ ᠲᠡᠭᠷᠢ ᠳᠤ ᠮᠦᠷᠬᠦᠬᠦ ᠶᠡᠨᠳᠡᠷ | ᠢ ᠪᠡᠯᠡᠳᠭᠡᠨ᠎ᠡ᠃ ᠲᠤᠬᠠᠶᠢᠯᠠᠪᠠᠯ ᠬᠦᠷ ᠴᠠᠰᠤ ᠶᠢ ᠲᠤᠭᠤᠷᠢᠭᠯᠠᠨ ᠡᠰᠬᠡᠵᠦ ᠲᠤᠤᠷ᠎ᠠ ᠠᠴᠠ ᠲᠡᠭᠡᠭᠰᠢ ᠪᠠᠨ ᠶᠢᠰᠦᠨ | ᠲᠠᠪᠬᠤᠷ ᠰᠤᠪᠤᠷᠭᠠᠯᠠᠨ ᠪᠤᠰᠬᠠᠭᠠᠳ᠂ 108 ᠰᠢᠷᠭᠡᠭ ᠴᠡᠪᠡᠷ ᠲᠡᠷᠡᠰᠦ ᠶᠢ ᠲᠤᠰᠪᠤᠷᠢ ᠲᠤᠷᠳᠤᠮ ᠰᠢᠨ᠎ᠡ ᠬᠦᠪᠦᠩ | ᠢᠶᠠᠷ ᠤᠷᠢᠶᠠᠵᠤ ᠪᠠᠭᠯᠠᠭᠠᠳ ᠰᠢᠷ᠎ᠠ ᠲᠤᠰᠤ ᠴᠢᠳᠬᠤᠨ ᠴᠠᠷᠴᠠᠭᠠᠵᠤ᠂ ᠨᠢᠬᠡ ᠪᠠᠭᠴᠠ ᠬᠦᠵᠢ ᠲᠠᠢ ᠬᠠᠮᠳᠤ ᠶᠡᠨᠳᠡᠷ | ᠲᠡᠭᠡᠷ᠎ᠡ ᠪᠠᠨ ᠬᠠᠳᠬᠤᠬᠤ ᠪᠠᠷ ᠪᠡᠯᠡᠳᠭᠡᠵᠦ ᠲᠠᠯᠪᠢᠨ᠎ᠠ᠃ ᠪᠢᠳᠡᠬᠦᠨ ᠳᠤ ᠪᠢᠳᠡᠬᠦᠦ ᠡᠳᠦᠷ ᠭᠡᠮᠡᠨ ᠭᠠᠳᠠᠭᠰᠢ | ᠶᠠᠭᠤᠮ᠎ᠠ ᠭᠠᠷᠭᠠᠬᠤ ᠦᠬᠡᠢ᠂ ᠮᠦᠨᠴᠦ ᠠᠶᠢᠯ ᠠᠴᠠ ᠵᠢᠬᠡᠯᠡᠵᠦ ᠬᠡᠷᠡᠭᠯᠡᠭᠰᠡᠨ ᠶᠠᠭᠤᠮ᠎ᠠ ᠭᠡᠦᠮ᠎ᠡ ᠶᠢ ᠪᠢᠳᠡᠬᠦᠨ ᠠᠴᠠ | ᠡᠮᠦᠨ᠎ᠡ ᠵᠠᠪᠠᠯ ᠪᠤᠴᠠᠭᠠᠨ᠎ᠠ᠃ ᠭᠠᠷ ᠮᠠᠯ ᠢ ᠪᠢᠳᠡᠬᠦᠨ ᠳᠤ ᠡᠷᠳᠡ ᠬᠤᠳᠠᠯᠠᠭᠤᠯᠳᠠᠭ ᠪᠦᠭᠡᠳ ᠭᠡᠭᠡᠷ᠎ᠡ ᠭᠠᠳᠠᠨ᠎ᠠ | ᠪᠤᠶᠤ ᠠᠶᠢᠯ ᠳᠤ ᠬᠤᠨᠤᠭᠤᠯᠬᠤ ᠦᠬᠡᠢ᠃ ᠬᠡᠦᠭᠡᠳ ᠨᠤᠮ ᠪᠢᠴᠢᠭ ᠢᠶᠠᠨ ᠤᠯᠠᠭᠠᠨ ᠴᠠᠭᠠᠰᠤ ᠪᠤᠶᠤ ᠤᠯᠠᠭᠠᠨ | ᠪᠦᠰ ᠢᠶᠠᠷ ᠪᠠᠭᠯᠠᠵᠤ ᠪᠢᠳᠡᠬᠦᠯᠡᠬᠦ ᠪᠠ ᠡᠮᠡᠭᠳᠡᠶᠢᠴᠤᠳ ᠵᠡᠬᠦᠦ ᠤᠳᠠᠰᠤ ᠪᠠᠨ ᠭᠠᠷ ᠲᠠᠭᠠᠷᠴᠤᠭ ᠲᠠᠭᠠᠨ ᠪᠠᠭᠯᠠᠵᠤ | ᠪᠢᠳᠡᠬᠦᠯᠡᠳᠡᠭ᠃ ᠦᠳᠡ ᠶᠢᠨ ᠬᠤᠶᠢᠨ᠎ᠠ ᠪᠢᠳᠡᠬᠦᠨ ᠤ ᠮᠢᠬ᠎ᠠ ᠪᠠᠨ ᠴᠢᠨᠠᠵᠤ ᠢᠳᠡᠭᠡ ᠪᠤᠳᠠᠭ᠎ᠠ ᠪᠠᠨ ᠪᠡᠯᠡᠳᠭᠡᠨ᠎ᠡ᠃ | ᠪᠢᠳᠡᠬᠦᠨ ᠤ ᠢᠳᠡᠭᠡ ᠪᠦᠬᠦᠨ ᠤ ᠲᠡᠭᠡᠵᠢ ᠠᠴᠠ ᠴᠡᠪᠡᠷᠭᠡᠨ ᠬᠤᠶᠠᠷ ᠰᠠᠪᠠᠨ ᠳᠤ ᠠᠪᠴᠤ᠂ ᠲᠤᠰᠪᠤᠷᠢ ᠪᠢᠳᠡᠬᠦᠨ | ᠪᠠ ᠰᠢᠨ᠎ᠡ ᠶᠢᠨ ᠨᠢᠭᠡᠨ ᠤ ᠲᠡᠭᠷᠢ ᠳᠤ ᠡᠷᠬᠦᠬᠦ ᠳᠤ ᠪᠡᠯᠡᠳᠭᠡᠨ᠎ᠡ᠃ ᠤᠳᠤ ᠭᠠᠷᠬᠤ ᠶᠢᠨ ᠦᠶᠡᠰ ᠲᠡᠭᠷᠢ ᠳᠤ | ᠵᠤᠯᠠ ᠪᠠᠨ ᠡᠷᠬᠦᠭᠡᠳ ᠂ ᠫᠤᠤᠵᠢᠩ ᠲᠠᠯᠪᠢᠵᠤ ᠢᠳᠡᠭᠡᠨ ᠤ ᠲᠡᠭᠡᠵᠢ ᠪᠠᠨ ᠡᠷᠬᠦᠨ ᠮᠦᠷᠬᠦᠵᠦ᠂ ᠭᠠᠯ ᠤᠨ ᠪᠤᠷᠬᠠᠨ | ᠳᠠᠭᠠᠨ ᠲᠠᠬᠢᠭᠠᠳ ᠪᠢᠳᠡᠬᠦᠨ ᠤ ᠬᠤᠭᠤᠯᠠ ᠪᠠᠨ ᠢᠳᠡᠨ᠎ᠡ᠃ ᠬᠤᠭᠤᠯᠠᠨ ᠠᠴᠠ ᠡᠮᠦᠨ᠎ᠡ ᠦᠶ᠎ᠡ ᠲᠠᠷᠠᠭᠠᠯᠠᠨ | ᠰᠠᠭᠤᠵᠠᠭᠠᠵᠤ᠂ ᠴᠠᠢ ᠠᠶᠠᠭᠠᠯᠠᠵᠤ ᠴᠠᠭᠠᠨ ᠢᠳᠡᠭᠡ ᠲᠠᠯᠪᠢᠨ᠎ᠠ᠃ ᠴᠠᠢ ᠤᠤᠭᠤᠵᠤ ᠴᠠᠭᠠᠨ ᠢᠳᠡᠭᠡ ᠠᠮᠰᠠᠭᠰᠠᠨ ᠤ | ᠲᠠᠷᠠᠭ᠎ᠠ᠂ ᠪᠢᠳᠡᠬᠦᠨ ᠤ ᠬᠤᠭᠤᠯᠠ ᠪᠠᠨ ᠭᠠᠷᠭᠠᠵᠤ᠂ ᠲᠤᠤᠷ᠎ᠠ ᠦᠶ᠎ᠡ ᠶᠢᠨ ᠬᠦᠮᠦᠰ ᠪᠤᠰᠴᠤ᠂ ᠲᠡᠪᠡᠯ ᠮᠠᠯᠠᠭᠠᠢ ᠪᠠᠨ | ᠵᠠᠰᠠᠭᠠᠳ ᠨᠠᠰᠤᠳᠠᠶᠢᠴᠤᠳ ᠲᠠᠭᠠᠨ ᠠᠷᠢᠬᠢ ᠪᠠᠷᠢᠨ᠎ᠠ᠃ ᠪᠢᠳᠡᠬᠦᠨ ᠳᠤ ᠵᠠᠪᠠᠯ ᠪᠢᠳᠡᠬᠦᠦ ᠬᠤᠭᠤᠯᠠ ᠢᠳᠡᠬᠦ ᠪᠦᠭᠡᠳ | ︽ᠲᠤᠯᠤᠭᠠᠨ ᠲᠤᠭᠤᠭ᠎ᠠ ᠲᠠᠯᠪᠢᠵᠤ ᠪᠢᠳᠡᠬᠦᠷᠡᠳᠡᠯᠡ ᠪᠠᠨ ᠢᠳᠡᠨ᠎ᠡ︾ ᠬᠡᠳᠡᠭ᠃ ᠪᠢᠳᠡᠬᠦᠦ ᠲᠤᠯᠤᠭᠠᠢ ᠴᠢᠨᠠᠵᠤ | ᠪᠢᠳᠡᠬᠦᠨ ᠤ ᠶᠤᠰᠤ ᠶᠢ ᠬᠦᠢᠴᠡᠳᠭᠡᠭᠡᠳ᠂ ᠰᠢᠨ᠎ᠡ ᠶᠢᠨ ᠨᠢᠬᠡᠨ ᠤ ᠦᠷ ᠢᠶᠠᠷ ᠪᠢᠳᠡᠬᠦᠦ ᠲᠤᠯᠤᠭᠠᠢ ᠪᠠᠨ ᠵᠠᠭᠠᠵᠤ | ᠲᠡᠭᠷᠢ ᠲᠠᠬᠢᠳᠠᠭ᠃ ᠬᠤᠵᠢᠮ ᠨᠢ ᠪᠠᠩᠰᠢ ᠪᠤᠤᠵᠠ ᠵᠡᠷᠭᠡ ᠪᠢᠳᠡᠬᠦᠦ ᠢᠳᠡᠭᠡ ᠨᠡᠶᠢᠳᠡᠮ ᠢᠳᠡᠬᠦ ᠪᠤᠯᠤᠭᠰᠠᠨ ᠠᠴᠠ | ᠲᠡᠷᠡ ᠶᠤᠰᠤ ᠶᠢ ᠤᠷᠤᠯᠠᠵᠤ ᠲᠦᠬᠦᠮ ᠪᠤᠯᠤᠭᠰᠠᠨ ᠪᠤᠯᠤᠯᠳᠠᠢ᠃ ᠪᠢᠳᠡᠬᠦᠨ ᠤ ᠰᠦᠨᠢ ᠯᠾᠠᠮᠤ ᠪᠤᠷᠬᠠᠨ | ᠶᠢᠷᠳᠢᠨᠴᠦ ᠶᠢ ᠪᠦᠳᠦᠨ ᠨᠢᠭᠡ ᠡᠷᠬᠢᠵᠦ ᠠᠶᠢᠯ ᠬᠡᠭᠡᠯ ᠦᠬᠡᠢ ᠱᠠᠬᠠᠶᠢᠵᠤ ᠦᠵᠡᠳᠡᠭ ᠬᠡᠮᠡᠨ ᠬᠡᠯᠡᠯᠴᠡᠳᠡᠭ ᠲᠤᠯᠠ | ᠪᠢᠳᠡᠬᠦᠨ ᠤ ᠪᠠᠩᠰᠢ ᠠᠴᠠ ᠯᠾᠠᠮᠤ ᠪᠤᠷᠬᠠᠨ ᠤ ᠢᠳᠡᠭᠡᠨ ᠪᠤᠯᠭᠠᠵᠤ ᠴᠤᠩᠬᠤᠨ ᠲᠡᠭᠡᠷ᠎ᠡ ᠪᠠᠨ ᠭᠤᠷᠪᠠ ᠶᠢ | ᠲᠠᠯᠪᠢᠳᠠᠭ ︵ᠮᠤᠩᠭᠤᠯ ᠭᠡᠷ ᠪᠤᠯ ᠲᠤᠳᠤᠭᠤ ᠲᠡᠭᠡᠷ᠎ᠡ ᠪᠠᠨ ᠲᠠᠯᠪᠢᠨ᠎ᠠ︶ ᠃ ᠪᠢᠳᠡᠬᠦᠨ ᠤ ᠰᠦᠨᠢ ᠲᠤᠮᠤᠴᠤᠤᠯ | ᠪᠠᠷᠤᠭ ᠤᠨᠳᠠᠬᠤ ᠦᠬᠡᠢ ᠦᠩᠬᠡᠷᠡᠭᠡᠳᠡᠭ ᠪᠦᠭᠡᠳ ᠳ᠋ᠧᠩ ᠵᠤᠯᠠ ᠠᠰᠠᠭᠠᠵᠤ ᠭᠡᠷᠡᠯ ᠭᠡᠭᠡ ᠲᠠᠢ ᠬᠤᠨᠤᠳᠠᠭ ᠶᠤᠮ᠃ | ᠬᠡᠦᠬᠡᠳ ᠢ ᠪᠤᠯ ᠤᠶᠢᠷ᠎ᠠ ᠲᠦᠷᠦᠯ ᠪᠤᠶᠤ ᠬᠡᠦᠭᠡᠳ ᠤᠨ ᠪᠠᠭᠰᠢ᠂ ᠬᠦᠢ ᠡᠵᠢ ᠨᠢ ᠠᠶᠢᠯ ᠬᠤᠳᠠᠨ ᠳᠠᠭᠠᠨ | ᠤᠶᠢᠷᠠᠯᠴᠠᠭ᠎ᠠ ᠪᠠᠶᠢᠪᠠᠯ ᠬᠡᠦᠭᠡᠳ ᠢᠶᠠᠷ ᠪᠢᠳᠡᠬᠦᠨ ᠤ ᠢᠳᠡᠭᠡ᠂ ᠬᠤᠪᠢᠩ ᠲᠠᠢ ᠠᠷᠢᠬᠢ ᠶᠢᠨ ᠬᠠᠮᠳᠤ ᠬᠦᠷᠭᠡᠬᠦᠯᠵᠦ | ᠬᠦᠨᠳᠦᠯᠡᠬᠦ ᠶᠤᠰᠤ ᠶᠢ ᠬᠦᠢᠴᠡᠳᠭᠡᠳᠡᠭ᠃ ᠤᠷᠢᠳᠤ ᠳᠠᠭᠠᠨ ︽ᠪᠢᠳᠡᠬᠦᠦ ᠵᠦᠷᠢᠬᠦᠯᠦᠨᠡ︾ ᠬᠡᠮᠡᠨ ᠪᠢᠳᠡᠬᠦᠨ ᠤ | ᠢᠳᠡᠭᠡ ᠪᠠᠨ ᠬᠠᠷᠢᠯᠴᠠᠨ ᠬᠦᠷᠭᠡᠯᠴᠡᠵᠦ ᠬᠠᠮᠳᠤ ᠪᠠᠷ ᠪᠢᠳᠡᠬᠦᠯᠡᠳᠡᠭ ᠪᠠᠶᠢᠵᠠᠢ᠃ | ᠰᠢᠨᠡᠯᠡᠬᠦ — ᠡᠷᠳᠡ ᠦᠶ᠎ᠡ ᠳᠤ ᠲᠠᠶᠢᠹᠤᠰᠧᠴᠤᠳ ᠰᠢᠨᠡᠯᠡᠬᠦ ᠳᠡᠭᠡᠨ ᠡᠷᠭᠡᠪᠰᠢ ᠠᠷᠪᠠᠨ ᠤ ᠲᠠᠷᠤᠭ᠎ᠠ ᠪᠠᠷ | ᠨᠢᠬᠡᠴᠢᠯᠡᠨ ᠨᠢᠭᠡᠳᠦᠯᠳᠡᠢ ᠰᠢᠨᠡᠯᠡᠬᠦ ᠵᠤᠷᠰᠢᠯ ᠲᠠᠢ ᠪᠠᠶᠢᠪᠠ᠃ ᠡᠨᠡ ᠨᠢ ᠮᠠᠨᠵᠤ ᠶᠢᠨ ᠦᠶ᠎ᠡ ᠶᠢᠨ ᠶᠤᠰᠤ ᠪᠢᠰᠢ | ᠬᠠᠷᠢᠨ ᠡᠵᠡᠨ ᠴᠢᠩᠬᠢᠰ ᠰᠠᠭᠤᠷᠢᠨ ᠳᠤ ᠰᠠᠭᠤᠭᠰᠠᠨ ᠤᠨ ︵1206︶ ᠠᠴᠠ ᠡᠬᠢᠯᠡᠨ ᠴᠠᠭᠠᠨ ᠰᠠᠷ᠎ᠠ ᠶᠢᠨ | ᠰᠢᠨ᠎ᠡ ᠶᠢᠨ ᠨᠢᠬᠡᠨ ᠢ ᠲᠦᠷᠦ ᠶᠤᠰᠤᠨ ᠤ ᠪᠠᠶᠠᠷ ᠤᠨ ᠡᠳᠦᠷ ᠢᠶᠠᠷ ᠲᠤᠭᠳᠠᠵᠤ᠂ ᠰᠢᠨ᠎ᠡ ᠶᠢᠨ ᠨᠢᠬᠡᠨ ᠳᠤ ᠦᠨᠳᠦᠷ | ᠨᠠᠰᠤᠳᠠᠳ᠂ ᠦᠷᠯᠦᠭ ᠭᠠᠪᠢᠶᠠᠳᠠᠳ ᠢ ᠱᠠᠩᠨᠠᠨ ᠬᠦᠬᠢᠬᠦᠯᠵᠦ ᠲᠦᠷᠦ ᠶᠢᠨ ᠭᠡᠰᠢᠭ ᠬᠦᠷᠳᠡᠭᠡᠨ᠂ ᠭᠡᠷᠡᠭᠳᠡᠨ | ᠶᠠᠯᠠᠳᠠᠨ ᠢ ᠦᠷᠦᠰᠢᠶᠡᠨ ᠰᠤᠯᠠᠯᠠᠬᠤ ᠪᠤᠶᠤ ᠶᠠᠯ᠎ᠠ ᠶᠢ ᠨᠢ ᠬᠦᠩᠭᠡᠷᠡᠬᠦᠯᠵᠦ ᠲᠦᠷᠦ ᠶᠢᠨ ᠠᠭᠤᠴᠢᠯᠠᠯ ᠤᠯᠭᠤᠵᠤ | ᠪᠠᠶᠢᠭᠰᠠᠨ ᠲᠠᠢ ᠬᠤᠯᠪᠤᠭᠳᠠᠨ᠎ᠠ᠃ ᠲᠡᠷᠡ ᠦᠶ᠎ᠡ ᠳᠤ ᠨᠤᠶᠠᠳ ᠢᠵᠠᠭᠤᠷᠳᠠᠳ ᠴᠦᠮ ᠲᠦᠷᠦ ᠶᠢᠨ ᠤᠷᠳᠤᠨ ᠳᠤ | ᠤᠴᠢᠵᠤ ᠪᠠᠶᠠᠷ ᠶᠤᠰᠤᠯᠠᠯ ᠦᠢᠯᠡᠳᠦᠳᠡᠭ ᠪᠠᠶᠢᠭᠰᠠᠨ ᠪᠠ ᠠᠷᠠᠳ ᠢᠷᠭᠡᠳ ᠴᠤ ᠲᠦᠷᠦ ᠶᠢᠨ ᠰᠦᠯᠳᠡ ᠳᠤ | ᠮᠦᠷᠬᠦᠨ ᠶᠤᠰᠤᠯᠠᠳᠠᠭ ᠵᠠᠩᠰᠢᠯ ᠲᠠᠢ ᠪᠠᠶᠢᠵᠠᠢ᠃ | ᠰᠢᠨ᠎ᠡ ᠶᠢᠨ ᠨᠢᠭᠡᠨ ᠳᠤ ᠦᠷ ᠤᠨ ᠴᠤᠯᠮᠤᠨ ᠢ ᠤᠭᠳᠤᠨ ᠪᠤᠰᠴᠤ ᠴᠠᠢ ᠴᠦ᠋ ᠪᠠᠨ ᠴᠢᠨᠠᠨ᠂ ᠬᠦᠮᠦᠨ | ᠪᠤᠯᠭᠠᠨ ᠰᠢᠨ᠎ᠡ ᠬᠤᠪᠴᠠᠰᠤ ᠪᠠᠨ ᠡᠮᠦᠰᠴᠦ ᠭᠤᠶᠤᠯᠠᠨ᠎ᠠ᠃ ᠤᠷᠢᠳᠤ ᠴᠠᠭ ᠲᠤ ᠠᠷᠪᠠᠨ ᠤ ᠲᠤᠳᠤᠷᠠᠬᠢ ᠠᠯᠪᠠ | ᠬᠠᠭᠠᠭᠴᠢᠳ ᠪᠠ ᠠᠷᠠᠳ ᠢᠷᠭᠡᠳ ᠪᠦᠷ ᠠᠷᠪᠠᠨ ᠤ ᠲᠠᠷᠤᠭ᠎ᠠ ᠶᠢᠨ ᠭᠠᠳᠠᠨ᠎ᠠ ᠶᠡᠨᠳᠡᠷ ᠲᠡᠭᠡᠷ᠎ᠡ ᠴᠤᠭᠯᠠᠷᠠᠨ᠂ | ᠬᠠᠮᠳᠤ ᠪᠠᠷ ᠲᠠᠬᠢᠯᠭ᠎ᠠ ᠵᠤᠯᠠ ᠪᠠᠨ ᠡᠷᠬᠦᠵᠦ ᠲᠡᠭᠷᠢ ᠳᠤ ᠮᠦᠷᠬᠦᠳᠡᠭ᠃ ᠡᠮᠡᠭᠳᠡᠢ ᠬᠦᠮᠦᠨ ᠶᠡᠨᠳᠡᠷ ᠲᠡᠭᠡᠷ᠎ᠡ | ᠤᠴᠢᠳᠠᠭ ᠦᠬᠡᠢ᠂ ᠭᠡᠷ ᠤᠨ ᠢᠶᠠᠨ ᠡᠮᠦᠨ᠎ᠡ ᠭᠠᠷᠴᠤ ᠬᠦᠵᠢ ᠪᠠᠷᠢᠨ ᠵᠡᠬᠦᠨ ᠡᠮᠦᠨ᠎ᠡ ᠵᠦᠭ ᠠᠴᠠ ᠡᠬᠢᠯᠡᠨ ᠵᠦᠪ | ᠢᠶᠠᠷ ᠡᠷᠬᠢᠵᠦ ᠮᠦᠷᠬᠦᠨ᠎ᠡ᠃ | ᠬᠠᠮᠳᠤ ᠪᠠᠷ ᠰᠢᠨᠡᠯᠡᠬᠦ ᠶᠤᠰᠤ ᠪᠠᠨ ᠬᠦᠢᠴᠡᠳᠭᠡᠭᠰᠡᠨ ᠤ ᠲᠠᠷᠠᠭ᠎ᠠ ᠭᠡᠷ ᠭᠡᠷ ᠲᠡᠭᠡᠨ ᠬᠠᠷᠢᠵᠤ ᠭᠡᠷ ᠤᠨ | ᠰᠢᠨᠡᠯᠡᠯᠳᠡ ᠪᠠᠨ ᠬᠢᠨ᠎ᠡ᠃ ᠭᠡᠷ ᠤᠨ ᠰᠢᠨ᠎ᠡ ᠡᠬᠢᠯᠡᠬᠦ ᠳᠤ ᠮᠦᠨ ᠬᠦ᠋ ᠵᠤᠯᠠ ᠡᠷᠬᠦᠵᠦ ᠲᠡᠭᠷᠢ ᠳᠤ ᠮᠦᠷᠬᠦᠨ᠂ | ᠬᠡᠶᠢᠮᠦᠷᠢ ᠪᠠᠨ ᠬᠡᠶᠢᠰᠭᠡᠨᠡ᠃ ︵ᠲᠡᠭᠷᠢ ᠲᠠᠬᠢᠬᠤ ᠶᠤᠰᠤᠨ ᠢ ︽ᠲᠠᠬᠢᠯᠭ᠎ᠠ ᠶᠢᠨ ᠵᠠᠩ ᠦᠢᠯᠡ︾ ᠳᠤ ᠨᠠᠷᠢᠨ | ᠲᠠᠨᠢᠯᠴᠠᠭᠤᠯᠪᠠ︶ | ᠲᠡᠭᠷᠢ ᠳᠤ ᠮᠦᠷᠬᠦᠵᠦ ᠪᠠᠷᠠᠭᠰᠠᠨ ᠤ ᠲᠠᠷᠠᠭ᠎ᠠ᠂ ᠭᠡᠷ ᠲᠡᠭᠡᠨ ᠤᠷᠤᠵᠤ ᠰᠢᠨᠡᠯᠡᠨ᠎ᠡ᠃ ᠴᠠᠭᠠᠨ ᠢᠳᠡᠭᠡ᠂ | ᠪᠤᠤᠪᠤ ᠪᠤᠭᠤᠷᠰᠤᠭ ᠢᠶᠠᠨ ᠰᠢᠷᠡᠭᠡᠨ ᠲᠡᠭᠡᠷ᠎ᠡ ᠵᠠᠰᠠᠭᠠᠳ᠂ ᠬᠠᠳᠠᠭ ᠬᠦᠬᠦᠷ ᠢᠶᠠᠨ ᠪᠠᠷᠢᠯᠴᠠᠨ ᠂ ᠨᠠᠰᠤᠳᠠᠨ ᠢᠶᠠᠨ | ᠬᠤᠶᠢᠮᠤᠷ ᠲᠤ ᠵᠠᠯᠠᠨ ᠰᠠᠭᠤᠯᠭᠠᠵᠤ᠂ ᠲᠤᠷᠤᠭᠰᠢ ᠰᠦᠬᠦᠳᠦᠨ ᠬᠤᠷᠮᠤᠢ ᠲᠡᠪᠢᠰᠴᠦ ᠭᠤᠷᠪᠠ ᠮᠦᠷᠬᠦᠭᠡᠳ ᠂ ︽ | ᠠᠪᠤ ᠡᠵᠢ ᠰᠠᠶᠢᠨ ᠰᠢᠨᠡᠯᠡᠪᠡᠦ︖ ︾ ᠬᠡᠬᠦᠴᠢᠯᠡᠨ ᠮᠡᠨᠳᠦᠯᠡᠵᠦ ᠵᠤᠯᠭᠠᠨ᠎ᠠ᠃ ᠲᠡᠭᠡᠷ᠎ᠡ ᠦᠶ᠎ᠡ ᠶᠢᠨ ᠬᠢᠨ ︽ᠰᠠᠶᠢᠨ | ᠰᠢᠨᠡᠯᠡᠯ᠎ᠡ᠂ ᠤᠷᠳᠤ ᠨᠠᠰᠤᠯᠠᠵᠤ ᠤᠳᠠᠭᠠᠨ ᠵᠢᠷᠭ᠎ᠠ᠂ ᠨᠠᠷᠠ ᠰᠢᠭ᠋ ᠮᠠᠨᠳᠠ᠂ ᠨᠠᠪᠴᠢ ᠰᠢᠭ᠋ ᠲᠡᠯᠭᠡᠷ︾ ᠭᠡᠬᠦ ᠮᠡᠳᠦ ᠪᠠᠷ | ᠢᠷᠦᠭᠡᠳᠡᠭ᠃ ᠡᠨᠡ ᠮᠡᠳᠦ ᠪᠠᠷ ᠡᠪᠦᠭᠡ ᠡᠮᠡᠭᠡ᠂ ᠠᠪᠤ ᠡᠵᠢ ᠬᠡᠵᠦ ᠲᠠᠷᠠᠭᠠᠯᠠᠨ ᠵᠤᠯᠭᠠᠭᠰᠠᠨ ᠤ ᠲᠠᠷᠠᠭ᠎ᠠ ᠠᠬ᠎ᠠ | ᠲᠡᠬᠦᠦ ᠨᠠᠷ ᠴᠤ ᠬᠠᠷᠢᠯᠴᠠᠨ ᠨᠠᠰᠤ ᠲᠠᠷᠠᠭᠠᠯᠠᠨ ᠵᠤᠯᠭᠠᠬᠤ ᠪᠦᠭᠡᠳ ᠠᠬᠠᠰ ᠵᠠᠬᠠᠰ ᠢᠶᠠᠨ ︽ᠮᠤᠷᠢᠯᠠᠵᠤ ᠰᠠᠭᠠᠳᠠ︾ | ᠭᠡᠮᠡᠨ ᠰᠠᠭᠤᠯᠭᠠᠵᠤ ᠵᠤᠯᠭᠠᠳᠠᠭ ᠪᠠᠶᠢᠨ᠎ᠠ᠃ ᠵᠤᠯᠭᠠᠵᠤ ᠪᠠᠷᠠᠪᠠᠯ ᠴᠠᠢ ᠠᠶᠠᠭᠠᠯᠠᠵᠤ᠂ ᠨᠠᠰᠤᠳᠠᠨ ᠨᠢ ᠭᠡᠦᠭᠡᠳ ᠲᠡᠭᠡᠨ | ᠰᠢᠨ᠎ᠡ ᠶᠢᠨ ᠰᠦ ᠠᠮᠰᠠᠭᠤᠯᠤᠨ᠎ᠠ᠃ ᠰᠦ ᠶᠢ ᠬᠤᠶᠠᠷ ᠭᠠᠷ ᠢᠶᠠᠷ ᠲᠤᠰᠤᠨ ᠠᠪᠴᠤ ᠠᠮᠰᠠᠭᠠᠳ ᠪᠤᠴᠠᠭᠠᠬᠤ | ᠶᠤᠰᠤ ᠲᠠᠢ᠂ ᠲᠠᠷᠠᠭ᠎ᠠ ᠨᠢ ᠨᠠᠰᠤᠳᠠᠳ ᠲᠠᠭᠠᠨ ᠰᠢᠨ᠎ᠡ ᠶᠢᠨ ᠠᠷᠢᠬᠢ ᠪᠠᠷᠢᠵᠤ ᠮᠦᠷᠬᠦᠨ᠎ᠡ᠃ | ᠬᠡᠷ ᠤᠨ ᠵᠤᠯᠭᠠᠯᠳᠠ ᠲᠠᠭᠤᠰᠪᠠᠯ ᠠᠶᠢᠯ ᠬᠤᠳᠠᠨ ᠳᠠᠭᠠᠨ ᠲᠤᠭᠤᠷᠢᠵᠤ ᠵᠤᠯᠭᠠᠯᠳᠠ ᠬᠢᠨ᠎ᠡ᠃ ᠲᠡᠭᠡᠬᠦ ᠳᠡᠭᠡᠨ | ᠨᠠᠰᠤᠳᠠᠨ ᠪᠤᠭᠤᠷᠤᠯᠴᠤᠳ ᠪᠠ ᠲᠡᠭᠡᠳᠦ ᠦᠶ᠎ᠡ ᠪᠤᠯᠬᠤ ᠲᠦᠷᠦᠯ ᠰᠠᠳᠤᠨ ᠳᠠᠭᠠᠨ ᠤᠷᠢᠳᠠᠪᠠᠷ ᠤᠴᠢᠵᠤ ᠵᠤᠯᠭᠠᠨ᠎ᠠ᠃ | ᠠᠶᠢᠯ ᠲᠤᠭᠤᠷᠢᠬᠤ ᠳᠠᠭᠠᠨ ᠬᠠᠳᠠᠭ ᠬᠦᠬᠦᠷ ᠢᠶᠠᠨ ᠠᠪᠴᠤ᠂ ᠭᠤᠶᠤᠯ ᠤᠨ ᠬᠤᠪᠴᠠᠰᠤ ᠪᠠᠨ ᠡᠮᠦᠰᠬᠦ ᠪᠦᠭᠡᠳ ︽ | ᠪᠤᠷᠬᠠᠨ ᠳᠤᠨᠢ ᠮᠦᠷᠬᠦᠵᠦ᠂ ᠪᠤᠭᠤᠷᠤᠯ ᠳᠤᠨᠢ ᠵᠤᠯᠭᠠᠬᠤ ︾ ᠬᠡᠵᠦ ᠤᠷᠢᠳᠠᠪᠠᠷ ᠵᠠᠪᠠᠯ ᠨᠠᠰᠤᠳᠠᠢ ᠲᠤᠮᠤᠭᠠᠳᠠᠢ | ᠬᠦᠮᠦᠰ ᠲᠠᠢ ᠵᠤᠯᠭᠠᠨ᠎ᠠ᠃ ᠠᠶᠢᠯ ᠤᠨ ᠭᠠᠳᠠᠨ᠎ᠠ ᠤᠴᠢᠪᠠᠯ ᠡᠷᠭᠡᠪᠰᠢ ᠤᠭᠳᠤᠨ ᠭᠠᠷᠴᠤ᠂ ︽ᠰᠠᠶᠢᠨ ᠰᠢᠨᠡᠯᠡᠪᠡᠦ | ︾ ᠬᠡᠮᠡᠨ ᠬᠠᠷᠢᠯᠴᠠᠨ ᠮᠡᠨᠳᠦ ᠮᠡᠳᠡᠯᠴᠡᠵᠦ᠂ ᠡᠵᠡᠨ ᠵᠤᠴᠢᠨ ᠬᠠᠷᠢᠯᠴᠠᠨ ︽ᠲᠠ ᠪᠠᠭᠤ᠂ ᠲᠠ ᠪᠠᠭᠤ︾ ᠭᠡᠵᠦ ᠨᠠᠶᠢᠷ | ᠲᠠᠯᠪᠢᠯᠴᠠᠨ ᠭᠡᠷ ᠲᠤ ᠤᠷᠤᠳᠠᠭ᠃ ᠨᠠᠰᠤᠳᠠᠢ ᠲᠤᠮᠤᠭᠠᠳᠠᠢ ᠬᠦᠮᠦᠰ ᠢ ᠰᠠᠭᠤᠯᠭᠠᠵᠤ ᠪᠠᠶᠢᠭᠠᠳ ᠬᠦᠬᠦᠷ ᠵᠦᠷᠢᠬᠦᠯᠵᠦ | ᠬᠠᠳᠠᠭ ᠪᠠᠷᠢᠨ ᠰᠢᠨᠡᠯᠡᠨ᠎ᠡ᠃ ᠲᠡᠬᠡᠬᠦ ᠳᠡᠭᠡᠨ ᠬᠦᠬᠦᠷ ᠢ ᠪᠤᠯ ᠭᠡᠷᠯᠡᠭᠰᠡᠨ ᠬᠦᠮᠦᠰ ᠯᠠ ᠭᠡᠷᠡᠭᠯᠡᠨ᠎ᠡ᠃ ᠠᠬᠠᠰ ᠵᠠᠬᠠᠰ | ᠤᠨ ᠲᠠᠷᠠᠭᠠᠯᠠᠯ ᠢᠶᠠᠷ ᠰᠠᠭᠤᠵᠤ᠂ ᠠᠶᠠᠭᠠᠯᠠᠭᠰᠠᠨ ᠴᠠᠢ ᠴᠠᠭᠠᠨ ᠢᠳᠡᠭᠡᠨ ᠠᠴᠠ ᠠᠮᠰᠠᠵᠤ᠂ ︽ᠰᠢᠨ᠎ᠡ ᠵᠢᠯ ᠰᠠᠶᠢᠬᠠᠨ | ᠪᠤᠯᠤᠯ᠎ᠠ᠂ ᠰᠠᠶᠢᠨ ᠵᠢᠯ ᠪᠤᠯᠬᠤ ᠨᠢ ︾ ᠬᠡᠬᠦ ᠮᠡᠳᠦ ᠪᠡᠯᠭᠡ ᠲᠠᠢ ᠦᠬᠡᠰ ᠦᠬᠦᠯᠡᠯᠴᠡᠨ᠂ ᠰᠢᠨ᠎ᠡ ᠶᠢᠨ ᠭᠤᠷᠪᠠᠨ | ᠭᠡᠮ ᠪᠠᠷᠢᠵᠤ ᠶᠤᠰᠤ ᠬᠦᠢᠴᠡᠳᠭᠡᠨ᠎ᠡ᠃ ᠤᠷᠢᠳᠤ ᠴᠠᠭ ᠲᠤ ᠪᠤᠯ ᠤᠷᠢᠳᠠᠪᠠᠷ ᠪᠤᠷᠬᠠᠨ ᠳᠤᠨᠢ ᠮᠦᠷᠬᠦᠭᠡᠳ | ᠰᠢᠨᠡᠯᠡᠳᠡᠭ ᠪᠠᠶᠢᠵᠠᠢ᠃ ᠠᠷᠢᠬᠢ ᠪᠠᠷᠢᠬᠤ ᠳᠤ ᠡᠷᠭᠡᠪᠰᠢ ᠲᠤᠪᠴᠢ ᠪᠠᠨ ᠲᠤᠪᠴᠢᠯᠠᠵᠤ᠂ ᠬᠠᠨᠴᠤᠢ ᠪᠠᠨ ᠪᠠᠭᠤᠯᠭᠠᠨ᠂ | ᠮᠠᠯᠠᠭᠠᠢ ᠵᠡᠬᠦᠬᠦ ᠬᠡᠷᠡᠭᠳᠡᠢ᠃ ᠲᠤᠭᠤᠷᠢᠬᠤ ᠳᠠᠭᠠᠨ ᠠᠶᠢᠯ ᠬᠡᠬᠡᠬᠦ ᠶᠢ ᠴᠡᠭᠡᠷᠯᠡᠵᠦ᠂ ︽ ᠰᠢᠪᠠᠭᠠᠰᠤ ᠲᠠᠢ ᠭᠡᠷ ᠲᠤ | ᠴᠤ ᠤᠷᠤᠵᠤ᠂ ᠱᠠᠯᠳᠠᠩ ᠬᠦᠮᠦᠨ ᠲᠠᠢ ᠴᠤ ᠠᠭᠤᠯᠵᠠᠨ᠎ᠠ︾ ᠭᠡᠳᠡᠭ᠃ ᠠᠶᠢᠯ ᠲᠤᠭᠤᠷᠢᠵᠤ ᠰᠢᠨᠡᠯᠡᠬᠦ ᠳᠤ | ᠬᠡᠦᠭᠡᠳ ᠲᠤ ᠰᠢᠨ᠎ᠡ ᠶᠢᠨ ᠪᠤᠤᠪᠤ ᠦᠭᠳᠡᠭ᠂ ᠠᠶᠢᠯ ᠤᠨ ᠦᠭᠬᠦᠭᠰᠡᠨ ᠪᠤᠤᠪᠤ ᠶᠢ ᠶᠠᠮᠠᠷ ᠴᠤ ᠭᠡᠰᠡᠨ ᠭᠤᠯᠤᠯ ᠦᠬᠡᠢ | ᠠᠪᠴᠤ ᠪᠠᠶᠢᠬᠤ ᠶᠤᠰᠤᠳᠠᠢ᠃ | ᠰᠢᠨ᠎ᠡ ᠶᠢᠨ ᠨᠢᠬᠡᠨ ᠳᠤ ᠪᠠᠰᠠ ᠮᠦᠷ ᠭᠠᠷᠭᠠᠬᠤ ᠶᠤᠰᠤ ᠪᠠᠶᠢᠳᠠᠭ᠃ ᠵᠠᠷᠢᠮ ᠠᠶᠢᠯ ᠨᠢ ᠭᠡᠷ ᠤᠨ ᠰᠢᠨᠡᠯᠡᠯᠳᠡ | ᠡᠬᠢᠯᠡᠬᠦ ᠠᠴᠠ ᠡᠮᠦᠨ᠎ᠡ ᠭᠠᠷᠭᠠᠵᠤ᠂ ᠵᠠᠷᠢᠮ ᠨᠢ ᠠᠶᠢᠯ ᠬᠤᠳᠠ ᠪᠠᠨ ᠲᠤᠭᠤᠷᠢᠵᠤ ᠪᠠᠷᠠᠭᠠᠳ ᠭᠠᠷᠭᠠᠳᠠᠭ᠃ ᠮᠦᠷ | ᠤᠨ ᠵᠦᠭ ᠢ ᠬᠦᠮᠦᠨ ᠤ ᠨᠠᠰᠤ ᠵᠢᠯ᠂ ᠮᠡᠩᠬᠡ ᠰᠠᠭᠤᠳᠠᠯ᠂ ᠵᠦᠭ ᠤᠨ ᠡᠵᠡᠯᠡᠭᠴᠢ ᠵᠡᠷᠭᠡ ᠶᠢ ᠰᠢᠨᠵᠢᠵᠦ | ᠲᠤᠭᠳᠠᠭᠠᠳᠠᠭ᠃ ᠵᠢᠱᠢᠶᠡᠯᠡᠪᠡᠯ᠂ ᠪᠠᠷᠠᠭᠤᠨ ᠡᠮᠦᠨ᠎ᠡ ᠵᠦᠭ ᠲᠤ ᠮᠤᠷᠳᠠᠭᠠᠳ ᠬᠤᠶᠢᠳᠤ ᠵᠦᠭ ᠠᠴᠠ ᠪᠤᠴᠠ ᠭᠡᠮᠡᠭᠰᠡᠨ | ᠪᠤᠯ ᠪᠠᠷᠠᠭᠤᠨ ᠡᠮᠦᠨ᠎ᠡ ᠵᠦᠭ ᠢ ᠴᠢᠭᠯᠡᠵᠦ ᠮᠤᠷᠳᠠᠭᠠᠳ ᠭᠡᠷ ᠠᠴᠠ ᠨᠡᠯᠢᠶᠡᠳ ᠵᠠᠶᠢᠰ ᠭᠠᠷᠴᠤ᠂ ᠮᠤᠷᠢᠨ ᠤ ᠬᠤᠮᠤᠯ | ᠂ ᠬᠤᠨᠢᠨ ᠤ ᠬᠤᠷᠭᠤᠯ ᠵᠡᠷᠭᠡ ᠮᠠᠯ ᠤᠨ ᠪᠠᠭᠠᠰᠤ ᠲᠤᠬᠢᠶᠠᠯᠳᠤᠪᠠᠯ ᠲᠡᠷᠡ ᠭᠠᠵᠠᠷ ᠢ ᠪᠡᠯᠭᠡᠰᠢᠶᠡᠨ ᠪᠠᠭᠤᠵᠤ᠂ | ᠪᠠᠷᠠᠭᠤᠨ ᠡᠮᠦᠨ᠎ᠡ ᠵᠦᠭ ᠲᠤ ᠬᠠᠳᠠᠭ ᠪᠠᠷᠢᠵᠤ ᠭᠤᠷᠪᠠ ᠮᠦᠷᠬᠦᠭᠡᠳ᠂ ᠨᠢᠬᠡ ᠭᠡᠰᠡᠭ ᠬᠤᠮᠤᠯ ᠠᠪᠴᠤ | ᠡᠪᠦᠷᠳᠦᠯᠡᠭᠡᠳ ᠮᠤᠷᠳᠠᠨ᠎ᠠ᠃ ᠡᠨᠡ ᠮᠡᠳᠦ ᠪᠠᠷ ᠪᠠᠷᠠᠭᠤᠨ ᠵᠦᠭ᠂ ᠪᠠᠷᠠᠭᠤᠨ ᠬᠤᠶᠢᠳᠤ ᠵᠦᠭ᠂ ᠬᠤᠶᠢᠳᠤ ᠵᠦᠭ | ᠲᠤ ᠮᠦᠨ ᠶᠤᠰᠤᠴᠢᠯᠠᠨ ᠬᠦᠢᠴᠡᠳᠭᠡᠭᠡᠳ ᠪᠤᠴᠠᠵᠤ ᠢᠷᠡᠨ᠎ᠡ᠃ ᠮᠦᠷ ᠭᠠᠷᠭᠠᠬᠤ ᠪᠠᠷ ᠮᠤᠷᠳᠠᠬᠤ ᠳᠤ ᠦᠳᠡᠨ | ᠮᠤᠷᠳᠠᠭᠤᠯᠵᠤ᠂ ᠪᠤᠴᠠᠵᠤ ᠢᠷᠡᠬᠦ ᠳᠤᠨᠢ ︽ᠮᠦᠷ ᠦᠯᠵᠡᠢ ᠲᠠᠢ︖ ᠤᠯᠵᠠ ᠤᠮᠤᠭ ᠲᠠᠢ︖︾ ᠬᠡᠬᠦᠴᠢᠯᠡᠨ | ᠤᠭᠳᠤᠵᠤ ᠮᠡᠨᠳᠦᠯᠡᠬᠦ ᠪᠦᠬᠡᠳ ᠬᠠᠷᠢᠭᠤ ᠳᠤᠨᠢ ︽ᠮᠦᠷ ᠴᠠᠭᠠᠬᠠᠨ᠂ ᠤᠯᠵᠠ ᠲᠠᠢ︾ ᠬᠡᠮᠡᠨ ᠦᠴᠢᠵᠦ᠂ | ᠡᠪᠦᠷᠯᠡᠭᠰᠡᠨ ᠬᠤᠮᠤᠯ ᠢᠶᠠᠨ ᠭᠠᠷᠭᠠᠨ ᠦᠵᠡᠬᠦᠯᠵᠦ ᠭᠠᠯ ᠳᠠᠭᠠᠨ ᠬᠢᠨ᠎ᠡ᠃ | ᠬᠤᠳᠠ ᠤᠰᠤᠨ ᠳᠠᠭᠠᠨ ᠰᠢᠨᠡᠯᠡᠭᠰᠡᠨ ᠤ ᠲᠠᠷᠠᠭ᠎ᠠ᠂ ᠲᠦᠷᠦᠯ ᠰᠠᠳᠤᠨ᠂ ᠨᠠᠶᠢᠵᠠ ᠨᠦᠬᠦᠳ ᠲᠠᠢ ᠪᠠᠨ | ᠰᠢᠨᠡᠯᠡᠬᠦ ᠪᠠᠷ ᠬᠤᠯᠠ ᠶᠢᠨ ᠵᠤᠯᠭᠠᠯᠳᠠ ᠳᠤ ᠮᠤᠷᠳᠠᠳᠠᠭ᠃ ᠭᠤᠶᠤᠵᠤ ᠵᠠᠰᠠᠭᠰᠠᠨ ᠮᠤᠷᠢ ᠪᠠᠨ ᠰᠠᠶᠢᠬᠠᠨ ᠰᠠᠮᠨᠠᠨ | ᠬᠤᠰᠤᠭᠤᠷᠳᠠᠵᠤ᠂ ᠵᠠᠷᠢᠮ ᠨᠢ ᠬᠦᠬᠦᠯ ᠰᠡᠬᠦᠯ ᠢ ᠨᠢ ᠤᠯᠠᠭᠠᠨ ᠲᠤᠤᠰᠠ ᠪᠠᠷ ᠴᠢᠮᠡᠵᠦ ᠪᠤᠭᠤᠬᠤ ᠴᠤ ᠪᠤᠢ᠃ ᠬᠡᠬᠦ | ᠳᠡᠭᠡᠨ ᠰᠢᠨ᠎ᠡ ᠶᠢᠨ ᠪᠡᠯᠡᠭ ᠬᠡᠵᠦ ᠠᠷᠢᠬᠢ᠂ ᠪᠤᠤᠪᠤ ᠂ ᠴᠠᠭᠠᠨ ᠢᠳᠡᠭᠡ ᠭᠠᠨᠵᠤᠭᠠᠯᠠᠵᠤ ᠶᠠᠪᠤᠨ᠎ᠠ᠃ ᠡᠷᠳᠡ ᠦᠶ᠎ᠡ | ᠳᠤ ᠬᠠᠶᠢᠷᠴᠠᠭ ᠤᠨ ᠪᠤᠤᠪᠤ ᠬᠡᠵᠦ ᠪᠠᠷᠤᠭ ᠬᠤᠶᠠᠷ ᠵᠢᠩ ᠤᠨ ᠪᠠᠭᠳᠠᠭᠠᠮᠵᠢ ᠲᠠᠢ᠂ ᠲᠠᠳᠠᠭᠤᠷ ᠠᠮᠠᠰᠠᠷ ᠲᠠᠢ ᠨᠢᠮᠬᠡᠨ | ᠮᠤᠳᠤᠨ ᠬᠠᠶᠢᠷᠴᠠᠭ ᠲᠠᠢ ᠪᠤᠤᠪᠤ ᠪᠠᠶᠢᠵᠤ᠂ ᠲᠡᠷᠡ ᠨᠢ ᠰᠢᠬᠦᠰᠦ ᠶᠢ ᠭᠠᠷᠭᠠᠪᠠᠯ ᠲᠡᠭᠡᠳᠦ ᠪᠡᠯᠡᠭ ᠲᠤ ᠤᠷᠤᠳᠠᠭ | ᠪᠠᠶᠢᠵᠠᠢ᠃ ᠡᠩ ᠤᠨ ᠪᠡᠯᠡᠭ ᠪᠤᠯ ᠬᠠᠭᠠᠷᠢᠭᠰᠠᠨ ᠪᠤᠤᠪᠤ ᠶᠢ ᠲᠦᠷᠪᠡᠯᠵᠢᠯᠡᠨ ᠵᠡᠷᠭᠡᠯᠡᠵᠦ᠂ ᠲᠡᠭᠡᠷ᠎ᠡ ᠨᠢ ᠨᠠᠷᠢᠨ ᠪᠤᠤᠪᠤ | ᠲᠠᠪᠬᠤᠷᠯᠠᠨ ᠵᠡᠷᠭᠡᠯᠡᠭᠡᠳ᠂ ᠲᠡᠬᠦᠨ ᠤ ᠲᠡᠭᠡᠷ᠎ᠡ ᠨᠢ ᠦᠷᠦᠮ᠎ᠡ ᠪᠢᠰᠢᠯᠠᠭ ᠢᠶᠠᠷ ᠦᠩᠬᠡᠯᠡᠵᠦ᠂ ᠪᠤᠤᠪᠤ ᠶᠢᠨ ᠴᠠᠭᠠᠰᠤ | ᠬᠡᠮᠡᠬᠦ ᠰᠢᠷ᠎ᠠ ᠴᠠᠭᠠᠰᠤᠨ ᠳᠤ ᠪᠠᠭᠯᠠᠵᠤ ᠤᠶᠠᠭᠠᠳ᠂ ᠲᠦᠷᠪᠡᠯᠵᠢᠨ ᠤᠯᠠᠭᠠᠨ ᠴᠠᠭᠠᠰᠤ ᠪᠡᠯᠭᠡᠰᠢᠶᠡᠨ | ᠬᠠᠪᠴᠢᠭᠤᠯᠤᠭᠰᠠᠨ ᠪᠠᠶᠢᠳᠠᠭ᠃ ᠮᠦᠨ ᠬᠡᠦᠭᠡᠳ ᠤᠨ ᠪᠤᠤᠪᠤ ᠬᠡᠮᠡᠨ ᠬᠠᠭᠠᠷᠢᠭᠰᠠᠨ ᠪᠤᠤᠪᠤ ᠲᠡᠭᠡᠷ᠎ᠡ ᠨᠠᠷᠢᠨ ᠪᠤᠤᠪᠤ᠂ | ᠭᠡᠷᠴᠢᠮᠡᠯ ᠬᠤᠷᠤᠳ ᠪᠠ ᠴᠢᠪᠠᠭ᠎ᠠ ᠰᠢᠬᠢᠷ ᠮᠡᠳᠦ ᠵᠦᠢᠯ ᠢ ᠪᠠᠭᠯᠠᠭᠰᠠᠨ ᠪᠠᠶᠢᠳᠠᠭ᠃ | ᠵᠤᠴᠢᠨ ᠤᠭᠳᠤᠬᠤ ᠳᠤ ᠲᠡᠪᠡᠯ ᠬᠤᠪᠴᠠᠰᠤ ᠪᠠᠨ ᠲᠡᠭᠰᠢ ᠪᠦᠷᠢᠨ ᠡᠮᠦᠰᠦᠭᠡᠳ ᠲᠤᠰᠤᠨ ᠭᠠᠷᠴᠤ᠂ ︽ | ᠮᠡᠨᠳᠦ ᠰᠠᠶᠢᠨ ᠤᠤ᠂ ᠰᠢᠨ᠎ᠡ ᠪᠠᠷ ᠰᠠᠶᠢᠬᠠᠨ ᠶᠠᠪᠤᠵᠤ ᠪᠠᠶᠢᠨ᠎ᠠ ᠤᠤ︾ ᠬᠡᠮᠡᠨ ᠠᠮᠤᠷ ᠡᠷᠢᠨ᠎ᠡ᠃ ᠬᠠᠷᠢᠭᠤ | ᠮᠡᠨᠳᠦᠯᠡᠬᠡᠳ ᠭᠡᠷ ᠲᠤ ᠤᠷᠤᠬᠤ ᠳᠠᠭᠠᠨ ︽ᠲᠠ ᠤᠷᠢᠳ ᠮᠤᠷᠢᠯᠠᠵᠤ ᠪᠠᠭᠤ︾ ᠬᠡᠮᠡᠨ ᠬᠠᠷᠢᠯᠴᠠᠨ ᠨᠠᠶᠢᠷ | ᠲᠠᠯᠪᠢᠯᠴᠠᠬᠤ ᠪᠦᠬᠡᠳ ᠭᠡᠶᠢᠴᠢᠨ ᠤ ᠠᠬᠠᠮᠠᠳ ᠨᠢ ᠲᠡᠷᠢᠬᠦᠯᠡᠨ ᠭᠡᠷ ᠲᠤ ᠤᠷᠤᠵᠤ᠂ ᠮᠦᠨ ᠠᠬᠠᠰ ᠵᠠᠬᠠᠰ ᠤᠨ | ᠲᠠᠷᠠᠭᠠᠯᠠᠯ ᠢᠶᠠᠷ ᠰᠠᠭᠤᠨ᠎ᠠ᠃ ᠭᠡᠷᠪᠡ ᠨᠠᠰᠤᠳᠠᠢ ᠬᠦᠮᠦᠨ ᠭᠠᠷᠴᠤ ᠤᠭᠳᠤᠭᠰᠠᠨ ᠪᠠᠶᠢᠪᠠᠯ ᠬᠡᠶᠢᠴᠢᠳ ᠲᠡᠬᠦᠨ ᠢ | ᠲᠦᠰᠢᠨ ᠰᠤᠭᠤᠳᠠᠵᠤ ᠤᠷᠢᠳᠠᠪᠠᠷ ᠤᠷᠤᠭᠤᠯᠤᠨ᠎ᠠ᠃ ᠠᠶᠢᠯ ᠳᠤ ᠰᠢᠨᠡᠯᠡᠬᠦ ᠨᠢ ᠮᠦᠨ ᠬᠡᠷ ᠤᠨ ᠰᠢᠨ᠎ᠡ ᠶᠢᠨ | ᠶᠤᠰᠤᠨ ᠲᠠᠢ ᠠᠳᠠᠯᠢ᠃ ᠬᠠᠳᠠᠭ ᠬᠦᠬᠦᠷ ᠵᠦᠷᠢᠬᠦᠯᠵᠦ ︽ ᠰᠠᠶᠢᠨ ᠰᠢᠨᠡᠯᠡᠪᠡᠦ᠂ ᠰᠢᠨ᠎ᠡ ᠪᠠᠷ ᠰᠠᠶᠢᠨ ᠮᠤᠷᠢᠯᠠᠵᠤ | ᠪᠠᠶᠢᠨ᠎ᠠ ᠤᠤ ᠂ ᠰᠢᠨ᠎ᠡ ᠬᠠᠭᠤᠴᠢᠨ ᠵᠢᠯ ᠳᠡᠭᠡᠨ ᠯᠠᠭᠱᠠᠨ ᠲᠤᠩᠭᠠᠯᠠᠭ ᠤᠤ︾ ᠬᠡᠬᠦ ᠮᠡᠳᠦ ᠪᠠᠷ ᠠᠮᠤᠷ ᠠᠰᠠᠭᠤᠯᠴᠠᠨ | ᠵᠤᠯᠭᠠᠨ᠎ᠠ᠃ ᠬᠤᠯᠠ ᠶᠢᠨ ᠬᠡᠶᠢᠴᠢᠨ ᠳᠤ ᠴᠠᠢ ᠠᠶᠠᠭᠠᠯᠠᠵᠤ ᠴᠠᠭᠠᠨ ᠢᠳᠡᠭᠡ ᠠᠮᠰᠠᠭᠤᠯᠤᠭᠰᠠᠨ ᠤ ᠲᠠᠷᠠᠭ᠎ᠠ | ᠱᠦᠯᠦ ᠠᠮᠰᠠᠭᠤᠯᠵᠤ᠂ ᠪᠡᠯᠭᠡ ᠲᠠᠢ ᠬᠡᠮᠡᠨ ᠭᠤᠷᠪᠠᠨ ᠬᠡᠮ ᠠᠷᠢᠬᠢ ᠪᠠᠷᠢᠳᠠᠭ᠃ ᠭᠡᠪᠡᠴᠦ ᠶᠡᠭᠡ ᠱᠠᠯᠠᠬᠤ ᠦᠬᠡᠢ᠂ | ᠡᠴᠦᠰ ᠤᠨ ᠬᠡᠮ ᠢ ᠪᠡᠯᠬᠡᠬᠦᠯᠵᠦ ᠲᠠᠯᠪᠢᠨ᠎ᠠ᠃ ᠵᠤᠴᠢᠨ ᠬᠡᠷᠪᠡ ᠪᠡᠯᠡᠭ ᠲᠠᠢ ᠢᠷᠡᠭᠰᠡᠨ ᠪᠤᠯ ᠪᠡᠯᠡᠭ ᠤᠨ ᠶᠠᠭᠤᠮ᠎ᠠ | ᠲᠡᠭᠡᠷ᠎ᠡ ᠪᠠᠨ ᠬᠠᠳᠠᠭ ᠲᠠᠯᠪᠢᠵᠤ ᠪᠠᠷᠢᠨ᠎ᠠ᠃ ᠨᠠᠰᠤᠳᠠᠳ ᠢᠷᠦᠬᠡᠯ ᠬᠠᠶᠢᠷᠠᠯᠠᠪᠠᠯ ᠬᠠᠷᠢᠭᠤ ᠳᠤᠨᠢ ︽ ᠢᠷᠦᠭᠡᠯ | ᠲᠤᠭᠳᠠᠬᠤ ᠪᠤᠯᠳᠤᠭᠠᠢ᠂ ᠢᠷᠦᠬᠡᠯ ᠪᠠᠳᠤ ᠤᠷᠤᠰᠢᠭ︾ ᠬᠡᠬᠦ ᠮᠡᠳᠦ ᠪᠠᠷ ᠪᠡᠯᠭᠡᠴᠢᠯᠡᠨ ᠦᠴᠢᠨᠡ᠃ ᠭᠡᠶᠢᠴᠢᠳ ᠵᠠᠮ | ᠳᠠᠭᠠᠨ ᠤᠴᠠᠷᠠᠪᠠᠯ ᠬᠦᠳᠡᠭᠡ ᠴᠤ ᠭᠡᠰᠡᠨ ᠮᠤᠷᠢᠨ ︵ᠪᠤᠶᠤ ᠮᠠᠰᠢᠨ︶ ᠠᠴᠠ ᠪᠠᠨ ᠪᠠᠭᠤᠵᠠᠭᠠᠵᠤ᠂ ᠬᠠᠷᠢᠯᠴᠠᠨ | ᠬᠠᠳᠠᠭ ᠬᠦᠬᠦᠷ ᠵᠦᠷᠢᠬᠦᠯᠵᠦ ᠰᠢᠨᠡᠯᠡᠬᠦ ᠶᠤᠰᠤ ᠲᠠᠢ᠃ ᠰᠢᠨ᠎ᠡ ᠶᠢᠨ ᠨᠢᠭᠡᠨ ᠤ ᠵᠤᠴᠢᠨ ᠠᠶᠢᠯ ᠳᠤ ᠬᠤᠨᠤᠳᠠᠭ | ᠦᠬᠡᠢ᠃ | ᠰᠢᠨ᠎ᠡ ᠶᠢᠨ ᠭᠤᠷᠪᠠᠨ ᠲᠦᠷᠪᠡᠨ ᠬᠦᠷᠪᠡᠯ ᠬᠡᠶᠢᠴᠢᠨ ᠵᠤᠴᠢᠨ ᠴᠦᠬᠡᠷᠡᠬᠦ ᠲᠤᠯᠠ ᠠᠶᠢᠯ ᠬᠤᠳᠠ ᠶᠢᠨ | ᠪᠤᠳᠠᠭᠠᠯᠠᠭ᠎ᠠ ᠡᠬᠢᠯᠡᠨ᠎ᠡ᠃ ᠬᠡᠦᠭᠡᠳ ᠢᠶᠠᠨ ᠤᠴᠢᠭᠤᠯᠵᠤ ︽ᠮᠠᠨ ᠤ ᠳᠤ ᠰᠢᠨ᠎ᠡ ᠶᠢᠨ ᠬᠤᠭᠤᠯᠠ ᠵᠤᠭᠤᠭᠯᠠ︾ | ᠬᠡᠮᠡᠨ ᠵᠠᠯᠠᠭᠤᠯᠬᠤ ᠪᠠ ᠬᠦᠨᠳᠦᠳᠡᠢ ᠬᠦᠮᠦᠨ ᠢᠶᠠᠨ ᠪᠤᠯ ᠦᠪᠡᠷ ᠢᠶᠠᠨ ᠤᠴᠢᠵᠤ ᠵᠠᠯᠠᠨ᠎ᠠ᠃ ᠪᠤᠳᠠᠭᠠᠯᠠᠭ᠎ᠠ ᠳᠤ ᠮᠦᠨ | ᠴᠠᠢ ᠠᠶᠠᠭᠠᠯᠠᠵᠤ ᠴᠠᠭᠠᠨ ᠢᠳᠡᠭᠡ ᠲᠠᠯᠪᠢᠬᠤ ᠪᠦᠬᠡᠳ ᠬᠤᠭᠤᠯᠠᠨ ᠳᠤ ᠰᠢᠬᠦᠰᠦ᠂ ᠮᠢᠬ᠎ᠠ᠂ ᠬᠠᠯᠠᠭᠤᠨ ᠲᠤᠭᠤᠭ᠎ᠠ᠂ | ᠪᠠᠩᠰᠢ ᠪᠤᠤᠵᠠ ᠵᠡᠷᠭᠡ ᠶᠢ ᠪᠠᠶᠢᠳᠠᠯ ᠢᠶᠠᠨ ᠦᠵᠡᠵᠦ ᠭᠠᠷᠭᠠᠬᠤ ᠪᠤᠯᠪᠠᠴᠤ ᠡᠷᠭᠡᠪᠰᠢ ᠡᠯᠪᠡᠭ ᠪᠡᠯᠡᠳᠭᠡᠨ᠎ᠡ᠃ | ᠠᠷᠪᠠᠨ ᠲᠠᠪᠤᠨ ᠠᠴᠠ ᠡᠮᠦᠨ᠎ᠡ ᠰᠢᠨ᠎ᠡ ᠶᠢᠨ ᠴᠠᠭᠠᠨ ᠢᠳᠡᠭᠡ ᠶᠢ ᠬᠤᠷᠢᠶᠠᠬᠤ ᠦᠬᠡᠢ ᠬᠡᠪ ᠢᠶᠠᠷ ᠪᠠᠶᠢᠯᠭᠠᠨ᠎ᠠ᠂ | ᠵᠤᠴᠢᠳ ᠴᠤ ᠪᠤᠯᠬᠤ ᠶᠢᠨ ᠲᠤᠳᠤᠷ᠎ᠠ ᠠᠷᠪᠠᠨ ᠲᠠᠪᠤᠨ ᠠᠴᠠ ᠡᠮᠦᠨ᠎ᠡ ᠠᠶᠢᠯᠴᠢᠯᠠᠵᠤ ᠲᠤᠭᠤᠷᠢᠳᠠᠭ ᠂ ᠠᠷᠪᠠᠨ | ᠲᠠᠪᠤᠨ ᠦᠩᠭᠡᠷᠡᠪᠡᠯ ᠰᠢᠨ᠎ᠡ ᠬᠠᠭᠤᠴᠢᠷᠠᠵᠤ ᠭᠡᠪ ᠤᠨ ᠪᠠᠶᠢᠳᠠᠯ ᠳᠠᠭᠠᠨ ᠤᠷᠤᠨ᠎ᠠ᠃ |