ᠲᠠᠶᠢᠹᠤᠰᠧ ᠮᠤᠩᠭᠤᠯᠴᠤᠳ ᠡᠷᠳᠡ ᠲᠡᠭᠡᠳᠦ ᠠᠴᠠ ᠪᠦᠷᠢᠯᠳᠦᠨ ᠲᠤᠭᠳᠠᠭᠰᠠᠨ ᠮᠤᠩᠭᠤᠯ ᠤᠨ ᠰᠠᠶᠢᠬᠠᠨ ᠶᠤᠰᠤ | ᠵᠠᠩᠰᠢᠯ ᠢᠶᠠᠨ ᠦᠶ᠎ᠡ ᠤᠯᠠᠷᠢᠨ ᠵᠠᠯᠭᠠᠮᠵᠢᠯᠠᠭᠰᠠᠭᠠᠷ ᠢᠷᠡᠵᠡᠢ᠃ ᠡᠳᠦᠷ ᠲᠤᠳᠤᠮ ᠤᠨ ᠠᠮᠢᠳᠤᠷᠠᠯ ᠤᠨ ᠲᠤᠮᠳᠠ | ᠶᠡᠷᠦ ᠠᠴᠠ ᠬᠦᠳᠡᠯᠵᠦ ᠪᠠᠷᠢᠬᠤ᠂ ᠶᠠᠪᠤᠵᠤ ᠰᠠᠭᠤᠬᠤ᠂ ᠬᠢᠵᠦ ᠦᠢᠯᠡᠳᠬᠦ ᠳᠤ ᠠᠯᠬᠤᠮ ᠪᠦᠷᠢ ᠶᠤᠰᠤ ᠵᠦᠢ ᠲᠠᠢ | ᠪᠠᠶᠢᠳᠠᠭ ᠪᠢᠯᠡ᠃ ᠭᠡᠷ ᠲᠤ ᠪᠤᠶᠤ ᠭᠡᠭᠡᠷ᠎ᠡ ᠭᠠᠳᠠᠨ᠎ᠠ ᠲᠠᠨᠢᠬᠤ ᠲᠠᠨᠢᠬᠤ ᠦᠬᠡᠢ ᠬᠦᠮᠦᠨ ᠲᠠᠢ ᠤᠴᠠᠷᠠᠪᠠᠯ ᠪᠦᠷ | ᠮᠡᠨᠳᠦ ᠮᠡᠳᠡᠬᠦ ᠶᠤᠰᠤ ᠲᠠᠢ᠃ ᠪᠤᠰᠤᠳ ᠤᠨ ᠮᠡᠨᠳᠦᠴᠢᠯᠡᠯ ᠳᠤ ᠡᠷᠭᠡᠪᠰᠢ ᠬᠠᠷᠢᠭᠤ ᠮᠡᠨᠳᠦᠯᠡᠵᠦ ᠪᠠᠶᠢᠬᠤ ᠭᠡᠷᠡᠭᠳᠡᠢ᠂ | ᠦᠬᠡᠢ ᠪᠤᠯ ᠪᠤᠰᠤᠳ ᠢ ᠲᠤᠤᠷᠠᠰᠢᠶᠠᠭᠰᠠᠨ ᠪᠤᠶᠤ ᠶᠤᠰᠤ ᠮᠤᠷᠠᠯ ᠦᠬᠡᠢ ᠳᠤ ᠲᠤᠭᠠᠴᠠᠭᠳᠠᠨ᠎ᠠ᠃ ᠮᠡᠨᠳᠦᠴᠢᠯᠡᠬᠦ ᠳᠤ | ᠵᠤᠯᠭᠠᠯᠳᠠ ᠶᠢᠨ ᠲᠤᠬᠠᠢ ᠶᠢᠨ ᠦᠶ᠎ᠡ ᠶᠢᠨ ᠡᠷᠡᠨ ᠬᠤᠭᠤᠴᠠᠭ᠎ᠠ᠂ ᠴᠠᠭ ᠤᠯᠠᠷᠢᠯ᠂ ᠠᠵᠢᠯ ᠦᠢᠯᠡᠰ ᠤᠨ ᠪᠠᠶᠢᠳᠠᠯ | ᠳᠤ ᠲᠤᠬᠢᠷᠠᠭᠤᠯᠤᠨ ᠠᠯᠢ ᠵᠤᠬᠢᠰᠳᠠᠢ ᠪᠠᠷ ᠮᠡᠨᠳᠦᠯᠡᠨ᠎ᠡ᠃ | ᠭᠡᠶᠢᠴᠢᠨ ᠵᠤᠴᠢᠨ ᠢ ᠮᠤᠷᠢᠨ ᠤᠶᠠᠭᠠᠨ ᠲᠡᠭᠡᠷ᠎ᠡ ᠠᠴᠠ ᠤᠭᠳᠤᠨ ᠲᠤᠰᠴᠤ᠂ ᠴᠤᠯᠪᠤᠭᠤᠷ ᠢ ᠨᠢ ᠲᠤᠰᠤᠨ | ᠠᠪᠴᠤ ᠮᠤᠷᠢᠨ ᠤᠶᠠᠭᠠᠨ ᠳᠤ ᠤᠶᠠᠬᠤ ᠶᠢᠨ ᠬᠠᠮᠳᠤ᠂ ᠨᠤᠬᠠᠢ ᠪᠠᠨ ᠬᠤᠷᠢᠵᠤ ᠭᠡᠷ ᠲᠡᠭᠡᠨ ᠵᠠᠯᠠᠵᠤ ᠤᠷᠤᠭᠤᠯᠳᠠᠭ | ᠃ ᠤᠭᠳᠤᠨ ᠭᠠᠷᠬᠤ ᠳᠠᠭᠠᠨ ᠮᠠᠯᠠᠭᠠᠢ ᠪᠠᠨ ᠡᠮᠦᠰᠴᠦ᠂ ᠬᠠᠨᠴᠤᠢ ᠪᠠᠨ ᠰᠢᠪᠳᠤᠷᠴᠤ ᠵᠠᠰᠠᠨ᠎ᠠ᠃ ᠡᠮᠡᠭᠳᠡᠢ ᠬᠦᠮᠦᠨ | ᠮᠠᠯᠠᠭᠠᠢ ᠡᠮᠦᠰᠬᠦ ᠦᠬᠡᠢ ᠪᠤᠯ ᠰᠦᠢᠬᠡ ᠲᠠᠳᠠᠭᠤᠷ ᠵᠡᠬᠦᠬᠦ ᠪᠤᠶᠤ ᠠᠯᠴᠢᠭᠤᠷ ᠲᠠᠯᠪᠢᠵᠤ᠂ ᠬᠤᠷᠮᠤᠢ ᠬᠤᠳᠠ ᠪᠠᠨ | ᠵᠠᠰᠠᠨ ᠪᠠᠶᠢᠵᠤ ᠤᠭᠳᠤᠨ᠎ᠠ᠃ ᠶᠡᠷᠦ ᠠᠴᠠ ᠬᠠᠷ᠎ᠠ ᠲᠤᠯᠤᠭᠠᠢ ᠪᠠᠷ ᠬᠦᠮᠦᠨ ᠢ ᠤᠭᠳᠤᠳᠠᠭ ᠦᠬᠡᠢ᠃ ᠮᠡᠨᠳᠦᠯᠡᠬᠦ | ᠳᠡᠭᠡᠨ ᠠᠯᠢ ᠵᠤᠬᠢᠰᠳᠠᠢ ᠲᠠᠭᠤᠳᠠᠯᠭ᠎ᠠ ᠪᠠᠷ ︽××× ᠠᠮᠤᠷᠬᠠᠨ ᠮᠤᠷᠢᠯᠠᠵᠤ ᠪᠠᠶᠢᠨ᠎ᠠ ᠤᠤ︾᠂ ︽ᠪᠡᠶ᠎ᠡ | ᠯᠠᠭᠱᠠᠨ ᠲᠤᠩᠭᠠᠯᠠᠭ ᠤᠤ︾ ᠬᠡᠵᠦ᠂ ᠦᠯᠦ ᠲᠠᠨᠢᠬᠤ ᠬᠦᠮᠦᠨ ᠪᠤᠯ ︽ᠠᠪᠤᠭᠠᠢ ︵ᠡᠰᠡᠬᠦᠯ᠎ᠡ ᠲᠠ ᠭᠡᠵᠦ | ᠬᠦᠨᠳᠦᠳᠭᠡᠨ ᠲᠠᠭᠤᠳᠠᠨ᠎ᠠ︶ ᠠᠮᠤᠷᠬᠠᠨ ᠮᠤᠷᠢᠯᠠᠵᠤ ᠢᠷᠡᠪᠡ ᠤᠤ︾ ᠬᠡᠮᠡᠨ᠂ ᠠᠬᠠᠮᠠᠳ ᠲᠤᠮᠤᠭᠠᠳᠠᠨ ᠢ ︽ᠲᠠ | ᠪᠠᠭᠤ︾᠂ ︽ ᠲᠤᠳᠤᠭᠰᠢ ᠪᠠᠨ ᠮᠤᠷᠢᠯᠠ︾ ᠬᠡᠮᠡᠨ ᠬᠦᠨᠳᠦᠳᠭᠡᠯ ᠤᠨ ᠦᠬᠡ ᠬᠡᠯᠡᠵᠦ ᠭᠡᠷ ᠲᠡᠭᠡᠨ | ᠤᠷᠤᠭᠤᠯᠤᠭᠰᠠᠨ ᠤ ᠲᠠᠷᠠᠭ᠎ᠠ ᠰᠠᠶ᠋ᠢ ᠮᠡᠨᠳᠦ ᠮᠡᠳᠡᠨ᠎ᠡ᠃ ᠢᠷᠡᠭᠰᠡᠨ ᠵᠤᠴᠢᠨ ᠴᠤ ᠬᠠᠷᠢᠭᠤ ᠳᠤᠨᠢ ︽ᠰᠠᠶᠢᠨ᠂ ᠲᠠ | ᠰᠠᠶᠢᠨ ᠪᠠᠶᠢᠨ᠎ᠠ ᠤᠤ︾᠂ ︽ᠭᠡᠷ ᠬᠤᠳᠠᠯᠠᠭᠠᠷ ᠮᠡᠨᠳᠦ ᠤᠤ︾ ᠬᠡᠬᠦᠴᠢᠯᠡᠨ ᠮᠡᠨᠳᠦ ᠮᠡᠳᠡᠬᠦ ᠶᠤᠰᠤ ᠲᠠᠢ᠃ ᠲᠠᠷᠠᠭ᠎ᠠ | ᠨᠢ ᠬᠠᠷᠢᠯᠴᠠᠨ ︽ᠠᠵᠢᠯ ᠦᠢᠯᠡᠰ ᠪᠦᠳᠦᠮᠵᠢᠳᠡᠢ ᠤᠤ︾᠂ ︽ᠲᠦᠯ ᠮᠠᠯ ᠰᠠᠶᠢᠨ ᠪᠢᠵᠡ︾᠂ ︽ᠲᠠᠪᠠᠳᠠᠢ | ᠰᠠᠶᠢᠬᠠᠨ ᠵᠤᠰᠠᠵᠤ ᠪᠠᠶᠢᠨ᠎ᠠ ᠤᠤ︾᠂ ︽ᠲᠠᠭᠠᠳᠠᠢ ᠰᠠᠶᠢᠠᠬᠠᠨ ᠨᠠᠮᠤᠷᠵᠢᠵᠤ ᠪᠠᠶᠢᠨ᠎ᠠ ᠤᠤ︾᠂ ︽ᠦᠩ ᠲᠠᠢ | ᠰᠠᠶᠢᠬᠠᠨ ᠡᠪᠦᠯᠵᠢᠵᠦ ᠪᠠᠶᠢᠨ᠎ᠠ ᠤᠤ︾ ᠬᠡᠬᠦ ᠮᠡᠳᠦ ᠪᠠᠷ ᠠᠵᠢᠯ ᠦᠢᠯᠡᠰ ᠤᠨ ᠪᠤᠶᠤ ᠴᠠᠭ ᠤᠯᠠᠷᠢᠯ ᠤᠨ ᠴᠢᠨᠠᠷᠳᠠᠢ | ᠮᠡᠨᠳᠦᠴᠢᠯᠡᠭᠡ ᠬᠢᠳᠡᠭ ᠪᠠᠶᠢᠨ᠎ᠠ᠃ | ᠶᠡᠷᠦ ᠨᠢ ᠶᠠᠮᠠᠷ ᠴᠠᠭ ᠲᠤ ᠶᠠᠮᠠᠷ ᠬᠦᠮᠦᠨ ᠲᠠᠢ ᠤᠴᠠᠷᠠᠭᠰᠠᠨ ᠴᠤ ᠦᠯᠵᠡᠢ ᠪᠡᠯᠬᠡ ᠲᠠᠢ ᠰᠠᠶᠢᠬᠠᠨ ᠮᠡᠨᠳᠦ ᠶᠢᠨ | ᠦᠬᠡ ᠬᠡᠯᠡᠨ᠎ᠡ᠃ ᠵᠢᠱᠢᠶᠡᠯᠡᠪᠡᠯ᠂ ᠦᠷᠯᠦᠬᠡ ᠡᠷᠳᠡ ᠨᠠᠰᠤᠳᠠᠢ ᠬᠦᠮᠦᠨ ᠲᠠᠢ ᠵᠤᠯᠭᠠᠪᠠᠯ ︽ᠲᠠᠭᠠᠳᠠᠢ ᠰᠠᠶᠢᠬᠠᠨ | ᠨᠤᠶᠢᠷᠰᠤᠪᠠᠤ︾᠂ ︽ᠬᠡᠢ ᠰᠢᠷ᠎ᠠ ᠰᠠᠶᠢᠨ ᠤᠤ︾ ᠬᠡᠮᠡᠨ ᠮᠡᠨᠳᠦᠴᠢᠯᠡᠵᠦ᠂ ᠮᠠᠯ ᠠᠳᠤᠭᠤᠯᠠᠵᠤ ᠪᠠᠶᠢᠭ᠎ᠠ ᠬᠦᠮᠦᠨ ᠲᠠᠢ | ᠤᠴᠠᠷᠠᠪᠠᠯ ︽ᠮᠠᠯ ᠤᠨ ᠲᠠᠷᠭᠤ ᠬᠦᠴᠦᠨ ᠰᠠᠶᠢᠨ ᠪᠢᠵᠡ︾᠂ ︽ᠬᠤᠨᠢ ᠴᠢᠨᠢ ᠬᠤᠳᠤᠭᠤᠷ ᠲᠦᠬᠦᠷᠡᠩ︾ ᠬᠡᠮᠡᠨ | ᠪᠡᠯᠭᠡᠰᠢᠶᠡᠵᠦ᠂ ᠦᠨᠢᠶ᠎ᠡ ᠰᠠᠭᠠᠵᠤ ᠪᠠᠶᠢᠭ᠎ᠠ ᠬᠦᠮᠦᠨ ᠲᠠᠢ ᠤᠴᠠᠷᠠᠪᠠᠯ ︽ᠰᠠᠭᠠᠯᠢ ᠰᠦ ᠴᠢᠨᠢ ᠰᠠᠪᠠ ᠲᠦᠬᠦᠷᠡᠩ︾ | ᠬᠡᠬᠦ ᠮᠡᠳᠦ ᠪᠠᠷ ᠢᠷᠦᠬᠡᠨ ᠮᠡᠨᠳᠦᠯᠡᠨ᠎ᠡ᠃ ᠨᠦᠬᠦᠬᠡ ᠬᠦᠮᠦᠨ ᠴᠤ ᠬᠠᠷᠢᠭᠤ ᠳᠤᠨᠢ ᠡᠷᠭᠡᠪᠰᠢ ︽ᠰᠠᠶᠢᠨ ᠰᠠᠶᠢᠨ︾᠂ | ︽ᠲᠠᠨ ᠤ ᠠᠮᠠᠨ ᠤ ᠪᠡᠯᠬᠡ ᠪᠠᠷ ᠪᠤᠯᠤᠭ︾ ᠬᠡᠬᠦᠴᠢᠯᠡᠨ ᠶᠤᠰᠤ ᠬᠦᠢᠴᠡᠳᠭᠡᠨ᠎ᠡ᠃ | ᠠᠶᠢᠯ ᠳᠤ ᠵᠤᠴᠢᠯᠠᠬᠤ ᠳᠠᠭᠠᠨ ᠠᠶᠢᠯ ᠤᠨ ᠭᠠᠳᠠᠨ᠎ᠠ ᠪᠤᠶᠤ ᠤᠶᠠᠭᠠᠨ ᠲᠡᠭᠡᠷ᠎ᠡ ᠰᠢᠭᠤᠳ ᠲᠠᠪᠬᠢᠨ ᠤᠴᠢᠳᠠᠭ | ᠦᠬᠡᠢ᠃ ᠬᠡᠴᠢᠨᠡᠨ ᠶᠠᠭᠠᠷᠠᠤ ᠤᠴᠢᠷ ᠲᠠᠢ ᠶᠠᠪᠤᠭᠰᠠᠨ ᠴᠤ ᠬᠤᠯᠠᠬᠠᠨ ᠠᠴᠠ ᠵᠢᠯᠤᠭᠤ ᠲᠠᠳᠠᠨ ᠠᠯᠭᠤᠷ ᠶᠠᠪᠤᠵᠤ᠂ | ᠤᠶᠠᠭᠠᠨ ᠠᠴᠠ ᠵᠠᠶᠢᠰᠬᠠᠨ ᠮᠤᠷᠢᠨ ᠠᠴᠠ ᠪᠠᠨ ᠪᠠᠭᠤᠭᠠᠳ᠂ ᠠᠭᠰᠠᠭᠰᠠᠨ ᠬᠢᠳᠤᠭ᠎ᠠ ᠪᠠᠨ ᠪᠠᠭᠤᠯᠭᠠᠵᠤ | ᠤᠨᠵᠢᠭᠤᠯᠤᠨ᠂ ᠡᠩᠬᠡᠷ ᠵᠠᠭᠠᠮ᠎ᠠ ᠪᠠᠨ ᠵᠠᠰᠠᠵᠤ᠂ ᠠᠮᠤᠷ ᠮᠡᠨᠳᠦ ᠠᠰᠠᠭᠤᠭᠠᠳ ᠰᠠᠶ᠋ᠢ ᠭᠡᠷ ᠲᠤ ᠪᠠᠭᠤᠨ᠎ᠠ᠃ ᠠᠶᠢᠯ | ᠳᠤ ᠲᠡᠭᠡᠰᠦ ᠲᠠᠰᠢᠭᠤᠷ᠂ ᠴᠢᠳᠦᠷ ᠨᠤᠭᠳᠤ ᠠᠪᠴᠤ ᠤᠷᠤᠳᠠᠭ ᠦᠬᠡᠢ᠃ ᠵᠡᠷ ᠵᠡᠪᠰᠡᠭ ᠤᠨ ᠵᠦᠢᠯ ᠢ ᠪᠠᠷᠢᠵᠤ | ᠤᠷᠤᠬᠤ ᠶᠢ ᠴᠡᠭᠡᠷᠯᠡᠨ᠎ᠡ᠃ ᠠᠪᠴᠤ ᠤᠷᠤᠬᠤ ᠴᠢᠬᠤᠯᠠᠳᠠᠢ ᠪᠤᠯ ᠭᠡᠷ ᠤᠨ ᠡᠵᠡᠨ ᠠᠴᠠ ᠵᠦᠪᠰᠢᠶᠡᠷᠡᠯ ᠠᠪᠴᠤ᠂ | ᠡᠰᠢ ᠲᠠᠯ᠎ᠠ ᠪᠠᠷ ᠨᠢ ᠪᠠᠷᠢᠵᠤ ᠤᠷᠤᠭᠠᠳ ᠢᠷ ᠲᠠᠢ ᠲᠠᠯ᠎ᠠ ᠶᠢ ᠨᠢ ᠭᠠᠳᠠᠭᠰᠢ ᠬᠠᠨᠳᠤᠭᠤᠯᠤᠨ ᠲᠠᠯᠪᠢᠨ᠎ᠠ᠃ ᠵᠤᠴᠢᠨ | ᠬᠦᠮᠦᠨ ᠭᠡᠷ ᠤᠨ ᠡᠵᠡᠨ ᠤ ᠦᠬᠡ ᠪᠠᠷ ᠰᠠᠭᠤᠨ᠎ᠠ᠂ ᠬᠤᠶᠢᠮᠤᠷ ᠲᠤ ᠰᠠᠭᠤᠳᠠᠭ ᠦᠬᠡᠢ᠃ ᠬᠡᠳᠦᠶᠢᠪᠡᠷ ᠬᠦᠨᠳᠦᠳᠦ | ᠵᠤᠴᠢᠨ ᠢ ᠬᠤᠶᠢᠮᠤᠷ ᠲᠤ ᠵᠠᠯᠠᠵᠤ ᠰᠠᠭᠤᠯᠭᠠᠳᠠᠭ ᠪᠤᠯᠪᠠᠴᠤ᠂ ᠡᠬᠦᠳᠡ ᠠᠰᠯᠠᠵᠤ ᠰᠠᠭᠤᠬᠤ ᠪᠤᠶᠤ ᠪᠤᠷᠬᠠᠨ ᠤ | ᠡᠮᠦᠨ᠎ᠡ ᠰᠠᠭᠤᠬᠤ ᠦᠬᠡᠢ᠃ ᠡᠩ ᠤᠨ ᠵᠤᠴᠢᠨ ᠪᠤᠯ ᠡᠷᠡᠭᠳᠡᠢ ᠡᠮᠡᠭᠳᠡᠢ ᠶᠢᠨ ᠬᠤᠪᠢᠶᠠᠷᠢ ᠪᠠᠷ ᠭᠡᠷ ᠤᠨ ᠪᠠᠷᠠᠭᠤᠨ | ᠵᠡᠬᠦᠨ ᠲᠠᠯ᠎ᠠ ᠳᠤ ᠰᠠᠭᠤᠨ᠎ᠠ ᠂ ᠬᠡᠬᠦ ᠳᠡᠭᠡᠨ ᠭᠠᠯ ᠲᠤᠯᠭ᠎ᠠ ᠠᠴᠠ ᠲᠡᠭᠡᠭᠰᠢ ᠰᠠᠭᠤᠳᠠᠭ ᠦᠬᠡᠢ᠃ ᠪᠠᠷᠠᠭᠤᠨ ᠲᠠᠯ᠎ᠠ | ᠳᠤ ᠰᠠᠭᠤᠭᠰᠠᠳ ᠡᠷᠭᠡᠪᠰᠢ ᠵᠡᠬᠦᠨ ᠡᠪᠦᠳᠦᠭ ᠢᠶᠠᠨ ᠨᠤᠭᠤᠯᠵᠤ᠂ ᠪᠠᠷᠠᠭᠤᠨ ᠡᠪᠦᠳᠦᠭ ᠢᠶᠠᠨ ᠴᠤᠮᠴᠤᠶᠢᠯᠭᠠᠨ | ᠰᠠᠭᠤᠬᠤ ᠪᠠ ᠵᠡᠬᠦᠨ ᠲᠠᠯ᠎ᠠ ᠳᠤ ᠰᠠᠭᠤᠭᠰᠠᠳ ᠡᠰᠡᠷᠬᠦ ᠪᠠᠷ ᠨᠢ ᠪᠠᠷᠠᠭᠤᠨ ᠡᠪᠦᠳᠦᠭ ᠢᠶᠠᠨ ᠨᠤᠭᠤᠯᠵᠤ᠂ ᠵᠡᠬᠦᠨ | ᠡᠪᠦᠳᠦᠭ ᠢᠶᠠᠨ ᠴᠤᠮᠴᠤᠶᠢᠯᠭᠠᠨ ᠰᠠᠭᠤᠨ᠎ᠠ᠃ ᠬᠡᠦᠬᠡᠳ ᠪᠤᠯ ᠰᠦᠬᠦᠳᠴᠦ ᠰᠠᠭᠤᠳᠠᠭ᠃ ᠨᠠᠰᠤᠳᠠᠨ ᠲᠤᠮᠤᠭᠠᠳᠠᠨ ᠤ | ᠲᠡᠷᠭᠡᠳᠡ ᠵᠠᠪᠢᠯᠠᠵᠤ ᠰᠠᠭᠤᠬᠤ ᠦᠬᠡᠢ᠂ ᠨᠡᠩ ᠴᠤ ᠠᠷᠢᠬᠢ ᠤᠤᠭᠤᠵᠤ ᠲᠠᠮᠠᠬᠢ ᠲᠠᠳᠠᠬᠤ ᠶᠢ ᠴᠡᠭᠡᠷᠯᠡᠨ᠎ᠡ᠃ ᠡᠷᠳᠡ | ᠳᠡᠭᠡᠨ ᠡᠷ᠎ᠡ ᠬᠦᠮᠦᠨ ᠲᠦᠴᠢᠨ ᠨᠠᠰᠤᠨ ᠠᠴᠠ ᠤᠷᠳᠤᠭᠤᠷ ᠠᠷᠢᠬᠢ ᠲᠠᠮᠠᠬᠢ ᠡᠳ᠋ᠯᠡᠳᠡᠭ ᠦᠬᠡᠢ ᠪᠠᠶᠢᠵᠠᠢ᠃ | ᠭᠡᠷ ᠠᠴᠠ ᠭᠠᠷᠬᠤ ᠳᠠᠭᠠᠨ ᠡᠷᠭᠡᠪᠰᠢ ᠮᠠᠯᠠᠭᠠᠢ ᠪᠦᠰᠡ ᠲᠠᠢ ᠶᠠᠪᠤᠬᠤ ᠪᠦᠬᠡᠳ ᠤᠷᠤᠭᠯᠠᠭᠰᠠᠨ ᠡᠷᠡᠭᠳᠡᠢ ᠪᠤᠯ | ᠲᠠᠯᠢᠩ ᠬᠦᠬᠦᠷ᠂ ᠭᠡᠳᠡ ᠲᠤᠤᠬᠠᠢ᠂ ᠬᠤᠢ ᠲᠠᠢ ᠬᠢᠳᠤᠭ᠎ᠠ ᠵᠡᠬᠦᠵᠦ ᠶᠠᠪᠤᠨ᠎ᠠ᠃ ᠠᠬᠠᠮᠠᠳ ᠲᠠᠢ ᠵᠤᠯᠭᠠᠬᠤ ᠳᠠᠭᠠᠨ | ᠬᠦᠬᠦᠷ ᠵᠦᠷᠢᠬᠦᠯᠵᠦ ᠠᠮᠤᠷ ᠡᠷᠢᠨ᠎ᠡ᠃ ᠦᠶ᠎ᠡ ᠬᠤᠷᠠᠭ ᠤᠨ ᠬᠦᠮᠦᠨ ᠬᠦᠬᠦᠷ ᠰᠤᠯᠢᠯᠴᠠᠵᠤ ᠲᠠᠮᠠᠬᠢᠯᠠᠪᠠᠯ᠂ ᠬᠦᠬᠦᠷ | ᠤᠨ ᠲᠠᠭᠯᠠᠭ᠎ᠠ ᠶᠢ ᠰᠤᠯᠠᠯᠠᠵᠤ ᠦᠭᠬᠦ ᠶᠤᠰᠤ ᠲᠠᠢ᠂ ᠪᠢᠳᠡᠬᠦᠦ ᠪᠠᠷ ᠦᠭᠪᠡᠯ ᠮᠠᠭᠤ ᠴᠢᠮᠡᠭᠡ ᠲᠤᠭᠤᠯᠭᠠᠬᠤ ᠶᠢᠨ | ᠲᠡᠮᠳᠡᠭ ᠭᠡᠳᠡᠭ᠃ ᠡᠮᠡᠭᠳᠡᠢ ᠬᠦᠮᠦᠨ ᠪᠤᠯ ᠡᠩ ᠤᠨ ᠴᠠᠭ ᠲᠤ ᠰᠦᠢᠬᠡ ᠲᠠᠳᠠᠭᠤᠷ ᠵᠡᠬᠦᠵᠦ᠂ ᠠᠯᠴᠢᠭᠤᠷ ᠲᠠᠯᠪᠢᠵᠤ | ᠠᠶᠢᠯᠴᠢᠯᠠᠬᠤ ᠭᠡᠷᠡᠭᠳᠡᠢ᠃ | ᠵᠤᠴᠢᠨ ᠳᠤ ᠴᠠᠢ ᠠᠶᠠᠭᠠᠯᠠᠬᠤ ᠳᠠᠭᠠᠨ᠂ ᠠᠶᠠᠭ᠎ᠠ ᠪᠠᠨ ᠬᠤᠶᠠᠷ ᠭᠠᠷ ᠢᠶᠠᠷ ᠡᠷᠬᠦᠵᠦ ︽ᠴᠠᠢ ᠵᠤᠭᠤᠭᠯᠠ︾ | ᠬᠡᠵᠦ ᠦᠭᠳᠡᠭ ᠪᠦᠬᠡᠳ ᠠᠬᠠᠮᠠᠳ ᠬᠦᠮᠦᠨ ᠪᠤᠯ ᠰᠠᠭᠤᠭ᠎ᠠ ᠪᠠᠷ ᠢᠶᠠᠨ ᠪᠠᠷᠠᠭᠤᠨ ᠭᠠᠷ ᠢᠶᠠᠷ ᠢᠶᠠᠨ ᠪᠤᠶᠤ ᠬᠤᠶᠠᠷ | ᠭᠠᠷ ᠢᠶᠠᠷ ᠢᠶᠠᠨ ᠲᠤᠰᠴᠤ ︽ᠵᠠ︾ ᠬᠡᠮᠡᠨ ᠠᠪᠬᠤ ᠪᠠ ᠲᠡᠬᠦᠦᠨᠡᠷ ᠬᠦᠮᠦᠨ ᠪᠤᠯ ᠪᠤᠰᠴᠤ ᠵᠤᠭᠰᠤᠬᠤ ᠪᠤᠶᠤ | ᠦᠨᠳᠡᠶᠢᠵᠦ ᠪᠠᠶᠢᠭᠠᠳ ᠬᠤᠶᠠᠷ ᠭᠠᠷ ᠢᠶᠠᠷ ᠢᠶᠠᠨ ᠲᠤᠰᠴᠤ ᠠᠪᠬᠤ ᠶᠤᠰᠤ ᠲᠠᠢ᠃ ᠴᠠᠢ ᠶᠢ ᠬᠦᠮᠦᠨ ᠳᠤ | ᠴᠠᠯᠬᠢᠭᠤᠯᠵᠤ ᠦᠭᠳᠡᠭ ᠦᠬᠡᠢ᠂ ᠠᠪᠬᠤ ᠬᠦᠮᠦᠨ ᠴᠤ ᠴᠠᠯᠬᠢᠭᠤᠯᠵᠤ ᠠᠪᠳᠠᠭ ᠦᠬᠡᠢ᠃ ᠭᠡᠷᠪᠡ ᠪᠤᠯᠭᠤᠮᠵᠢ ᠦᠬᠡᠢ | ᠴᠠᠯᠬᠢᠭᠤᠯᠴᠢᠬᠠᠪᠠᠯ ᠨᠠᠰᠤᠳᠠᠢ ᠬᠦᠮᠦᠨ ᠪᠤᠯ ︽ᠡ᠂ ᠰᠠᠯᠤᠭ ᠲᠠᠭᠠᠷᠢ︾ ᠬᠡᠵᠦ ᠪᠡᠶ᠎ᠡ ᠪᠠᠨ ᠵᠢᠮᠡᠯᠡᠬᠦ ᠪᠠ ᠵᠠᠯᠠᠭᠤ | ᠬᠦᠮᠦᠨ ᠪᠤᠯ ︽ᠮᠠᠭᠤᠬᠠᠢ ᠪᠤᠯᠤᠯ᠎ᠠ︾ ᠬᠡᠮᠡᠨ ᠠᠭᠤᠴᠢᠯᠠᠯ ᠬᠦᠰᠡᠨ᠎ᠡ᠃ ᠵᠤᠴᠢᠨ ᠬᠠᠷᠢᠭᠤ ᠳᠤᠨᠢ ︽ᠡᠷᠡᠭᠡ ᠦᠬᠡᠢ ︾ | ᠂ ︽ᠵᠦᠬᠡᠷ ᠵᠦᠬᠡᠷ︾ ᠬᠡᠬᠦ ᠮᠡᠳᠦ ᠪᠠᠷ ᠶᠠᠭᠤᠮᠠᠨ ᠳᠤ ᠪᠤᠳᠤᠭᠰᠠᠨ ᠦᠬᠡᠢ ᠪᠠᠨ ᠢᠯᠡᠷᠭᠡᠶᠢᠯᠡᠨ᠎ᠡ᠃ ᠴᠠᠢ | ᠠᠶᠠᠭᠠᠯᠠᠬᠤ ᠳᠤ ᠴᠠᠪ ᠲᠠᠢ ᠠᠶᠠᠭ᠎ᠠ ᠂ ᠡᠮᠳᠡᠷᠭᠡᠢ ᠠᠶᠠᠭᠠᠨ ᠳᠤ ᠠᠶᠠᠭᠠᠯᠠᠬᠤ ᠶᠢ ᠴᠡᠭᠡᠷᠯᠡᠵᠦ᠂ ᠲᠤᠨᠳᠠᠭᠤᠷ | ᠠᠶᠠᠭᠠᠯᠠᠬᠤ᠂ ᠠᠶᠠᠭᠠᠨ ᠳᠤ ᠬᠤᠷᠤᠭᠤ ᠬᠢᠮᠤᠰᠦ ᠪᠠᠨ ᠲᠦᠷᠦᠬᠦ ᠠᠴᠠ ᠬᠢᠴᠢᠶᠡᠨ᠎ᠡ᠃ | ᠵᠤᠴᠢᠨ ᠬᠦᠮᠦᠨ ᠲᠠᠪᠠᠭᠯᠠᠭᠰᠠᠨ ᠢᠳᠡᠭᠡᠨ ᠳᠤ ᠭᠠᠷ ᠬᠦᠷᠬᠦ ᠠᠴᠠ ᠡᠮᠦᠨ᠎ᠡ ᠤᠷᠢᠳᠠᠪᠠᠷ ᠭᠡᠷ ᠤᠨ ᠡᠵᠡᠨ ᠳᠤ | ᠨᠠᠶᠢᠷ ᠲᠠᠯᠪᠢᠵᠤ᠂ ᠲᠠᠷᠠᠭ᠎ᠠ ᠨᠢ ᠴᠠᠭᠠᠨ ᠢᠳᠡᠭᠡᠨ ᠠᠴᠠ ᠲᠡᠭᠷᠢ ᠪᠤᠷᠬᠠᠨ ᠳᠤ ᠡᠷᠬᠦᠰᠬᠢᠬᠦ ᠪᠤᠯᠤᠭᠠᠳ ᠰᠠᠶ᠋ᠢ ᠦᠪᠡᠷ | ᠢᠶᠠᠨ ᠠᠮᠰᠠᠨ᠎ᠠ᠃ ᠦᠳᠡᠯᠡᠬᠦ ᠵᠤᠴᠢᠨ ᠳᠤ ᠬᠤᠭᠤᠯᠠᠨ ᠤ ᠲᠠᠷᠠᠭ᠎ᠠ ᠪᠠᠰᠠ ᠴᠠᠢ ᠠᠶᠠᠭᠠᠯᠠᠵᠤ ᠴᠠᠭᠠᠨ ᠢᠳᠡᠭᠡ | ᠲᠠᠯᠪᠢᠨ᠎ᠠ᠃ ᠵᠤᠴᠢᠨ ᠮᠤᠷᠳᠠᠬᠤ ᠳᠠᠭᠠᠨ ᠵᠠᠪᠠᠯ ᠴᠠᠭᠠᠨ ᠢᠳᠡᠭᠡ ᠠᠴᠠ ᠠᠮᠰᠠᠵᠤ ᠭᠠᠷᠬᠤ ᠭᠡᠷᠡᠭᠳᠡᠢ᠃ ᠶᠡᠭᠡ ᠪᠠᠭ᠎ᠠ | ᠵᠤᠴᠢᠯᠠᠭ᠎ᠠ ᠳᠤ ᠪᠦᠷ ᠡᠶᠢᠮᠦ ᠵᠢᠷᠤᠮ ᠲᠠᠢ᠃ | ᠵᠤᠴᠢᠨ ᠢ ᠶᠠᠪᠤᠬᠤ ᠦᠶᠡᠰ ︽ᠲᠠᠪᠠᠳᠠᠢ ᠰᠠᠭᠠᠳᠠᠵᠤ ᠪᠠᠢ᠂ ᠦᠨᠵᠢᠭᠡᠳ ᠮᠤᠷᠢᠯᠠ︾ ᠬᠡᠬᠦᠴᠢᠯᠡᠨ ᠶᠠᠩᠨᠠᠬᠤ | ᠪᠦᠬᠡᠳ ᠭᠠᠷᠬᠤ ᠳᠤᠨᠢ ᠡᠬᠦᠳᠡ ᠪᠠᠨ ᠰᠡᠬᠦᠵᠦ ᠦᠳᠡᠵᠦ ᠭᠠᠷᠤᠨ᠎ᠠ᠃ ᠵᠤᠴᠢᠨ ᠭᠡᠷ ᠠᠴᠠ ᠭᠠᠷᠬᠤ ᠳᠠᠭᠠᠨ ᠨᠠᠷᠠᠨ | ᠵᠦᠪ ᠡᠷᠬᠢᠵᠦ ᠭᠠᠷᠬᠤ ᠵᠠᠩᠰᠢᠯ ᠲᠠᠢ᠃ ᠨᠠᠰᠤᠳᠠᠨ ᠲᠤᠮᠤᠭᠠᠳᠠᠨ ᠢ ᠪᠤᠯ ᠮᠤᠷᠢ ᠶᠢ ᠨᠢ ᠤᠶᠠᠭᠠᠨ ᠠᠴᠠ ᠲᠠᠶᠢᠯᠤᠨ | ᠦᠭᠴᠦ᠂ ᠮᠤᠷᠢᠨ ᠳᠤᠨᠢ ᠲᠦᠰᠢᠨ ᠮᠤᠷᠳᠠᠭᠤᠯᠵᠤ᠂ ︽ ᠵᠠᠮ ᠳᠠᠭᠠᠨ ᠰᠠᠶᠢᠨ ᠶᠠᠪᠤᠭᠠᠷᠠᠢ︾᠂ ︽ᠮᠡᠨᠳᠦ ᠶᠠᠪᠤᠭᠠᠷᠠᠢ | ︾ ᠬᠡᠬᠦ ᠮᠡᠳᠦ ᠢᠷᠦᠭᠡᠨ ᠮᠤᠷᠳᠠᠭᠤᠯᠬᠤ ᠪᠦᠬᠡᠳ ᠵᠤᠴᠢᠨ ᠬᠦᠮᠦᠨ ᠴᠤ ᠪᠤᠴᠠᠵᠤ ᠬᠠᠷᠠᠨ ︽ᠪᠦᠬᠦᠳᠡ ᠰᠠᠶᠢᠨ | ᠰᠠᠭᠤᠵᠠᠭᠠᠵᠤ ᠪᠠᠶᠢᠭᠠᠷᠠᠢ︾᠂ ︽ᠢᠷᠦᠬᠡᠯ ᠲᠤᠭᠳᠠᠭ︾ ᠬᠡᠬᠦᠴᠢᠯᠡᠨ ᠬᠠᠷᠢᠭᠤ ᠬᠡᠯᠡᠭᠡᠳ ᠶᠠᠪᠤᠨ᠎ᠠ᠂ ᠬᠠᠷᠢᠨ | ᠮᠤᠷᠳᠠᠮᠠᠭᠴᠠ ᠪᠠᠨ ᠴᠠᠰᠢ ᠬᠠᠷᠠᠵᠤ ᠲᠠᠪᠬᠢᠭᠤᠯᠵᠤ ᠠᠷᠢᠯᠬᠤ ᠶᠢ ᠴᠡᠭᠡᠷᠯᠡᠨ᠎ᠡ᠃ ᠤᠨᠴᠠ ᠵᠠᠷᠢᠮ ᠪᠠᠭᠤᠬᠤ ᠳᠠᠭᠠᠨ | ᠴᠤ ᠮᠡᠨᠳᠦ ᠦᠬᠡᠢ᠂ ᠪᠤᠴᠠᠬᠤ ᠳᠠᠭᠠᠨ ᠴᠤ ᠦᠬᠡ ᠦᠬᠡᠢ᠂ ᠶᠤᠰᠤ ᠨᠤᠮ ᠦᠬᠡᠢ ᠬᠦᠮᠦᠨ ᠢ ᠪᠤᠯ ︽ᠶᠠᠪᠤᠬᠤ ᠮᠦᠷ | ᠴᠢᠨᠢ ᠦᠵᠡᠭᠳᠡ᠂ ᠢᠷᠡᠬᠦ ᠮᠦᠷ ᠴᠢᠨᠢ ᠪᠤᠤ ᠦᠵᠡᠭᠳᠡ︾ ᠬᠡᠵᠦ ᠬᠡᠯᠡᠳᠡᠭ ᠶᠤᠮ᠃ | ᠭᠡᠷ ᠪᠦᠯᠢ ᠶᠢᠨ ᠲᠤᠳᠤᠷ᠎ᠠ ᠪᠠᠨ ᠴᠤ ᠡᠴᠢᠭᠡ ᠡᠬᠡ᠂ ᠠᠬᠠᠰ ᠵᠠᠬᠠᠰ ᠢᠶᠠᠨ ᠶᠡᠬᠡᠳᠡ ᠬᠦᠨᠳᠦᠯᠡᠬᠦ ᠪᠦᠬᠡᠳ | ᠬᠤᠯᠠ ᠶᠠᠪᠤᠵᠤ ᠪᠤᠴᠠᠵᠤ ᠢᠷᠡᠪᠡᠯ ᠮᠦᠨ ᠬᠦ᠋ ᠵᠤᠴᠢᠨ ᠤᠭᠳᠤᠬᠤ ᠶᠤᠰᠤ ᠪᠠᠷ ᠤᠭᠳᠤᠳᠠᠭ᠃ ᠠᠬᠠᠮᠠᠳ ᠤᠨ | ᠵᠠᠬᠢᠶ᠎ᠠ ᠰᠤᠷᠭᠠᠯ ᠠᠴᠠ ᠶᠡᠷᠦ ᠵᠦᠷᠢᠴᠡᠬᠦ ᠦᠬᠡᠢ ᠪᠦᠬᠡᠳ ᠡᠷᠡᠭᠳᠡᠢ ᠡᠮᠡᠭᠳᠡᠢ ᠴᠤ ᠬᠠᠷᠢᠯᠴᠠᠨ ᠪᠡᠶ᠎ᠡ ᠪᠡᠶ᠎ᠡ ᠪᠠᠨ | ᠬᠦᠨᠳᠦᠯᠡᠨ᠎ᠡ᠃ ᠨᠠᠰᠤᠳᠠᠨ ᠢᠶᠠᠨ ᠬᠦᠨᠳᠦᠳᠭᠡᠵᠦ ᠶᠠᠪᠤᠪᠠᠯ ᠪᠤᠶᠠᠨ ᠪᠤᠯᠤᠨ᠎ᠠ ᠬᠡᠮᠡᠨ ᠨᠠᠰᠤᠳᠠᠨ ᠪᠤᠭᠤᠷᠤᠯ ᠳᠠᠭᠠᠨ | ᠠᠯᠢ ᠰᠠᠶᠢᠨ ᠢ ᠢᠳᠡᠬᠦᠯᠵᠦ ᠠᠯᠢ ᠰᠠᠶᠢᠬᠠᠨ ᠢ ᠡᠳ᠋ᠯᠡᠬᠦᠯᠳᠡᠭ᠃ ᠴᠠᠢ ᠬᠤᠭᠤᠯᠠᠨ ᠤ ᠲᠡᠭᠡᠵᠢ ᠶᠢ ᠤᠷᠢᠳᠠᠪᠠᠷ | ᠨᠠᠰᠤᠳᠠᠨ᠂ ᠭᠡᠷ ᠤᠨ ᠡᠵᠡᠨ ᠳᠤ ᠪᠠᠷᠢᠨ᠎ᠠ᠃ ᠪᠡᠷᠢ ᠬᠦᠮᠦᠨ ᠦᠷᠯᠦᠬᠡ ᠡᠷᠳᠡ ᠪᠤᠰᠴᠤ᠂ ᠬᠠᠳᠠᠮ ᠡᠴᠢᠬᠡ ᠡᠬᠡ ᠶᠢᠨ | ᠢᠶᠠᠨ ᠡᠷᠦᠬᠡ ᠶᠢ ᠳᠠᠲᠠᠵᠤ᠂ ᠴᠠᠢ ᠶᠢ ᠨᠢ ᠴᠢᠨᠠᠵᠤ ᠦᠭᠬᠦᠨ᠎ᠡ᠃ ᠬᠠᠳᠠᠮ ᠤᠨ ᠦᠷᠦᠭᠡᠨ ᠳᠤ ᠬᠠᠳᠠᠮ ᠡᠴᠢᠬᠡ ᠡᠬᠡ | ︽ᠰᠠᠭᠤ︾ ᠭᠡᠰᠡᠨ ᠦᠬᠡ ᠦᠬᠡᠢ ᠪᠤᠯ ᠲᠤᠷ᠎ᠠ ᠪᠠᠷ ᠰᠠᠭᠤᠬᠤ ᠦᠬᠡᠢ᠃ ︽ᠰᠢᠪᠠᠭᠤᠨ ᠤ ᠪᠠᠭ᠎ᠠ ᠨᠢ ᠵᠢᠷᠬᠢᠨ᠎ᠡ︾ | ᠬᠡᠮᠡᠨ ᠭᠡᠷ ᠪᠦᠯᠢ ᠶᠢᠨ ᠠᠵᠢᠯ ᠬᠢᠳᠡᠯ ᠳᠤ ᠵᠠᠯᠠᠭᠤᠰ ᠬᠡᠦᠬᠡᠳ ᠪᠤᠰᠤᠳ ᠠᠴᠠ ᠤᠷᠢᠳ ᠬᠦᠩᠬᠡᠨ ᠱᠦᠩᠬᠡᠨ | ᠬᠦᠳᠡᠯᠵᠦ ᠂ ᠬᠠᠷᠢᠨ ᠢᠳᠡᠵᠦ ᠤᠤᠭᠤᠬᠤ ᠳᠤ ᠪᠤᠯ ᠬᠦᠮᠦᠨ ᠠᠴᠠ ᠬᠤᠵᠢᠭᠤ ᠪᠠᠶᠢᠬᠤ ᠭᠡᠷᠡᠭᠳᠡᠢ᠃ ᠲᠡᠭᠡᠷ᠎ᠡ | ᠦᠶ᠎ᠡ ᠶᠢᠨ ᠬᠢᠨ ᠤ ᠲᠡᠷᠭᠡᠳᠡ ᠠᠷᠢᠬᠢ ᠲᠠᠮᠠᠬᠢ ᠶᠢ ᠡᠷᠡᠰ ᠴᠡᠭᠡᠷᠯᠡᠬᠦ ᠪᠦᠬᠡᠳ ᠵᠠᠪᠢᠯᠠᠵᠤ ᠰᠠᠭᠤᠬᠤ ᠦᠬᠡᠢ᠂ | ᠬᠡᠶᠡᠭᠡᠯᠳᠡᠵᠦ ᠭᠡᠪᠳᠡᠬᠦ ᠦᠬᠡᠢ᠂ ᠬᠡᠪᠳᠡᠵᠦ ᠪᠠᠶᠢᠭᠰᠠᠨ ᠪᠤᠯ ᠲᠠᠷᠤᠶᠢᠬᠠᠨ ᠪᠤᠰᠤᠨ᠎ᠠ᠃ ᠠᠬᠠᠮᠠᠳ ᠲᠤᠮᠤᠭᠠᠳᠠᠨ ᠤ | ᠲᠡᠷᠭᠡᠳᠡ ᠠᠷᠢᠬᠢ ᠤᠤᠭᠤᠬᠤ ᠦᠬᠡᠢ᠂ ᠲᠠᠮᠠᠬᠢ ᠲᠠᠳᠠᠬᠤ ᠦᠬᠡᠢ᠃ ᠨᠠᠰᠤᠳᠠᠨ ᠲᠤᠮᠤᠭᠠᠳᠠᠨ᠂ ᠠᠬᠠᠰ ᠵᠠᠬᠠᠰ | ᠠᠴᠠ ᠪᠡᠯᠡᠭ ᠰᠠᠯᠳᠠ ᠲᠤᠰᠴᠤ ᠠᠪᠬᠤ ᠳᠤ ᠵᠠᠪᠠᠯ ︽ᠰᠠᠭᠠᠳᠠ ᠰᠠᠭᠠᠳᠠ︾ ᠬᠡᠮᠡᠨ ᠰᠠᠭᠤᠯᠭᠠᠵᠤ ᠪᠠᠶᠢᠭᠠᠳ ᠠᠪᠳᠠᠭ | ᠃ ᠭᠡᠷ ᠵᠠᠭᠤᠷ᠎ᠠ ᠪᠠᠨ ᠪᠤᠶᠤ ᠠᠶᠢᠯ ᠰᠠᠭᠠᠬᠠᠯᠳᠠ ᠶᠢᠨ ᠠᠬᠠᠮᠠᠳ ᠬᠦᠮᠦᠰ ᠢ ᠪᠦᠷ ᠲᠤᠭᠳᠠᠭᠰᠠᠨ ᠲᠠᠭᠤᠳᠠᠯᠭ᠎ᠠ ᠪᠠᠷ | ᠬᠦᠨᠳᠦᠳᠭᠡᠨ ᠲᠠᠭᠤᠳᠠᠨ᠎ᠠ᠂ ᠬᠠᠷᠢᠨ ︽ᠴᠢ︾᠂ ︽ᠪᠢ︾ ᠬᠡᠮᠡᠨ ᠲᠠᠭᠤᠳᠠᠳᠠᠭ ᠦᠬᠡᠢ ᠃ | ᠡᠴᠢᠬᠡ ᠡᠬᠡ ᠪᠤᠯᠤᠭᠰᠠᠳ ᠦᠷ᠎ᠡ ᠬᠡᠦᠬᠡᠳ ᠢᠶᠠᠨ ᠬᠠᠶᠢᠷᠠᠯᠠᠨ ᠬᠠᠯᠠᠮᠵᠢᠯᠠᠨ᠎ᠠ᠃ ᠰᠠᠶ᠋ᠢ ᠭᠡᠷ ᠠᠴᠠ ᠭᠠᠷᠴᠤ | ᠬᠤᠯᠠ ᠶᠠᠪᠤᠬᠤ ᠬᠡᠦᠬᠡᠳ ᠲᠤ ᠡᠴᠢᠬᠡ ᠡᠬᠡ ᠨᠢ ᠰᠦ ᠠᠮᠰᠠᠭᠤᠯᠵᠤ᠂ ᠠᠶᠠᠨ ᠤ ᠲᠦᠷᠦᠬᠡ ᠶᠢ ᠨᠢ ᠰᠦ ᠪᠠᠷ | ᠮᠢᠯᠢᠶᠠᠨ ᠮᠤᠷᠳᠠᠭᠤᠯᠵᠤ᠂ ᠰᠠᠶᠢᠨ ᠰᠠᠶᠢᠬᠠᠨ ᠢ ᠨᠢ ᠵᠦᠩᠨᠡᠨ ᠢᠷᠦᠬᠡᠨᠡ᠃ ᠪᠤᠴᠠᠵᠤ ᠢᠷᠡᠬᠦᠯᠡᠷ ᠮᠦᠨ ᠬᠦ᠋ | ᠤᠭᠳᠤᠨ ᠮᠡᠨᠳᠦᠯᠡᠯᠴᠡᠵᠦ᠂ ᠡᠴᠢᠬᠡ ᠬᠦᠮᠦᠨ ᠮᠠᠩᠨᠠᠢ ᠲᠡᠭᠡᠷ᠎ᠡ ᠨᠢ ᠦᠨᠦᠷᠳᠦᠨ᠂ ᠡᠬᠡ ᠬᠦᠮᠦᠨ ᠬᠠᠴᠠᠷ ᠢ ᠨᠢ | ᠦᠨᠦᠰᠴᠦ᠂ ᠮᠡᠨᠳᠦ ᠰᠠᠶᠢᠨ ᠶᠠᠪᠤᠵᠤ ᠢᠷᠡᠭᠰᠡᠨ ᠤ ᠪᠡᠯᠭᠡ ᠲᠠᠭᠠᠰᠢᠶᠠᠯ ᠪᠤᠯᠭᠠᠨ᠎ᠠ᠃ | ᠠᠶᠠᠨ ᠵᠠᠮ ᠳᠤ ᠪᠤᠶᠤ ᠭᠡᠭᠡᠷ᠎ᠡ ᠭᠠᠳᠠᠨ᠎ᠠ ᠬᠦᠮᠦᠨ ᠲᠠᠢ ᠬᠠᠷᠭᠤᠪᠠᠯ᠂ ᠵᠠᠯᠠᠭᠤ ᠬᠦᠮᠦᠨ ᠤᠷᠢᠳᠠᠪᠠᠷ ᠮᠤᠷᠢᠨ | ᠠᠴᠠ ᠪᠠᠨ ᠪᠠᠭᠤᠵᠤ ᠬᠠᠷᠢᠯᠴᠠᠨ ᠮᠡᠨᠳᠦᠯᠡᠨ᠎ᠡ᠃ ᠦᠶ᠎ᠡ ᠬᠤᠷᠠᠭ ᠤᠨ ᠬᠦᠮᠦᠨ ᠮᠤᠷᠢᠨ ᠠᠴᠠ ᠪᠠᠨ ᠪᠠᠭᠤᠬᠤ ᠦᠬᠡᠢ | ᠳᠤ ᠪᠤᠯᠬᠤ ᠪᠤᠯᠪᠠᠴᠤ ᠵᠦᠪ ᠲᠠᠯ᠎ᠠ ᠶᠢᠨ ᠲᠦᠷᠦᠭᠡ ᠠᠴᠠ ᠪᠠᠨ ᠬᠦᠯ ᠢᠶᠠᠨ ᠮᠤᠯᠳᠤᠯᠤᠨ᠂ ᠬᠦᠨᠳᠦᠳᠭᠡᠬᠦ ᠶᠢᠨ | ᠲᠦᠬᠦᠮ ᠶᠤᠰᠤ ᠶᠢ ᠬᠦᠢᠴᠡᠳᠭᠡᠨ᠎ᠡ᠃ ᠬᠦᠮᠦᠨ ᠵᠠᠮ ᠮᠦᠷ ᠠᠰᠠᠭᠤᠪᠠᠯ ᠲᠤᠳᠤᠷᠬᠠᠢ ᠰᠠᠶᠢᠬᠠᠨ ᠵᠢᠭᠠᠵᠤ ᠦᠭᠬᠦ | ᠶᠤᠰᠤᠳᠠᠢ᠃ ᠵᠠᠮ ᠠᠰᠠᠭᠤᠬᠤ ᠬᠦᠮᠦᠨ ᠡᠷᠭᠡᠪᠰᠢ ᠤᠨᠤᠭ᠎ᠠ ᠬᠦᠰᠭᠡ ᠠᠴᠠ ᠪᠠᠨ ᠪᠠᠭᠤᠳᠠᠭ ᠶᠤᠰᠤ ᠲᠠᠢ᠃ ᠡᠨᠡ | ᠲᠤᠬᠠᠢ ᠨᠢᠬᠡ ᠤᠬᠤᠷ ᠦᠯᠢᠬᠡᠷ ᠪᠠᠶᠢᠳᠠᠭ᠄ ᠤᠷᠢᠳᠤ ᠴᠠᠭ ᠲᠤ ᠨᠢᠬᠡᠨ ᠮᠤᠷᠢᠳᠠᠢ ᠬᠦᠮᠦᠨ ᠬᠤᠨᠢ ᠬᠠᠷᠢᠭᠤᠯᠵᠤ | ᠶᠠᠪᠤᠭᠰᠠᠨ ᠬᠡᠦᠭᠡᠳ ᠲᠡᠭᠡᠷ᠎ᠡ ᠢᠷᠡᠵᠦ ᠮᠤᠷᠢᠨ ᠠᠴᠠ ᠪᠠᠨ ᠪᠠᠭᠤᠯ ᠦᠬᠡᠢ ᠪᠠᠷ ᠵᠠᠮ ᠠᠰᠠᠭᠤᠵᠤ ᠬᠡᠨ᠎ᠡ᠃ ᠲᠡᠭᠡᠬᠦ | ᠳᠤ ᠲᠡᠷᠡ ᠬᠡᠦᠬᠡᠳ᠄ ︽ᠮᠠᠨ ᠤ ᠡᠨᠡ ᠭᠠᠵᠠᠷ ᠲᠤ ᠵᠠᠮ ᠭᠡᠳᠡᠭ ᠶᠠᠭᠤᠮ᠎ᠠ ᠶᠢ ᠮᠡᠳᠡᠳᠡᠭ ᠦᠬᠡᠢ︾ ᠬᠡᠵᠡᠢ᠃ | ᠲᠡᠷᠡ ᠬᠦᠮᠦᠨ ᠭᠠᠶᠢᠬᠠᠵᠤ᠄ ︽ᠶᠠᠭᠠᠬᠢᠭᠠᠳ︖︾ ᠭᠡᠪᠡᠯ ᠬᠡᠦᠬᠡᠳ ᠬᠠᠷᠢᠭᠤ ᠳᠤᠨᠢ᠄ ︽ᠶᠠᠭᠠᠬᠢᠬᠤ ᠶᠠᠭᠤ | ᠪᠠᠶᠢᠬᠤ ᠪᠤᠢ᠂ ᠶᠠᠬᠢᠷᠯᠠᠭᠰᠠᠨ ᠶᠤᠮ︾ ᠭᠡᠪᠡ᠃ ᠲᠡᠷᠡ ᠬᠦᠮᠦᠨ ᠠᠭᠤᠷᠯᠠᠵᠤ᠄ ︽ᠴᠢ ᠶᠠᠭᠠᠬᠢᠭᠰᠠᠨ ᠲᠢᠭ ᠦᠬᠡᠢ | ᠬᠡᠦᠭᠡᠳ ᠪᠤᠢ︾ ᠬᠡᠬᠦ ᠳᠤ᠄ ︽ ᠲᠠ ᠲᠢᠭ ᠲᠠᠢ ᠪᠠᠷ ᠢᠶᠠᠨ ᠮᠤᠷᠢᠨ ᠠᠴᠠ ᠪᠠᠨ ᠪᠠᠭᠤᠵᠤ ᠵᠠᠮ ᠠᠰᠠᠭᠤᠯ ᠳ᠋ᠠ︾ | ᠬᠡᠰᠡᠨ ᠬᠡᠨ᠎ᠡ᠃ ᠡᠶᠢᠨ ᠬᠦ᠋᠂ ᠶᠤᠰᠤ ᠠᠯᠳᠠᠬᠤ ᠨᠢ ᠲᠠᠶᠢᠹᠤᠰᠧ ᠨᠤᠳᠤᠭ ᠲᠤ ᠨᠡᠷ᠎ᠡ ᠨᠢᠭᠤᠷ ᠢᠶᠠᠨ ᠪᠠᠷᠠᠭᠰᠠᠨ | ᠶᠠᠪᠤᠳᠠᠯ ᠪᠤᠯᠳᠠᠭ ᠪᠠᠶᠢᠨ᠎ᠠ᠃ | ᠨᠠᠶᠢᠷ ᠬᠤᠷᠢᠮ ᠳᠤ ᠬᠦᠨᠳᠦᠳᠭᠡᠯ ᠢ ᠨᠡᠩ ᠢᠯᠡᠬᠦᠦ ᠡᠷᠬᠢᠮᠨᠡᠵᠦ᠂ ᠢᠯᠠᠩᠭᠤᠶ᠎ᠠ ᠬᠤᠷᠢᠮ ᠤᠨ ᠬᠤᠳᠠ | ᠬᠤᠳᠠᠭᠠᠢ ᠨᠠᠷ ᠬᠠᠷᠢᠯᠴᠠᠨ ᠮᠠᠰᠢ ᠬᠦᠨᠳᠦᠳᠭᠡᠵᠦ᠂ ᠬᠤᠭᠤᠷᠤᠨᠳᠤ ᠪᠠᠨ ᠶᠡᠬᠡᠳᠡ ᠨᠠᠶᠢᠷ ᠲᠠᠯᠪᠢᠨ᠎ᠠ᠃ ᠭᠡᠳᠦᠶᠢᠪᠡᠷ | ᠬᠡᠦᠬᠡᠨ ᠲᠠᠯ᠎ᠠ ᠶᠢᠨ ᠬᠤᠳᠠ ᠬᠤᠳᠠᠭᠠᠢ ᠨᠠᠷ ︽ᠠᠪᠬᠤ ᠬᠦᠮᠦᠨ ᠪᠦᠬᠦᠶᠢᠨᠡ᠂ ᠦᠭᠬᠦ ᠬᠦᠮᠦᠨ ᠬᠡᠳᠡᠶᠢᠨᠡ︾ ᠬᠡᠮᠡᠨ | ᠶᠡᠬᠡᠯ᠎ᠡ ᠭᠡᠳᠡᠭᠡᠷ ᠪᠠᠶᠢᠳᠠᠭ ᠪᠤᠯᠪᠠᠴᠤ᠂ ᠶᠤᠰᠤ ᠵᠢᠷᠤᠮ ᠤᠨ ᠲᠤᠳᠤᠷ᠎ᠠ ᠡᠪ ᠵᠦᠢ ᠲᠠᠢ ᠬᠡᠯᠡᠯᠴᠡᠨ᠎ᠡ᠃ ᠬᠤᠷᠢᠮ | ᠨᠠᠶᠢᠷ ᠲᠤ ᠶᠡᠭᠡ ᠰᠤᠭᠳᠤᠵᠤ ᠶᠤᠰᠤ ᠠᠯᠳᠠᠬᠤ ᠶᠢ ᠬᠢᠴᠢᠶᠡᠵᠦ᠂ ᠠᠷᠢᠬᠢ ᠲᠠᠷᠠᠰᠤ ᠶᠢ ᠬᠡᠮᠵᠢᠶ᠎ᠡ ᠲᠠᠢ | ᠤᠤᠭᠤᠨ᠎ᠠ᠃ ᠭᠡᠷᠪᠡ ᠬᠤᠷᠢᠮ ᠨᠠᠶᠢᠷ ᠲᠤ ᠢᠷᠡᠭᠰᠡᠳ ᠬᠠᠶᠠ ᠨᠢᠬᠡ ᠨᠢ ᠰᠤᠭᠳᠤᠵᠤ᠂ ᠠᠭᠰᠤᠮ ᠲᠠᠯᠪᠢᠵᠤ ᠠᠭᠠᠰᠢ | ᠭᠠᠷᠭᠠᠨ᠂ ᠬᠤᠷᠢᠮ ᠨᠡᠶᠢᠷ ᠢ ᠨᠦᠯᠦᠬᠡᠯᠡᠬᠦ ᠳᠤ ᠬᠦᠷᠪᠡᠯ᠂ ᠲᠡᠬᠦᠨ ᠢ ᠠᠷᠢᠬᠢ ᠶᠢ ᠨᠢ ᠰᠡᠷᠬᠦᠳᠡᠯᠡ ᠢᠰᠡᠭᠡᠢ ᠳᠤ | ᠪᠤᠭᠤᠵᠤ ᠲᠠᠯᠪᠢᠳᠠᠭ ᠪᠠᠶᠢᠵᠠᠢ᠃ ᠢᠰᠡᠭᠡᠢ ᠳᠤ ᠪᠤᠭᠤᠭᠳᠠᠭᠰᠠᠨ ᠬᠦᠮᠦᠨ ᠠᠷᠢᠬᠢ ᠨᠢ ᠰᠡᠷᠬᠦᠭᠡᠭᠰᠡᠨ ᠤ ᠲᠠᠷᠠᠭ᠎ᠠ | ᠮᠠᠰᠢ ᠶᠡᠭᠡ ᠢᠴᠡᠩᠬᠦᠶᠢᠷᠡᠵᠦ᠂᠂ ᠬᠦᠮᠦᠨ ᠤ ᠴᠢᠷᠠᠢ ᠬᠠᠷᠠᠵᠤ ᠴᠢᠳᠠᠯ ᠦᠬᠡᠢ ᠰᠢᠭᠤᠳ ᠮᠤᠷᠢᠨ ᠳᠠᠭᠠᠨ ᠮᠤᠷᠳᠠᠵᠤ | ᠲᠠᠪᠬᠢᠳᠠᠭ ᠭᠡᠨ᠎ᠡ᠃ | ᠲᠠᠶᠢᠹᠤᠰᠧ ᠮᠤᠩᠭᠤᠯᠴᠤᠳ ᠬᠤᠷᠢᠮ ᠤᠨ ᠢᠳᠡᠭᠡᠨ ᠤᠮᠳᠠᠭᠠᠨ ᠤ ᠶᠤᠰᠤᠨ ᠢ ᠮᠠᠰᠢᠳᠠ ᠬᠦᠨᠳᠦᠳᠭᠡᠨ | ᠡᠷᠬᠢᠮᠯᠡᠳᠡᠭ᠃ ᠵᠤᠴᠢᠨ ᠲᠠᠶᠢᠯᠠᠬᠤ ᠳᠤ ᠭᠡᠷ ᠵᠠᠭᠤᠷ᠎ᠠ ᠶᠢᠨ ᠲᠦᠬᠦᠮ ᠲᠠᠶᠢᠯᠠᠯᠭ᠎ᠠ ᠪᠠ ᠬᠤᠷᠢᠮ ᠨᠠᠶᠢᠷ ᠤᠨ ᠶᠡᠭᠡ | ᠲᠠᠶᠢᠯᠠᠯᠭ᠎ᠠ ᠬᠡᠵᠦ ᠬᠤᠶᠠᠷ ᠵᠦᠢᠯ ᠪᠤᠢ᠃ ᠠᠯᠢ ᠲᠠᠶᠢᠯᠠᠯᠭ᠎ᠠ ᠨᠢ ᠴᠤ ᠭᠡᠰᠡᠨ ᠦᠬᠡᠢ ᠤᠷᠢᠳᠠᠪᠠᠷ ᠵᠤᠴᠢᠳ ᠲᠠᠭᠠᠨ | ᠴᠠᠢ ᠠᠶᠠᠭᠠᠯᠠᠨ ᠪᠤᠤᠪᠤ ᠴᠠᠭᠠᠨ ᠢᠳᠡᠭᠡ ᠲᠠᠯᠪᠢᠨ᠎ᠠ᠃ ᠴᠠᠢ ᠤᠤᠭᠤᠵᠤ ᠴᠠᠭᠠᠨ ᠢᠳᠡᠭᠡ ᠠᠮᠰᠠᠭᠰᠠᠨ ᠤ ᠲᠠᠷᠠᠭ᠎ᠠ | ᠡᠳᠡᠭᠡᠷ ᠢᠶᠠᠨ ᠲᠡᠭᠡᠭᠰᠢᠯᠡᠬᠦᠯᠦᠬᠡᠳ ᠠᠷᠢᠬᠢ ᠪᠠᠷᠢᠨ᠎ᠠ᠃ ᠠᠷᠢᠬᠢ ᠪᠠᠷᠢᠬᠤ ᠳᠠᠭᠠᠨ ᠰᠢᠷᠡᠭᠡᠨ ᠳᠤ ᠰᠠᠭᠤᠭᠰᠠᠨ | ᠵᠤᠴᠢᠳ ᠤᠨ ᠠᠬᠠᠮᠠᠳ ᠠᠴᠠ ᠨᠢ ᠡᠬᠢᠯᠡᠨ ᠲᠠᠷᠠᠭᠠᠯᠠᠨ ᠪᠠᠷᠢᠬᠤ ᠪᠦᠬᠡᠳ ᠭᠡᠷ ᠤᠨ ᠡᠵᠡᠨ ᠪᠤᠶᠤ ᠵᠤᠴᠢᠯᠠᠭᠴᠢ ᠨᠢ | ᠵᠠᠪᠠᠯ ᠲᠡᠪᠡᠯ ᠮᠠᠯᠠᠭᠠᠢ ᠪᠠᠨ ᠲᠡᠭᠰᠢ ᠰᠠᠶᠢᠬᠠᠨ ᠡᠮᠦᠰᠴᠦ᠂ ᠡᠩᠬᠡᠷ ᠵᠠᠭᠠᠮ᠎ᠠ ᠪᠠᠨ ᠲᠤᠪᠴᠢᠯᠠᠭᠰᠠᠨ ᠪᠦᠬᠡᠳ | ᠬᠠᠨᠴᠤᠢ ᠪᠠᠨ ᠪᠠᠭᠤᠯᠭᠠᠭᠰᠠᠨ ᠪᠠᠶᠢᠬᠤ ᠭᠡᠷᠡᠭᠳᠡᠢ᠃ ᠠᠷᠢᠬᠢ ᠪᠠᠷᠢᠬᠤ ᠳᠠᠭᠠᠨ ︽ᠤᠤᠭᠤᠴᠢᠬ᠎ᠠ︾ ᠬᠡᠵᠦ ᠬᠡᠯᠡᠬᠦ | ᠦᠬᠡᠢ᠂ ᠬᠠᠷᠢᠨ ︽ᠵᠤᠭᠤᠭᠯᠠᠴᠢᠬᠠ︾᠂ ︽ᠰᠡᠷᠬᠦᠭᠡᠴᠢᠬᠡ︾᠂ ︽ᠪᠠᠷᠢᠴᠢᠬᠠ︾᠂ ︽ᠪᠢᠯᠭᠡᠬᠦᠯᠴᠢᠬᠡ︾ ᠬᠡᠬᠦ | ᠮᠡᠳᠦ ᠶᠢᠨ ᠬᠦᠨᠳᠦᠳᠭᠡᠯ ᠦᠬᠡ ᠭᠡᠷᠡᠭᠯᠡᠳᠡᠭ᠃ ᠬᠡᠦᠭᠡᠳ ᠬᠦᠮᠦᠨ ᠠᠷᠢᠬᠢ ᠤᠤᠭᠤᠬᠤ ᠶᠢ ᠴᠡᠭᠡᠷᠯᠡᠨ᠎ᠡ᠂ ᠭᠤᠴᠢᠨ | ᠲᠤᠯᠤᠭ᠎ᠠ ᠬᠦᠷᠪᠡᠯ ᠰᠠᠶ᠋ᠢ ᠠᠷᠢᠬᠢᠨ ᠴᠡᠭᠡᠷ ᠲᠠᠯᠪᠢᠳᠠᠭ ᠵᠠᠩᠰᠢᠯ ᠲᠠᠢ᠃ | ᠲᠦᠬᠦᠮ ᠲᠠᠶᠢᠯᠠᠯᠭ᠎ᠠ ᠳᠤ ᠲᠠᠯᠤ᠂ ᠲᠦᠷᠪᠡᠨ ᠦᠨᠳᠦᠷ᠂ ᠰᠡᠭᠡᠷ ᠨᠢᠷᠤᠭᠤ᠂ ᠲᠤᠮᠳᠠ ᠴᠢᠮᠦᠬᠡ ᠵᠡᠷᠭᠡ ᠶᠢ | ᠲᠠᠪᠠᠭᠯᠠᠨᠠ᠃ ᠲᠡᠭᠡᠬᠦ ᠳᠡᠭᠡᠨ᠂ ᠲᠠᠯᠤ ᠶᠢᠨ ᠬᠠᠮᠠᠷ ᠢ ᠲᠡᠭᠡᠭᠰᠢ ᠬᠠᠨᠳᠤᠭᠤᠯᠤᠨ᠂ ᠲᠦᠷᠪᠡᠨ ᠦᠨᠳᠦᠷ ᠤᠨ ᠪᠤᠤᠷ᠎ᠠ | ᠲᠠᠢ ᠵᠡᠷᠭᠡᠴᠡᠬᠦᠯᠦᠨ ᠲᠠᠯᠪᠢᠵᠤ᠂ ᠰᠡᠭᠡᠷ ᠢ ᠪᠦᠳᠦᠬᠦᠨ ᠦᠵᠦᠬᠦᠷ ᠢᠶᠠᠷ ᠨᠢ᠂ ᠰᠡᠬᠦᠵᠢ ᠶᠢ ᠬᠠᠪᠳᠠᠭᠠᠢ ᠲᠠᠯ᠎ᠠ ᠪᠠᠷ ᠨᠢ | ᠲᠠᠯᠪᠢᠬᠤ ᠪᠦᠬᠡᠳ ᠬᠢᠳᠤᠭ᠎ᠠ ᠶᠢᠨ ᠡᠰᠢ ᠲᠠᠯ᠎ᠠ ᠶᠢ ᠵᠤᠴᠢᠨ ᠤ ᠵᠦᠭ ᠲᠤ ᠬᠠᠨᠳᠤᠭᠤᠯᠵᠤ ᠲᠠᠯᠪᠢᠨ᠎ᠠ᠃ ᠶᠡᠭᠡ | ᠲᠠᠶᠢᠯᠠᠯᠭ᠎ᠠ ᠳᠤ ᠤᠭᠤᠴᠠ ᠲᠠᠯᠪᠢᠵᠤ ᠵᠤᠴᠢᠯᠠᠨ᠎ᠠ᠃ ᠲᠠᠶᠢᠯᠠᠯᠭ᠎ᠠ ᠶᠢᠨ ᠡᠴᠦᠰ ᠲᠤ ᠵᠠᠪᠠᠯ ᠬᠤᠭᠤᠯᠠ ᠤᠷᠤᠭᠤᠯᠵᠤ | ᠱᠦᠯᠦ ᠠᠮᠰᠠᠭᠤᠯᠤᠨ᠎ᠠ᠃ | ᠲᠠᠶᠢᠹᠤᠰᠧᠴᠤᠳ ᠪᠢᠴᠢᠭ ᠰᠤᠳᠤᠷ ᠢ ᠡᠷᠬᠢᠮᠯᠡᠵᠦ᠂ ᠪᠠᠭᠰᠢ ᠬᠦᠮᠦᠨ ᠢ ᠮᠠᠰᠢ ᠬᠦᠨᠳᠦᠳᠭᠡᠳᠡᠭ᠃ ᠨᠤᠮ | ᠰᠤᠳᠤᠷ ᠢ ᠰᠠᠶᠢᠳᠤᠷ ᠪᠠᠭᠯᠠᠵᠤ᠂ ᠠᠪᠳᠠᠷ᠎ᠠ ᠬᠤᠷᠭᠤ ᠶᠢᠨ ᠬᠠᠮᠤᠭ ᠲᠡᠭᠡᠷ᠎ᠡ ᠲᠠᠯ᠎ᠠ ᠳᠤ ᠪᠤᠶᠤ ᠪᠤᠷᠬᠠᠨ ᠤ ᠰᠢᠷᠡᠭᠡᠨ | ᠲᠡᠭᠡᠷ᠎ᠡ ᠵᠠᠯᠠᠵᠤ ᠲᠠᠯᠪᠢᠨ᠎ᠠ᠃ ᠦᠰᠦᠭ ᠲᠠᠢ ᠴᠠᠭᠠᠰᠤ ᠶᠢ ᠠᠯᠳᠠᠰ ᠪᠤᠯᠤᠨ᠎ᠠ ᠬᠡᠮᠡᠨ ᠭᠠᠵᠠᠷ ᠬᠦᠰᠡᠷ ᠬᠠᠶᠠᠬᠤ ᠦᠬᠡᠢ | ᠪᠦᠬᠡᠳ ᠲᠡᠭᠡᠬᠦᠷ ᠨᠢ ᠠᠯᠬᠤᠵᠤ ᠬᠢᠰᠬᠢᠬᠦ ᠶᠢ ᠨᠡᠩ ᠴᠤ ᠴᠡᠭᠡᠷᠯᠡᠨ᠎ᠡ᠃ ᠭᠡᠷᠡᠭ ᠦᠬᠡᠢ ᠪᠤᠯ ᠭᠠᠯ ᠳᠤ ᠡᠬᠦᠰᠭᠡᠨ᠎ᠡ᠃ | ᠪᠢᠴᠢᠭ ᠰᠤᠷᠴᠤ ᠪᠠᠶᠢᠭ᠎ᠠ ᠭᠡᠦᠭᠡᠳ ᠵᠢᠯ ᠴᠠᠭᠠᠨ ᠰᠠᠷ᠎ᠠ ᠳᠤ ᠪᠢᠴᠢᠭ ᠨᠤᠮ ᠢᠶᠠᠨ ᠪᠢᠳᠡᠬᠦᠯᠡᠵᠦ ᠮᠦᠷᠬᠦᠵᠦ ᠲᠠᠬᠢᠭᠠᠳ | ᠂ ᠰᠢᠨ᠎ᠡ ᠶᠢᠨ ᠨᠠᠢᠮᠠᠨ ᠳᠤ ᠪᠢᠴᠢᠭ ᠢᠶᠠᠨ ᠰᠡᠬᠦᠬᠦ ᠳᠡᠭᠡᠨ ᠪᠠᠰᠠ ᠮᠦᠷᠬᠦᠵᠦ ᠠᠪᠴᠤ ᠦᠵᠡᠨ᠎ᠡ᠃ ᠤᠷᠢᠳᠤ ᠴᠠᠭ | ᠲᠤ ᠱᠠᠪᠢ ᠤᠷᠤᠬᠤ ᠳᠠᠭᠠᠨ ᠴᠢᠨᠡᠭᠡᠯᠢᠭ ᠠᠶᠢᠯ ᠤᠨ ᠬᠡᠦᠬᠡᠳ ᠪᠤᠯ ᠲᠡᠪᠡᠯ ᠤᠨ ᠪᠠᠷᠠᠭ᠎ᠠ ᠪᠤᠶᠤ ᠬᠤᠨᠢᠨ ᠤ ᠪᠡᠯᠡᠭ | ᠲᠠᠢ ᠪᠠᠷ ᠪᠠᠭᠰᠢ ᠳᠠᠭᠠᠨ ᠵᠤᠯᠭᠠᠵᠤ᠂ ᠬᠠᠳᠠᠭ ᠠᠷᠢᠬᠢ ᠪᠠᠷᠢᠵᠦ ᠮᠦᠷᠬᠦᠨ᠂ ᠶᠠᠳᠠᠭᠤᠴᠤᠳ ᠤᠨ ᠬᠡᠦᠬᠡᠳ ᠴᠤ | ᠭᠡᠰᠡᠨ ᠬᠠᠳᠠᠭ ᠠᠷᠢᠬᠢ ᠪᠤᠤᠪᠤ ᠲᠠᠢ ᠮᠦᠷᠬᠦᠵᠦ ᠵᠤᠯᠭᠠᠳᠠᠭ ᠪᠠᠶᠢᠨ᠎ᠠ᠃ ᠰᠢᠨ᠎ᠡ ᠦᠩᠭᠡᠷᠡᠭᠡᠳ ᠪᠠᠭᠰᠢ ᠳᠠᠭᠠᠨ | ᠵᠤᠯᠭᠠᠬᠤ ᠳᠠᠭᠠᠨ ᠪᠠᠰᠠ ᠠᠷᠢᠬᠢ ᠪᠠᠷᠢᠵᠤ ᠮᠦᠷᠬᠦᠳᠡᠭ᠃ | ᠲᠡᠭᠡᠷ᠎ᠡ ᠦᠬᠦᠯᠡᠭᠰᠡᠨ ᠵᠠᠩ ᠵᠠᠩᠰᠢᠯ ᠤᠨ ᠶᠤᠰᠤ ᠵᠦᠢ ᠪᠤᠯ ᠲᠠᠶᠢᠹᠤᠰᠧᠴᠤᠳ ᠤᠨ ᠬᠦᠨᠳᠦᠯᠡᠬᠦ ᠮᠡᠨᠳᠦᠯᠡᠬᠦ | ᠶᠤᠰᠤ ᠵᠢᠷᠤᠮ ᠤᠨ ᠲᠤᠬᠠᠢ ᠪᠦᠳᠦᠬᠦᠪᠴᠢ ᠲᠠᠨᠢᠯᠴᠠᠭᠤᠯᠭ᠎ᠠ ᠪᠤᠯᠤᠨ᠎ᠠ᠃ ᠲᠡᠷᠡ ᠪᠦᠬᠦᠨ ᠢ ᠠᠳᠡ ᠦᠬᠦᠯᠡᠬᠦ | ᠪᠤᠯᠤᠮᠵᠢ ᠠᠯᠠᠭ᠎ᠠ᠃ ᠬᠠᠷᠢᠨ ᠲᠤᠷᠠᠳᠤᠭᠤᠰᠢᠳᠠᠢ ᠨᠢᠬᠡᠨ ᠵᠦᠢᠯ ᠪᠤᠯ ᠠᠵᠤ ᠠᠮᠢᠳᠤᠷᠠᠯ ᠵᠠᠩ ᠵᠠᠩᠰᠢᠯ ᠯᠤᠭ᠎ᠠ | ᠬᠤᠯᠪᠤᠭᠳᠠᠭᠰᠠᠨ ᠬᠡᠦᠬᠡᠳ ᠤᠨ ᠲᠤᠭᠯᠠᠭᠠᠮ ᠤᠨ ᠵᠠᠷᠢᠮ ᠠᠭᠤᠯᠭ᠎ᠠ ᠨᠢ ᠮᠠᠨ ᠤ ᠶᠠᠷᠢᠭ᠎ᠠ ᠰᠡᠳᠦᠪ ᠢ ᠲᠤᠳᠤᠷᠠᠭᠤᠯᠬᠤ | ᠳᠤ ᠴᠢᠮᠠᠯᠠᠰᠢ ᠦᠬᠡᠢ ᠦᠢᠯᠡᠳᠦᠯ ᠦᠵᠡᠬᠦᠯᠦᠨ᠎ᠡ᠃ | ᠬᠡᠦᠬᠡᠳ ᠴᠢᠯᠠᠭᠤ ᠰᠢᠷᠤᠢ ᠪᠠᠷ ︽ᠭᠡᠷ︾ ᠪᠠᠷᠢᠵᠤ᠂ ᠮᠤᠳᠤ ᠴᠢᠯᠠᠭᠤ᠂ ᠸᠠᠭᠠᠷ ᠱᠠᠭᠠᠵᠠᠩ ᠤᠨ ᠬᠡᠯᠳᠡᠷᠭᠡᠢ | ᠪᠠᠷ ᠲᠤᠭᠤᠭ᠎ᠠ ᠰᠢᠨᠠᠭ᠎ᠠ ᠪᠤᠯᠭᠠᠭᠠᠳ᠂ ︽ᠠᠶᠢᠯ︾ ᠪᠤᠯᠵᠤ ᠲᠤᠭᠯᠠᠳᠠᠭ᠃ ᠬᠤᠶᠠᠷ ᠨᠢ ᠠᠪᠤ ᠡᠵᠢ᠂ ᠨᠢᠬᠡ ᠨᠢ | ᠬᠡᠦᠬᠡᠳ᠂ ᠪᠠᠰᠠ ᠨᠢᠬᠡ ᠨᠢ ᠵᠤᠴᠢᠨ ᠪᠤᠯᠵᠤ ᠲᠤᠭᠯᠠᠬᠤ ᠪᠤᠶᠤ ᠬᠡᠦᠬᠡᠳ ᠤᠯᠠᠨ ᠪᠤᠯ ᠬᠤᠶᠠᠷ ︽ᠠᠶᠢᠯ︾ ᠪᠤᠯᠵᠤ᠂ | ᠬᠠᠷᠢᠯᠴᠠᠨ ᠵᠠᠯᠠᠵᠤ ᠬᠠᠷᠢᠯᠴᠠᠨ ᠵᠤᠴᠢᠯᠠᠨ᠂ ᠭᠡᠷ ᠪᠦᠯᠢ ᠶᠢᠨ ᠠᠵᠤ ᠠᠮᠢᠳᠤᠷᠠᠯ᠂ ᠬᠦᠮᠦᠰ ᠤᠨ ᠬᠤᠭᠤᠷᠤᠨᠳᠤᠬᠢ | ᠬᠠᠷᠢᠴᠠᠭ᠎ᠠ ᠶᠢ ᠲᠠᠭᠤᠷᠢᠶᠠᠵᠤ ᠲᠤᠭᠯᠠᠨ᠎ᠠ᠃ ᠡᠨᠡ ᠪᠤᠯ ᠮᠤᠩᠭᠤᠯ ᠤᠷᠤᠨ ᠤ ᠬᠦᠨᠳᠦᠯᠡᠬᠦ ᠮᠡᠨᠳᠦᠯᠡᠬᠦ ᠵᠠᠩ ᠲᠠᠳᠬᠠᠯ | ᠤᠨ ᠬᠢᠷᠢ ᠵᠡᠷᠭᠡ ᠬᠦᠨᠵᠡᠬᠡᠢ ᠨᠦᠯᠦᠬᠡ ᠲᠠᠢ ᠪᠠᠶᠢᠭᠰᠠᠨ ᠢ ᠬᠠᠷᠠᠭᠤᠯᠵᠤ ᠪᠠᠶᠢᠭ᠎ᠠ ᠪᠦᠬᠡᠳ ᠬᠡᠦᠬᠡᠳ ᠡᠶᠢᠨ ᠬᠦ᠋ | ᠤᠬᠠᠮᠰᠠᠷᠳᠤ ᠰᠤᠷᠭᠠᠭᠤᠯᠢᠯ ᠢᠶᠠᠷ ᠲᠠᠮᠵᠢᠭᠠᠳ ᠠᠮᠢᠳᠤᠷᠠᠯ ᠤᠨ ᠶᠤᠰᠤ ᠵᠦᠢ ᠳᠤ ᠲᠠᠳᠤᠯᠭᠠᠰᠢᠵᠤ᠂ ᠲᠤᠮᠤᠭᠠᠵᠢᠬᠤ | ᠲᠤᠳᠤᠮ ᠢᠶᠠᠨ ᠦᠢᠯᠡᠳᠦᠯᠬᠡ ᠪᠠᠷ ᠴᠠᠭᠠᠷᠠᠵᠤ᠂ ᠶᠤᠰᠤ ᠨᠤᠮ ᠲᠠᠢ ᠬᠦᠮᠦᠨ ᠪᠤᠯᠳᠠᠭ ᠢ ᠬᠠᠷᠠᠭᠤᠯᠵᠤ ᠪᠤᠢ᠃ |